ᠬᠠᠢᠷ᠎ᠠ ᠶᠤᠮ ᠡ᠎ -ᠳᠠᠭᠤᠴᠢᠨ ᠼ ∙ ᠣᠳᠬᠣᠨᠰᠦ᠋ᠷᠦᠩ ᠤᠨ ᠥᠬᠢᠨ ᠠᠶᠠᠯᠭᠤ᠎ Хайр юмаа_ дуучин Ц.Отгонсүрэн охин Аялгуу_ Khair yum aa_ Otgonsuren ,Aylguu ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶᠤᠮ ᠡ᠎ -ᠳᠠᠭᠤᠴᠢᠨ ᠼ ∙ ᠣᠳᠬᠣᠨᠰᠦ᠋ᠷᠦᠩ ᠤᠨ ᠥᠬᠢᠨ ᠠᠶᠠᠯᠭᠤ᠎ Хайр юмаа_ дуучин Ц.Отгонсүрэн охин Аялгуу_ Khair yum aa_ Otgonsuren ,Aylguu

ᠬᠠᠢᠷ᠎ᠠ ᠶᠤᠮ ᠡ᠎ -ᠳᠠᠭᠤᠴᠢᠨ ᠼ ∙ ᠣᠳᠬᠣᠨᠰᠦ᠋ᠷᠦᠩ ᠤᠨ ᠥᠬᠢᠨ ᠠᠶᠠᠯᠭᠤ᠎ Хайр юмаа_ дуучин Ц.Отгонсүрэн охин Аялгуу_ Khair yum aa_ Otgonsuren ,Aylguu

2024-06-29

491

ᠬᠠᠢᠷ᠎ᠠ ᠶᠤᠮ ᠡ᠎ 

       ᠦᠭᠡ᠄ ᠴ· ᠣᠳᠬᠣᠨᠪᠠᠭᠠᠲᠤᠷ 
       ᠠᠶ᠎ᠠ᠄ ᠯ· ᠬᠡᠰᠢᠬᠪᠠᠶᠠᠷ 
       ᠳᠠᠭᠤᠴᠢᠨ᠄  ᠴᠣᠭᠲᠤ ᠶᠢᠨᠣᠳᠬᠣᠨᠰᠦ᠋ᠷᠦᠩ  
                          ᠥᠬᠢᠨ᠂ ᠣ᠂ ᠠᠶᠠᠯᠭᠤ 

 ᠴᠡᠴᠡᠭ ᠲᠡᠪᠡᠷᠢᠭᠰᠡᠨ ᠳᠡᠯᠡᠬᠡᠢ ᠰᠢᠭ᠌ 
 ᠠᠪᠤ ᠮᠢᠨᠢ ᠲᠠ ᠮᠢᠨᠦ ᠪᠠᠭᠠᠲᠤᠷ 
 ᠴᠡᠩᠬᠡᠷ ᠣᠭᠲᠠᠷᠭᠤᠢ ᠶ᠋ᠢᠨ ᠨᠠᠷᠠ ᠰᠢᠬ 
 ᠠᠪᠤ ᠳ᠋ᠠᠭᠠᠨ ᠪᠢ ᠰᠠᠬᠢᠭᠤᠰᠤᠨ ᠲᠩᠷᠢ 
 ᠠᠪᠤ ᠰᠢᠬ ᠶ᠋ᠢᠡᠨ ᠥᠨᠳᠥᠷ ᠪᠣᠯᠤᠭᠠᠳ 
 ᠲᠠᠨ ᠊ᠢ ᠪᠡᠨ ᠲᠡᠪᠡᠷᠢᠵᠦ ᠦᠵᠡᠬᠦ ᠶᠤᠮᠰᠠᠨ᠂
 ᠤᠳᠠᠭᠠᠨ ᠤᠳᠠᠭᠠᠨ ᠬᠠᠮᠲᠤ ᠪᠠᠶ᠋ᠢᠵᠤ 
 ᠠᠭᠤᠯᠠ ᠰᠢᠬ ᠠᠪᠤ ᠳ᠋ᠠᠭᠠᠨ ᠡᠷᠬᠡᠯᠡᠶ᠎ᠡ᠃


 ᠡᠩᠬᠦᠷᠡᠢ ᠪᠢᠴᠢᠬᠠᠨ ᠦᠷ᠎ᠡ ᠮᠢᠨᠢ
 ᠡᠵᠢ ᠡᠴᠡ ᠪᠡᠨ ᠢᠷᠡᠭᠰᠡᠨ
 ᠬᠠᠶ᠋ᠢᠷ᠎ᠠ ᠶᠤᠮ ᠡ᠂
 ᠠᠯᠠᠭᠠᠨ ᠳᠡᠭᠡᠷ᠎ᠡ ᠮᠢᠨᠢ ᠡᠷᠬᠡᠯᠡᠭᠰᠡᠨ
 ᠠᠮᠢᠨ ᠬᠠᠶ᠋ᠢᠷ᠎ᠠ ᠶ᠋ᠢᠨ ᠪᠢᠴᠢᠬᠠᠨ ᠶᠢᠷᠲᠢᠨᠴᠦ
 ᠵᠢᠵᠢᠭᠬᠡᠨ ᠴᠡᠴᠡᠭ ᠮᠢᠨᠢ ᠤᠷᠭᠤᠭᠠᠷᠠᠢ᠂
 ᠵᠢᠯ ᠰᠠᠷ᠎ᠠ ᠪᠠᠷ ᠳᠡᠯᠪᠢᠯᠡᠭᠡᠷᠡᠢ
 ᠳᠡᠯᠡᠬᠡᠢ ᠶ᠋ᠢ ᠴᠢᠮᠡᠵᠦ ᠤᠷᠭᠤᠭᠠᠷᠠᠢ᠂
 ᠳᠡᠭᠵᠢᠨ ᠬᠡᠭᠡᠨᠴᠢᠷ ᠴᠡᠴᠡᠭ ᠮᠢᠨᠢ᠃
  
 ᠬᠠᠷᠠᠴᠠᠨ  ᠳᠦ ᠨᠢ ᠬᠠᠶ᠋ᠢᠷ᠎ᠠ ᠭᠡᠷᠡᠯᠲᠦᠭᠰᠡᠨ
 ᠬᠠᠮᠤᠭ ᠦ᠋ᠨ ᠭᠣᠶᠣ ᠦᠨᠦᠷ ᠲᠡᠢ ᠠᠪᠤ ᠠ᠋
 ᠡᠩᠭᠡᠷ ᠲᠦ ᠮᠢᠨᠢ ᠡᠷᠬᠡᠯᠡᠨ ᠥᠰᠦᠭᠰᠡᠨ
 ᠡᠩᠬᠦᠷᠡᠢ ᠵᠢᠭᠠᠬᠠᠨ ᠥᠬᠢᠨ ᠮᠢᠨᠢ ᠡ
 ᠥᠬᠢᠨ ᠶ᠋ᠢᠡᠨ ᠲᠡᠪᠡᠷᠢᠵᠦ ᠥᠨᠳᠥᠷ  ᠲᠤ ᠤᠷᠭᠤᠭᠰᠠᠨ
 ᠣᠷᠴᠢᠯᠠᠩ ᠦ᠋ᠨ ᠲᠣᠮᠣ ᠠᠭᠤᠯᠠ ᠠ᠋
 ᠠᠮᠢᠳᠤᠷᠠᠯ ᠳᠦ ᠬᠠᠶ᠋ᠢᠷ᠎ᠠ ᠪᠡᠯᠡᠭᠯᠡᠭᠰᠡᠨ
 ᠠᠯᠳᠠᠷᠠᠢ ᠪᠢᠴᠢᠬᠠᠨ ᠥᠬᠢᠨ ᠮᠢᠨᠢ ᠡ

 ᠡᠨᠡ ᠳᠡᠯᠡᠬᠡᠢ ᠶ᠋ᠢᠨ ᠠᠪᠤ ᠨᠤᠭᠤᠳ ᠪᠦᠬᠦᠨ
 ᠰᠡᠳᠬᠢᠯ ᠳᠦᠭᠦᠷᠡᠩ ᠵᠢᠷᠭᠠᠵᠤ ᠶᠠᠪᠤᠭᠠᠰᠠᠢ᠂ 
 ᠡᠩᠬᠦᠷᠡᠢ ᠪᠢᠴᠢᠬᠠᠨ ᠦᠷᠡᠰ ᠦ᠋ᠳ ᠨᠢ
 ᠬᠠᠶ᠋ᠢᠷ᠎ᠠ ᠪᠠᠷ ᠪᠢᠯᠬᠠᠵᠤ ᠢᠨᠢᠶᠡᠵᠦ ᠥᠰᠦᠭᠡᠰᠡᠢ᠂
 ᠡᠩᠬᠦᠷᠡᠢ ᠪᠢᠴᠢᠬᠠᠨ ᠦᠷᠡᠰ ᠦ᠋ᠳ ᠨᠢ
 ᠬᠠᠶ᠋ᠢᠷ᠎ᠠ ᠪᠠᠷ ᠪᠢᠯᠬᠠᠵᠤ ᠢᠨᠢᠶᠡᠵᠦ ᠦᠰᠦᠭᠡᠰᠡᠢ᠂

 ᠪᠢᠳᠠ ᠠᠪᠤ ᠡᠵᠢ ᠡᠴᠡ ᠤᠷᠭᠤᠭᠰᠠᠨ ᠴᠡᠴᠡᠭ ᠨᠢ ᠪᠣᠯᠬᠣᠷ
 ᠡᠨᠡ ᠳᠡᠯᠡᠬᠡᠢ ᠶ᠋ᠢᠨ ᠬᠠᠶ᠋ᠢᠷ᠎ᠠ ᠶᠤᠮ ᠡ᠂

    ᠦᠰᠦᠭ ᠠᠮᠢᠯᠠᠭᠤᠯᠤᠭᠴᠢ᠄ ᠭᠠᠷᠮ‌‍ᠠ᠋
    ᠦᠰᠦᠭ ᠬᠠᠳᠠᠭᠰᠠᠨ  ᠨᠢ᠄ ᠭᠠᠸᠠ
    ᠦᠰᠦᠭ ᠬᠢᠨᠠᠭᠴᠢ᠄  ᠮᠥᠴᠢᠷ᠂ ᠢᠷᠡᠭᠡᠳᠦᠢ