ᠠᠯᠲᠠᠢ ᠶᠢᠨ ᠮᠠᠭᠲᠠᠭᠠᠯ -ᠨᠠᠢᠷᠵᠢᠨ ᠬᠥᠭᠵᠢᠮАлтайн магтаал-найржин хөгжим
ᠠᠯᠲᠠᠢ ᠶᠢᠨ ᠮᠠᠭᠲᠠᠭᠠᠯ
-ᠨᠠᠢᠷᠵᠢᠨ ᠬᠥᠭᠵᠢᠮ
ᠥᠷᠯᠥᠭᠡ ᠳᠤ ᠪᠠᠨ ᠵᠢᠩ ᠢᠶᠠᠷ ᠤᠨᠢᠶᠠᠷᠲᠤᠵᠤ ᠯᠠ ᠪᠠᠢᠳᠠᠭ
ᠡᠳᠦᠷ ᠳᠤᠮᠳᠠ ᠪᠠᠨ ᠰᠤᠭᠤᠨᠠᠭᠯᠠᠵᠤ ᠯᠠ ᠪᠠᠢᠳᠠᠭ ᠭᠡᠪᠡᠯ ᠡ
ᠦᠶ᠎ᠡ ᠶᠢᠨ ᠦᠶ᠎ᠡ ᠠᠴᠠ ᠪᠠᠨ ᠥᠩ ᠲᠡᠢ ᠲᠠᠷᠭᠤᠨ ᠪᠠᠢᠳᠠᠭ
ᠥᠷᠭᠡᠨ ᠥᠨᠳᠦᠷ ᠬᠦᠳᠡᠷ ᠪᠠᠶᠠᠬᠠᠨ ᠪᠤᠭᠤᠷᠤᠯ
ᠠᠯᠲᠠᠢ ᠬᠠᠩᠭᠠᠢ ᠬᠣᠶᠠᠷ ᠮᠢᠨᠢ ᠪᠢᠯᠡ ᠡ
ᠠᠷᠤ ᠶᠢᠨ ᠥᠨᠳᠦᠷ ᠬᠣᠪᠲᠣ ᠶᠢᠨ ᠨᠢᠷᠤᠭᠤ ᠳᠦᠩᠬᠦᠢᠵᠦ ᠯᠠ ᠪᠠᠢᠳᠠᠭ
ᠷᠠᠰᠢᠶᠠᠨ ᠪᠤᠯᠠᠭ ᠤᠨ ᠤᠰᠤ ᠨᠢ ᠪᠤᠯᠭᠢᠯᠠᠵᠤ ᠯᠠ ᠪᠠᠢᠳᠠᠭ ᠭᠡᠪᠡᠯ ᠡ
ᠠᠩᠭᠢᠷ ᠭᠠᠯᠠᠭᠤ ᠰᠢᠪᠠᠭᠤ ᠭᠠᠩᠭᠠᠨᠠᠵᠤ ᠯᠠ ᠪᠠᠢᠳᠠᠭ
ᠠᠷᠤ ᠶᠢᠨ ᠬᠠᠷᠭᠠᠢ ᠮᠣᠳᠣ ᠨᠢ ᠳᠦᠩᠬᠦᠢᠵᠦ ᠯᠠ ᠪᠠᠢᠳᠠᠭ ᠭᠡᠪᠡᠯ ᠡ
ᠠᠷᠪᠢᠨ ᠠᠭᠤᠵᠢᠮᠬᠠᠨ ᠪᠠᠶᠠᠬᠠᠨ ᠪᠤᠭᠤᠷᠤᠯ
ᠠᠯᠲᠠᠢ ᠬᠠᠩᠭᠠᠢ ᠬᠣᠶᠠᠷ ᠮᠢᠨᠢ ᠪᠢᠯᠡ ᠡ
ᠰᠢᠯᠢ ᠶᠢᠨ ᠴᠠᠰᠤ ᠨᠢ ᠬᠠᠢᠯᠤᠨ
ᠰᠢᠮᠡᠯᠢᠭᠲᠡᠢᠬᠡᠨ ᠬᠠᠢᠯᠤᠨ ᠤᠷᠤᠰᠴᠤ ᠯᠠ ᠪᠠᠢᠳᠠᠭ
ᠰᠢᠨᠡᠬᠡᠨ ᠬᠥᠬᠡ ᠯᠡ ᠨᠣᠭᠣᠭ᠎ᠠ ᠨᠢ
ᠰᠢᠷᠢᠭᠢ ᠪᠡᠨ ᠳᠠᠭᠠᠨ ᠤᠷᠭᠤᠵᠤ ᠯᠠ ᠪᠠᠢᠳᠠᠭ ᠭᠡᠪᠡᠯ ᠡ
ᠰᠢᠩᠭᠡᠨ ᠳᠠᠭᠤ ᠲᠠᠢ ᠬᠥᠬᠥᠭᠡ ᠰᠢᠪᠠᠭᠤ
ᠰᠢᠯᠢ ᠪᠡᠨ ᠳᠠᠮᠵᠢᠨ ᠳᠣᠩᠭᠣᠳᠴᠤ ᠯᠠ ᠪᠠᠢᠳᠠᠭ
ᠦᠨᠡᠬᠡᠷ ᠦᠨ ᠰᠣᠨᠢᠬᠠᠨ ᠰᠠᠢᠬᠠᠨ ᠪᠠᠶᠠᠬᠠᠨ ᠪᠤᠭᠤᠷᠤᠯ
ᠠᠯᠲᠠᠢ ᠬᠠᠩᠭᠠᠢ ᠬᠣᠶᠠᠷ ᠮᠢᠨᠢ ᠪᠢᠯᠡ ᠡ
ᠰᠤᠭᠤᠨ ᠤ ᠥᠨᠳᠥᠷ ᠤᠯᠠᠭᠠᠨ ᠠᠭᠤᠯᠠ ᠨᠢ ᠳᠦᠩᠬᠦᠢᠵᠦ ᠯᠠ ᠪᠠᠢᠳᠠᠭ
ᠱᠥᠷᠪᠥᠭᠡᠷ ᠤᠯᠠᠭᠠᠨ ᠢᠮᠠᠭ᠎ᠠ ᠰᠢᠯᠢ ᠪᠡᠨ ᠳᠠᠭᠠᠨ
ᠱᠥᠷᠭᠥᠯᠳᠦᠵᠦ ᠯᠠ ᠶᠠᠪᠤᠳᠠᠭ ᠭᠡᠪᠡᠯ ᠡ
ᠬᠠᠭᠠᠳᠠᠢ ᠶᠢᠨ ᠥᠨᠳᠥᠷ ᠲᠣᠷᠵᠢ ᠶᠢᠨ ᠨᠢᠷᠤᠭᠤ ᠳᠦᠩᠬᠦᠢᠵᠦ ᠯᠠ
ᠬᠠᠯᠢᠭᠤᠨ ᠬᠠᠷᠠᠯᠠᠭ ᠲᠡᠬᠡ ᠨᠢ
ᠬᠠᠳᠠ ᠪᠠᠨ ᠳᠠᠮᠵᠢᠨ ᠬᠠᠷᠭᠢᠯᠳᠤᠵᠤ ᠯᠠ ᠶᠠᠪᠤᠳᠠᠭ ᠭᠡᠪᠡᠯ ᠡ
ᠬᠠᠷᠢᠨ ᠡ ᠲᠡᠵᠢᠭᠡᠯᠲᠡᠢᠬᠡᠨ ᠦᠨᠡᠬᠡᠷ ᠰᠣᠨᠢᠬᠠᠨ ᠰᠠᠢᠬᠠᠨ ᠪᠠᠶᠠᠬᠠᠨ ᠪᠤᠭᠤᠷᠤᠯ
ᠠᠯᠲᠠᠢ ᠬᠠᠩᠭᠠᠢ ᠬᠣᠶᠠᠷ ᠮᠢᠨᠢ ᠪᠢᠯᠡ᠃
ᠮᠥᠩᠬᠡ ᠴᠠᠰᠤᠨ ᠡᠬᠢ ᠲᠡᠢ
ᠮᠥᠯᠢᠭᠡᠷ ᠴᠢᠯᠠᠭᠤᠨ ᠣᠷᠭᠢᠯ ᠲᠠᠢ
ᠥᠷᠭᠡᠨ ᠲᠦᠮᠡᠨ ᠥᠨᠳᠦᠷ ᠬᠦᠳᠡᠷ ᠪᠠᠶᠠᠨ ᠬᠠᠭᠠᠨ
ᠠᠯᠲᠠᠢ ᠨᠤᠲᠤᠭ ᠮᠢᠨᠢ ᠭᠡᠪᠡ ᠭᠡᠨ᠎ᠡ