ᠤᠷᠠᠨ ᠵᠣᠬᠢᠶᠠᠯ ᠤ᠋ᠨ ᠲᠥᠯᠦᠭᠡᠬᠢ ᠰᠡᠳᠬᠢᠯ ᠦ᠋ᠨ ᠲᠦᠭᠰᠢᠭᠦᠷᠢ- ᠭ· ᠴᠢᠩᠪᠠᠭᠠᠲᠤᠷУран зохилын төлөөх сэтгэлийн түгшүүр-Г·Чинбаатар
ᠭ· ᠴᠢᠩᠪᠠᠭᠠᠲᠤᠷ
(1)— ᠨᠡᠷ᠎ᠡ ᠠᠯᠳᠠᠷ ᠤᠷᠤᠭᠤ ᠰᠢᠭᠤᠷᠠᠭᠰᠠᠨ ᠰᠢᠭᠤᠷᠭ᠎ᠠ
ᠤᠷᠠᠨ ᠵᠣᠬᠢᠶᠠᠯ ᠠᠯᠳᠠᠷ ᠨᠡᠷ᠎ᠡ᠂ ᠵᠡᠷᠭᠡ ᠬᠡᠷᠬᠡᠮ᠂ ᠱᠠᠩᠨᠠᠯ ᠮᠠᠭᠲᠠᠭᠠᠯ ᠤ᠋ᠨ ᠨᠢᠯᠤᠭᠤᠷᠠᠬᠤ ᠪᠣᠯᠤᠭᠰᠠᠨ ᠥᠨᠥ ᠴᠠᠭ ᠲᠤ᠌ ᠮᠣᠩᠭᠣᠯ ᠢᠷᠠᠭᠤ ᠨᠠᠢᠷᠠᠭ ᠤ᠋ᠨ ᠨᠢᠭᠡᠨ ᠭᠤᠨᠢᠭᠲᠤ ᠲᠡᠦᠬᠡ ᠪᠢᠴᠢᠭᠳᠡᠵᠦ ᠪᠣᠢ᠃ ᠪᠢᠳᠡ ᠤᠷᠠᠨ ᠵᠣᠬᠢᠶᠠᠯ ᠤ᠋ᠨ ᠲᠥᠯᠥᠭᠡ ᠰᠡᠳᠬᠢᠯ ᠵᠢᠷᠦᠬᠡ᠂ ᠠᠮᠢᠳᠤᠷᠠᠯ ᠬᠠᠢᠷ᠎ᠠ ᠪᠠᠨ ᠪᠢᠰᠢ᠂ ᠬᠠᠷᠢᠨ ᠤᠷᠠᠨ ᠵᠣᠬᠢᠶᠠᠯ ᠢ᠋ ᠥᠴᠦᠬᠡᠨ ᠠᠰᠢᠭ ᠬᠣᠨᠵᠢᠶᠠᠨ ᠤ᠋ ᠪᠠᠨ ᠲᠥᠯᠥᠭᠡ ᠳᠡᠩᠳᠡᠭᠦᠦ ᠬᠢᠮᠳᠠᠬᠠᠨ ᠵᠣᠯᠢᠶᠠᠰᠤᠯᠠᠵᠤ ᠪᠠᠢᠨ᠎ᠠ᠃ ᠡᠭᠦᠨ ᠦ᠌ ᠦᠢᠯᠡ ᠦᠷ᠎ᠡ ᠪᠣᠯᠪᠠᠰᠤᠷᠠᠬᠤ ᠴᠠᠭ ᠲᠠᠭᠠᠨ ᠮᠣᠩᠭᠣᠯ ᠤᠷᠠᠨ ᠵᠣᠬᠢᠶᠠᠯ᠂ ᠮᠣᠩᠭᠣᠯ ᠰᠣᠶᠣᠯ ᠳ᠋ᠤ᠌ ᠶᠡᠬᠡᠬᠡᠨ ᠵᠠᠯᠬᠠᠭᠠᠯ ᠢᠷᠡᠬᠦ ᠪᠣᠢ ᠊ᠶ᠎ᠠ ᠭᠡᠬᠦ ᠡᠴᠡ ᠵᠢᠷᠦᠬᠡ ᠲᠦᠭᠰᠢᠨ᠎ᠡ᠃ ᠰᠠᠢᠨ ᠤᠷᠠᠨ ᠪᠦᠲᠦᠭᠡᠯ ᠤᠷᠠᠨ ᠪᠦᠲᠦᠭᠡᠯᠴᠢ ᠶ᠋ᠢᠨ ᠨᠢᠭᠤᠷ ᠲᠤ᠌ ᠠᠯᠳᠠᠷ ᠤ᠋ᠨ ᠠᠯᠲᠠ ᠲᠦᠷᠬᠢᠬᠦ ᠪᠣᠯᠪᠠᠴᠤ ᠠᠯᠳᠠᠷᠰᠢᠬᠤ ᠶ᠋ᠢᠨ ᠲᠥᠯᠥᠭᠡ ᠤᠷᠠᠨ ᠵᠣᠬᠢᠶᠠᠯ ᠳ᠋ᠤ᠌ ᠭᠬᠢᠷ ᠲᠡᠢ ᠭᠠᠷ ᠢ᠋ᠶ᠋ᠠᠨ ᠲᠥᠷᠥᠪᠡᠰᠦ ᠵᠠᠶᠠᠭ᠎ᠠ ᠲᠠᠨᠢ ᠬᠠᠵᠠᠢᠨᠠ᠃
《ᠤᠷᠠᠨ ᠵᠣᠬᠢᠶᠠᠯ ᠢ᠋ᠶ᠋ᠠᠷ ᠪᠠᠶᠠᠵᠢᠵᠤ᠂ ᠨᠣᠶᠠᠨ ᠰᠠᠭᠤᠵᠤ ᠳᠡᠢᠯᠬᠦ ᠶᠦᠮ ᠤᠤ?》 ᠭᠡᠵᠦ ᠬᠡᠰᠡᠭ ᠬᠥᠮᠦᠰ ᠢᠷᠪᠠᠢᠳᠠᠭ᠃ ᠭᠡᠪᠡᠴᠦ ᠮᠠᠨ ᠤ᠋ ᠬᠢᠨ ᠳ᠋ᠦ᠍ ᠤᠷᠠᠨ ᠵᠣᠬᠢᠶᠠᠯ ᠢ᠋ᠶ᠋ᠠᠷ ᠭᠡᠳᠡᠰᠦ ᠪᠡᠨ ᠪᠣᠷᠳᠣᠭᠰᠠᠨ ᠮᠤᠩ ᠦᠭᠡᠢ᠃ ᠤᠷᠠᠨ ᠵᠣᠬᠢᠶᠠᠯ ᠢ᠋ᠶ᠋ᠠᠷ ᠠᠯᠳᠠᠷᠰᠢᠵᠤ᠂ ᠵᠡᠷᠭᠡ ᠬᠡᠷᠬᠡᠮ ᠣᠯᠵᠤ᠂ ᠢᠷᠠᠭᠤ ᠨᠠᠢᠷᠠᠭᠴᠢᠳ ᠳᠡᠪᠡᠷᠡᠭᠦᠨ᠂ ᠠᠭᠠᠭᠯᠠᠭᠠᠳ᠂ ᠲᠠᠩᠬᠠᠢ ᠪᠠᠢᠳᠠᠭ ᠶᠤᠮ ᠭᠡᠵᠦ ᠫᠤᠱᠺᠢᠨ᠂ ᠴᠣᠶ᠋ᠢᠨᠣᠮ᠁ ᠢ᠋ᠶ᠋ᠠᠷ ᠡᠰᠢ ᠲᠠᠲᠠᠵᠤ ᠥᠪᠡᠷ ᠦ᠋ᠨ ᠢ᠋ᠶ᠋ᠡᠨ ᠥᠴᠦᠬᠡᠨ ᠪᠤᠯᠢᠬᠠᠢ ᠠᠵᠢᠯᠯᠠᠭ᠎ᠠ ᠪᠠᠨ ᠵᠥᠪᠲᠥᠭᠡᠨᠡ᠃ ᠭᠡᠪᠡᠴᠦ ᠲᠡᠳᠡ ᠬᠥᠮᠦᠨ ᠠᠷᠠᠳ ᠲᠠᠭᠠᠨ᠂ ᠰᠣᠶᠣᠯ ᠤᠷᠠᠯᠢᠭ ᠲᠠᠭᠠᠨ ᠲᠡᠳᠡᠨ ᠰᠢᠭ ᠵᠢᠳᠬᠦᠯ ᠭᠠᠷᠭᠠᠵᠤ ᠴᠢᠳᠠᠭ᠎ᠠ ᠦᠭᠡᠢ ᠪᠡᠨ ᠪᠠᠢᠩᠭᠤ ᠮᠠᠷᠲᠠᠴᠢᠬᠠᠭᠠᠳ ᠪᠠᠢᠳᠠᠭ᠃ ᠬᠢᠭᠰᠡᠨ ᠪᠦᠲᠦᠭᠡᠭᠰᠡᠨ ᠶᠠᠭᠤᠮ᠎ᠠ ᠨᠢ ᠶᠠᠯᠢᠬᠤ ᠦᠭᠡᠢ ᠥᠴᠦᠬᠡᠨ ᠮᠥᠷᠲᠡᠭᠡᠨ ᠭᠠᠷᠭᠠᠭᠰᠠᠨ ᠠᠯᠳᠠᠭ᠎ᠠ ᠂ᠦᠢᠯᠡᠳᠦᠭᠰᠡᠨ ᠭᠤᠲᠤᠮᠰᠢᠭ ᠨᠢ ᠠᠭᠤᠯᠠ ᠮᠡᠲᠦ ᠪᠢᠳᠡᠨ ᠳ᠋ᠦ᠍ ᠪᠤᠷᠬᠠᠨ ᠲᠡᠭᠷᠢ ᠶᠠᠮᠠᠷ ᠭᠡᠰᠬᠡᠯ ᠣᠨᠣᠭᠠᠳᠠᠭ ᠪᠣᠯ?
(2)— ᠳᠠᠭᠤᠷᠢᠶᠠᠬᠤ ᠶ᠋ᠢᠨ ᠲᠤᠩ ᠱᠦᠭᠯᠡᠭᠰᠡᠨ ᠬᠥᠮᠦᠰ
ᠶᠠᠮᠠᠷᠪᠠ ᠤᠷᠠᠯᠢᠭ ᠪᠦᠷ ᠳᠠᠭᠤᠷᠢᠶᠠᠬᠤ ᠠ᠋ᠴᠠ ᠢᠷᠡᠳᠡᠭ ᠭᠡᠰᠡᠨ ᠦᠭᠡ ᠪᠠᠢᠳᠠᠭ ᠃ ᠭᠡᠪᠡᠴᠦ ᠡᠨᠡ ᠨᠢ ᠤᠷᠠᠯᠢᠭ ᠤ᠋ᠨ ᠠᠩᠬᠠᠨ ᠤ᠋ ᠡᠭᠦᠰᠦᠯ ᠦ᠋ᠨ ᠲᠤᠬᠠᠢ ᠬᠡᠯᠡᠭᠰᠡᠨ ᠦᠭᠡ ᠪᠣᠯᠬᠤ ᠠ᠋ᠴᠠ ᠪᠢᠰᠢ ᠳᠠᠭᠤᠷᠢᠶᠠᠵᠤ ᠯᠠ ᠪᠠᠢᠪᠠᠯ ᠤᠷᠠᠨ ᠪᠦᠲᠦᠭᠡᠯ ᠣᠨᠳᠣᠷᠣᠨ᠎ᠠ ᠭᠡᠰᠡᠨ ᠦᠭᠡ ᠪᠢᠰᠢ ᠯᠡ ᠳᠡ! ᠭᠡᠪᠡᠴᠦ ᠮᠠᠨ ᠤ᠋ ᠬᠢᠳ ᠳᠠᠭᠤᠷᠢᠶᠠᠬᠤ ᠶ᠋ᠢᠨ ᠲᠤᠩ ᠱᠦᠭᠯᠡᠭᠰᠡᠨ ᠰᠢᠭ ᠣᠯᠳᠠᠭᠰᠠᠨ ᠪᠦᠭᠦᠳᠡ ᠶ᠋ᠢᠨ ᠪᠦᠲᠦᠭᠡᠯ ᠢ᠋《ᠬᠢᠮᠤᠰᠤᠯᠠᠬᠤ》 ᠪᠣᠯᠤᠭᠰᠠᠨ ᠨᠢ ᠢᠷᠠᠭᠤ ᠨᠠᠢᠷᠠᠭ ᠪᠤᠶᠤ ᠤᠷᠠᠨ ᠵᠣᠬᠢᠶᠠᠯ ᠤ᠋ᠨ ᠡᠷᠡᠮᠡᠯᠵᠡᠯᠡᠯ ᠳ᠋ᠦ᠍ ᠬᠦᠨᠳᠦᠬᠡᠨ ᠲᠦᠭᠰᠢᠭᠦᠷᠢ ᠶ᠋ᠢ ᠠᠪᠴᠢᠷᠠᠵᠤ ᠪᠣᠢ᠃ ᠰᠡᠭᠦᠯ ᠦ᠋ᠨ ᠦᠶ᠎ᠡ ᠳ᠋ᠦ᠍ ᠮᠣᠩᠭᠣᠯ ᠤᠯᠤᠰ ᠤ᠋ᠨ ᠢᠷᠠᠭᠤ ᠨᠠᠢᠷᠠᠭᠴᠢᠳ ᠤ᠋ᠨ ᠪᠦᠲᠦᠭᠡᠯ ᠮᠠᠨ ᠤ᠋ ᠤᠷᠠᠨ ᠪᠦᠲᠦᠭᠡᠯᠴᠢᠳ ᠦ᠋ᠨ ᠳᠠᠭᠤᠷᠢᠶᠠᠬᠤ ᠳᠠᠭᠤᠷᠢᠶᠠᠯ ᠪᠣᠯᠵᠠᠢ ᠃ᠳᠠᠭᠤᠷᠢᠶᠠᠬᠤ ᠳ᠋ᠤ᠌ ᠬᠣᠶᠠᠷ ᠵᠦᠢᠯ ᠪᠣᠢ᠃ ᠨᠢᠭᠡ ᠨᠢ ᠪᠤᠰᠤᠳ ᠤ᠋ᠨ ᠤᠷᠠᠨ ᠪᠦᠲᠦᠭᠡᠯ ᠦ᠋ᠨ ᠮᠥᠷ ᠪᠠᠳᠠᠭ᠂ ᠦᠭᠡ ᠥᠭᠦᠯᠡᠪᠦᠷᠢ ᠶ᠋ᠢ《ᠱᠠᠮᠰᠢᠨ ᠬᠡᠷᠡᠭᠯᠡᠬᠦ》᠂ ᠨᠥᠭᠦᠭᠡ ᠨᠢ ᠤᠷᠠᠯᠠᠬᠤ ᠡᠷᠳᠡᠮ ᠢ᠋ ᠨᠢ ᠳᠠᠭᠤᠷᠢᠶᠠᠬᠤ᠃ ᠡᠭᠦᠨ ᠳ᠋ᠦ᠍ ᠡᠮᠦᠨᠡᠬᠢ ᠨᠢ ᠠᠪᠯᠢᠭᠠᠴᠢ ᠨᠣᠶᠠᠳ ᠤ᠋ᠨ ᠠᠪᠲᠠᠯ᠂ ᠬᠣᠢᠨᠠᠬᠢ ᠨᠢ ᠭᠠᠷᠤᠭ᠎ᠠ ᠪᠠᠨ ᠠᠪᠴᠤ ᠪᠣᠢ ᠤᠷᠠᠨ ᠪᠦᠲᠦᠭᠡᠯᠴᠢᠳ ᠦ᠋ᠨ ᠵᠠᠮ ᠢ᠋ᠶ᠋ᠠᠨ ᠡᠷᠢᠵᠦ ᠪᠣᠢ ᠡᠷᠢᠯᠬᠢᠯᠡᠯ ᠭᠡᠵᠦ ᠦᠵᠡᠵᠦ ᠪᠣᠯᠤᠨ᠎ᠠ᠃ ᠠᠷᠢᠰᠲ᠋ᠤᠲ᠋ᠸᠯ ᠢ᠋ᠶ᠋ᠠᠷ《ᠬᠠᠮᠤᠭ ᠤ᠋ᠨ ᠠᠩᠬ᠎ᠠ ᠬᠡᠦᠬᠡᠨ ᠢ᠋ ᠴᠡᠴᠡᠭ ᠲᠡᠢ ᠵᠦᠢᠷᠯᠡᠭᠴᠢ ᠪᠣᠯ ᠠᠭᠤᠤ ᠶᠡᠬᠡ ᠠᠪᠢᠶᠠᠰᠲᠠᠨ᠂ ᠠᠬᠢᠨ ᠳᠠᠬᠢᠨ ᠴᠡᠴᠡᠭ ᠲᠡᠢ ᠵᠦᠢᠷᠯᠡᠭᠴᠢ ᠪᠣᠯ ᠠᠳᠠᠭ ᠠᠪᠢᠶᠠᠰᠲᠠᠨ》 ᠭᠡᠵᠦ ᠶᠠᠷᠢᠭᠰᠠᠨ ᠢ᠋ ᠪᠣᠯᠭᠣᠭᠠᠭᠠᠴᠢ! ᠳᠠᠭᠤᠷᠢᠶᠠᠬᠤ ᠪᠠᠷ ᠵᠠᠮ ᠢ᠋ᠶ᠋ᠠᠨ ᠣᠯᠳᠠᠭ ᠴᠤ᠌ ᠳᠠᠭᠤᠷᠢᠶᠠᠭᠠᠳ ᠪᠠᠢᠬᠤ ᠪᠠᠷ
ᠥᠪᠡᠷ ᠢ᠋ ᠪᠡᠨ ᠠᠯᠳᠠᠳᠠᠭ᠃
(3) — ᠲᠦᠭᠦᠬᠡᠢ ᠲᠠᠷᠢᠬᠢ ᠲᠠᠢ ᠰᠢᠭᠦᠷᠭᠡᠢ ᠪᠦᠲᠦᠭᠡᠯᠴᠢᠳ
ᠮᠠᠨ ᠤ᠋ ᠬᠢᠨ ᠦ᠌ ᠤᠷᠠᠨ ᠪᠦᠲᠦᠭᠡᠯᠴᠢᠳ ᠮᠡᠳᠡᠯᠭᠡ ᠶ᠋ᠢᠨ ᠪᠣᠯᠪᠠᠰᠤᠷᠠᠯ ᠮᠠᠭᠤᠲᠠᠢ ᠠ᠋ᠴᠠ ᠪᠣᠯᠵᠤ ᠳᠠᠪᠤᠰᠤ ᠦᠭᠡᠢ ᠦᠭᠡ ᠪᠡᠷ ᠴᠠᠭᠠᠰᠤ ᠳᠦᠭᠦᠷᠭᠡᠳᠡᠭ ᠪᠠᠯᠠᠢ ᠵᠠᠩ ᠲᠠᠢ᠃ ᠲᠡᠷᠡ ᠮᠥᠷᠲᠡᠭᠡᠨ ᠮᠠᠰᠢ ᠨᠢᠯᠬᠠᠰᠠᠭ ᠰᠡᠳᠬᠢᠵᠦ᠂ ᠳᠣᠷᠭᠣᠨ ᠪᠣᠳᠣᠳᠠᠭ᠃
(4) — ᠵᠣᠷᠢᠭ ᠦᠭᠡᠢ《ᠪᠠᠭᠠᠲᠤᠳ》 ᠤ᠋ᠨ ᠢᠷ ᠦᠭᠡᠢ ᠰᠡᠯᠡᠮ᠎ᠡ
ᠰᠡᠳᠬᠢᠯ ᠦ᠋ᠨ ᠲᠠᠮᠢᠷ ᠦᠭᠡᠢ ᠢᠷᠠᠭᠤ ᠨᠠᠢᠷᠠᠭᠴᠢ ᠶ᠋ᠢ ᠶᠠᠮᠠᠷ ᠢᠷᠠᠭᠤ ᠨᠠᠢᠷᠠᠭᠴᠢ ᠭᠡᠬᠦ ᠪᠣᠢ?《ᠢᠷᠠᠭᠤ ᠨᠠᠢᠷᠠᠭᠴᠢ ᠬᠥᠮᠦᠨ ᠦᠨᠳᠦᠰᠦᠲᠡᠨ ᠦ᠌ ᠪᠡᠨ ᠤᠷᠭ᠎ᠠ ᠶ᠋ᠢᠨ ᠮᠣᠷᠢ᠂ ᠲᠣᠷᠭᠠᠨ ᠢᠷ ᠨᠢ ᠪᠠᠢᠬᠤ ᠶᠣᠰᠣᠲᠠᠢ》 ᠪᠢᠰᠢ ᠪᠢᠯᠡ ᠤᠤ? ᠴᠠᠪᠴᠢᠬᠤ ᠢᠯᠳᠦᠨ ᠦ᠌ ᠬᠢᠨᠢ ᠢᠷ᠂ ᠴᠠᠷᠬᠢ ᠳᠤᠭᠤᠯᠠᠭ᠎ᠠ ᠶ᠋ᠢᠨ ᠬᠢᠨᠢ ᠳᠠᠯᠤ ᠪᠠᠢᠬᠤ ᠶᠣᠰᠣᠲᠠᠢ ᠪᠢᠰᠢ ᠤᠤ? ᠲᠡᠢᠮᠦ ᠪᠢᠰᠢ ᠪᠣᠯ ᠶᠠᠮᠠᠷ ᠢᠷᠠᠭᠤ ᠨᠠᠢᠷᠠᠭᠴᠢ ᠶᠤᠮ ᠪᠣᠢ?
ᠦᠰᠦᠭ ᠠᠮᠢᠯᠠᠭᠤᠯᠤᠭᠴᠢ᠄ ᠪᠠᠶᠠᠨᠴᠡᠴᠡᠭ ᠂ᠨᠠᠷᠠᠨᠲᠤᠶᠠᠭ᠎ᠠ᠂ ᠢᠳᠰᠢᠩᠬᠣᠷᠯᠣ
ᠬᠢᠨᠠᠭᠴᠢ ᠪᠠᠭᠰᠢ᠄ ᠣᠳᠬᠠᠨᠰᠣ᠎ᠠ᠂ ᠰᠡᠬᠡᠭᠡᠷᠡᠯ
