ᠡᠬᠡᠰᠢᠭ ᠳᠣᠯᠣᠭ᠎ᠠ-ᠡᠷᠳᠡᠨᠢᠪᠤᠯᠠᠭЭгшиг долоо-Эрдэнэбулаг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡᠰᠢᠭ ᠳᠣᠯᠣᠭ᠎ᠠ-ᠡᠷᠳᠡᠨᠢᠪᠤᠯᠠᠭЭгшиг долоо-Эрдэнэбулаг

ᠡᠬᠡᠰᠢᠭ ᠳᠣᠯᠣᠭ᠎ᠠ-ᠡᠷᠳᠡᠨᠢᠪᠤᠯᠠᠭЭгшиг долоо-Эрдэнэбулаг

2024-06-28

1361

ᠡᠬᠡᠰᠢᠭ ᠳᠣᠯᠣᠭ᠎ᠠ

            ᠡᠷᠳᠡᠨᠢᠪᠤᠯᠠᠭ 

ᠠ— ᠠᠪᠤ ᠳᠡᠭᠡᠳᠦ ᠶ᠋ᠢᠨ ᠨᠤᠲᠤᠭ ᠮᠢᠨᠢ ᠮᠣᠩᠭᠣᠯ 
ᠠ— ᠠᠷᠢᠭᠤᠨ ᠰᠠᠢᠬᠠᠨ ᠰᠣᠶᠣᠯ ᠮᠢᠨᠢ ᠮᠣᠩᠭᠣᠯ 
ᠠ— ᠠᠲᠠᠷ ᠲᠠᠯ᠎ᠠ ᠶ᠋ᠢᠨ ᠪᠠᠭᠤᠴᠠ ᠮᠢᠨᠢ ᠮᠣᠩᠭᠣᠯ 
ᠠ— ᠠᠰᠬ᠎ᠠ ᠪᠣᠰᠤᠭ᠎ᠠ ᠦᠰᠦᠭ ᠮᠢᠨᠢ ᠮᠣᠩᠭᠣᠯ 
ᠠ᠋— ᠡᠵᠢ ᠶ᠋ᠢᠨ ᠣᠶᠣᠭᠰᠠᠨ ᠲᠡᠷᠯᠢᠭ ᠮᠢᠨᠢ ᠮᠣᠩᠭᠣᠯ 
ᠠ᠋— ᠡᠯᠢᠭᠡᠨ ᠰᠠᠳᠤᠨ ᠲᠥᠷᠥᠯ ᠮᠢᠨᠢ ᠮᠣᠩᠭᠣᠯ 
ᠠ᠋— ᠡᠬᠡ ᠪᠠᠢᠭᠠᠯᠢ ᠶ᠋ᠢᠨ ᠦᠵᠡᠮᠵᠢ ᠮᠢᠨᠢ ᠮᠣᠩᠭᠣᠯ 
ᠠ᠋— ᠡᠭᠡᠵᠡᠭᠡᠢ ᠬᠤᠷᠤᠳ ᠢᠳᠡᠭᠡᠨ ᠮᠢᠨᠢ ᠮᠣᠩᠭᠣᠯ
ᠢ— ᠢᠰᠡᠭᠡᠢ ᠴᠠᠭᠠᠨ ᠥᠷᠥᠭᠡ ᠮᠢᠨᠢ ᠮᠣᠩᠭᠣᠯ
ᠢ— ᠢᠳᠡᠷ ᠬᠦᠴᠦ ᠲᠡᠢ ᠪᠥᠬᠡᠴᠢᠳ ᠮᠢᠨᠢ ᠮᠣᠩᠭᠣᠯ
ᠢ— ᠢᠩᠭᠡᠨ ᠲᠡᠮᠡᠭᠡᠨ ᠦ᠌ ᠪᠣᠢᠯᠠᠭ᠎ᠠ ᠮᠢᠨᠢ ᠮᠣᠩᠭᠣᠯ
ᠢ— ᠢᠵᠢᠯᠢ ᠵᠠᠶᠠᠭ᠎ᠠ ᠲᠠᠢ ᠪᠦᠰᠡᠭᠦᠢ ᠮᠢᠨᠢ ᠮᠣᠩᠭᠣᠯ
ᠣ— ᠣᠯᠠᠨ ᠵᠢᠯ ᠦ᠋ᠨ ᠲᠡᠦᠬᠡ ᠮᠢᠨᠢ ᠮᠣᠩᠭᠣᠯ
ᠣ— ᠣᠴᠢ ᠴᠣᠭ ᠲᠠᠢ ᠲᠤᠯᠭ᠎ᠠ ᠮᠢᠨᠢ ᠮᠣᠩᠭᠣᠯ
ᠣ— ᠣᠲᠣᠷ ᠨᠡᠭᠦᠳᠡᠯ ᠲᠡᠢ ᠵᠠᠩᠰᠢᠯ ᠮᠢᠨᠢ ᠮᠣᠩᠭᠣᠯ
ᠣ— ᠣᠨᠴᠠᠭᠠᠢ ᠭᠣᠶᠣᠯᠠᠯ ᠲᠠᠢ ᠵᠠᠰᠠᠯ ᠮᠢᠨᠢ ᠮᠣᠩᠭᠣᠯ
ᠣ— ᠤᠳᠤᠮ ᠵᠠᠯᠭᠠᠬᠤ ᠦᠨᠳᠦᠰᠦ ᠮᠢᠨᠢ ᠮᠣᠩᠭᠣᠯ
ᠣ— ᠤᠷᠭ᠎ᠠ ᠲᠤᠯᠤᠭᠰᠠᠨ ᠠᠭᠤᠯᠵᠠᠯᠲᠠ ᠮᠢᠨᠢ ᠮᠣᠩᠭᠣᠯ
ᠣ— ᠤᠷᠤᠭ ᠬᠤᠷᠢᠮ ᠤ᠋ᠨ ᠤᠯᠠᠮᠵᠢᠯᠠᠯ ᠮᠢᠨᠢ ᠮᠣᠩᠭᠣᠯ
ᠣ— ᠤᠶᠠᠩᠭ᠎ᠠ ᠳᠠᠭᠤᠤ ᠶ᠋ᠢᠨ ᠡᠬᠡᠰᠢᠭ ᠮᠢᠨᠢ ᠮᠣᠩᠭᠣᠯ
ᠦ— ᠥᠩᠭᠡ ᠲᠡᠢ ᠲᠣᠷᠭᠠᠨ ᠬᠠᠳᠠᠭ ᠮᠢᠨᠢ ᠮᠣᠩᠭᠣᠯ
ᠦ— ᠥᠭᠡᠳᠡ ᠪᠡᠯᠭᠡ ᠲᠡᠢ ᠢᠷᠦᠭᠡᠯ ᠮᠢᠨᠢ ᠮᠣᠩᠭᠣᠯ
ᠦ— ᠥᠰᠬᠦ ᠡᠴᠡ ᠰᠤᠷᠤᠭᠰᠠᠨ ᠬᠡᠯᠡ ᠮᠢᠨᠢ ᠮᠣᠩᠭᠣᠯ
ᠦ— ᠥᠨᠢᠷ ᠪᠠᠶᠠᠯᠢᠭ ᠭᠠᠷᠤᠯᠲᠠ ᠮᠢᠨᠢ ᠮᠣᠩᠭᠣᠯ
ᠦ— ᠦᠵᠡᠵᠦ ᠤᠩᠰᠢᠬᠤ ᠨᠣᠮ ᠮᠢᠨᠢ ᠮᠣᠩᠭᠣᠯ
ᠦ— ᠦᠨᠦᠷ ᠬᠠᠩᠬᠤᠯᠤᠭ᠎ᠠ ᠰᠢᠭᠦᠰᠦ ᠮᠢᠨᠢ ᠮᠣᠩᠭᠣᠯ
ᠦ— ᠦᠨᠡᠨ ᠴᠠᠢᠯᠭᠠᠨ ᠰᠡᠳᠬᠢᠯ ᠮᠢᠨᠢ ᠮᠣᠩᠭᠣᠯ
ᠦ— ᠦᠷ᠎ᠡ ᠬᠡᠦᠬᠡᠳ ᠬᠣᠢᠴᠢᠰ ᠮᠢᠨᠢ ᠮᠣᠩᠭᠣᠯ

    ᠦᠰᠦᠭ ᠠᠮᠢᠯᠠᠭᠤᠯᠤᠭᠴᠢ᠄ ᠴᠢᠮᠡᠭ
    ᠬᠢᠨᠠᠭᠴᠢ᠄ ᠠᠵᠠᠲᠤ᠂ ᠣᠳᠬᠠᠨᠰᠣ᠎ᠠ