ᠡᠵᠢ ᠶᠢ ᠪᠡᠨ ᠬᠥᠭᠡᠷᠦᠬᠦᠢ ᠳ᠋ᠸ᠂ ᠶᠠᠭᠠᠬᠢᠵᠤ ᠯᠠ ᠮᠡᠳᠡᠬᠦᠪ ᠳ᠋ᠸ – ᠶᠣᠨᠳᠣᠨ ᠤ ᠪᠢᠯᠢᠭ᠌ - ᠪᠠᠭᠠᠲᠤᠷ Ээжийгээ хөөрхий де. яахиж л мэдхэв де –Ёндоны Билиг - Баатар
ᠡᠵᠢ ᠶᠢ ᠪᠡᠨ ᠬᠥᠭᠡᠷᠦᠬᠦᠢ ᠳ᠋ᠸ᠂ ᠶᠠᠭᠠᠬᠢᠵᠤ ᠯᠠ ᠮᠡᠳᠡᠬᠦᠪ ᠳ᠋ᠸ
— ᠴᠡᠴᠡᠨ ᠪᠤᠭᠤᠷᠤᠯ ᠡᠵᠢ ᠶ᠋ᠢᠨ ᠶ᠋ᠢᠡᠨ
ᠴᠡᠯᠮᠡᠭ ᠲᠡᠭᠷᠢ ᠳᠦ ᠬᠠᠯᠢᠬᠰᠠᠨ ᠤ
ᠠᠷᠪᠠᠨ ᠵᠢᠯ ᠦ᠋ᠨ ᠳᠤᠷᠠᠳᠬᠠᠯ ᠳᠤ
ᠶᠠᠮᠠᠷ ᠴᠦ᠍ ᠶᠡᠬᠡ ᠥᠨᠳᠦᠷ ᠦ᠋ᠨ ᠲᠤᠶ᠋ᠢᠯ ᠳᠤ
ᠶᠠᠮᠠᠷ ᠴᠦ᠍ ᠶᠡᠬᠡ ᠬᠣᠯᠠ ᠶ᠋ᠢᠨ ᠬᠣᠯᠠ ᠳᠤ
ᠬᠠᠯᠢᠵᠤ ᠶᠠᠪᠤᠭᠰᠠᠨ ᠪᠤᠢ ᠳ᠋ᠠ
ᠬᠠᠶ᠋ᠢᠷᠠᠲᠠᠢ ᠬᠠᠳᠤᠨ ᠡᠵᠢ᠂ ᠲᠠ ᠮᠢᠨᠢ ᠡ
ᠲᠡᠭᠷᠢ ᠶ᠋ᠢᠨ ᠴᠡᠩᠬᠡᠷ ᠮᠠᠨᠠᠨ ᠣᠶᠣᠳᠠᠯ ᠶ᠋ᠢᠠᠷ
ᠳᠡᠪᠡᠯ ᠶ᠋ᠢᠡᠨ ᠰᠡᠮᠡᠷᠡᠲᠡᠯᠠ ᠡᠷᠢᠭᠰᠡᠨ ᠳ᠋ᠸ
ᠲᠡᠷᠯᠢᠭ ᠦ᠋ᠨ ᠭᠤᠷᠪᠠᠨ ᠮᠥᠩᠭᠦᠨ ᠳᠣᠪᠴᠢ
ᠳᠣᠯᠣᠭᠠᠨ ᠪᠤᠷᠬᠠᠨ ᠤᠳᠤᠨ ᠳᠤ ᠬᠠᠶ᠋ᠢᠯᠤᠭᠰᠠᠨ
᠁
ᠲᠡᠨᠢᠭᠡᠷ ᠲᠠᠯ᠎ᠠ ᠶ᠋ᠢᠨ ᠭᠦᠨ ᠨᠠᠮ ᠴᠡᠭᠡᠯ ᠶ᠋ᠢᠡᠷ
ᠨᠢᠳᠦ ᠪᠡᠨ ᠰᠢᠷᠭᠢᠲᠡᠯ᠎ᠡ ᠬᠠᠶ᠋ᠢᠬᠰᠠᠨ ᠳ᠋ᠠ
ᠰᠠᠬᠢᠭᠤᠯᠰᠤᠨ ᠤ ᠮᠡᠯᠮᠡᠢ ᠶ᠋ᠢᠨ ᠰᠢᠭᠦᠳᠡᠷᠢ —
ᠳᠠᠰᠢᠭᠤᠷ ᠴᠡᠩᠬᠡᠷ ᠪᠣᠷᠣᠭ᠎ᠠ ᠱᠠᠭᠢᠬᠰᠠᠨ ᠡ
᠁
ᠠᠷᠭᠠᠯ ᠳᠤ ᠯᠠ ᠶᠠᠪᠤᠭᠰᠠᠨ ᠡᠵᠢ ᠮᠢᠨᠢ ᠲᠠ
ᠠᠷᠪᠢᠨ ᠤᠳᠠᠭ᠎ᠠ ᠬᠠᠷᠢᠳᠠᠭ ᠪᠠᠶ᠋ᠢᠬᠰᠠᠨ ᠳ᠋ᠠ
ᠠᠬᠢᠭᠠᠳ ᠶᠠᠭᠠᠬᠢᠨ ᠢᠷᠡᠭᠡ ᠦᠭᠡᠢ ᠪᠤᠢ?
ᠠᠰᠠᠭᠤᠬᠤ ᠪᠠᠨ ᠮᠠᠷᠲᠠᠭᠰᠠᠨ ᠤ ᠢᠷᠸ᠋ᠠ ᠤᠤ
ᠢᠷᠡᠭᠡ ᠦᠭᠡᠢ ᠳ᠋ᠸ᠂ ᠢᠷᠡᠭᠡ ᠦᠭᠡᠢ
ᠡᠷᠢᠵᠦ ᠬᠠᠶ᠋ᠢᠭᠠᠳ ᠴᠦ᠍ ᠣᠯᠤᠭ᠎ᠠ ᠦᠭᠡᠢ
ᠡᠳᠦᠢ ᠤᠳᠠᠴᠢᠬᠠᠯ᠎ᠠ ᠁
ᠡᠴᠦᠨᠡᠨ ᠰᠠᠶ᠎ᠠ ᠵᠢᠸ᠋᠎ᠠ ᠵᠢᠯ ᠶ᠋ᠢᠡᠷ ᠁
ᠴᠢᠩᠬᠢᠰ ᠪᠣᠭᠳᠠ ᠬᠠᠶ᠋ᠢᠷᠠᠬᠠᠨ ᠤ
ᠬᠡᠷᠢᠶᠡᠳ ᠦᠨᠳᠦᠰᠦᠲᠦ ᠮᠤᠳᠤᠨ ᠤ
ᠮᠥᠩᠭᠥᠨ ᠮᠥᠴᠢᠷ ᠦ᠋ᠨ ᠬᠢᠨᠢ
ᠠᠯᠲᠠᠨ ᠨᠠᠪᠴᠢ ᠪᠠᠶ᠋ᠢᠬᠰᠠᠨ ᠡᠵᠢ ᠶ᠋ᠢᠨ ᠶ᠋ᠢᠡᠨ
ᠠᠮᠢᠳᠤ ᠳ᠋ᠠᠭᠠᠨ ᠪᠤᠷᠬᠠᠨ ᠪᠠᠶ᠋ᠢᠬᠰᠠᠨ ᠢ ᠨᠢ
ᠠᠷᠠᠢ ᠴᠦ᠍ ᠮᠡᠳᠡᠬᠡ ᠦᠭᠡᠢ ᠣᠷᠣᠶ᠋ᠢᠳᠠᠵᠠᠢ
ᠣᠳᠣᠬᠠᠨ ᠲᠤᠶ᠋ᠢᠯᠪᠤᠷᠢᠲᠠᠢ ᠮᠡᠳᠡᠷᠡᠭᠰᠡᠨ ᠴᠦ᠍
ᠤᠳᠤᠳ ᠦ᠋ᠨ ᠳᠤᠮᠳᠠ ᠠ᠋ᠴᠠ ᠣᠯᠣᠭᠠᠳᠤᠢ!
ᠠᠰᠤᠷᠤ ᠥᠨᠳᠦᠷ ᠲᠤ ᠯᠠ ᠬᠠᠯᠢᠵᠤ ᠳ᠋ᠠ
ᠠᠭᠤᠤ ᠠᠭᠤᠳᠠᠮ ᠳᠤ ᠯᠠ ᠠᠭᠤᠰᠴᠤ ᠳ᠋ᠠ
ᠠᠤᠭ᠎ᠠ ᠤᠳᠬ᠎ᠠ ᠠᠭᠤᠯᠭ᠎ᠠ ᠶᠠᠷᠢᠬᠤ ᠭᠡᠵᠦ
ᠠᠭᠤᠰᠬᠢᠨ ᠤ ᠦᠭᠡ ᠪᠡᠨ ᠬᠡᠯᠡᠬᠦ ᠯᠠ ᠭᠡᠵᠦ
ᠥᠷᠯᠥᠭ ᠳᠡᠭᠡᠳᠦᠰ ᠲᠠᠢ ᠪᠠᠨ ᠯᠠ
ᠠᠭᠤᠯᠵᠠᠵᠤ ᠤᠴᠠᠷᠠᠭᠠᠳ ᠵᠣᠭᠣᠭᠳᠠᠵᠤ ᠳ᠋ᠠ᠃
ᠦᠨᠡᠨ ᠬᠤᠳᠠᠯ ᠦ᠋ᠨ ᠵᠠᠭᠠᠭ ᠊ᠢ ᠭᠠᠲᠤᠯᠵᠤ ᠯᠠ
ᠦᠵᠡᠰᠬᠦᠯᠡᠩ ᠲᠠᠢ ᠭᠡᠲᠦᠯᠦᠭᠴᠢ ᠵᠠᠶᠠᠭ᠎ᠠ ᠪᠠᠷ
ᠥᠭᠡᠯᠦᠨ ᠥᠵᠢᠨ ᠡᠬᠡ ᠲᠠᠢ ᠪᠠᠨ ᠯᠠ
ᠦᠨᠢᠶᠡᠨ ᠵᠡᠯᠡᠨ ᠳᠤ ᠵᠣᠯᠭᠠᠵᠤ ᠤᠤ ᠳ᠋ᠠ
᠁
ᠴᠠᠭᠠᠨ ᠳ᠋ᠠᠷᠢ ᠡᠬᠡ —
ᠴᠠᠯ ᠪᠤᠭᠤᠷᠤᠯ ᠡᠵᠢ ᠲᠠᠨ ᠤ ᠪᠠᠨ
ᠭᠤᠷᠪᠠᠨ ᠭᠤᠷᠪᠠ ᠲᠦᠷᠦᠯ ᠳ᠋ᠡᠭᠡᠨ ᠯᠠ
ᠭᠣᠶ᠋ᠢᠳᠠ ᠰᠠᠶ᠋ᠢᠬᠠᠨ ᠪᠤᠷᠬᠠᠨ ᠪᠠᠶ᠋ᠢᠬᠰᠠᠨ ᠊ᠢ ᠲᠠᠨᠢ
ᠭᠤᠶ᠋ᠢᠭᠤᠷᠠᠨ ᠬᠠᠯᠲᠤᠷᠢᠵᠤ ᠠᠮᠢᠳᠤᠷᠠᠬᠤ ᠳ᠋ᠠᠭᠠᠨ
ᠭᠤᠤᠮᠠᠢ ᠲᠡᠨᠡᠭ ᠪᠢ ᠮᠡᠳᠡᠭᠡᠳᠦᠢ ᠥᠩᠭᠡᠷᠡᠵᠡᠢ
᠁
ᠡᠵᠢ ᠶ᠋ᠢ ᠪᠡᠨ᠂ ᠬᠥᠭᠡᠷᠦᠬᠦᠢ ᠳ᠋ᠧ᠂ ᠬᠥᠮᠥᠰ
ᠠᠮᠢᠳᠤ ᠰᠡᠷᠡᠭᠦᠨ ᠳᠤ ᠨᠢ
ᠶᠠᠭᠠᠬᠢᠵᠤ ᠯᠠ ᠮᠡᠳᠡᠬᠦᠪ ᠳ᠋ᠸ ᠡ
ᠪᠤᠷᠬᠠᠨ ᠪᠠᠶ᠋ᠢᠬᠰᠠᠨ ᠊ᠢ ᠨᠢ ᠁
ᠶᠠᠪᠤᠭᠰᠠᠨ ᠤ ᠬᠢᠨᠢ ᠬᠣᠶ᠋ᠢᠨ᠎ᠠ ᠯᠠ ᠬᠠᠷᠢᠨ
ᠶᠠᠰᠤ ᠪᠠᠨ ᠬᠠᠪᠲᠠᠯᠵᠠᠲᠠᠯᠠ ᠮᠡᠳᠡᠬᠦ ᠰᠢᠭ᠌
ᠶᠠᠷᠢᠵᠤ ᠦᠭᠡᠶ᠋ᠢᠯᠡᠵᠦ ᠲᠤᠷᠠᠰᠴᠤ ᠰᠦᠢᠳᠬᠦ ᠶᠤᠮ
ᠶᠠᠩᠵᠤ ᠪᠠᠷ ᠪᠦᠷ ᠴᠡᠴᠡᠷᠬᠡᠨ ᠦᠭᠦᠯᠡᠬᠦ ᠶᠤᠮ
ᠠᠯᠢᠪᠠ ᠪᠦᠬᠦ ᠬᠠᠮᠤᠭ ᠦᠢᠯᠡ ᠶᠠᠭᠤᠮᠠᠰ ᠊ᠢ
ᠠᠮᠵᠢᠭᠠᠳ ᠯᠠ ᠥᠯᠥ ᠬᠦᠢᠴᠡᠳᠬᠡᠪᠡᠰᠦ
ᠠᠮᠠ ᠪᠠᠨ ᠪᠠᠷᠢᠭᠠᠳ ᠭᠠᠰᠠᠯᠠᠬᠤ ᠡᠳᠦᠷ ᠪᠤᠢ
ᠠᠴᠠᠨ ᠰᠠᠯᠠᠭᠠᠨ ᠳᠤ ᠳᠡᠭᠦᠵᠢᠯᠡᠭ᠍ᠳᠡᠬᠦ ᠴᠠᠭ ᠪᠣᠢ
ᠠᠢ ᠳ᠋ᠠ᠂ ᠡᠵᠢ ᠮᠢᠨᠢ᠂ ᠡᠮᠸ ᠮᠢᠨᠢ ᠡ
ᠠᠴᠢᠯᠠᠯ ᠦᠭᠡᠢ ᠮᠣᠩᠬᠠᠭ ᠬᠥᠪᠡᠭᠦᠨ ᠴᠢᠨᠢ
ᠡᠪᠦᠭᠡᠷᠡᠬᠦ ᠳ᠋ᠡᠭᠡᠨ ᠯᠠ ᠰᠠᠶᠢ ᠤᠬᠠᠭᠠᠷᠠᠬᠤ ᠰᠢᠬ
ᠭᠡᠭᠡᠷᠡᠬᠦ ᠰᠢᠭ᠌ ᠲᠡᠭᠡᠨ ᠯᠠ ᠰᠠᠶᠢ ᠭᠡᠮᠰᠢᠬᠦ ᠨᠢ
᠁ ᠭᠡᠶ᠋ᠢᠭᠦᠯᠵᠦ ᠬᠠᠶ᠋ᠢᠷᠠᠯᠠ ᠡ ᠬᠠᠶ᠋ᠢᠷᠠᠯᠠ ᠡ
᠁ ᠭᠡᠨᠡᠲᠡᠢ ᠣᠯᠳᠣᠢ ᠦᠷ᠎ᠡ ᠪᠠᠨ ᠁
2024᠂3᠂27᠃ ᠦᠳᠡ ᠬᠣᠶ᠋ᠢᠨ᠎ᠠ᠃
ᠬᠥᠬᠡᠬᠣᠲᠠᠨ᠎ᠠ ᠬᠢᠴᠢᠶᠡᠨ ᠪᠦᠲᠦᠭᠡᠪᠡᠢ᠃
