ᠬᠥᠮᠦᠨ ᠦ᠌ ᠬᠦᠴᠦ ᠪᠡᠷ ᠪᠣᠷᠣᠭᠠᠨ ᠣᠷᠣᠭᠤᠯᠤᠨ᠎ᠠ ᠭᠡᠰᠡᠨ ᠴᠠᠭ ᠠ᠋ᠴᠠ ᠡᠬᠢᠯᠡᠭᠡᠳ ᠥᠪᠥᠷ ᠮᠣᠩᠭᠣᠯ ᠭᠠᠩᠳᠠᠭᠰᠠᠨ ᠮᠡᠳᠡᠭᠡᠯᠡᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠦ᠌ ᠬᠦᠴᠦ ᠪᠡᠷ ᠪᠣᠷᠣᠭᠠᠨ ᠣᠷᠣᠭᠤᠯᠤᠨ᠎ᠠ ᠭᠡᠰᠡᠨ ᠴᠠᠭ ᠠ᠋ᠴᠠ ᠡᠬᠢᠯᠡᠭᠡᠳ ᠥᠪᠥᠷ ᠮᠣᠩᠭᠣᠯ ᠭᠠᠩᠳᠠᠭᠰᠠᠨ

ᠬᠥᠮᠦᠨ ᠦ᠌ ᠬᠦᠴᠦ ᠪᠡᠷ ᠪᠣᠷᠣᠭᠠᠨ ᠣᠷᠣᠭᠤᠯᠤᠨ᠎ᠠ ᠭᠡᠰᠡᠨ ᠴᠠᠭ ᠠ᠋ᠴᠠ ᠡᠬᠢᠯᠡᠭᠡᠳ ᠥᠪᠥᠷ ᠮᠣᠩᠭᠣᠯ ᠭᠠᠩᠳᠠᠭᠰᠠᠨ

ᠠᠩᠭᠢᠯᠠᠯ:ᠮᠡᠳᠡᠭᠡᠯᠡᠯ
2024-06-28

909

ᠬᠥᠮᠦᠨ ᠦ᠌ ᠬᠦᠴᠦ ᠪᠡᠷ ᠪᠣᠷᠣᠭᠠᠨ ᠣᠷᠣᠭᠤᠯᠤᠨ᠎ᠠ ᠭᠡᠰᠡᠨ ᠴᠠᠭ ᠠ᠋ᠴᠠ ᠡᠬᠢᠯᠡᠭᠡᠳ ᠥᠪᠥᠷ ᠮᠣᠩᠭᠣᠯ ᠭᠠᠩᠳᠠᠭᠰᠠᠨ

    ᠵᠠ᠂ ᠰᠠᠢᠨ ᠪᠠᠢᠵᠠᠭᠠᠨ᠎ᠠ ᠤᠤ? ᠥᠪᠥᠷ ᠮᠣᠩᠭᠣᠯ ᠤ᠋ᠨ ᠶᠡᠬᠡᠩᠬᠢ ᠬᠡᠰᠡᠭ ᠭᠠᠵᠠᠷ ᠨᠤᠲᠤᠭ ᠭᠠᠩᠳᠠᠵᠤ ᠲᠠᠴᠢᠷᠰᠢᠭᠠᠳ᠂ ᠥᠨᠥᠳᠥᠷ ᠦ᠋ᠨ ᠡᠨᠡ ᠬᠡᠮᠵᠢᠶᠡᠨ ᠳ᠋ᠦ᠍ ᠬᠦᠷᠦᠭᠰᠡᠨ ᠪᠠᠢᠬᠤ ᠶ᠋ᠢ ᠨᠢᠳᠦ ᠲᠡᠢ ᠪᠣᠯᠭᠠᠨ ᠦᠵᠡᠵᠦ᠂ ᠴᠢᠬᠢ ᠲᠡᠢ ᠪᠣᠯᠭᠠᠨ ᠲᠤᠭᠤᠯᠤᠭᠰᠠᠨ ᠪᠠᠢᠬᠤ ᠶᠣᠰᠣᠲᠠᠢ᠃
    ᠭᠡᠲᠡᠯ᠎ᠡ ᠡᠴᠢᠨᠡᠭᠡᠨ ᠵᠢᠯ ᠦ᠋ᠨ ᠭᠠᠩ ᠭᠠᠴᠢᠭ ᠪᠣᠯᠵᠤ ᠪᠠᠢᠬᠤ ᠳ᠋ᠤ᠌ ᠲᠤᠢᠯᠪᠤᠷᠢᠲᠠᠢ ᠠᠷᠭ᠎ᠠ ᠬᠡᠮᠵᠢᠶ᠎ᠡ ᠨᠢᠭᠡᠬᠡᠨ ᠴᠦ᠍ ᠠᠪᠤᠭ᠎ᠠ ᠦᠭᠡᠢ᠃ ᠮᠠᠯᠴᠢᠳ ᠰᠠᠨᠠᠯ ᠢ᠋ᠶ᠋ᠠᠨ ᠭᠠᠷᠭᠠᠵᠤ ᠪᠠᠢᠨ᠎ᠠ᠂ ᠡᠭᠦᠯᠡ ᠭᠠᠷᠪᠠᠯ ᠨᠢᠰᠬᠡᠯ ᠨᠢᠰᠦᠭᠡᠳ ᠡᠭᠦᠯᠡ ᠶ᠋ᠢ ᠰᠠᠷᠨᠢᠭᠤᠯᠵᠤ ᠪᠠᠢᠭ᠎ᠠ ᠲᠤᠬᠠᠢ᠂ ᠭᠠᠩᠳᠠᠵᠤ ᠪᠠᠢᠭ᠎ᠠ ᠲᠠᠯ᠎ᠠ ᠶ᠋ᠢᠨ ᠲᠤᠬᠠᠢ᠂ ᠭᠠᠴᠢᠭᠳᠠᠵᠤ ᠪᠠᠢᠭ᠎ᠠ ᠮᠠᠯᠴᠢᠳ ᠤ᠋ᠨ ᠲᠤᠬᠠᠢ᠂ ᠮᠠᠯ ᠤ᠋ᠨ ᠦᠨ᠎ᠡ ᠪᠠᠭᠤᠷᠠᠭᠰᠠᠨ ᠲᠤᠬᠠᠢ᠂ ᠲᠡᠵᠢᠭᠡᠯ ᠪᠣᠷᠳᠣᠭᠠᠨ ᠤ᠋ ᠦᠨ᠎ᠡ ᠥᠰᠦᠭᠰᠡᠨ ᠲᠤᠬᠠᠢ᠂ ᠲᠦᠷᠢᠶᠡᠰᠦᠨ ᠭᠠᠵᠠᠷ ᠤ᠋ᠨ ᠦᠨ᠎ᠡ ᠥᠰᠦᠭᠰᠡᠨ ᠲᠤᠬᠠᠢ᠂ ᠲᠦᠷᠢᠶᠡᠰᠦᠨ ᠭᠠᠵᠠᠷ ᠣᠯᠳᠠᠬᠤ ᠦᠭᠡᠢ ᠪᠠᠢᠭ᠎ᠠ ᠶ᠋ᠢᠨ ᠲᠤᠬᠠᠢ᠂ ᠮᠠᠯᠴᠢᠳ ᠰᠠᠨᠠᠯ ᠢ᠋ᠶ᠋ᠠᠨ ᠭᠠᠷᠭᠠᠵᠤ ᠪᠠᠢᠨ᠎ᠠ᠃ ᠭᠡᠬᠦ ᠳ᠋ᠦ᠍ ᠡᠨᠡ ᠰᠠᠨᠠᠯ ᠢ᠋ ᠬᠦᠨᠳᠦᠳᠬᠡᠵᠦ ᠦᠵᠡᠭᠰᠡᠨ ᠠᠯᠪᠠᠨ ᠪᠠᠢᠭᠤᠯᠭ᠎ᠠ ᠣᠳᠣᠬᠠᠨ ᠳ᠋ᠤ᠌ ᠨᠢᠭᠡᠬᠡᠨ ᠴᠦ᠍ ᠭᠠᠷᠤᠭ᠎ᠠ ᠦᠭᠡᠢ ᠶᠦᠮ᠃
    ᠵᠠ᠂ ᠬᠥᠮᠦᠨ ᠦ᠌ ᠬᠦᠴᠦ ᠪᠡᠷ ᠪᠣᠷᠣᠭᠠᠨ ᠣᠷᠣᠭᠤᠯᠤᠨ᠎ᠠ ᠭᠡᠰᠡᠨ ᠴᠠᠭ ᠠ᠋ᠴᠠ ᠡᠬᠢᠯᠡᠭᠡᠳ ᠥᠪᠥᠷ ᠮᠣᠩᠭᠣᠯ ᠤ᠋ᠨ ᠲᠠᠯ᠎ᠠ ᠨᠤᠲᠤᠭ ᠭᠠᠩᠳᠠᠭᠰᠠᠨ᠂ ᠠᠭᠠᠵᠢᠮ ᠠᠭᠠᠵᠢᠮ ᠢ᠋ᠶ᠋ᠠᠷ ᠭᠠᠩᠳᠠᠭᠠᠳ ᠥᠨᠥᠳᠥᠷ ᠦ᠋ᠨ ᠡᠨᠡ ᠬᠡᠮᠵᠢᠶᠡᠨ ᠳ᠋ᠦ᠍ ᠬᠦᠷᠦᠭᠰᠡᠨ᠂ ᠬᠡᠷᠪᠡ ᠬᠥᠮᠦᠨ ᠦ᠌ ᠬᠦᠴᠦ ᠪᠡᠷ ᠪᠣᠷᠣᠭᠠᠨ ᠣᠷᠣᠭᠤᠯᠵᠤ ᠳᠡᠢᠯᠳᠡᠭ ᠪᠠᠢᠭᠰᠠᠨ ᠪᠣᠯ ᠥᠪᠥᠷ ᠮᠣᠩᠭᠣᠯ ᠤ᠋ᠨ ᠲᠠᠯ᠎ᠠ ᠨᠤᠲᠤᠭ ᠥᠨᠥᠳᠥᠷ ᠴᠡᠯ ᠨᠣᠭᠣᠭᠠᠨ ᠪᠠᠢᠬᠤ ᠶᠣᠰᠣᠲᠠᠢ᠃
    ᠡᠨᠡ ᠨᠢᠰᠦᠭᠡᠳ ᠪᠠᠢᠳᠠᠭ ᠨᠢᠰᠬᠡᠯ ᠦ᠋ᠳ ᠨᠢ ᠪᠣᠷᠣᠭᠠᠨ ᠣᠷᠣᠭᠤᠯᠤᠨ᠎ᠠ ᠭᠡᠵᠦ ᠨᠢᠰᠴᠦ ᠪᠠᠢᠭ᠎ᠠ ᠪᠢᠰᠢ ᠬᠠᠷᠢᠨ ᠲᠠᠯ᠎ᠠ ᠨᠤᠲᠤᠭ ᠢ᠋ ᠭᠠᠩᠳᠠᠭᠤᠯᠤᠨ᠎ᠠ ᠭᠡᠵᠦ ᠨᠢᠰᠴᠦ ᠪᠠᠢᠭ᠎ᠠ ᠨᠢ ᠪᠠᠰᠠ ᠵᠣᠷᠢᠯᠭ᠎ᠠ ᠲᠠᠢ ᠪᠠᠢᠬᠤ ᠠ᠋! ᠣᠳᠣ ᠭᠠᠩᠳᠠᠵᠤ ᠪᠠᠢᠭ᠎ᠠ ᠲᠠᠯ᠎ᠠ ᠶ᠋ᠢᠨ ᠲᠤᠬᠠᠢ ᠪᠢᠳᠡᠨᠦᠰ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠢ᠋ ᠡᠷᠢᠬᠦ ᠦᠭᠡᠢ ᠴᠦ᠍ ᠭᠡᠰᠡᠨ᠂ ᠡᠨᠡ ᠠᠷᠪᠢᠨ ᠬᠥᠮᠦᠰ ᠦ᠋ᠨ ᠰᠠᠨᠠᠯ ᠢ᠋ ᠲᠡᠷᠡ ᠵᠢᠷᠤᠭ ᠰᠡᠭᠦᠳᠡᠷ ᠲᠡᠢ ᠨᠢ ᠦᠨᠳᠦᠰᠦᠯᠡᠭᠡᠳ᠂ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠠ᠋ᠴᠠ ᠡᠭᠦᠨ ᠢ᠋ ᠪᠣᠯ ᠤᠴᠢᠷ ᠪᠣᠯᠭᠠᠵᠤ᠂ ᠡᠨᠡ ᠠᠰᠠᠭᠤᠳᠠᠯ ᠢ᠋ ᠪᠠᠰᠠ ᠰᠢᠢᠳᠪᠦᠷᠢᠯᠡᠵᠦ ᠥᠭᠬᠦ ᠳ᠋ᠦ᠍ ᠪᠠᠨ ᠯᠠ ᠲᠠᠭᠠᠷᠠᠨ᠎ᠠ᠃
    ᠪᠢᠳᠡᠨᠦᠰ ᠵᠠᠪᠠᠯ ᠥᠪᠥᠷ ᠮᠣᠩᠭᠣᠯ ᠤ᠋ᠨ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠢ᠋ ᠡᠷᠢᠵᠦ ᠣᠴᠢᠭᠠᠳ᠂ ᠭᠣᠮᠣᠳᠠᠯ ᠢ᠋ᠶ᠋ᠠᠨ ᠲᠣᠭᠠᠴᠢᠬᠤ ᠤᠴᠢᠷ ᠦᠭᠡᠢ᠂ ᠡᠨᠡ ᠰᠦᠯᠵᠢᠶ᠎ᠡ ᠬᠣᠯᠪᠣᠭ᠎ᠠ ᠳᠡᠯᠭᠡᠷᠡᠭᠰᠡᠨ ᠴᠠᠭ ᠲᠤ ᠮᠠᠯᠴᠢᠳ ᠤ᠋ᠨ ᠰᠠᠨᠠᠯ ᠢ᠋ ᠦᠨᠳᠦᠰᠦᠯᠡᠭᠡᠳ᠂ ᠨᠠᠮ ᠤ᠋ᠨ ᠬᠣᠷᠢᠶ᠎ᠠ᠂ ᠵᠠᠰᠠᠭ ᠤ᠋ᠨ ᠣᠷᠳᠣᠨ ᠠ᠋ᠴᠠ ᠮᠠᠯᠴᠢᠳ ᠲᠤ ᠪᠠᠨ ᠲᠦᠰᠢᠭ ᠪᠣᠯᠵᠤ ᠥᠭᠪᠡᠯ ᠲᠠᠭᠠᠷᠠᠨ᠎ᠠ᠂ ᠡᠨᠡ ᠨᠢᠰᠬᠡᠯ ᠦ᠋ᠳ ᠢ᠋ ᠵᠣᠭᠰᠣᠭᠠᠪᠠᠯ ᠲᠠᠭᠠᠷᠠᠨ᠎ᠠ᠂ ᠭᠡᠬᠦ ᠳ᠋ᠦ᠍ ᠡᠢᠮᠦ ᠠᠷᠭ᠎ᠠ ᠬᠡᠮᠵᠢᠶ᠎ᠡ ᠶ᠋ᠢ ᠠᠪᠤᠭᠰᠠᠨ ᠪᠠᠢᠭᠤᠯᠭ᠎ᠠ ᠨᠢᠭᠡᠴᠢ ᠨᠢᠭᠡᠬᠡᠨ ᠴᠦ᠍ ᠪᠠᠢᠬᠤ ᠦᠭᠡᠢ ᠰᠢᠳᠡ᠃
    ᠵᠠ᠂ ᠮᠠᠯᠴᠢᠳ ᠵᠥᠪᠬᠡᠨ ᠣᠳᠣ ᠸᠢᠴᠠᠲ ᠰᠦᠯᠵᠢᠶ᠎ᠡ ᠪᠡᠷ ᠢᠩᠭᠢᠭᠡᠳ ᠰᠠᠨᠠᠯ ᠢ᠋ᠶ᠋ᠠᠨ ᠢᠯᠡᠳᠬᠡᠭᠡᠳ ᠥᠩᠭᠡᠷᠡᠳᠡᠭ ᠶᠦᠮ ᠠ᠋ ᠭᠡᠰᠡᠨ ᠰᠢᠭ ᠶᠠᠮᠠᠷ ᠴᠤ᠌ ᠤᠴᠢᠷ ᠪᠣᠯᠤᠭ᠎ᠠ ᠦᠭᠡᠢ ᠶᠠᠪᠤᠭᠰᠠᠭᠠᠷ ᠶᠠᠪᠤᠭᠰᠠᠭᠠᠷ ᠥᠨᠥᠳᠥᠷ ᠦ᠋ᠨ ᠡᠨᠡ ᠬᠡᠮᠵᠢᠶᠡᠨ ᠳ᠋ᠦ᠍ ᠬᠦᠷᠦᠭᠡᠳ᠂ ᠵᠢᠯ ᠳᠠᠷᠠᠭᠠᠯᠠᠨ ᠭᠠᠩᠳᠠᠭᠠᠳ᠂ ᠣᠳᠣ ᠪᠣᠯ ᠰᠠᠯᠬᠢ ᠴᠤ᠌ ᠨᠠᠮᠵᠢᠬᠤ ᠦᠭᠡᠢ᠂ ᠡᠭᠦᠯᠡ ᠭᠠᠷᠪᠠᠯ ᠨᠢᠰᠬᠡᠯ ᠨᠢᠰᠴᠦ ᠪᠣᠷᠣᠭᠠᠨ ᠣᠷᠣᠭᠤᠯᠬᠤ ᠦᠭᠡᠢ᠂ ᠰᠠᠯᠬᠢ ᠨᠠᠮᠵᠢᠬᠤ ᠦᠭᠡᠢ᠂ ᠮᠠᠯ ᠤ᠋ᠨ ᠦᠨ᠎ᠡ ᠪᠠᠭᠤᠷᠠᠵᠤ᠂ ᠡᠢᠮᠦ ᠬᠦᠨᠳᠦ ᠨᠣᠴᠢᠲᠠᠢ ᠮᠠᠯᠴᠢᠳ ᠲᠤ ᠬᠣᠬᠢᠷᠠᠯ ᠦᠵᠡᠭᠦᠯᠵᠦ ᠪᠠᠢᠬᠤ ᠳ᠋ᠤ᠌ ᠶᠠᠮᠠᠷ ᠴᠤ᠌ ᠠᠷᠭ᠎ᠠ ᠬᠡᠮᠵᠢᠶ᠎ᠡ ᠠᠪᠤᠭ᠎ᠠ ᠦᠭᠡᠢ᠃
    ᠥᠭᠡᠷ᠎ᠡ ᠨᠢᠭᠡ ᠭᠠᠵᠠᠷ ᠤᠰᠤᠨ ᠭᠠᠮᠰᠢᠭ ᠶᠤᠮ ᠤᠤ᠂ ᠭᠠᠯ ᠤ᠋ᠨ ᠭᠠᠮᠰᠢᠭ᠂ ᠪᠠᠢᠭᠠᠯᠢ ᠶ᠋ᠢᠨ ᠭᠠᠮᠰᠢᠭ᠁ ᠵᠠ᠂ ᠡᠪᠡᠳᠴᠢᠨ ᠬᠢᠵᠢᠭ ᠳᠡᠯᠭᠡᠷᠡᠵᠦ ᠪᠠᠢᠬᠤ ᠴᠠᠭ ᠲᠤ ᠮᠠᠨ ᠤ᠋ ᠥᠪᠥᠷ ᠮᠣᠩᠭᠣᠯ ᠳᠡᠮᠵᠢᠬᠦ ᠪᠡᠷ ᠢ᠋ᠶ᠋ᠡᠨ ᠪᠣᠯᠤᠭᠰᠠᠨ ᠭᠡᠬᠦ ᠳ᠋ᠦ᠍ ᠥᠪᠥᠷ ᠮᠣᠩᠭᠣᠯ ᠭᠠᠩᠳᠠᠵᠤ ᠬᠠᠭᠰᠠᠷᠠᠭᠠᠳ ᠡᠳᠦᠢ ᠵᠢᠯ ᠪᠣᠯᠬᠤ ᠳ᠋ᠤ᠌ ᠪᠢᠳᠡᠨᠦᠰ ᠢ᠋ ᠬᠠᠷᠠᠵᠤ ᠦᠵᠡᠭᠰᠡᠨ ᠬᠥᠮᠦᠨ ᠴᠦ᠍ ᠪᠠᠢᠬᠤ ᠦᠭᠡᠢ ᠪᠠᠢᠳᠠᠭ ᠢ᠋ ᠨᠢ ᠭᠠᠢᠬᠠᠮᠠᠷ᠃


   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ ᠮᠥᠴᠢᠷ