ᠨᠠᠢᠷ ᠢ᠋ᠶ᠋ᠠᠨ ᠳᠠᠭᠠᠭᠠᠬᠤ ᠦᠭᠡᠢ ᠨᠠᠰᠤ ᠨᠠᠰᠤ ᠪᠠᠨ ᠳᠠᠭᠠᠭᠠᠬᠤ ᠦᠭᠡᠢ ᠨᠠᠢᠷ- ᠭ· ᠴᠢᠩᠪᠠᠭᠠᠲᠤᠷНайраа дагаахгүй нас насаа дагаахгүй найр-Г·Чинбаатар
ᠨᠠᠢᠷ ᠢ᠋ᠶ᠋ᠠᠨ ᠳᠠᠭᠠᠭᠠᠬᠤ ᠦᠭᠡᠢ ᠨᠠᠰᠤ ᠨᠠᠰᠤ ᠪᠠᠨ ᠳᠠᠭᠠᠭᠠᠬᠤ ᠦᠭᠡᠢ ᠨᠠᠢᠷ
ᠭ· ᠴᠢᠩᠪᠠᠭᠠᠲᠤᠷ
ᠨᠠᠢᠷ ᠢ᠋ᠶ᠋ᠠᠨ ᠳᠠᠭᠠᠭᠠᠬᠤ ᠦᠭᠡᠢ ᠨᠠᠰᠤ ᠨᠠᠰᠤ ᠪᠠᠨ ᠳᠠᠭᠠᠭᠠᠬᠤ ᠦᠭᠡᠢ ᠨᠠᠢᠷ①
ᠣᠷᠴᠢᠮ ᠮᠢᠨᠦ ᠲᠠᠨᠢᠯ ᠨᠢᠭᠡ ᠵᠠᠯᠠᠭᠤ᠂ ᠨᠠᠢᠵᠠ ᠶ᠋ᠢᠨ ᠢ᠋ᠶ᠋ᠡᠨ ᠲᠥᠷᠥᠭᠰᠡᠨ ᠡᠳᠦᠷ ᠢ᠋ᠶ᠋ᠡᠨ ᠲᠡᠮᠳᠡᠭᠯᠡᠬᠦ ᠨᠠᠢᠷ ᠲᠤ ᠣᠷᠣᠯᠴᠠᠭᠠᠳ ᠨᠡᠯᠢᠶᠡᠳ ᠬᠠᠯᠠᠮᠴᠠᠭᠤ ᠵᠡᠭᠡᠯᠢ ᠪᠡᠷ ᠬᠡᠯᠲᠦᠷᠢᠵᠦ ᠪᠠᠢᠬᠤ ᠳ᠋ᠤᠨᠢ ᠤᠴᠠᠷᠠᠭᠠᠳ ᠬᠡᠳᠦᠨ ᠦᠭᠡ ᠰᠣᠯᠢᠯᠴᠠᠭᠰᠠᠨ ᠶᠤᠮᠰᠠᠨ᠃
— ᠵᠠ· ᠲᠥᠷᠥᠭᠰᠡᠨ ᠡᠳᠦᠷ ᠦ᠋ᠨ ᠨᠠᠢᠷ ᠰᠠᠢᠬᠠᠨ ᠪᠣᠯᠪᠠ ᠤᠤ?
—᠁ ᠰᠠᠭᠤᠵᠤ ᠯᠠ ᠪᠠᠢᠭᠰᠠᠨ ᠨᠠᠢᠷ᠂ ᠤᠤᠭᠤᠵᠤ ᠯᠠ ᠪᠠᠢᠭᠰᠠᠨ ᠠᠷᠢᠬᠢ᠂ ᠳᠠᠭᠤᠯᠠᠵᠤ ᠯᠠ ᠪᠠᠢᠭᠰᠠᠨ ᠳᠠᠭᠤᠤ ᠰᠢᠲᠠ! ᠤᠷᠢᠳᠤᠬᠢ ᠲᠠᠢ ᠳᠡᠮᠡᠢ ᠵᠥᠷᠢᠶ᠎ᠡ ᠦᠭᠡᠢ᠁ ᠶᠠᠭᠠᠬᠢᠬᠤ ᠠᠷᠭ᠎ᠠ ᠦᠭᠡᠢ ᠣᠪᠣᠷᠬᠠᠵᠤ ᠳᠤᠤᠭᠠᠷᠤᠭᠰᠠᠨ ᠡᠨᠡ ᠦᠭᠡ ᠬᠣᠷᠢᠬᠠᠨ ᠨᠠᠰᠤᠲᠠᠢ ᠵᠠᠯᠠᠭᠤ ᠶ᠋ᠢᠨ ᠠᠮᠠᠨ ᠠ᠋ᠴᠠ ᠡᠢᠨ ᠤᠨᠠᠪᠠ᠃
— ᠲᠠ ᠴᠢᠨᠢ ᠤᠤᠯ ᠨᠢ ᠪᠠᠰᠠ ᠡᠢᠮᠦᠷᠬᠦᠦ ᠨᠠᠢᠷ ᠲᠤ ᠠᠷᠪᠢᠨ ᠰᠠᠭᠤᠵᠤ ᠪᠠᠢᠭᠰᠠᠨ ᠶᠤᠮ ᠤᠤ? ᠭᠠᠢᠬᠠᠵᠤ ᠠᠰᠠᠭᠤᠭᠰᠠᠨ ᠮᠢᠨᠦ ᠥᠭᠡᠳᠡ ᠡᠴᠡ ᠰᠠᠶᠢ ᠬᠠᠷᠠᠭ᠎ᠠ ᠶᠤᠮ ᠰᠢᠭ᠋ ᠰᠣᠭᠲᠣᠭᠤ ᠨᠢᠳᠦ ᠪᠡᠷ ᠶᠣᠵᠣᠲᠠᠢ ᠬᠠᠷᠠᠭᠰᠠᠨ ᠢ᠋ᠶ᠋ᠠᠨ᠄
— ᠶᠠᠭᠤ ᠭᠡᠰᠡᠨ ᠦᠭᠡ ᠶᠦᠮ? ᠲᠥᠷᠥᠭᠰᠡᠨ ᠡᠳᠦᠷ ᠦ᠋ᠨ ᠪᠠᠭ᠎ᠠ ᠨᠠᠢᠷ ᠪᠠᠢᠲᠤᠭᠠᠢ ᠬᠤᠷᠢᠮ ᠬᠤᠳᠠᠭᠠᠷ ᠲᠤ ᠴᠢᠨᠢ ᠪᠠᠰᠠ ᠬᠣᠶᠠᠷ ᠭᠤᠷᠪᠠ ᠪᠠᠷ ᠵᠣᠭᠰᠣᠬᠤ ᠦᠭᠡᠢ ᠰᠠᠭᠤᠴᠢᠬᠠᠭᠰᠠᠨ ᠡᠷ᠎ᠡ ᠰᠢᠦ! ᠬᠡᠯᠡᠪᠡᠯ ᠪᠠᠰᠠ ᠬᠡᠳᠦᠨ ᠲᠥᠭᠥᠷᠢᠭ ᠢ᠋ᠶ᠋ᠡᠨ ᠥᠭᠬᠦ ᠯᠡ ᠬᠡᠷᠡᠭ ᠰᠢᠲᠠ ᠭᠡᠬᠦ ᠨᠢ᠃
ᠡᠨᠡ ᠤᠳᠠᠭ᠎ᠠ ᠬᠡᠳᠦᠨ ᠲᠥᠭᠥᠷᠢᠭ ᠲᠠᠯᠪᠢᠴᠢᠬᠠᠪᠠ?
— ᠠᠬ᠎ᠠ ᠳᠡᠭᠦᠦ ᠨᠠᠷ ᠪᠦᠷ ᠲᠠᠪᠢ ᠠ᠋ᠴᠠ ᠳᠣᠷᠣᠭᠰᠢ ᠦᠭᠡᠢ ᠲᠠᠯᠪᠢᠬᠤ ᠳ᠋ᠤᠨᠢ ᠠᠷᠭ᠎ᠠ ᠦᠭᠡᠢ ᠶ᠋ᠢᠨ ᠡᠷᠬᠡᠨ ᠳ᠋ᠦ᠍ ᠨᠢᠭᠤᠷ ᠢ᠋ᠶ᠋ᠠᠨ ᠪᠣᠳᠣᠭᠠᠳ ᠵᠢᠷᠠᠨ ᠲᠥᠭᠥᠷᠢᠭ ᠲᠠᠯᠪᠢᠴᠢᠬᠠᠭᠰᠠᠨ᠃ ᠵᠢᠷᠠᠨ ᠲᠥᠭᠥᠷᠢᠭ ᠴᠤ᠌ ᠶᠠᠭᠠᠮᠠᠢ᠂ ᠠᠬ᠎ᠠ ᠳᠡᠭᠦᠦ ᠨᠠᠷ ᠨᠠᠮᠠᠶ᠋ᠢ ᠬᠥᠮᠦᠨ ᠢ᠋ᠶ᠋ᠡᠷ ᠦᠵᠡᠵᠦ ᠵᠠᠯᠠᠭᠰᠠᠨ ᠶᠤᠮ ᠴᠢᠨᠢ᠂ ᠠᠬ᠎ᠠ ᠳᠡᠭᠦᠦ ᠶ᠋ᠢᠨ ᠨᠢᠭᠤᠷ ᠬᠡᠴᠡᠭᠦᠦ ᠰᠢᠦ᠃
— ᠣᠣ᠂ ᠵᠠ᠂ ᠵᠠ᠂ ᠲᠡᠢᠮᠦ ᠤᠤ?
ᠪᠢᠳᠡ ᠬᠣᠶᠠᠷ ᠢᠩᠭᠢᠭᠡᠳ ᠯᠡ ᠰᠠᠯᠤᠭᠰᠠᠨ ᠶᠤᠮᠰᠠᠨ᠃《ᠤᠬᠠᠭᠠᠨ ᠬᠥᠯ ᠬᠣᠶᠠᠷ ᠨᠢ ᠪᠡᠶ᠎ᠡ ᠪᠡᠶ᠎ᠡ ᠪᠡᠨ ᠣᠯᠬᠤ ᠦᠭᠡᠢ ᠪᠣᠯᠤᠭᠰᠠᠨ》 ᠵᠠᠯᠠᠭᠤ ᠶ᠋ᠢᠨ ᠬᠣᠢᠨ᠎ᠠ ᠠ᠋ᠴᠠ ᠪᠢ ᠨᠡᠯᠢᠶᠡᠳ ᠬᠠᠷᠠᠵᠤ ᠵᠣᠭᠰᠣᠯ᠎ᠠ᠃ ᠬᠥᠭᠡᠷᠦᠬᠦᠢ! ᠬᠣᠷᠢ ᠯᠠ ᠬᠦᠷᠦᠭᠡ ᠨᠠᠰᠤ ᠨᠢ ᠠᠷᠢᠬᠢᠨ ᠦᠨᠦᠷ ᠲᠡᠢ ᠭᠠᠩᠬᠤᠨ᠎ᠠ ᠭᠡᠳᠡᠭ ᠤᠷᠭᠤᠵᠤ ᠪᠠᠢᠭ᠎ᠠ ᠴᠡᠴᠡᠭ ᠮᠥᠨᠳᠥᠷ ᠲᠦ᠍ ᠳᠡᠯᠡᠰᠦᠭᠦᠯᠦᠭᠰᠡᠨ ᠲᠡᠢ ᠶᠠᠭᠤᠨ ᠥᠭᠡᠷ᠎ᠡ ᠪᠢᠯᠡ!
ᠡᠢᠮᠦᠷᠬᠦᠦ ᠤᠴᠢᠷ ᠮᠢᠨᠦ ᠲᠠᠨᠢᠳᠠᠭ ᠡᠨᠡ ᠵᠠᠯᠠᠭᠤ ᠶ᠋ᠢᠨ ᠪᠡᠶ᠎ᠡ ᠳᠡᠭᠡᠷ᠎ᠡ ᠪᠢᠰᠢ᠂ ᠡᠨᠡ ᠵᠠᠯᠠᠭᠤ ᠲᠠᠢ ᠦᠶ᠎ᠡ ᠬᠤᠷᠠᠭ ᠲᠤᠩ ᠣᠯᠠᠨ ᠵᠠᠯᠠᠭᠤ ᠪᠠᠭᠠᠴᠤᠤᠯ ᠤ᠋ᠨ ᠨᠠᠢᠷ ᠤ᠋ᠨ ᠰᠢᠷᠡᠭᠡᠨ ᠡᠴᠡ ᠨᠠᠩᠴᠢᠳ ᠬᠠᠩᠬᠤᠯᠤᠭᠤᠯᠤᠨ ᠡᠭᠦᠰᠦᠭᠡ ᠪᠢᠰᠢ ᠤᠤ? ᠲᠥᠷᠥᠭᠰᠡᠨ ᠡᠳᠦᠷ ᠦ᠋ᠨ ᠨᠠᠢᠷ᠂ ᠠᠬ᠎ᠠ ᠳᠡᠭᠦᠦ ᠢᠷᠡᠭᠰᠡᠨ ᠪᠠᠶᠠᠷ᠂ ᠨᠠᠢᠵᠠ ᠪᠠᠨ ᠦᠳᠡᠬᠦ ᠰᠢᠷᠡᠭᠡ᠂ ᠰᠤᠷᠤᠯᠭ᠎ᠠ ᠶ᠋ᠢᠨ ᠬᠤᠭᠤᠴᠠᠭ᠎ᠠ ᠡᠬᠢᠯᠡᠭᠰᠡᠨ᠂ ᠠᠵᠢᠯ ᠳ᠋ᠤ᠌ ᠭᠠᠷᠤᠭᠰᠠᠨ ᠪᠡᠯᠭᠡ ᠭᠡᠲᠡᠯ᠎ᠡ ᠶᠠᠭᠤᠨ ᠤ᠋ ᠵᠣᠪᠠᠬᠤ ᠳ᠋ᠠᠭᠠᠨ ᠤᠤᠭᠤᠭᠰᠠᠨ᠂ ᠪᠠᠶᠠᠷᠯᠠᠬᠤ ᠳ᠋ᠠᠭᠠᠨ ᠤᠤᠭᠤᠭᠰᠠᠨ᠂ ᠲᠠᠨᠢᠯᠴᠠᠬᠤ ᠳ᠋ᠠᠭᠠᠨ ᠤᠤᠭᠤᠭᠰᠠᠨ᠂ ᠬᠡᠷᠡᠯᠳᠦᠭᠡᠳ ᠡᠪᠯᠡᠷᠡᠬᠦ ᠳ᠋ᠡᠭᠡᠨ ᠤᠤᠭᠤᠭᠰᠠᠨ᠁ ᠭᠡᠳ ᠵᠣᠭᠣᠭᠯᠠᠬᠤ ᠶ᠋ᠢᠨ ᠰᠢᠯᠲᠠᠭᠠᠨ ᠠᠷᠪᠢᠨ ᠪᠠᠢᠳᠠᠭ᠃ ᠤᠤᠭᠤᠬᠤ ᠬᠥᠮᠦᠨ ᠦ᠌ ᠰᠢᠯᠲᠠᠭ ᠠᠷᠪᠠᠨ ᠭᠤᠷᠪᠠ ᠭᠡᠬᠦ ᠳ᠋ᠦ᠍ ᠤᠤᠭᠤᠯᠭᠠᠬᠤ ᠬᠥᠮᠦᠨ ᠦ᠌ ᠱᠠᠯᠠᠭ᠎ᠠ ᠡᠭᠦᠨ ᠡᠴᠡ ᠳᠣᠣᠷᠠᠲᠤᠬᠤ ᠪᠠᠷ ᠦᠭᠡᠢ᠃ ᠮᠢᠨᠦ ᠰᠡᠳᠬᠢᠯ ᠰᠢᠦ ᠳᠡ᠂ ᠨᠠᠮᠠᠶ᠋ᠢ ᠨᠠᠢᠵᠠ ᠪᠠᠨ ᠭᠡᠪᠡᠯ᠁ ᠮᠢᠨᠦ ᠠᠬ᠎ᠠ ᠳᠡᠭᠦᠦ ᠢᠷᠡᠭᠰᠡᠨ ᠪᠠᠢᠬᠤ ᠳ᠋ᠤ᠌ ᠴᠢ ᠨᠢᠭᠡ᠁ ᠮᠢᠨᠦ ᠨᠢᠭᠤᠷ ᠢ᠋ ᠪᠣᠳᠣᠭᠠᠳ ᠴᠤ᠌ ᠭᠡᠰᠡᠨ᠁ ᠪᠢᠳᠡ ᠴᠢᠨᠢ ᠠᠮᠲᠠᠲᠠᠢ ᠭᠠᠰᠢᠭᠤᠨ ᠢ᠋ᠶ᠋ᠠᠨ ᠬᠤᠪᠢᠶᠠᠯᠴᠠᠳᠠᠭ ᠠᠬ᠎ᠠ ᠳᠡᠭᠦᠦ ᠰᠢᠦ ᠳᠡ᠂ ᠨᠠᠮᠠᠶ᠋ᠢ ᠮᠠᠷᠲᠠᠭ᠎ᠠ ᠦᠭᠡᠢ ᠪᠣᠯ᠁ ᠵᠠ᠂ ᠵᠠ ᠬᠠᠭᠤᠳᠠᠰᠤ ᠦᠷᠡᠭᠡᠵᠤ ᠪᠦᠷᠢᠳᠬᠡᠬᠦ ᠶᠦᠮ ᠪᠣᠯ ᠰᠢᠯᠲᠠᠭ ᠶᠠᠭᠤ ᠮᠤᠩᠳᠠᠬᠤ ᠪᠣᠢ? ᠶᠡᠷᠦᠨᠢ ᠤᠤᠭᠤᠬᠤ ᠰᠢᠯᠲᠠᠭ᠂ ᠤᠤᠭᠤᠯᠭᠠᠬᠤ ᠱᠠᠯᠠᠭ᠎ᠠ ᠶ᠋ᠢᠨ ᠴᠠᠭᠠᠨ᠎ᠠ ᠤᠤᠭᠤᠬᠤ ᠯᠠ ᠶᠤᠮᠰᠠᠨ ᠭᠡᠳᠡᠭ ᠭᠣᠷᠢ ᠨᠢ ᠣᠪᠣᠯᠵᠠᠭᠠᠳ ᠪᠠᠢᠳᠠᠭ ᠨᠢ ᠮᠠᠨ ᠤ᠋ ᠬᠢᠨ ᠦ᠌ ᠲᠦᠭᠡᠮᠡᠯ ᠦᠵᠡᠭᠳᠡᠯ᠃ ᠲᠡᠭᠡᠭᠡᠳ ᠯᠡ ᠤᠤᠭᠤᠵᠠᠭᠠᠨ᠎ᠠ᠂ ᠤᠤᠭᠤᠪᠠᠯ ᠬᠡᠷᠡᠯᠳᠦᠴᠢᠬᠡᠨᠡ᠂ ᠬᠡᠷᠡᠭᠦᠯ ᠢ᠋ᠶ᠋ᠡᠨ ᠡᠪᠯᠡᠬᠦ ᠳ᠋ᠦ᠍ ᠪᠡᠨ ᠪᠠᠰᠠ ᠤᠤᠭᠤᠨ᠎ᠠ᠂ ᠲᠡᠭᠡᠭᠡᠳ ᠰᠣᠭᠲᠣᠨ᠎ᠠ᠃ ᠨᠢᠭᠡ ᠤᠳᠠᠭ᠎ᠠ ᠡᠢᠮᠦ᠂ ᠬᠣᠶᠠᠷ ᠤᠳᠠᠭ᠎ᠠ ᠡᠢᠮᠦ᠁
ᠬᠣᠵᠢᠮ ᠨᠢ ᠪᠦᠷ ᠡᠢᠮᠦ᠃ ᠠᠷᠢᠬᠢ ᠭᠡᠳᠡᠭ ᠨᠠᠢᠷ ᠬᠥᠭᠵᠢᠭᠡᠬᠦ ᠤᠮᠳᠠᠭᠠᠨ᠂ ᠨᠠᠢᠷ ᠡᠪᠳᠡᠷᠡᠯᠴᠡᠬᠦ ᠠᠯᠪᠢᠨ᠂ ᠨᠠᠢᠷ ᠰᠡᠷᠭᠦᠭᠡᠬᠦ ᠵᠠᠭᠤᠴᠢ ᠪᠠᠢᠪᠠ ᠤᠤ᠃ ᠬᠠᠭᠤᠴᠢᠨ ᠤ᠋ ᠦᠭᠡᠨ ᠳ᠋ᠦ᠍《ᠠᠷᠢᠬᠢ ᠬᠥᠮᠦᠨ ᠢ᠋ ᠰᠣᠭᠲᠣᠭᠠᠬᠤ ᠦᠭᠡᠢ ᠪᠣᠢ ᠊ᠢ᠎ᠡ᠂ ᠬᠥᠮᠦᠨ ᠥᠪᠡᠷ ᠢ᠋ᠶ᠋ᠡᠨ ᠰᠣᠭᠲᠣᠮᠤᠢ》ᠭᠡᠳᠡᠭ᠂ ᠣᠳᠣ ᠴᠢᠨᠢ《ᠠᠷᠢᠬᠢ ᠬᠥᠮᠦᠨ ᠢ᠋ ᠡᠪᠳᠡᠬᠦ ᠦᠭᠡᠢ᠂ ᠬᠥᠮᠦᠨ ᠥᠪᠡᠷ ᠢ᠋ᠶ᠋ᠡᠨ ᠡᠪᠳᠡᠷᠡᠨ᠎ᠡ》ᠭᠡᠪᠡᠯ ᠲᠣᠬᠢᠷᠠᠮᠵᠢᠲᠠᠢ ᠰᠢᠭ᠋ ᠪᠣᠯᠴᠢᠬᠠᠭᠰᠠᠨ ᠴᠠᠭ᠃
ᠭᠤᠴᠢ ᠳᠥᠴᠢ ᠬᠦᠷᠦᠭᠰᠡᠨ ᠨᠢ ᠬᠠᠶᠠ ᠪᠠᠯᠭᠤᠬᠤ ᠴᠤ᠌ ᠶᠠᠭᠠᠮᠠᠢ᠂ ᠠᠷᠪᠠᠨ ᠬᠡᠳᠦᠲᠡᠢ᠂ ᠬᠣᠷᠢᠲᠠᠢ ᠨᠢ ᠰᠠᠢᠨ ᠠᠷᠢᠭᠴᠢᠢᠨ ᠪᠣᠯᠤᠭᠠᠳ ᠭᠠᠷᠤᠨ᠎ᠠ ᠭᠡᠳᠡᠭ ᠴᠣᠬᠣᠮ ᠴᠤ᠌《ᠵᠣᠭᠣᠰ ᠲᠠᠢ᠂ ᠵᠠᠶᠠᠭ᠎ᠠ ᠲᠠᠢ᠂ ᠬᠣᠳᠣᠭᠣᠳᠣ ᠲᠠᠢ ᠪᠣᠯ ᠤᠤᠭᠤ ᠳᠠ》ᠭᠡᠰᠡᠨ ᠪᠣᠯᠴᠢᠬᠠᠭᠰᠠᠨ ᠴᠢᠷᠠᠢ᠃
ᠮᠠᠨ ᠤ᠋ ᠲᠠᠨᠢᠯ ᠤ᠋ᠨ ᠬᠡᠯᠡᠭᠰᠡᠨ ᠢ᠋ ᠰᠣᠨᠣᠰᠤᠭᠰᠠᠨ ᠦᠭᠡᠢ ᠤᠤ?《ᠨᠢᠭᠤᠷ ᠢ᠋ᠶ᠋ᠠᠨ ᠪᠣᠳᠣᠭᠠᠳ ᠵᠢᠷᠠᠨ ᠲᠥᠭᠥᠷᠢᠭ ᠲᠠᠯᠪᠢᠴᠢᠬᠠᠯ᠎ᠠ》ᠭᠡᠰᠡᠨ ᠢ᠋᠃ ᠠᠪᠤ ᠡᠵᠢ ᠪᠡᠨ ᠲᠦᠰᠢᠵᠦ ᠰᠤᠷᠭᠠᠭᠤᠯᠢ ᠳ᠋ᠤ᠌ ᠰᠠᠭᠤᠵᠤ ᠪᠠᠢᠭ᠎ᠠ ᠬᠥᠮᠦᠨ ᠶᠦᠮ ᠭᠡᠨ᠎ᠡ᠃《ᠠᠬ᠎ᠠ ᠳᠡᠭᠦᠦ ᠶ᠋ᠢᠨ ᠢ᠋ᠶ᠋ᠡᠨ ᠲᠥᠷᠥᠭᠰᠡᠨ ᠡᠳᠦᠷ ᠦ᠋ᠨ ᠨᠠᠢᠷ ᠲᠤ ᠲᠠᠪᠢᠨ ᠲᠥᠭᠥᠷᠢᠭ ᠲᠠᠯᠪᠢᠬᠤ ᠠ᠋ᠴᠠ ᠪᠠᠨ ᠢᠴᠢᠭᠡᠳ᠁》ᠭᠡᠬᠦ ᠨᠢ ᠶᠣᠰᠣᠲᠠᠢ ᠤᠬᠢᠯᠠᠬᠤ ᠴᠤ᠌ ᠪᠢᠰᠢ᠂ ᠢᠨᠢᠶᠡᠬᠦ ᠴᠤ᠌ ᠪᠢᠰᠢ ᠤᠴᠢᠷ ᠠ᠋᠃ ᠶᠣᠰᠣᠲᠠᠢ ᠶᠡᠬᠡ ᠭᠠᠷ ᠲᠠᠢ ᠡᠷ᠎ᠡ᠂ ᠶᠣᠰᠣᠲᠠᠢ ᠠᠬ᠎ᠠ ᠳᠡᠭᠦᠣᠰᠡᠭ ᠬᠥᠮᠦᠨ ᠪᠠᠢᠨ᠎ᠠ᠃ ᠶᠣᠰᠣᠲᠠᠢ᠁ ᠶᠣᠰᠣᠲᠠᠢ ᠠᠪᠤ ᠡᠵᠢ ᠶ᠋ᠢᠨ ᠢ᠋ᠶ᠋ᠡᠨ ᠬᠥᠯᠥᠰᠥ ᠶ᠋ᠢ ᠤᠰᠤᠨ ᠤ᠋ ᠬᠡᠮᠲᠡᠢ ᠦᠵᠡᠵᠦ ᠪᠠᠢᠭ᠎ᠠ ᠵᠠᠯᠠᠭᠤ᠃
ᠨᠡᠢᠭᠡᠮ ᠦ᠋ᠨ ᠨᠥᠯᠥᠭᠡ ᠭᠡᠬᠦ ᠤᠤ? ᠭᠡᠷ ᠦ᠋ᠨ ᠠᠬᠠᠮᠠᠳ ᠤ᠋ᠨ ᠬᠢᠨᠢ ᠰᠤᠷᠭᠠᠯ ᠭᠡᠬᠦ ᠤᠤ? ᠣᠳᠣ ᠶ᠋ᠢᠨ ᠪᠠᠭᠠᠴᠤᠤᠯ ᠬᠠᠷᠠᠬᠠᠨ ᠪᠠᠭ᠎ᠠ ᠠ᠋ᠴᠠ ᠪᠠᠨ ᠲᠥᠷᠥᠭᠰᠡᠨ ᠡᠳᠦᠷ ᠦ᠋ᠨ ᠪᠠᠶᠠᠷ ᠲᠡᠮᠳᠡᠭᠯᠡᠵᠦ᠂ ᠠᠪᠤ ᠡᠵᠢ ᠶ᠋ᠢᠨ ᠬᠢᠨᠢ ᠠᠬ᠎ᠠ ᠳᠡᠭᠦᠦ ᠨᠠᠷ ᠢᠷᠡᠭᠡᠳ ᠠᠷᠪᠠᠲᠤ ᠶ᠋ᠢᠨ ᠳᠡᠪᠢᠰᠬᠡᠷ ᠬᠠᠨᠳᠢᠪᠯᠠᠳᠠᠭ ᠪᠣᠯᠤᠭᠰᠠᠨ ᠨᠢ ᠵᠠᠩᠰᠢᠭᠰᠠᠨ ᠤᠴᠢᠷ᠃ ᠭᠠᠢᠬᠠᠮᠠᠷ ᠴᠤ᠌ ᠶᠠᠭᠤᠮ᠎ᠠ ᠪᠢᠰᠢ ᠯᠡ ᠳᠡ! ᠴᠣᠬᠣᠮ ᠭᠠᠢᠬᠠᠭᠤᠰᠢᠲᠠᠢ ᠨᠢ ᠬᠡᠦᠬᠡᠳ ᠦ᠋ᠨ ᠠᠪᠤ ᠡᠵᠢ ᠨᠢ ᠬᠡᠦᠬᠡᠳ ᠦ᠋ᠨ ᠢ᠋ᠶ᠋ᠡᠨ ᠲᠥᠷᠥᠭᠰᠡᠨ ᠡᠳᠦᠷ ᠢ᠋ ᠭᠡᠷ ᠪᠦᠯᠢ ᠶ᠋ᠢᠨ ᠣᠷᠣᠯᠭ᠎ᠠ ᠣᠯᠬᠤ ᠰᠠᠢᠨ ᠡᠳᠦᠷ ᠪᠣᠯᠭᠠᠭᠰᠠᠨ ᠨᠢ ᠯᠡ《ᠠᠵᠤ ᠠᠬᠤᠢ ᠶ᠋ᠢᠨ ᠤᠬᠠᠭᠠᠨᠲᠠᠨ ᠤ᠋ ᠲᠠᠷᠢᠬᠢ》ᠳᠠ! ᠬᠠᠷᠢᠭᠤ ᠲᠠᠢ ᠪᠣᠯ ᠪᠠᠷᠢᠭᠤ ᠲᠠᠢ! ᠨᠥᠭᠦᠭᠡ ᠠᠢᠯ ᠨᠢ ᠪᠤᠴᠠᠵᠤ ᠡᠳᠡᠨ ᠢ᠋ᠶ᠋ᠡᠨ ᠵᠠᠯᠠᠵᠤ ᠲᠥᠷᠥᠭᠰᠡᠨ ᠡᠳᠦᠷ ᠦ᠋ᠨ ᠨᠠᠢᠷ ᠬᠢᠨ᠎ᠡ᠃ ᠬᠣᠲᠠ ᠶ᠋ᠢᠨ ᠮᠣᠩᠭᠣᠯᠴᠤᠳ ᠲᠤ ᠡᠨᠡ ᠴᠢᠨᠢ ᠪᠣᠯ ᠡᠩ ᠦ᠋ᠨ ᠤᠴᠢᠷ᠂ ᠮᠠᠨ ᠤ᠋ ᠬᠥᠳᠡᠭᠡ ᠶ᠋ᠢᠨ ᠠᠪᠤ ᠡᠵᠢ ᠨᠠᠷ ᠲᠤ ᠪᠣᠯ ᠵᠢᠯ ᠵᠢᠯ ᠲᠥᠷᠥᠭᠰᠡᠨ ᠡᠳᠦᠷ ᠦ᠋ᠨ ᠨᠠᠢᠷ ᠬᠢᠨ᠎ᠡ ᠭᠡᠳᠡᠭ ᠴᠢᠨᠢ ᠰᠣᠨᠢᠨ ᠤᠴᠢᠷ ᠪᠠᠢᠵᠤ ᠮᠡᠳᠡᠨ᠎ᠡ᠃ ᠭᠡᠰᠡᠨ ᠴᠤ᠌ ᠬᠥᠳᠡᠭᠡ ᠶ᠋ᠢᠨ ᠵᠠᠯᠠᠭᠤ ᠪᠠᠭᠠᠴᠤᠤᠯ ᠭᠠᠳᠠᠭᠰᠢ ᠰᠤᠷᠤᠯᠴᠠᠬᠤ ᠪᠠᠷ ᠶᠠᠪᠤᠭᠠᠳ ᠡᠭᠦᠨ ᠢ᠋ ᠨᠢ ᠰᠤᠷᠴᠢᠬᠠᠵᠤ᠂ ᠰᠤᠷᠭᠠᠭᠤᠯᠢ ᠳ᠋ᠠᠭᠠᠨ ᠪᠠᠢᠬᠤ ᠬᠤᠭᠤᠴᠠᠭᠠᠨ ᠳ᠋ᠤ᠌ ᠲᠥᠷᠥᠭᠰᠡᠨ ᠡᠳᠦᠷ ᠦ᠋ᠨ ᠠᠷᠢᠬᠢ ᠶ᠋ᠢ ᠰᠠᠢᠨ ᠤᠤᠭᠤᠳᠠᠭ᠂ ᠰᠠᠢᠨ ᠳᠠᠭᠠᠭᠠᠳᠠᠭ ᠨᠢ ᠦᠨᠡᠨ ᠰᠢᠦ! ᠡᠨᠡ ᠨᠢ ᠬᠣᠲᠠᠴᠢᠯᠠᠵᠤ ᠪᠠᠢᠭ᠎ᠠ᠂ ᠲᠠᠪᠰᠢᠵᠤ ᠪᠠᠢᠭ᠎ᠠ᠂ ᠣᠳᠣᠬᠢᠴᠢᠯᠠᠵᠤ ᠪᠠᠢᠭ᠎ᠠ ᠤᠴᠢᠷ ᠭᠡᠯᠲᠡᠢ ᠤᠤ? ᠲᠥᠷᠥᠭᠰᠡᠨ ᠡᠳᠦᠷ ᠦ᠋ᠨ ᠨᠠᠢᠷ ᠬᠢᠵᠦ ᠠᠮᠲᠠ ᠶ᠋ᠢ ᠨᠢ ᠠᠪᠴᠢᠬᠠᠭᠰᠠᠨ ᠬᠡᠦᠬᠡᠳ ᠦ᠋ᠳ ᠲᠥᠷᠥᠭᠰᠡᠨ ᠡᠳᠦᠷ ᠨᠢ ᠪᠣᠯᠤᠭᠰᠠᠭᠠᠷ ᠯᠠ ᠪᠡᠯᠡᠭ ᠣᠯᠳᠠᠭ ᠢ᠋ᠶ᠋ᠠᠨ ᠰᠠᠢᠨ ᠮᠡᠳᠡᠨ᠎ᠡ᠃ ᠲᠣᠮᠣ ᠪᠣᠯᠤᠭᠰᠠᠨ ᠤ᠋ ᠪᠠᠨ ᠬᠣᠢᠨ᠎ᠠ ᠲᠥᠷᠥᠭᠰᠡᠨ ᠡᠳᠦᠷ ᠦ᠋ᠨ ᠨᠠᠢᠷ ᠲᠤ ᠵᠣᠭᠣᠰ ᠣᠯᠳᠠᠭ ᠭᠡᠰᠡᠨ ᠢ᠋ ᠰᠠᠢᠨ ᠮᠡᠳᠡᠳᠡᠭ ᠪᠣᠯᠴᠢᠬᠠᠨ᠎ᠠ᠃ ᠲᠡᠭᠡᠭᠡᠳ ᠯᠡ ᠰᠢᠷᠡᠭᠡ ᠪᠠᠵᠠᠭᠠᠵᠤ᠂ ᠠᠷᠢᠬᠢ ᠪᠠᠵᠠᠭᠠᠵᠤ᠂ ᠵᠣᠭᠣᠰ ᠪᠠᠵᠠᠭᠠᠵᠤ᠁ ᠰᠣᠭᠲᠣᠵᠤ ᠪᠠᠶᠠᠷ ᠥᠨᠳᠥᠷᠯᠡᠳᠡᠭ᠃ ᠲᠥᠷᠥᠭᠰᠡᠨ ᠡᠳᠦᠷ ᠦ᠋ᠨ ᠨᠠᠢᠷ ᠤ᠋ᠨ ᠪᠡᠯᠡᠭ ᠲᠦ᠍ ᠵᠣᠭᠣᠰᠤᠨ ᠠ᠋ᠴᠠ ᠣᠨᠳᠣᠣ ᠶᠠᠭᠤᠮ᠎ᠠ ᠲᠠᠯᠪᠢᠴᠢᠬᠠᠪᠠᠯ ᠰᠡᠳᠬᠢᠯ ᠬᠦᠨᠳᠦ ᠡᠰᠡᠬᠦ ᠶ᠋ᠢᠨ ᠠᠰᠠᠭᠤᠳᠠᠯ᠂ ᠪᠡᠯᠡᠭ ᠭᠡᠵᠦ ᠨᠢᠭᠡ ᠳᠡᠪᠲᠡᠷ ᠨᠣᠮ ᠬᠦᠷᠭᠡᠴᠢᠬᠡᠪᠡᠯ ᠴᠣᠬᠣᠮ ᠴᠤ ᠬᠦᠷᠭᠡᠭᠰᠡᠨ ᠠᠪᠤᠭᠰᠠᠨ ᠬᠥᠮᠦᠨ ᠦ᠌ ᠨᠢᠭᠤᠷ ᠲᠤ ᠬᠦᠷᠴᠦ《ᠬᠥᠮᠦᠨ ᠦ᠌ ᠡᠮᠦᠨ᠎ᠡ ᠬᠠᠮᠢᠭᠠᠰᠢ ᠪᠠᠨ ᠨᠢᠭᠤᠳᠠᠭ ᠪᠢᠯᠡ》 ᠭᠡᠴᠢᠬᠡᠬᠦ ᠳ᠋ᠦ᠍ ᠣᠢᠷᠠᠬᠠᠨ᠃ ᠤᠴᠢᠷ ᠨᠢ᠂ ᠲᠥᠷᠥᠭᠰᠡᠨ ᠡᠳᠦᠷ ᠦ᠋ᠨ ᠪᠠᠶᠠᠷ ᠭᠡᠳᠡᠭ ᠴᠢᠨᠢ ᠵᠣᠭᠣᠰ ᠥᠭᠳᠡᠭ᠂ ᠠᠷᠢᠬᠢ ᠤᠤᠭᠤᠳᠠᠭ ᠡᠳᠦᠷ ᠡᠴᠡ ᠪᠢᠰᠢ ᠶᠠᠮᠠᠷ《ᠬᠡᠷᠡᠭ ᠦᠭᠡᠢ》 ᠪᠢᠴᠢᠭ ᠬᠠᠷ᠎ᠠ ᠴᠤᠭᠯᠠᠭᠤᠯᠳᠠᠭ ᠡᠳᠦᠷ ᠤᠤ ᠳᠠ!
ᠨᠢᠭᠡ ᠤᠳᠠᠭ᠎ᠠ ᠪᠢ ᠲᠠᠨᠢᠳᠠᠭ ᠬᠡᠳᠦᠨ ᠨᠥᠬᠥᠳ ᠲᠡᠭᠡᠨ《ᠪᠢᠳᠡ ᠬᠣᠵᠢᠮ ᠲᠥᠷᠥᠭᠰᠡᠨ ᠡᠳᠦᠷ ᠦ᠋ᠨ ᠪᠠᠶᠠᠷ ᠢ᠋ᠶ᠋ᠠᠨ ᠲᠡᠮᠳᠡᠭᠯᠡᠬᠦ ᠳ᠋ᠡᠭᠡᠨ ᠰᠢᠷᠡᠭᠡ ᠵᠠᠰᠠᠬᠤ ᠦᠭᠡᠢ᠂ ᠬᠠᠷᠢᠨ ᠪᠡᠶ᠎ᠡ ᠪᠡᠶ᠎ᠡ ᠳ᠋ᠡᠭᠡᠨ ᠨᠣᠮ ᠬᠦᠷᠭᠡᠬᠦ᠂ ᠡᠰᠡᠬᠦᠯ᠎ᠡ ᠺᠢᠨᠣ᠋ ᠦᠵᠡᠬᠦ ᠮᠡᠲᠦ ᠪᠡᠷ ᠥᠩᠭᠡᠷᠡᠭᠡᠶ᠎ᠡ》 ᠭᠡᠰᠡᠨ ᠴᠢᠨᠢ ᠦᠵᠡᠭᠡ ᠦᠭᠡᠢ ᠪᠡᠨ ᠦᠵᠡᠵᠦ ᠦᠬᠡᠷ ᠴᠠᠮ ᠢ᠋ᠶ᠋ᠠᠨ ᠬᠠᠷᠠᠢᠪᠠ ᠭᠡᠳᠡᠭ ᠨᠢ ᠪᠣᠯᠴᠢᠬᠠᠵᠤ᠂ ᠮᠠᠨ ᠤ᠋ ᠬᠡᠳᠦ ᠡᠪᠡᠷ ᠲᠡᠢ ᠲᠠᠤᠯᠠᠢ ᠦᠵᠡᠭᠰᠡᠨ ᠨᠢᠳᠦ ᠪᠡᠷ《ᠡᠨᠡ ᠭᠤᠸᠠᠢ ᠶᠠᠭᠤ ᠬᠡᠯᠡᠪᠡ ᠡ?》 ᠭᠡᠬᠦ ᠰᠢᠦᠬᠡᠨ ᠬᠠᠷᠠᠵᠠᠭᠠᠬᠤ ᠳ᠋ᠤᠨᠢ ᠪᠢ ᠶᠣᠰᠣᠲᠠᠢ《ᠢᠴᠢᠭᠰᠡᠨ》 ᠪᠢᠯᠡ! ᠠᠷᠭ᠎ᠠ ᠴᠤ ᠦᠭᠡᠢ ᠳᠡ᠂ ᠪᠢ ᠴᠢᠨᠢ ᠳᠡᠩᠳᠡᠭᠦᠦ ᠬᠣᠴᠣᠷᠤᠩᠭᠤᠢ ᠪᠠᠢᠭ᠎ᠠ ᠶᠤᠮ ᠴᠢᠨᠢ᠂ ᠶᠣᠰᠣᠲᠠᠢ ᠴᠤ ᠱᠠᠯ ᠬᠥᠳᠡᠭᠡᠯᠢᠭ ᠢ᠋ᠶ᠋ᠡᠷ ᠢ᠋ᠶ᠋ᠡᠨ ᠪᠠᠢᠨ᠎ᠠ ᠠ᠋!
ᠨᠢᠭᠡ ᠵᠢᠯ ᠦ᠋ᠨ ᠠᠷᠪᠠᠨ ᠬᠣᠶᠠᠷ ᠰᠠᠷ᠎ᠠ ᠶ᠋ᠢᠨ ᠰᠠᠷ᠎ᠠ ᠪᠣᠯᠭᠠᠨ ᠳ᠋ᠤᠨᠢ ᠲᠥᠷᠥᠭᠰᠡᠨ ᠡᠳᠦᠷ ᠦ᠋ᠨ ᠪᠠᠶᠠᠷ ᠲᠣᠬᠢᠶᠠᠯᠳᠤᠪᠠᠯ ᠨᠢᠭᠡ ᠵᠢᠯ ᠢ᠋ᠶ᠋ᠡᠷ ᠢ᠋ᠶ᠋ᠡᠨ ᠠᠷᠢᠬᠢ ᠤᠤᠭᠤᠨ᠎ᠠ ᠭᠡᠰᠡᠨ ᠦᠭᠡ᠃ ᠨᠢᠭᠡ ᠤᠳᠠᠭ᠎ᠠ ᠲᠠᠪᠢᠨ ᠲᠥᠭᠥᠷᠢᠭ ᠲᠠᠯᠪᠢᠪᠠᠯ— ᠪᠠᠢᠵᠤ ᠪᠠᠢᠭᠠᠷᠠᠢ! ᠲᠠᠪᠢᠨ ᠲᠥᠭᠥᠷᠢᠭ ᠦᠷᠡᠵᠢᠭᠦᠯᠬᠦ ᠠᠷᠪᠠᠨ ᠬᠣᠶᠠᠷ ᠲᠡᠩᠴᠡᠭᠦᠦ ᠵᠢᠷᠭᠤᠭᠠᠨ ᠵᠠᠭᠤᠨ ᠲᠥᠭᠥᠷᠢᠭ ᠲᠤᠰᠢᠶᠠᠨ᠎ᠠ ᠯᠠ ᠭᠡᠰᠡᠨ ᠦᠭᠡ᠃ ᠬᠡᠦᠬᠡᠳ ᠢ᠋ᠶ᠋ᠡᠨ ᠰᠤᠷᠭᠠᠭᠤᠯᠢ ᠳ᠋ᠤ᠌ ᠰᠠᠭᠤᠯᠭᠠᠬᠤ ᠭᠡᠵᠦ ᠬᠠᠪᠤᠷ ᠡᠪᠦᠯ ᠦᠨ ᠭᠠᠴᠢᠭ ᠵᠤᠳ ᠲᠤ ᠵᠦᠳᠡᠷᠡᠵᠦ ᠶᠠᠪᠤᠭ᠎ᠠ ᠠᠪᠤ ᠡᠵᠢ ᠨᠢ ᠣᠯᠤᠭᠰᠠᠨ ᠬᠡᠳᠦᠨ ᠲᠥᠭᠥᠷᠢᠭ ᠢ᠋ᠶ᠋ᠡᠨ ᠬᠦᠦ ᠳ᠋ᠡᠭᠡᠨ᠂ ᠬᠡᠦᠬᠡᠨ ᠳ᠋ᠡᠭᠡᠨ ᠭᠡᠵᠦ ᠢᠳᠡᠬᠦ ᠪᠡᠨ ᠰᠢᠩᠭᠡᠯᠡᠵᠦ᠂ ᠡᠮᠦᠰᠬᠦ ᠪᠡᠨ ᠨᠢᠮᠭᠡᠯᠡᠵᠦ ᠪᠠᠢᠭᠠᠳ ᠶᠠᠪᠤᠭᠤᠯᠵᠤ ᠥᠭᠬᠦ ᠪᠡᠷ ᠨᠢ ᠠᠷᠢᠬᠢ ᠲᠠᠢ ᠯᠣᠩᠬᠣᠨ ᠤ᠋ ᠠᠷᠢᠬᠢ ᠶ᠋ᠢ ᠬᠣᠭᠣᠰᠣᠯᠠᠭᠠᠳ ᠣᠷᠣᠨ ᠳ᠋ᠤᠨᠢ ᠡᠴᠢᠭᠡ ᠡᠬᠡ ᠶ᠋ᠢᠨ ᠢ᠋ᠶ᠋ᠡᠨ ᠬᠥᠯᠥᠰᠥ ᠶ᠋ᠢ ᠶᠡᠭᠦᠯᠡᠵᠦ ᠰᠠᠭᠤᠭ᠎ᠠ ᠬᠡᠦᠬᠡᠳ ᠢ᠋ ᠨᠢ ᠶᠠᠭᠤ ᠭᠡᠯᠲᠡᠢ ᠪᠢᠯᠡ? ᠠᠢᠯ ᠭᠡᠷ ᠦ᠋ᠨ ᠠᠮᠢᠳᠤᠷᠠᠯ ᠢ᠋ᠶ᠋ᠠᠨ ᠭᠡᠵᠦ ᠠᠪᠤ ᠨᠢ ᠨᠢᠭᠡ ᠭᠣᠳᠣᠯᠢ ᠲᠠᠮᠠᠬᠢ᠂ ᠡᠵᠢ ᠨᠢ ᠨᠢᠭᠡ ᠬᠡᠰᠡᠭ ᠰᠠᠪᠤᠩ ᠢ᠋ ᠬᠦᠷᠲᠡᠯ᠎ᠡ ᠬᠢᠮᠠᠭᠠᠳᠠᠵᠤ ᠪᠠᠢᠬᠤ ᠳ᠋ᠤ᠌《ᠶᠡᠬᠡ ᠭᠠᠷ ᠲᠠᠢ᠂ ᠠᠬ᠎ᠠ ᠳᠡᠭᠦᠦᠰᠡᠭ》 ᠬᠡᠦᠬᠡᠳ ᠨᠢ ᠰᠠᠢᠨ ᠲᠠᠮᠠᠬᠢ ᠰᠠᠪᠰᠠᠭᠤᠯᠵᠤ᠂ ᠰᠠᠷᠬᠤᠳ ᠤ᠋ᠨ ᠭᠠᠯ ᠳ᠋ᠤ᠌ ᠬᠠᠯᠠᠵᠤ ᠶᠠᠪᠤᠬᠤ ᠨᠢ ᠳᠠᠪᠰᠢᠩᠭᠤᠢ ᠶ᠋ᠢᠨ ᠬᠢ ᠤᠤ? ᠬᠣᠴᠣᠷᠤᠩᠭᠤᠢ ᠶ᠋ᠢᠨ ᠬᠢ ᠤᠤ? ᠨᠣᠮ ᠬᠦᠷᠭᠡᠬᠦ ᠭᠡᠰᠡᠨ ᠪᠢ ᠱᠠᠯ ᠬᠥᠳᠡᠭᠡᠯᠢᠭ ᠪᠠᠢᠭ᠎ᠠ ᠶᠤᠮ ᠴᠢᠨᠢ ᠮᠠᠯᠴᠢᠨ ᠠᠪᠤ ᠡᠵᠢ ᠨᠢ ᠱᠠᠯ ᠲᠡᠨᠡᠭ ᠪᠣᠯᠬᠤ ᠨᠢ ᠲᠡᠷᠡ ᠤᠤ ᠳᠠ᠃
ᠶᠢᠷᠲᠢᠨᠴᠦ ᠳ᠋ᠦ᠍ ᠬᠥᠮᠦᠨ ᠲᠥᠷᠥᠨ᠎ᠡ ᠭᠡᠳᠡᠭ ᠡᠪ ᠡᠩ ᠦ᠋ᠨ ᠤᠴᠢᠷ᠂ ᠪᠠᠰᠠ ᠠᠭᠤᠤ ᠶᠡᠬᠡ ᠤᠴᠢᠷ ᠪᠠᠢᠵᠤ ᠮᠡᠳᠡᠨ᠎ᠡ᠃ ᠤᠴᠢᠷ ᠨᠢ ᠡᠨᠡ ᠯᠡ ᠬᠣᠷᠣᠮ ᠳ᠋ᠤ᠌ ᠠᠭᠤᠤ ᠶᠡᠬᠡ ᠬᠥᠮᠦᠨ᠂ ᠠᠳᠠᠭ ᠳᠣᠣᠷᠠᠲᠤ ᠬᠥᠮᠦᠨ ᠵᠡᠷᠭᠡ ᠮᠡᠨᠳᠦᠯᠡᠵᠦ ᠮᠡᠳᠡᠬᠦ ᠡᠴᠡ ᠪᠣᠯᠤᠭᠰᠠᠨ ᠶᠤᠮ᠃ ᠬᠣᠷᠸ᠎ᠠ ᠳ᠋ᠤ᠌ ᠨᠠᠢᠷ ᠳᠤᠲᠠᠭ᠎ᠠ ᠦᠭᠡᠢ᠂ ᠬᠠᠢᠷ᠎ᠠ ᠳᠤᠲᠠᠳᠠᠭ ᠶᠤᠮ᠃ ᠪᠢᠳᠡ ᠴᠢᠨᠢ ᠵᠣᠭᠣᠰ ᠣᠯᠬᠤ ᠶ᠋ᠢᠨ ᠲᠥᠯᠥᠭᠡ᠂ ᠬᠥᠮᠦᠨ ᠢ᠋ ᠰᠣᠭᠲᠣᠭᠠᠬᠤ ᠶ᠋ᠢᠨ ᠲᠥᠯᠥᠭᠡ᠂ ᠥᠪᠡᠷ ᠢ᠋ᠶ᠋ᠡᠨ ᠰᠣᠭᠲᠣᠬᠤ ᠶ᠋ᠢᠨ ᠲᠥᠯᠥᠭᠡ ᠯᠡ᠂ ᠲᠡᠷᠡ ᠵᠢᠯ ᠦ᠋ᠨ ᠲᠡᠷᠡ ᠰᠠᠷ᠎ᠠ ᠶ᠋ᠢᠨ ᠲᠡᠷᠡ ᠡᠳᠦᠷ ᠬᠥᠮᠦᠨ ᠪᠣᠯᠪᠠ ᠭᠡᠵᠦ ᠤᠤ? ᠲᠥᠷᠥᠭᠰᠡᠨ ᠮᠡᠨᠳᠦᠯᠡᠭᠰᠡᠨ ᠭᠡᠵᠦ ᠵᠢᠯ ᠵᠢᠯ ᠨᠠᠢᠷᠯᠠᠬᠤ ᠶ᠋ᠢᠨ ᠣᠷᠣᠨ ᠳ᠋ᠤ᠌ ᠲᠥᠷᠥᠭᠦᠯᠦᠭᠰᠡᠨ ᠡᠴᠢᠭᠡ ᠡᠬᠡ ᠪᠡᠨ ᠠᠴᠢᠯᠠᠪᠠᠯ ᠬᠥᠮᠦᠨ ᠪᠣᠯᠤᠭᠰᠠᠨ ᠤ᠋ ᠨᠠᠭᠠᠳᠤ ᠵᠠᠬ᠎ᠠ ᠶ᠋ᠢᠨ ᠬᠠᠢᠷ᠎ᠠ ᠰᠡᠳᠬᠢᠯᠭᠡ ᠶ᠋ᠢ ᠴᠤ ᠭᠦᠢᠴᠡᠭᠡᠬᠦ ᠪᠢᠰᠢ ᠤᠤ ᠳᠠ! ᠲᠥᠷᠥᠭᠰᠡᠨ ᠡᠳᠦᠷ ᠦ᠋ᠨ ᠨᠠᠢᠷ ᠤ᠋ᠨ ᠰᠢᠷᠡᠭᠡᠨ ᠳ᠋ᠦ᠍ ᠬᠠᠢᠷ᠎ᠠ ᠦᠭᠡᠢ ᠴᠢᠯᠠᠭᠤᠳᠠᠭᠰᠠᠨ ᠠᠷᠪᠠᠲᠤ ᠪᠠᠷ ᠢ᠋ᠶ᠋ᠠᠨ᠂ ᠴᠢᠯᠥᠭᠡ ᠲᠠᠯᠪᠢᠭᠠᠳ ᠬᠠᠷᠢᠬᠤ ᠳ᠋ᠠᠭᠠᠨ ᠠᠪᠤ ᠡᠵᠢ ᠳ᠋ᠡᠭᠡᠨ ᠨᠢᠭᠡ ᠬᠣᠶᠠᠷ ᠵᠢᠩ ᠠᠯᠢᠮ᠎ᠠ ᠵᠢᠮᠢᠰ ᠠᠪᠤᠭᠠᠳ ᠣᠴᠢᠭᠰᠠᠨ ᠴᠤ ᠪᠣᠯᠬᠤ ᠯᠠ ᠶᠤᠮᠰᠠᠨ᠃ ᠬᠠᠷᠮᠠᠨ ᠬᠣᠭᠣᠰᠣᠷᠠᠪᠠᠯ ᠵᠣᠭᠣᠰ ᠯᠠ ᠭᠡᠵᠦ ᠵᠠᠬᠢᠳᠠᠯ ᠴᠢᠮᠡᠭᠡ ᠶᠠᠪᠤᠭᠤᠯᠬᠤ ᠪᠠᠨ ᠮᠡᠳᠡᠭᠡᠳ ᠬᠠᠷᠮᠠᠨ ᠢ᠋ᠶ᠋ᠠᠨ ᠬᠣᠭᠣᠰᠣᠯᠠᠵᠤ ᠴᠢᠮ᠎ᠠ ᠳ᠋ᠤ᠌ ᠮᠥᠩᠭᠥ ᠢᠷᠡᠭᠦᠯᠦᠭᠰᠡᠨ ᠠᠪᠤ ᠡᠵᠢ ᠬᠣᠶᠠᠷ ᠢ᠋ᠶ᠋ᠠᠨ ᠶᠠᠭᠠᠬᠢᠭᠠᠳ ᠪᠣᠳᠣᠬᠤ ᠦᠭᠡᠢ ᠶᠦᠮ ᠳᠡ?
ᠲᠥᠷᠥᠭᠰᠡᠨ ᠡᠳᠦᠷ ᠦ᠋ᠨ ᠪᠠᠶᠠᠷ ᠭᠡᠵᠦ
ᠵᠠᠯᠠᠭᠰᠠᠨ ᠬᠥᠮᠦᠨ ᠦ᠌ ᠪᠠᠶᠠᠷᠲᠤ ᠡᠳᠦᠷ
ᠵᠠᠯᠠᠭᠤᠯᠤᠭᠰᠠᠨ ᠬᠥᠮᠦᠨ ᠦ᠌ ᠰᠣᠭᠲᠣᠬᠤ ᠡᠳᠦᠷ
ᠠᠷᠢᠬᠢᠨ ᠮᠤᠬᠤᠯᠠᠭ ᠤ᠋ᠨ ᠬᠣᠨᠵᠢᠶ᠎ᠠ ᠲᠠᠢ ᠡᠳᠦᠷ ᠯᠡ ᠪᠠᠢᠪᠠ ᠤᠤ ᠳᠠ!
————————
① ᠡᠨᠡ ᠵᠣᠬᠢᠶᠠᠯ( ᠤᠷᠤᠭ ᠭᠡᠷ ᠪᠦᠯᠢ) ᠰᠡᠳᠬᠦᠯ ᠦ᠋ᠨ1998 ᠣᠨ ᠤ᠋7 ᠳ᠋ᠤᠭᠠᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠭᠡᠷᠡᠯ᠂ ᠨᠡᠭᠦᠳᠡᠯ᠂ ᠰᠤᠳᠤᠯᠲᠤ᠂ ᠢᠳᠰᠢᠩᠬᠣᠷᠯᠣ
ᠬᠢᠨᠠᠭᠴᠢ ᠪᠠᠭᠰᠢ᠄ ᠣᠳᠬᠠᠨᠰᠣ᠎ᠠ
