ᠵᠠᠯᠬᠠᠭᠤ ᠥᠬᠢᠨ ᠠᠵᠢᠯᠰᠠᠭ ᠥᠬᠢᠨ ᠪᠣᠯᠤᠭᠰᠠᠨ ᠨᠢЗалхуу охин ажилсаг охин болсон нь Zalkhuu okhin ajilsag okhin bolson ni ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠬᠠᠭᠤ ᠥᠬᠢᠨ ᠠᠵᠢᠯᠰᠠᠭ ᠥᠬᠢᠨ ᠪᠣᠯᠤᠭᠰᠠᠨ ᠨᠢЗалхуу охин ажилсаг охин болсон нь Zalkhuu okhin ajilsag okhin bolson ni

ᠵᠠᠯᠬᠠᠭᠤ ᠥᠬᠢᠨ ᠠᠵᠢᠯᠰᠠᠭ ᠥᠬᠢᠨ ᠪᠣᠯᠤᠭᠰᠠᠨ ᠨᠢЗалхуу охин ажилсаг охин болсон нь Zalkhuu okhin ajilsag okhin bolson ni

ᠠᠩᠭᠢᠯᠠᠯ:ᠳᠣᠮᠣᠭ ᠦᠯᠢᠭᠡᠷ
2024-06-30

883

ᠵᠠᠯᠬᠠᠭᠤ ᠥᠬᠢᠨ ᠠᠵᠢᠯᠰᠠᠭ ᠥᠬᠢᠨ ᠪᠣᠯᠤᠭᠰᠠᠨ ᠨᠢ

    ᠡᠷᠲᠡ ᠤᠷᠢᠳᠤ ᠶ᠋ᠢᠨ ᠴᠠᠭ ᠲᠤ᠌ ᠭᠡᠳᠡᠭᠡᠷᠮ᠎ᠡ ᠬᠡᠮᠡᠬᠦ ᠨᠢᠭᠡᠨ ᠵᠠᠯᠬᠠᠭᠤ ᠥᠬᠢᠨ ᠠᠮᠢᠳᠤᠷᠠᠨ ᠰᠠᠭᠤᠳᠠᠭ ᠪᠠᠢᠵᠠᠢ᠃ ᠠᠪᠤ ᠡᠵᠢ ᠨᠢ ᠲᠡᠭᠦᠨ ᠳ᠋ᠦ᠍ ᠭᠡᠷᠡᠯᠡᠮ᠎ᠡ ᠭᠡᠳᠡᠭ ᠰᠠᠢᠬᠠᠨ ᠨᠡᠷ᠎ᠡ ᠬᠠᠢᠷᠠᠯᠠᠭᠰᠠᠨ ᠪᠣᠯᠪᠠᠴᠤ ᠬᠥᠮᠦᠰ ᠬᠣᠢᠷᠭᠣ ᠵᠠᠯᠬᠠᠭᠤ ᠪᠠᠷ ᠨᠢ ᠡᠯᠡᠭᠯᠡᠵᠦ᠂ ᠭᠡᠳᠡᠭᠡᠷᠮ᠎ᠡ ᠭᠡᠵᠦ ᠳᠠᠭᠤᠳᠠᠳᠠᠭ ᠪᠣᠯᠵᠠᠢ᠃ ᠭᠡᠪᠡᠴᠦ ᠲᠡᠷᠡ ᠭᠡᠮᠰᠢᠨ ᠤᠬᠠᠭᠠᠷᠠᠭᠰᠠᠨ ᠦᠭᠡᠢ᠃ ᠠᠵᠢᠯ ᠬᠢ ᠭᠡᠬᠦ ᠪᠠᠷ ᠯᠠ ᠤᠷᠤᠭᠤᠯ ᠢ᠋ᠶ᠋ᠠᠨ ᠤᠨᠵᠠᠢᠯᠭᠠᠭᠠᠳ ᠰᠠᠭᠤᠴᠢᠬᠠᠨ᠎ᠠ᠃ ᠤᠷᠤᠭᠤᠯ ᠢ᠋ᠶ᠋ᠠᠨ ᠴᠣᠷᠪᠣᠢᠯᠭᠠᠨ᠂ ᠬᠣᠭᠣᠯᠠ ᠤᠮᠳᠠ ᠪᠠᠨ ᠴᠤ᠌ ᠢᠳᠡᠬᠦ ᠡᠴᠡ ᠵᠠᠯᠬᠠᠭᠤᠷᠠᠨ᠎ᠠ᠃ ᠬᠠᠮᠤᠭ ᠤ᠋ᠨ ᠭᠠᠢᠬᠠᠯᠲᠠᠢ ᠨᠢ ᠵᠠᠯᠬᠠᠭᠤᠷᠠᠬᠤ ᠲᠣᠰᠤᠮ ᠲᠡᠭᠦᠨ ᠦ᠌ ᠤᠷᠤᠭᠤᠯ ᠤᠯᠠᠮ ᠰᠤᠨᠤᠭᠠᠳ ᠪᠠᠢᠳᠠᠭ ᠪᠣᠯᠤᠯ᠎ᠠ᠃ ᠭᠡᠳᠡᠭᠡᠷᠮ᠎ᠡ ᠢᠳᠡᠬᠦ᠂ ᠰᠠᠭᠤᠬᠤ ᠬᠣᠶᠠᠷ ᠠ᠋ᠴᠠ ᠥᠭᠡᠷ᠎ᠡ ᠶᠠᠭᠤ ᠴᠤ᠌ ᠬᠦᠰᠡᠬᠦ ᠦᠭᠡᠢ᠃ ᠥᠬᠢᠨ ᠦ᠌ ᠤᠷᠤᠭᠤᠯ ᠰᠡᠭᠦᠯ ᠦ᠋ᠨ ᠬᠡᠳᠦᠨ ᠬᠣᠨᠣᠭ ᠲᠤ᠌ ᠲᠣᠬᠣᠢ ᠢᠯᠡᠭᠦᠦ ᠰᠤᠨᠵᠠᠢ᠃ ᠲᠡᠭᠡᠲᠡᠯ᠎ᠡ ᠨᠢᠭᠡ ᠡᠳᠦᠷ ᠲᠡᠷᠡ ᠪᠢᠴᠢᠬᠠᠨ ᠰᠠᠭᠤᠷᠢᠨ ᠳ᠋ᠤ᠌ ᠮᠡᠷᠭᠡᠨ ᠤᠬᠠᠭᠠᠨᠲᠠᠨ ᠢᠷᠡᠵᠡᠢ ᠭᠡᠨ᠎ᠡ᠃ ᠭᠡᠳᠡᠭᠡᠷᠮ᠎ᠡ ᠶ᠋ᠢᠨ ᠡᠵᠢ ᠮᠡᠷᠭᠡᠨ ᠬᠥᠮᠦᠨ ᠢ᠋ ᠭᠡᠷ ᠲᠦ᠍ ᠪᠡᠨ ᠤᠷᠢᠵᠤ᠂ ᠤᠴᠢᠷ ᠵᠣᠪᠠᠯᠠᠩ ᠢ᠋ᠶ᠋ᠠᠨ ᠲᠣᠭᠠᠴᠢᠵᠠᠢ᠃ ᠮᠡᠷᠭᠡᠨ ᠬᠥᠮᠦᠨ ᠥᠬᠢᠨ ᠢ᠋ ᠶᠡᠬᠡᠳᠡ ᠥᠷᠦᠪᠳᠦᠵᠦ᠂ ᠰᠢᠳᠢᠲᠦ ᠲᠣᠯᠢ ᠪᠠᠨ ᠨᠢᠭᠤᠷ ᠴᠢᠷᠠᠢ ᠶ᠋ᠢ ᠨᠢ ᠬᠠᠷᠠᠭᠤᠯᠬᠤ ᠳ᠋ᠤ᠌ ᠭᠡᠳᠡᠭᠡᠷᠮ᠎ᠡ ᠭᠤᠳᠤᠷᠬᠤ ᠶ᠋ᠢᠨ ᠶᠡᠬᠡ ᠪᠡᠷ ᠭᠤᠳᠤᠷᠴᠤ᠂ ᠡᠬᠡᠷ ᠲᠡᠳᠡᠨ ᠤᠬᠢᠯᠠᠪᠠ ᠭᠡᠨ᠎ᠡ᠃ ᠮᠡᠷᠭᠡᠨ ᠬᠥᠮᠦᠨ ᠡᠵᠢ ᠳ᠋ᠦ᠍ ᠨᠢ ᠬᠠᠨᠳᠤᠨ᠄《ᠬᠡᠷᠪᠡ ᠥᠬᠢᠨ ᠢ᠋ᠶ᠋ᠡᠨ ᠰᠠᠢᠨ ᠰᠠᠢᠬᠠᠨ ᠡᠷᠡᠭᠦᠯ ᠰᠠᠷᠠᠭᠤᠯ ᠪᠣᠯᠭᠠᠶ᠎ᠠ ᠭᠡᠪᠡᠯ ᠨᠠᠳᠠ ᠲᠠᠢ ᠬᠠᠮᠲᠤ ᠶᠠᠪᠤᠭᠤᠯ!》 ᠭᠡᠯ᠎ᠡ᠃ ᠲᠡᠳᠡᠨ ᠦ᠌ ᠬᠡᠨ ᠨᠢ ᠴᠦ᠍ ᠲᠠᠲᠠᠭᠠᠯᠵᠠᠭᠰᠠᠨ ᠦᠭᠡᠢ᠃
ᠮᠡᠷᠭᠡᠨ ᠬᠥᠮᠦᠨ ᠦ᠌ ᠭᠡᠷ ᠠᠭᠤᠯᠠᠰ ᠤ᠋ᠨ ᠳᠤᠮᠳᠠ᠂ ᠠᠭᠤᠢ ᠶ᠋ᠢᠨ ᠭᠦᠨ ᠳ᠋ᠦ᠍ ᠣᠷᠣᠰᠢᠳᠠᠭ ᠮᠥᠩᠭᠥᠨ ᠳᠡᠭᠡᠪᠦᠷᠲᠦ ᠣᠷᠳᠣᠨ ᠠᠵᠢ᠃ ᠣᠷᠳᠣᠨ ᠳ᠋ᠤ᠌ ᠣᠷᠣᠭᠠᠳ ᠬᠡᠰᠡᠭ ᠬᠤᠭᠤᠴᠠᠭ᠎ᠠ ᠥᠩᠭᠡᠷᠡᠭᠰᠡᠨ ᠦ᠌ ᠬᠣᠢᠨ᠎ᠠ ᠮᠣᠳᠣ ᠮᠡᠲᠦ ᠬᠠᠲᠠᠭᠤ᠂ ᠲᠡᠪᠡᠷᠢ ᠢᠯᠡᠭᠦᠦ ᠵᠠᠭᠤᠷᠠᠭᠰᠠᠨ ᠭᠤᠯᠢᠷ ᠢ᠋ ᠥᠬᠢᠨ ᠳ᠋ᠦ᠍ ᠠᠪᠴᠢᠷᠠᠵᠤ ᠥᠭᠭᠦᠭᠡᠳ᠄《ᠡᠨᠡ ᠭᠤᠯᠢᠷ ᠢ᠋ ᠮᠢᠨᠳᠠᠰᠤᠨ ᠮᠡᠲᠦ ᠵᠥᠭᠡᠯᠡᠨ ᠪᠣᠯᠲᠠᠯ᠎ᠠ ᠨᠤᠬᠤ᠃ ᠨᠤᠬᠤᠯᠲᠠ ᠨᠢ ᠬᠠᠩᠬᠤ ᠪᠠᠷ ᠢ᠋ᠶ᠋ᠠᠨ ᠭᠤᠯᠢᠷ ᠥᠪᠡᠷ ᠢ᠋ᠶ᠋ᠡᠨ ᠠᠮᠢᠯᠠᠨ<ᠪᠢ ᠴᠢᠮ᠎ᠠ ᠳ᠋ᠤ᠌ ᠲᠤᠰᠠ ᠪᠣᠯᠤᠶ᠎ᠠ!> ᠭᠡᠵᠦ ᠭᠤᠷᠪᠠᠨᠲᠠ ᠪᠠᠨ ᠬᠡᠯᠡᠬᠦ ᠪᠣᠯᠤᠨ᠎ᠠ》 ᠭᠡᠯ᠎ᠡ᠃ ᠥᠬᠢᠨ ᠭᠤᠯᠢᠷ ᠢ᠋ ᠨᠤᠬᠤᠬᠤ ᠭᠡᠳ ᠪᠦᠬᠦ ᠬᠦᠴᠦ ᠪᠡᠷ ᠢ᠋ᠶ᠋ᠡᠨ ᠳᠠᠷᠤᠪᠠᠯ ᠪᠤᠯᠪᠠᠷᠠᠢ ᠴᠠᠭᠠᠨ ᠭᠠᠷ ᠨᠢ ᠦᠶ᠎ᠡ ᠮᠥᠴᠢ ᠪᠦᠬᠦᠨ ᠢ᠋ᠶ᠋ᠡᠷ ᠢ᠋ᠶ᠋ᠡᠨ ᠶᠠᠩᠭᠢᠨᠠᠨ ᠡᠪᠡᠳᠴᠦ᠂ ᠳᠣᠲᠣᠷ᠎ᠠ ᠨᠢ ᠬᠠᠷᠠᠩᠭᠤᠢᠯᠠᠬᠤ ᠰᠢᠭ᠋ ᠪᠣᠯᠵᠠᠢ᠃ ᠥᠬᠢᠨ᠄《ᠮᠡᠷᠭᠡᠨ ᠠᠬ᠎ᠠ ᠮᠢᠨᠢ᠂ ᠨᠠᠮ᠎ᠠ ᠶ᠋ᠢ ᠭᠡᠷ ᠲᠦ᠍ ᠮᠢᠨᠢ ᠬᠦᠷᠭᠡᠭᠡᠳ ᠥᠭᠴᠦ ᠦᠵᠡ᠃ ᠪᠢ ᠡᠨᠡ ᠭᠤᠯᠢᠷ ᠢ᠋ ᠶᠠᠭᠠᠬᠢᠭᠠᠳ ᠴᠤ᠌ ᠵᠥᠭᠡᠯᠡᠷᠡᠭᠦᠯᠵᠦ ᠳᠡᠢᠯᠬᠦ ᠦᠭᠡᠢ ᠶᠦᠮ ᠪᠠᠢᠨ᠎ᠠ》 ᠭᠡᠪᠡ᠃ ᠮᠡᠷᠭᠡᠨ ᠬᠥᠮᠦᠨ ᠶᠠᠭᠤ ᠴᠤ᠌ ᠡᠰᠡ ᠬᠡᠯᠡᠭᠡᠳ ᠥᠨᠥᠬᠢ ᠬᠠᠲᠠᠭᠤ ᠭᠤᠯᠢᠷ ᠠ᠋ᠴᠠ ᠲᠠᠰᠤᠯᠤᠨ ᠠᠪᠴᠤ᠂ ᠬᠣᠷᠣᠮᠬᠠᠨ ᠵᠠᠭᠤᠷ᠎ᠠ ᠵᠥᠭᠡᠯᠡᠨ ᠪᠣᠯᠲᠠᠯ᠎ᠠ ᠨᠤᠬᠤᠭᠠᠳ ᠥᠬᠢᠨ ᠦ᠌ ᠤᠷᠲᠤ ᠬᠣᠰᠢᠭᠤ ᠶ᠋ᠢ ᠶᠠᠭ ᠳᠠᠭᠤᠷᠢᠶᠠᠯᠭᠠᠨ ᠤᠷᠠᠯᠠᠯ᠎ᠠ᠃ ᠲᠡᠭᠡᠭᠡᠳ ᠭᠤᠯᠢᠷ ᠬᠤᠰᠢᠭᠤᠨ ᠠ᠋ᠴᠠ ᠪᠠᠨ ᠡᠷᠡᠬᠡᠢ ᠳᠠᠷᠤᠮ᠎ᠠ ᠶ᠋ᠢ ᠲᠠᠰᠤᠳᠠᠨ ᠬᠠᠶᠠᠪᠠ᠃ ᠲᠡᠭᠡᠲᠡᠯ᠎ᠡ ᠶᠠᠭᠤ ᠪᠣᠯᠤᠭᠰᠠᠨ ᠭᠡᠵᠦ ᠰᠠᠨᠠᠨ᠎ᠠ᠃ ᠶᠠᠭ ᠡᠨᠡ ᠮᠥᠴᠡ ᠳ᠋ᠦ᠍ ᠬᠡᠳᠡᠭᠡᠷᠮ᠎ᠡ ᠥᠬᠢᠨ ᠦ᠌ ᠭᠠᠵᠠᠷ ᠰᠢᠭᠦᠷᠭᠡᠮ᠎ᠡ ᠤᠷᠲᠤ ᠬᠤᠰᠢᠭᠤᠨ ᠠ᠋ᠴᠠ ᠡᠷᠡᠬᠡᠢ ᠶ᠋ᠢᠨ ᠴᠢᠨᠡᠭᠡ ᠨᠢ ᠪᠠᠰᠠ ᠲᠠᠰᠤᠷᠠᠨ᠂ ᠱᠠᠯᠠᠨ ᠳᠡᠭᠡᠷ᠎ᠡ ᠫᠣᠳᠬᠢᠨ ᠤᠨᠠᠪᠠ᠃
ᠡᠨᠡ ᠮᠥᠴᠡ ᠡᠴᠡ ᠥᠬᠢᠨ ᠦ᠌ ᠬᠠᠷᠠᠴᠠᠨ ᠳ᠋ᠤ᠌ ᠢᠲᠡᠭᠡᠯ ᠨᠠᠢᠳᠠᠪᠤᠷᠢ᠂ ᠤᠷᠮ᠎ᠠ ᠵᠣᠷᠢᠭ ᠤ᠋ᠨ ᠭᠠᠯ ᠪᠠᠳᠠᠷᠠᠨ ᠠᠰᠠᠵᠤ ᠡᠬᠢᠯᠡᠯ᠎ᠡ᠃ ᠲᠤᠶᠠᠬᠠᠨ ᠪᠡᠶ᠎ᠡ ᠪᠡᠨ ᠶᠠᠳᠠᠷᠠᠬᠤ ᠶ᠋ᠢ ᠤᠮᠠᠷᠲᠠᠵᠤ᠂ ᠲᠤᠷᠠᠬᠠᠨ ᠭᠠᠷ ᠢ᠋ᠶ᠋ᠠᠨ ᠡᠪᠡᠳᠬᠦ ᠶ᠋ᠢ ᠲᠡᠰᠪᠦᠷᠢᠯᠡᠵᠦ᠂ ᠬᠠᠳᠠ ᠴᠢᠯᠠᠭᠤ ᠮᠡᠲᠦ ᠬᠠᠲᠠᠭᠤ ᠭᠤᠯᠢᠷ ᠢ᠋ ᠨᠤᠬᠤᠭᠰᠠᠭᠠᠷ ᠭᠤᠷᠪᠠᠨ ᠡᠳᠦᠷ᠂ ᠭᠤᠷᠪᠠᠨ ᠰᠥᠨᠢ ᠥᠩᠭᠡᠷᠡᠪᠡ᠃ ᠲᠡᠭᠡᠲᠡᠯ᠎ᠡ ᠳᠥᠷᠪᠡᠳᠡᠬᠢ ᠡᠳᠦᠷ ᠦ᠋ᠨ ᠦᠷ ᠢ᠋ᠶ᠋ᠡᠷ ᠮᠢᠨᠳᠠᠰᠤᠨ ᠮᠡᠲᠦ ᠵᠥᠭᠡᠯᠡᠨ ᠪᠣᠯᠤᠭᠰᠠᠨ ᠭᠤᠯᠢᠷ᠄《ᠥᠬᠢᠨ ᠮᠢᠨᠢ᠂ ᠪᠢ ᠴᠢᠮ᠎ᠠ ᠳ᠋ᠤ᠌ ᠲᠤᠰᠠ ᠪᠣᠯᠤᠶ᠎ᠠ!》 ᠭᠡᠵᠦ ᠳᠠᠭᠤ ᠠᠯᠳᠠᠬᠤ ᠨᠢ ᠲᠡᠷᠡ᠃ ᠮᠡᠷᠭᠡᠨ ᠬᠥᠮᠦᠨ ᠥᠬᠢᠨ ᠦ᠌ ᠨᠤᠬᠤᠭᠰᠠᠨ ᠭᠤᠯᠢᠷ ᠢ᠋ᠶ᠋ᠠᠷ ᠲᠡᠭᠦᠨ ᠦ᠌ ᠬᠣᠰᠢᠭᠤ ᠳᠠᠭᠤᠷᠢᠶᠠᠯᠭᠠᠨ᠂ ᠶᠡᠷᠡᠨ ᠶᠢᠰᠦᠨ ᠬᠣᠰᠢᠭᠤ ᠬᠢᠵᠦ ᠡᠩᠨᠡᠭᠦᠯᠦᠨ ᠲᠠᠯᠪᠢᠯ᠎ᠠ᠃ ᠲᠡᠭᠡᠭᠡᠳ ᠶᠡᠷᠡᠨ ᠶᠢᠰᠦᠨ ᠬᠤᠰᠢᠭᠤᠨ ᠤ᠋ ᠦᠵᠦᠭᠦᠷ ᠡᠴᠡ ᠡᠷᠡᠬᠡᠢ ᠳᠠᠷᠤᠮ᠎ᠠ ᠭᠤᠯᠢᠷ ᠢ᠋ ᠲᠠᠰᠤᠳᠠᠨ ᠬᠠᠶᠠᠩᠭᠤᠲᠠ ᠭᠡᠳᠡᠭᠡᠷᠮ᠎ᠡ ᠶ᠋ᠢᠨ ᠤᠷᠲᠤ ᠬᠣᠰᠢᠭᠤ ᠥᠪᠡᠷ ᠢ᠋ᠶ᠋ᠡᠨ ᠠᠶᠠᠨᠳᠠᠭᠠᠨ ᠲᠠᠰᠤᠷᠠᠨ ᠤᠨᠠᠵᠠᠢ᠃ ᠪᠠᠶᠠᠷᠯᠠᠵᠤ ᠬᠥᠭᠡᠷᠦᠭᠰᠡᠨ ᠥᠬᠢᠨ᠄《ᠠᠬ᠎ᠠ ᠠ᠋᠂ ᠲᠠ ᠯᠠ ᠨᠠᠮ᠎ᠠ ᠶ᠋ᠢ ᠠᠵᠠ ᠵᠢᠷᠭᠠᠯ ᠲᠠᠢ ᠮᠢᠨᠢ ᠡᠷᠭᠢᠨ ᠤᠴᠠᠷᠠᠭᠤᠯᠤᠯ᠎ᠠ 》 ᠭᠡᠬᠦ ᠳ᠋ᠦ᠍᠄《ᠥᠬᠢᠨ ᠮᠢᠨᠢ᠂ ᠴᠢ ᠥᠪᠡᠷ ᠦ᠋ᠨ ᠲᠡᠰᠪᠦᠷᠢ ᠬᠠᠲᠠᠭᠤᠵᠢᠯ ᠤ᠋ᠨ ᠬᠦᠴᠦ ᠪᠡᠷ ᠠᠮᠢᠲᠠᠨ ᠪᠣᠯᠵᠤ ᠬᠤᠪᠢᠷᠠᠬᠤ ᠠᠶᠤᠯ ᠠ᠋ᠴᠠ ᠮᠤᠯᠲᠤᠷᠠᠯ᠎ᠠ᠃ ᠣᠳᠣ ᠭᠠᠷ ᠴᠢᠨᠢ ᠤᠶᠠᠨ ᠵᠥᠭᠡᠯᠡᠨ᠂ ᠠᠵᠢᠯᠰᠠᠭ᠂ ᠰᠡᠳᠬᠢᠯ ᠴᠢᠨᠢ ᠥᠭᠡᠳᠡᠷᠡᠭ ᠰᠠᠢᠬᠠᠨ ᠪᠣᠯᠤᠭᠰᠠᠨ ᠰᠢᠦ 》 ᠭᠡᠯ᠎ᠡ᠃ ᠡᠨᠡ ᠴᠠᠭ ᠠ᠋ᠴᠠ ᠡᠬᠢᠯᠡᠨ ᠵᠠᠯᠬᠠᠭᠤ ᠭᠡᠳᠡᠭᠡᠷᠮ᠎ᠡ ᠠᠵᠢᠯᠰᠠᠭ ᠭᠡᠷᠡᠯᠡᠮ᠎ᠡ ᠪᠣᠯᠤᠨ ᠬᠤᠪᠢᠷᠠᠵᠤ ᠡᠵᠢ ᠠᠪᠤ ᠳ᠋ᠤ᠌ ᠪᠠᠨ ᠡᠭᠡᠨᠡᠭᠲᠡ ᠪᠠᠶᠠᠷ ᠪᠠᠶᠠᠰᠬᠤᠯᠠᠩ ᠪᠡᠯᠡᠭᠯᠡᠵᠡᠢ᠃
   ᠦᠰᠦᠭ ᠬᠠᠲᠠᠭᠴᠢ᠄ ᠵᠡᠷᠮᠦᠳ ᠸ· ᠥᠯᠵᠡᠢ
   ᠦᠰᠦᠭ ᠬᠢᠨᠠᠭᠴᠢ᠄ ᠮᠥᠴᠢᠷ