ᠥᠲᠡᠭᠦᠰ ᠲᠦ᠍ ᠤᠷᠮ᠎ᠠ ᠬᠠᠢᠷᠠᠯᠠᠬᠤ ᠰᠢᠯᠦᠭ -ᠡᠦ· ᠰᠡᠷᠭᠦᠯᠡᠩ Өтгөст урам хайрлах шүлэг-Үү·Сэргэлэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠲᠡᠭᠦᠰ ᠲᠦ᠍ ᠤᠷᠮ᠎ᠠ ᠬᠠᠢᠷᠠᠯᠠᠬᠤ ᠰᠢᠯᠦᠭ -ᠡᠦ· ᠰᠡᠷᠭᠦᠯᠡᠩ Өтгөст урам хайрлах шүлэг-Үү·Сэргэлэн

ᠥᠲᠡᠭᠦᠰ ᠲᠦ᠍ ᠤᠷᠮ᠎ᠠ ᠬᠠᠢᠷᠠᠯᠠᠬᠤ ᠰᠢᠯᠦᠭ -ᠡᠦ· ᠰᠡᠷᠭᠦᠯᠡᠩ Өтгөст урам хайрлах шүлэг-Үү·Сэргэлэн

2024-06-30

734

ᠥᠲᠡᠭᠦᠰ ᠲᠦ᠍ ᠤᠷᠮ᠎ᠠ ᠬᠠᠢᠷᠠᠯᠠᠬᠤ ᠰᠢᠯᠦᠭ

            ᠡᠦ· ᠰᠡᠷᠭᠦᠯᠡᠩ  

ᠵᠢᠩᠬᠢᠨᠢ ᠴᠠᠭᠠᠨ ᠰᠢᠲᠦ ᠴᠢᠨᠢ 
ᠤᠨᠠᠭᠰᠠᠨ ᠪᠣᠯ ᠤᠨᠠᠭ 
ᠵᠠᠰᠠᠮᠠᠯ ᠴᠠᠭᠠᠨ ᠰᠢᠲᠦ ᠣᠷᠣᠭᠤᠯᠵᠤ 
ᠢᠷᠠᠰ ᠬᠢᠲᠡᠯ᠎ᠡ ᠢᠨᠢᠶᠡᠵᠦ ᠪᠠᠢ 

ᠲᠥᠷᠥᠯᠬᠢ ᠬᠠᠷ᠎ᠠ ᠭᠡᠵᠢᠭᠡ ᠴᠢᠨᠢ 
ᠴᠠᠢᠭᠰᠠᠨ ᠪᠣᠯ ᠴᠠᠢᠷᠠᠭ 
ᠳᠠᠬᠢᠭᠠᠳ ᠬᠠᠷ᠎ᠠ ᠪᠠᠷ ᠪᠣᠳᠣᠵᠤ 
ᠭᠥᠯᠢᠰ ᠬᠢᠲᠡᠯ᠎ᠡ ᠰᠠᠮᠨᠠᠵᠤ ᠪᠠᠢ 

ᠲᠤᠩᠭᠠᠯᠠᠭ ᠬᠣᠶᠠᠷ ᠨᠢᠳᠦ ᠴᠢᠨᠢ
ᠮᠠᠭᠤᠳᠠᠭᠰᠠᠨ ᠪᠣᠯ ᠮᠠᠭᠤᠳᠠᠭ
ᠳᠤᠭᠤᠢ ᠬᠥᠪᠦᠭᠡ ᠲᠡᠢ ᠰᠢᠯ ᠵᠡᠭᠦᠵᠦ
ᠪᠦᠯᠲᠡᠰ ᠬᠢᠲᠡᠯ᠎ᠡ ᠬᠠᠷᠠᠵᠤ ᠪᠠᠢ

ᠪᠣᠰᠤᠭ᠎ᠠ ᠲᠡᠭᠰᠢᠬᠡᠨ ᠪᠡᠶ᠎ᠡ ᠴᠢᠨᠢ 
ᠪᠥᠭᠲᠥᠢᠭᠰᠡᠨ ᠪᠣᠯ  ᠪᠥᠭᠲᠥᠢᠭ᠌
ᠪᠡᠶ᠎ᠡ ᠳ᠋ᠦ᠍ ᠪᠡᠨ ᠵᠣᠬᠢᠷᠠᠭᠰᠠᠨ ᠲᠡᠷᠯᠢᠭ ᠡᠮᠦᠰᠴᠦ
ᠭᠣᠨᠵᠤᠰ ᠬᠢᠲᠡᠯ᠎ᠡ ᠵᠠᠰᠠᠵᠤ ᠪᠠᠢ

ᠢᠳᠡᠷ ᠵᠠᠯᠠᠭᠤ ᠨᠠᠰᠤ ᠴᠢᠨᠢ 
ᠥᠩᠭᠡᠷᠡᠭᠰᠡᠨ ᠪᠣᠯ ᠥᠩᠭᠡᠷᠡᠭ
ᠦᠷ᠎ᠡ ᠶ᠋ᠢᠨ ᠢ᠋ᠶ᠋ᠡᠨ ᠰᠠᠢᠬᠠᠨ ᠢ᠋ ᠦᠵᠡᠵᠦ
ᠥᠨᠳᠡᠰ ᠬᠢᠲᠡᠯ᠎ᠡ ᠠᠮᠢᠳᠤᠷᠠᠵᠤ ᠪᠠᠢ

ᠲᠠᠮᠢᠷ ᠲᠡᠩᠬᠡᠭᠡ ᠴᠢᠳᠠᠯ ᠴᠢᠨᠢ
ᠪᠠᠭᠤᠷᠠᠭᠰᠠᠨ ᠪᠣᠯ ᠪᠠᠭᠤᠷᠠᠭ
ᠳᠤᠷ᠎ᠠ ᠲᠠᠢ ᠶᠠᠭᠤᠮ᠎ᠠ ᠪᠠᠨ ᠤᠷᠤᠯᠳᠤᠵᠤ
ᠵᠢᠷᠪᠢᠰ ᠬᠢᠲᠡᠯ᠎ᠡ ᠵᠢᠷᠭᠠᠵᠤ ᠪᠠᠢ!

   ᠦᠰᠦᠭ ᠠᠮᠢᠯᠠᠭᠤᠯᠤᠭᠰᠠᠨ ᠨᠢ᠄ ᠲᠣᠳᠣᠭᠡᠷᠡᠯ
   ᠬᠢᠨᠠᠭᠴᠢ᠄ ᠣᠳᠬᠠᠨᠰᠣ᠎ᠡ᠂ ᠰᠡᠬᠡᠭᠡᠷᠡᠯ