《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠳᠣᠯᠣᠳᠤᠭᠠᠷ ᠪᠦᠯᠦᠭ> "Хөх судар" он нөхвөр дэвтэр - Инжинаш <Тавин долдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠨ ᠳᠣᠯᠣᠳᠤᠭᠠᠷ ᠪᠦᠯᠦᠭ
ᠲᠠᠪᠢᠨ ᠳᠣᠯᠣᠳᠤᠭᠠᠷ ᠪᠦᠯᠦᠭ
ᠪᠣᠯᠣᠷ ᠤᠬᠢᠶᠠᠯ ᠤ᠋ᠨ ᠲᠤᠩᠭᠠᠯᠠᠭ ᠲᠤᠨᠤᠮᠠᠯᠠ ᠪᠤᠳᠤᠩᠭᠤᠢ ᠬᠤᠷᠢᠴᠠᠯ ᠢ᠋ ᠠᠷᠢᠭᠤᠳᠬᠠᠨ ᠤᠬᠢᠶᠠᠵᠤ ᠬᠡᠷᠡᠯᠳᠦᠭᠦᠯᠪᠡᠢ
ᠪᠣᠱᠣᠭ ᠵᠠᠷᠯᠢᠭ ᠤ᠋ᠨ ᠲᠤᠩᠬᠠᠭ ᠵᠠᠷᠯᠠᠯ᠎ᠠ ᠪᠤᠯᠪᠠᠷᠠᠢ ᠵᠢᠶᠦ᠋ᠨ ᠵᠣ᠌ ᠶ᠋ᠢᠨ ᠠᠭᠤᠰᠬᠢ ᠡᠯᠢᠭᠡ ᠭᠡᠢᠭᠦᠯᠦᠭᠳᠡᠪᠡᠢ
ᠪᠣᠭᠳᠠ ᠴᠢᠩᠭᠢᠰ ᠪᠤᠲᠠᠷᠠᠵᠤ ᠰᠠᠷᠨᠢᠭᠰᠠᠳ ᠢ᠋ ᠪᠣᠯᠤᠮᠰᠠᠨ ᠪᠦᠷᠢᠯᠳᠦᠭᠦᠯᠵᠦ ᠪᠤᠶᠠᠨ ᠡᠷᠳᠡᠮ ᠢ᠋ᠶ᠋ᠡᠷ ᠠᠪᠠᠴᠢᠪᠠ
ᠪᠣᠱᠣᠭᠲᠤ ᠡᠬᠡ ᠪᠤᠳᠤᠩᠭᠤᠢ ᠡᠬᠡᠨᠡᠷ ᠦ᠋ᠨ ᠪᠣᠳᠣᠯᠭ᠎ᠠ ᠶ᠋ᠢ ᠰᠡᠷᠭᠦᠭᠡᠨ ᠪᠣᠯᠣᠷ ᠣᠷᠣᠢ ᠪᠠᠷ ᠤᠬᠠᠭᠤᠯᠪᠠ᠃
ᠪᠤᠶᠠᠨ ᠬᠡᠰᠢᠭ ᠦ᠋ᠨ ᠭᠤᠷᠪᠠᠨ ᠰᠢᠳᠢᠲᠡᠨ ᠪᠣᠯᠵᠣᠭ᠎ᠠ ᠲᠠᠩᠭᠠᠷᠢᠭᠲᠤ ᠪᠣᠯᠪᠠᠰᠤᠨ ᠡᠷ᠎ᠡ ᠡᠮ᠎ᠡ ᠶ᠋ᠢ ᠵᠠᠭᠤᠯᠴᠢᠯᠠᠪᠠ
ᠪᠣᠯᠬᠠᠲᠤ ᠬᠠᠷᠰᠢ ᠶ᠋ᠢᠨ ᠰᠠᠷᠠᠨ ᠤ᠋ ᠥᠲᠡᠭᠦᠰ ᠪᠣᠳᠢ ᠨᠠᠢᠷᠲᠤ ᠪᠣᠯᠤᠭᠰᠠᠨ ᠨᠥᠬᠥᠷ ᠭᠡᠷᠭᠡᠢ ᠶ᠋ᠢ ᠬᠣᠯᠪᠣᠪᠠ᠃
ᠲᠡᠨᠳᠡᠴᠡ ᠲᠠᠢᠽᠢ ᠴᠠᠭᠠᠲᠠᠢ ᠶᠠᠭ ᠵᠡᠭᠦᠳᠦᠨ ᠦ᠌ ᠳᠣᠲᠣᠷ᠎ᠠ ᠶ᠋ᠢᠨ ᠯᠤᠸᠠᠨ ᠵᠢᠶᠦ᠋ᠨ ᠵᠣ᠌ ᠳ᠋ᠤᠷ ᠠᠭᠤᠯᠵᠠᠵᠤ ᠤᠴᠠᠷᠠᠯᠳᠤᠭᠰᠠᠨ ᠮᠡᠲᠦ ᠪᠣᠯᠵᠤ ᠶᠠᠭᠠᠷᠠᠨ᠂ ᠵᠢᠷᠤᠭ ᠢ᠋ ᠵᠠᠢᠯᠠᠭᠤᠯᠤᠨ ᠲᠡᠷᠡ ᠡᠭᠦᠳᠡᠨ᠎ᠡ ᠣᠷᠣᠵᠤ ᠵᠢᠶᠦ᠋ᠨ ᠵᠣ᠌ ᠶ᠋ᠢ ᠲᠡᠪᠷᠢᠨ ᠪᠤᠰᠬᠠᠵᠤ᠂ ᠭᠠᠷ ᠢ᠋ ᠪᠠᠷᠢᠨ ᠢᠨᠢᠶᠡᠨ ᠥᠭᠦᠯᠡᠷᠦᠨ:
《ᠵᠢᠶᠦ᠋ᠨ ᠵᠣ᠌ ᠦᠨᠡᠬᠡᠷ ᠤᠷᠢᠳᠠ ᠶ᠋ᠢᠨ ᠲᠠᠩᠭᠠᠷᠢᠭᠯᠠᠨ ᠪᠣᠯᠵᠣᠭᠰᠠᠨ ᠦᠭᠡᠰ ᠡᠴᠡᠭᠡᠨ ᠳᠠᠪᠠᠭᠰᠠᠨ ᠦᠭᠡᠢ ᠪᠣᠯᠠᠢ᠃ 》
ᠵᠢᠶᠦ᠋ᠨ ᠵᠣ᠌ ᠬᠠᠷᠢᠭᠤ ᠶᠣᠰᠣᠯᠠᠵᠤ ᠢᠨᠢᠶᠡᠨ ᠥᠭᠦᠯᠡᠷᠦᠨ :
《ᠲᠠᠢᠽᠢ᠂ ᠤᠷᠢᠳᠠ ᠶ᠋ᠢᠨ ᠵᠠᠬᠢᠶ᠎ᠠ ᠠ᠋ᠴᠠ ᠡᠰᠡ ᠰᠢᠯᠵᠢᠨ᠂ ᠲᠦᠮᠡᠨ ᠴᠡᠷᠢᠭ ᠢ᠋ᠶ᠋ᠡᠨ ᠠᠪᠴᠤ ᠬᠦᠷᠴᠦ ᠢᠷᠡᠭᠰᠡᠨ ᠪᠥᠭᠡᠲᠡᠯ᠎ᠡ᠂ ᠪᠢᠴᠢᠬᠠᠨ ᠥᠬᠢᠨ ᠨᠢᠭᠡᠬᠡᠨ ᠪᠡᠶ᠎ᠡ ᠪᠡᠷ ᠤᠭᠲᠤᠵᠤ ᠡᠰᠡ ᠢᠷᠠᠪᠠᠰᠤ ᠪᠣᠯᠤᠮᠣᠢ ᠤᠤ ? 》ᠭᠡᠮᠡᠨ ᠲᠠᠢᠽᠢ ᠶ᠋ᠢ ᠡᠨᠳᠡᠭᠡ ᠭᠡᠷ ᠲᠦ᠍ᠷ ᠪᠡᠯᠡᠳᠬᠡᠭᠰᠡᠨ ᠢᠨᠤ ᠥᠪᠡᠷ᠎ᠡ ᠨᠢᠭᠡᠨ ᠣᠭᠲᠠᠷᠭᠤᠢ ᠭᠠᠵᠠᠷ ᠶᠢᠷᠲᠢᠨᠴᠦ ᠣᠷᠴᠢᠯᠠᠩ ᠮᠡᠲᠦ᠂ ᠦᠨᠡᠬᠡᠷ ᠲᠠᠭ᠌ᠷᠢᠰ ᠤ᠋ᠨ ᠣᠷᠳᠣᠨ᠂ ᠷᠠᠭᠢᠨᠢᠰ ᠤ᠋ᠨ ᠬᠠᠷᠰᠢ ᠠᠳᠠᠯᠢ᠃ ᠵᠢᠶᠦ᠋ᠨ ᠵᠣ᠌ ᠲᠠᠢᠽᠢ ᠶ᠋ᠢᠨ ᠭᠠᠷ ᠢ᠋ ᠲᠡᠳᠡᠨ ᠬᠠᠷᠰᠢ ᠶ᠋ᠢᠨ ᠭᠠᠳᠠᠨ᠎ᠠ ᠬᠠᠰ ᠶᠡᠨᠳᠡᠷ ᠲᠣᠷ ᠪᠡᠯᠡᠳᠬᠡᠭᠰᠡᠨ ᠤᠮᠠᠷᠠᠲᠤ ᠵᠦᠭ ᠵᠢᠭᠰᠠᠭᠠᠭᠰᠠᠨ ᠲᠡᠭᠷᠢ ᠭᠠᠵᠠᠷ᠂ ᠡᠵᠡᠳ ᠰᠠᠬᠢᠭᠤᠯᠰᠤᠨ᠎ᠠ ᠪᠡᠯᠡᠳᠬᠡᠭᠰᠡᠨ ᠬᠦᠵᠢ ᠵᠤᠯᠠ ᠶ᠋ᠢᠨ ᠰᠢᠷᠡᠭᠡᠨ᠎ᠡ ᠡᠴᠢᠵᠦ ᠬᠠᠮᠲᠤ ᠰᠥᠭᠥᠳᠴᠦ ᠮᠥᠷᠭᠥᠭᠡᠳ᠂ ᠪᠠᠰᠠ ᠵᠡᠭᠦᠨ ᠵᠦᠭ᠂ ᠡᠵᠡᠨ ᠬᠠᠭᠠᠨ᠂ ᠡᠴᠢᠭᠡ ᠡᠬᠡ ᠶ᠋ᠢᠨ ᠵᠦᠭ ᠪᠡᠯᠡᠳᠬᠡᠭᠰᠡᠨ ᠬᠦᠵᠢᠰ ᠭᠥᠯᠢᠰ ᠦ᠋ᠨ ᠰᠢᠷᠡᠭᠡᠨ᠎ᠡ ᠮᠥᠨ ᠶᠣᠰᠣᠯᠠᠨ ᠮᠥᠷᠭᠥᠵᠦ᠂ ᠪᠠᠰᠠ ᠲᠠᠢᠽᠢ ᠶ᠋ᠢ ᠭᠡᠷ ᠲᠦ᠍ ᠵᠠᠯᠠᠨ ᠣᠷᠣᠭᠤᠯᠵᠤ᠂ ᠥᠪᠡᠷ ᠢ᠋ᠶ᠋ᠡᠨ ᠰᠥᠭᠥᠳᠴᠦ ᠮᠥᠷᠭᠥᠬᠦᠢ ᠳ᠋ᠦ᠍ᠷ ᠲᠠᠢᠽᠢ ᠮᠥᠨ ᠮᠠᠷᠭᠤᠨ ᠲᠡᠪᠡᠷᠢᠵᠦ ᠮᠥᠷᠭᠥᠭᠦᠯᠬᠦ ᠦᠭᠡᠢ᠂ ᠬᠠᠷᠢᠯᠴᠠᠨ ᠮᠡᠬᠦᠢᠰᠬᠢᠨ ᠳᠥᠷᠪᠡᠨ ᠵᠡᠷᠭᠡ ᠶᠣᠰᠣᠯᠠᠨ ᠲᠡᠭᠰᠢ ᠰᠠᠴᠠᠭᠤ ᠡᠷ᠎ᠡ ᠡᠮ᠎ᠡ ᠶ᠋ᠢᠨ ᠶᠣᠰᠣᠯᠠᠯ ᠢ᠋ ᠭᠦᠢᠴᠡᠳᠬᠡᠨ ᠵᠢᠶᠦ᠋ᠨ ᠵᠣ᠌ ᠳᠠᠬᠢᠨ ᠨᠢᠭᠡᠨᠲᠡ ᠶᠣᠰᠣᠯᠠᠨ᠂ ᠲᠠᠢᠽᠢ ᠶ᠋ᠢ ᠲᠡᠳᠬᠦᠨ ᠬᠠᠰ ᠪᠣᠯᠣᠷ᠂ ᠠᠯᠲᠠᠨ ᠮᠥᠩᠭᠥᠨ ᠦ᠌ ᠰᠠᠪᠠ ᠰᠠᠭᠠᠯᠢᠲᠤ ᠠᠷᠢᠬᠢ ᠵᠢᠮᠢᠰ᠂ ᠨᠣᠭᠣᠬᠠ ᠵᠠᠭᠤᠰᠢ᠂ ᠮᠢᠬ᠎ᠠ ᠪᠣᠭᠣᠷᠰᠣᠭ ᠨᠢᠭᠡᠨ ᠲᠣᠬᠣᠢ ᠥᠨᠳᠥᠷ ᠣᠪᠣᠭᠠᠯᠠᠵᠤ᠂ ᠴᠡᠴᠡᠭ ᠴᠢᠮᠡᠭᠰᠡᠨ ᠬᠠᠭᠠᠨ ᠤ᠋ ᠬᠤᠷᠢᠮ ᠤ᠋ᠨ ᠭᠤᠷᠪᠠᠨ ᠰᠢᠷᠡᠭᠡ ᠵᠢᠭᠰᠠᠭᠠᠭᠰᠠᠨ ᠤ᠋ ᠳᠤᠮᠳᠠᠳᠤ ᠰᠢᠷᠡᠭᠡᠨ᠎ᠡ ᠵᠠᠯᠠᠵᠤ ᠰᠠᠭᠤᠯᠭᠠᠨ᠂ ᠥᠪᠡᠷ ᠦ᠋ᠨ ᠭᠠᠷ ᠢ᠋ᠶ᠋ᠠᠷ ᠠᠯᠲᠠᠨ ᠴᠥᠬᠥᠴᠡᠲᠦ ᠬᠠᠭᠠᠨ ᠤ᠋ ᠳᠠᠷᠠᠰᠤ ᠶ᠋ᠢ ᠪᠠᠷᠢᠵᠤ ᠮᠥᠷᠭᠥᠰᠦᠭᠡᠢ ᠬᠡᠮᠡᠬᠦᠢ ᠳ᠋ᠦ᠍ᠷ ᠲᠠᠢᠽᠢ ᠬᠦᠯᠢᠶᠡᠬᠦ ᠦᠭᠡᠢ᠂ ᠲᠡᠪᠡᠷᠢᠨ ᠠᠪᠴᠤ ᠬᠠᠵᠠᠭᠤᠳᠠ ᠪᠠᠨ ᠡᠪᠦᠳᠦᠭ ᠨᠡᠢᠯᠡᠭᠦᠯᠦᠨ ᠰᠠᠭᠤᠯᠭᠠᠵᠤ᠂ ᠲᠠᠢᠽᠢ ᠮᠥᠨ ᠪᠡᠯᠡᠨ ᠪᠦᠬᠦᠢ ᠥᠷᠥᠭᠡᠰᠦᠨ ᠠᠯᠲᠠᠨ ᠴᠦᠭᠦᠴᠡᠲᠦ ᠠᠷᠢᠬᠢ ᠶ᠋ᠢ ᠠᠪᠴᠤ᠂ ᠬᠣᠶᠠᠷ ᠭᠠᠷ ᠢ᠋ᠶ᠋ᠠᠷ ᠬᠠᠷᠢᠭᠤ ᠪᠠᠷᠢᠵᠤ᠂ ᠬᠣᠶᠠᠭᠤᠯᠠ ᠡᠰᠡᠷᠭᠦᠯᠡᠨ ᠬᠣᠣᠰᠯᠠᠵᠤ ᠤᠤᠭᠤᠯᠴᠠᠭᠠᠳ᠂ ᠳᠠᠬᠢᠨ ᠪᠠᠰᠠ ᠬᠠᠷᠢᠯᠴᠠᠨ ᠬᠣᠣᠰ ᠬᠤᠨᠳᠠᠬᠠ ᠶ᠋ᠢᠨ ᠪᠡᠯᠡᠭ ᠪᠣᠯᠭᠠᠨ ᠰᠣᠯᠢᠯᠴᠠᠨ ᠤᠤᠭᠤᠯᠴᠠᠵᠤ᠂ ᠳᠡᠮᠡᠢ ᠭᠤᠷᠪᠠᠨ ᠬᠤᠨᠳᠠᠭ᠎ᠠ ᠭᠤᠷᠪᠠᠨ ᠵᠡᠷᠭᠡ ᠰᠣᠯᠢᠯᠴᠠᠨ ᠲᠠᠪᠤᠨ ᠵᠡᠷᠭᠡ ᠱᠠᠭᠠᠷᠳᠠᠭᠰᠠᠨ ᠦᠭᠡᠢ ᠬᠣᠶᠠᠭᠤᠯᠠ ᠴᠥᠮ ᠣᠮᠣᠭ ᠴᠢᠮᠡᠭ ᠲᠦᠷᠦᠯᠴᠡᠨ᠂ ᠪᠤᠰᠤ ᠪᠣᠯᠣᠷ ᠬᠦᠬᠦᠷ ᠦ᠋ᠨ ᠳᠡᠭᠡᠳᠦ ᠳᠠᠯᠠᠢ ᠶ᠋ᠢᠨ ᠳᠠᠷᠠᠰᠤ ᠪᠠ ᠡᠮᠦᠨ᠎ᠡ ᠤᠯᠤᠰ ᠤ᠋ᠨ ᠡᠯ᠎ᠡ ᠴᠡᠴᠡᠭ ᠦ᠋ᠨ ᠨᠡᠷᠡᠮᠡᠯ ᠢ᠋ ᠪᠠᠰᠠ ᠪᠠᠬᠠᠨ ᠪᠠᠬᠠᠨ ᠠᠮᠲᠠᠯᠠᠨ᠂ ᠵᠢᠶᠦ᠋ᠨ ᠵᠣ᠌ ᠶᠡᠷᠦ ᠪᠢᠴᠢᠬᠠᠨ ᠭᠡᠷ᠂ ᠥᠴᠦᠬᠡᠨ ᠡᠭᠦᠳᠡᠨ ᠦ᠌ ᠡᠩ ᠥᠲᠡᠯ᠎ᠡ ᠶ᠋ᠢᠨ ᠵᠡᠷᠭᠡ ᠶ᠋ᠢᠨ ᠥᠬᠢᠳ ᠮᠡᠲᠦ ᠬᠠᠰᠢᠪᠢᠯᠵᠠᠨ᠂ ᠬᠤᠰᠢᠪᠢᠯᠵᠠᠨ᠂ ᠶᠠᠷᠪᠢᠯᠵᠠᠨ ᠰᠢᠷᠪᠠᠯᠵᠠᠬᠤ ᠦᠭᠡᠢ ᠪᠡᠷ ᠦᠯᠦ ᠪᠠᠷᠠᠮ᠂ ᠭᠡᠳᠡᠷᠭᠦ ᠬᠠᠷᠢᠨ ᠨᠢᠯᠬ᠎ᠠ ᠪᠢᠴᠢᠬᠠᠨ ᠤ᠋ ᠠᠯᠢᠶᠠᠷᠬᠠᠨ ᠡᠷᠬᠡᠯᠡᠬᠦ ᠳᠦᠷᠢ ᠪᠡᠷ ᠢᠨᠢᠶᠡᠨ ᠨᠠᠭᠠᠳᠴᠤ᠂ ᠠᠷᠤ ᠳ᠋ᠤᠷ ᠠᠪᠠᠷᠢᠨ᠂ ᠥᠪᠥᠷ ᠲᠣᠷ ᠡᠯᠢᠭᠡᠳᠡᠵᠦ ᠬᠥᠭᠡᠷᠦᠯᠴᠡᠭᠰᠡᠭᠡᠷ᠂ ᠨᠡᠯᠢᠶᠡᠳ ᠬᠠᠯᠠᠮᠰᠠᠵᠤ᠂ ᠬᠠᠳᠠᠨ ᠭᠠᠯ ᠬᠠᠭᠤᠷᠠᠢ ᠲᠦᠯᠡᠭᠡ ᠬᠡᠮᠡᠭᠰᠡᠨᠴᠢᠯᠡᠨ ᠵᠢᠶᠦ᠋ᠨ ᠵᠣ᠌ ᠬᠡᠳᠦᠢ ᠪᠢᠴᠢᠬᠠᠨ ᠲᠤᠷᠢᠮᠲᠠᠢ ᠬᠡᠦᠬᠡᠳ ᠦ᠋ᠨ ᠰᠦᠷᠦᠭ ᠲᠣᠷ ᠪᠠᠢᠢᠭᠰᠠᠭᠠᠷ ᠮᠡᠲᠦ ᠪᠣᠯᠪᠠᠴᠤ᠂ ᠲᠠᠢᠽᠢ ᠮᠠᠰᠢ ᠲᠡᠰᠳᠡᠰᠢ ᠦᠭᠡᠢ ᠬᠦᠰᠡᠨ ᠪᠠᠬᠠᠷᠬᠠᠵᠤ ᠵᠢᠶᠦ᠋ᠨ ᠵᠣ᠌ ᠶ᠋ᠢ ᠲᠡᠪᠡᠷᠢᠨ᠂ ᠬᠣᠣᠰ ᠯᠤᠤ ᠶ᠋ᠢᠨ ᠠᠯᠳᠠᠮᠠᠯ ᠵᠤᠯᠠ ᠳᠤᠷᠪᠠᠯᠵᠠᠨ ᠭᠡᠢᠭᠦᠯᠬᠦ᠂ ᠯᠤᠤ ᠺᠠᠷᠣᠳᠢ ᠶ᠋ᠢᠨ ᠮᠠᠩᠨᠤᠭ ᠱᠠ ᠬᠥᠰᠢᠭᠡᠨᠡ ᠣᠷᠣᠵᠤ᠂ ᠬᠠᠵᠢᠯᠭ᠎ᠠ ᠤᠰᠤᠲᠤ ᠬᠠᠳᠬᠤᠮᠠᠯ ᠲᠠᠵᠢ ᠬᠥᠨᠵᠢᠯᠡ ᠳᠡᠪᠢᠰᠬᠡᠷ ᠲᠣᠷ ᠲᠠᠢᠴᠢᠵᠤ᠂ ᠱᠠ ᠯᠦᠸᠧ ᠶ᠋ᠢᠨ ᠰᠡᠷᠢᠭᠦᠨ ᠵᠠᠭᠠᠷ ᠤ᠋ᠨ ᠳᠡᠷᠡ ᠳᠡᠪᠢᠰᠬᠡᠷ᠂ ᠬᠠᠰ ᠴᠠᠰᠤᠨ ᠤ᠋ ᠮᠡᠲᠦ ᠠᠷᠢᠭᠤᠨ ᠴᠠᠭᠠᠨ ᠴᠣᠭᠴᠠ ᠮᠠᠬᠠᠪᠣᠳ ᠦᠶᠡᠰ ᠭᠡᠰᠢᠭᠦᠨ ᠬᠠᠷᠢᠯᠴᠠᠨ ᠵᠠᠭᠤᠷᠠᠯᠳᠤᠨ᠂ ᠰᠤᠪᠤᠳ ᠤ᠋ᠨ ᠣᠷᠬᠢᠭᠤᠯ ᠤ᠋ᠨ ᠳᠣᠲᠣᠷᠠᠬᠢ ᠤᠷᠠᠨ ᠬᠠᠵᠢᠨ ᠤ᠋ ᠠᠮᠠᠷᠠᠭ ᠬᠠᠯᠠᠭᠤᠨ ᠢ᠋ ᠨᠢᠭᠡᠨ ᠦᠭᠡ ᠳ᠋ᠦ᠍ᠷ ᠲᠣᠭᠠᠴᠢᠨ ᠪᠦᠷᠢᠳᠭᠡᠰᠢ ᠦᠭᠡᠢ᠃ ᠲᠡᠭᠷᠢ ᠶ᠋ᠢᠨ ᠷᠠᠭᠢᠨᠢᠰ ᠬᠤᠪᠢᠯᠭᠠᠨ ᠥᠬᠢᠨ ᠦ᠌ ᠬᠦᠵᠢᠰ ᠦ᠋ᠨ ᠴᠣᠭᠴᠠ ᠬᠠᠰ ᠤ᠋ᠨ ᠭᠡᠰᠢᠭᠦᠨ ᠠᠰᠤᠷᠤ ᠴᠤ᠌ ᠨᠠᠷᠢᠨ ᠬᠢᠩᠭᠠᠢᠯᠬᠠᠨ ᠪᠥᠭᠡᠳ ᠪᠠᠰᠠ ᠮᠠᠰᠢᠳᠠ ᠵᠥᠭᠡᠯᠡᠨ ᠨᠡᠮᠡᠭᠦᠨ᠂ ᠬᠥᠭᠡᠷᠦᠬᠦᠢ ᠪᠤᠯᠪᠠᠷᠠᠢ ᠳ᠋ᠤᠷ ᠲᠠᠢᠽᠢ ᠬᠠᠷᠢᠨ ᠬᠥᠭᠡᠷᠦᠬᠦᠷᠢᠯᠡᠨ ᠪᠦᠪᠡᠢᠯᠡᠬᠦ ᠬᠠᠢᠷᠠᠯᠠᠯ ᠤ᠋ᠨ ᠦᠷᠦ ᠡᠪᠡᠳᠦᠯ ᠦ᠋ᠨ ᠰᠡᠳᠬᠢᠯ ᠲᠥᠷᠥᠭᠳᠡᠵᠦ᠂ ᠵᠢᠶᠦ᠋ᠨ ᠵᠣ᠌ ᠶ᠋ᠢ ᠨᠢᠯᠬ᠎ᠠ ᠬᠡᠦᠬᠡᠳ ᠢ᠋ ᠡᠩᠬᠦᠷᠡᠢᠯᠡᠬᠦ ᠮᠡᠲᠦ ᠡᠪᠦᠷᠯᠡᠨ ᠲᠡᠪᠡᠷᠢᠵᠦ᠂ ᠵᠢᠶᠦ᠋ᠨ ᠵᠣ᠌ ᠶ᠋ᠢᠨ ᠡᠯᠡᠭᠰᠡᠨ ᠪᠣᠯᠣᠷ ᠵᠦᠯᠭᠦᠭᠰᠡᠨ ᠮᠠᠨᠤᠬᠤ ᠮᠡᠲᠦ ᠭᠤᠯᠭᠤᠮᠠ ᠵᠥᠭᠡᠯᠡᠨ ᠦᠶᠡᠰ ᠭᠡᠰᠢᠭᠦᠨ ᠢ᠋ ᠢᠯᠪᠢᠯᠬᠢᠯᠡᠨ ᠥᠭᠦᠯᠡᠷᠦᠨ᠄
《ᠠᠶ᠎ᠠ ᠡᠨᠡ ᠪᠡᠶ᠎ᠡ ᠴᠣᠭᠴᠠ ᠳᠠᠩᠴᠤ ᠪᠠᠭ᠎ᠠ ᠪᠣᠮᠪᠤᠷᠠᠢ ᠬᠥᠭᠡᠷᠦᠬᠦᠢ ᠬᠡᠪᠡᠷᠡᠭ ᠪᠠᠢᠭᠰᠠᠭᠠᠷ ᠪᠠᠢᠨᠠᠮ᠃ ᠮᠢᠨᠦ ᠨᠢᠭᠡᠨ ᠲᠠᠴᠢᠶᠠᠨ ᠬᠤᠷᠢᠴᠠᠬᠤᠢ ᠶ᠋ᠢᠨ ᠣᠴᠢᠷ᠎ᠠ᠂ ᠵᠢᠶᠦ᠋ᠨ ᠵᠣ᠌ ᠶ᠋ᠢᠨ ᠬᠠᠰ ᠰᠤᠪᠤᠳ ᠤ᠋ᠨ ᠪᠡᠶ᠎ᠡ ᠴᠣᠭᠴᠠ ᠶ᠋ᠢ ᠶᠠᠭᠠᠬᠢᠨ ᠲᠦᠪᠳᠡᠵᠦ ᠮᠡᠩᠳᠡᠭᠦᠷᠡᠨ ᠰᠢᠬᠠᠮᠳᠠᠭᠤᠯᠤᠮᠤᠢ ? ᠮᠢᠨᠦ ᠳᠣᠲᠣᠷ᠎ᠠ ᠮᠠᠰᠢ ᠬᠠᠢᠷᠠᠯᠠᠨ ᠦᠷᠦ ᠡᠪᠡᠳᠦᠮᠦᠢ᠂ ᠶᠠᠭᠠᠬᠢᠨ ᠲᠥᠪᠳᠡᠵᠦ ᠡᠢᠮᠦ ᠪᠢᠴᠢᠬᠠᠨ ᠵᠥᠭᠡᠯᠡᠨ ᠬᠡᠦᠬᠡᠨ ᠪᠢᠲᠡᠭᠦᠦ ᠪᠡᠶ᠎ᠡ ᠶ᠋ᠢ ᠰᠢᠬᠠᠮᠳᠠᠭᠤᠯᠤᠨ ᠴᠢᠬᠤᠯᠳᠠᠭᠤᠯᠵᠤ᠂ ᠥᠪᠡᠷ ᠦ᠋ᠨ ᠨᠢᠭᠡᠬᠡᠨ ᠻᠱᠠᠨ ᠤ᠋ ᠳᠤᠷᠠᠰᠢᠶᠠᠯ ᠪᠠᠬᠠᠷᠬᠠᠯ ᠳ᠋ᠤᠷ ᠢ᠋ᠶ᠋ᠠᠨ ᠭᠥᠷᠥᠭᠦᠯᠦᠨ᠂ ᠥᠪᠡᠷ ᠦ᠋ᠨ ᠲᠠᠪᠠ ᠯᠤᠭ᠎ᠠ ᠪᠠᠨ ᠲᠠᠭᠠᠴᠠᠭᠤᠯᠤᠶᠠ ! 》 ᠬᠡᠮᠡᠬᠦᠢ ᠳ᠋ᠦ᠍ᠷ᠂ ᠵᠢᠶᠦ᠋ᠨ ᠵᠣ᠌ ᠶᠡᠬᠡᠳᠡ ᠪᠠᠶᠠᠷᠯᠠᠨ ᠡᠨᠡᠷᠢᠵᠦ᠂ ᠨᠢᠳᠦᠨ ᠳ᠋ᠦ᠍ᠷ ᠤᠰᠤᠨ ᠭᠦᠶᠦᠵᠦ᠂ ᠲᠠᠢᠽᠢ ᠶ᠋ᠢᠨ ᠬᠦᠵᠦᠭᠦᠦ ᠶ᠋ᠢ ᠲᠡᠪᠡᠷᠢᠨ ᠮᠥᠷᠥ ᠳ᠋ᠦ᠍ᠷ ᠳᠡᠷᠡᠯᠡᠵᠦ ᠴᠢᠷᠮᠠᠢᠨ ᠢᠨᠢᠶᠡᠵᠦ ᠥᠭᠦᠯᠡᠷᠦᠨ:
《ᠲᠠᠢᠽᠢ ᠴᠢᠩ ᠦᠨᠡᠨ ᠳᠡᠭᠷᠢᠯᠢᠭ ᠦ᠋ᠨ ᠦᠷᠡᠰ᠂ ᠪᠣᠭᠳᠠ ᠶ᠋ᠢᠨ ᠤᠭᠰᠠᠭ᠎ᠠ᠂ ᠦᠨᠡᠬᠡᠷ ᠨᠢᠯᠬ᠎ᠠ ᠥᠬᠢᠨ ᠳ᠋ᠦ᠍ᠷ ᠨᠢᠭᠡᠨ ᠬᠣᠶᠠᠷᠬᠠᠨ ᠣᠨ ᠤ᠋ ᠥᠰᠴᠦ ᠬᠥᠮᠦᠵᠢᠬᠦ ᠵᠠᠢ ᠴᠢᠯᠥᠭᠡ ᠦᠯᠡᠳᠡᠭᠡᠬᠦ ᠪᠣᠯᠪᠠᠰᠤ ᠡᠴᠢᠭᠡ ᠡᠬᠡ ᠮᠡᠲᠦ ᠠᠰᠠᠷᠠᠬᠤᠢ ᠨᠢᠭᠦᠯᠡᠰᠬᠦᠢ ᠨᠥᠬᠥᠷ ᠡᠷ᠎ᠡ ᠪᠣᠯᠤᠭᠠᠳ᠂ ᠭᠤᠷᠪᠠᠨ ᠲᠥᠷᠥᠯ ᠪᠡᠶ᠎ᠡ ᠪᠡᠨ ᠡᠷᠭᠦᠨ ᠠᠴᠢᠯᠠᠯ ᠳ᠋ᠤᠷ ᠬᠠᠷᠢᠭᠤᠯᠠᠪᠠᠴᠤ ᠭᠦᠢᠴᠡᠰᠢ ᠦᠭᠡᠢ᠃ ᠨᠢᠯᠬ᠎ᠠ ᠥᠬᠢᠨ ᠮᠢᠨᠦ ᠵᠦᠭ ᠡᠴᠡ ᠬᠡᠯᠡᠪᠡᠰᠦ ᠦᠶᠡᠰ ᠨᠡᠢᠯᠡᠵᠦ ᠴᠣᠭᠴᠠᠰ ᠬᠠᠮᠲᠤᠳᠠᠭᠰᠠᠨ ᠠᠨᠤ᠂ ᠬᠦᠰᠡᠯ ᠳᠤᠷᠠᠰᠢᠶᠠᠯ ᠲᠤᠢᠯ ᠳ᠋ᠤᠷ ᠲᠤᠯᠲᠠᠯ᠎ᠠ ᠬᠠᠨᠤᠨ ᠲᠠᠯᠪᠢᠭᠤᠷᠠᠵᠤᠬᠤᠢ᠃ ᠡᠭᠦᠨᠴᠡ ᠴᠢᠨᠠᠭᠰᠢ ᠴᠢᠳᠠᠯ ᠬᠦᠷᠦᠯᠴᠡᠬᠦ ᠪᠥᠭᠡᠰᠦ ᠦᠰᠦᠨ ᠦ᠌ ᠲᠡᠳᠦᠢᠬᠡᠨ ᠴᠦ᠍ ᠲᠦᠯᠬᠢᠨ ᠮᠠᠷᠭᠤᠬᠤ ᠵᠦᠢᠯ ᠦᠭᠡᠢ ᠶ᠋ᠢ ᠴᠦ᠍ ᠪᠠᠢᠲᠤᠭᠠᠢ᠂ ᠡᠳᠦᠭᠡ ᠳᠠᠷᠤᠢ ᠡᠨᠡ ᠪᠡᠶ᠎ᠡ ᠶ᠋ᠢ ᠡᠪᠳᠡᠰᠦᠭᠡᠢ ᠬᠡᠮᠡᠪᠡᠰᠦ ᠮᠥᠨ ᠦᠯᠦ ᠳᠠᠭᠠᠬᠤ ᠵᠦᠢᠯ ᠦᠭᠡᠢ᠃ ᠭᠠᠭᠴᠠ ᠲᠡᠷᠡ ᠬᠡᠷᠡᠭ ᠢ᠋ ᠲᠡᠢᠮᠦ ᠭᠡᠮᠡᠨ ᠮᠡᠳᠡᠪᠡᠴᠦ ᠳᠡᠭᠦᠨᠦ ᠲᠡᠨᠴᠢᠭᠦᠷᠡᠯ ᠢ᠋ ᠦᠯᠦ ᠤᠬᠠᠮᠤᠢ᠃ ᠨᠢᠯᠬ᠎ᠠ ᠥᠬᠢᠨ ᠮᠢᠨᠦ ᠳᠤᠷᠠᠰᠢᠶᠠᠯ ᠴᠡᠩᠭᠡᠯ ᠢ᠋ᠶ᠋ᠡᠷ ᠬᠡᠯᠡᠪᠡᠰᠦ ᠡᠨᠡ ᠳᠠᠷᠤᠢ ᠲᠤᠢᠯ ᠤ᠋ᠨ ᠠᠮᠠᠷᠠᠭ ᠢᠨᠠᠭ᠂ ᠬᠠᠯᠠᠭᠤᠨ ᠲᠠᠭᠠᠯᠠᠮᠵᠢᠲᠠᠢ ᠪᠣᠯᠠᠢ᠃ ᠣᠷᠴᠢᠯᠠᠩ ᠳ᠋ᠠᠬᠢ ᠬᠥᠮᠦᠨ ᠲᠥᠷᠥᠯᠬᠢᠲᠡᠨ ᠦ᠌ ᠡᠷ᠎ᠡ ᠡᠮ᠎ᠡ ᠶ᠋ᠢᠨ ᠠᠮᠠᠷᠠᠭ ᠢᠨᠠᠭ ᠡᠭᠦᠨᠴᠡ ᠬᠡᠲᠦᠷᠡᠵᠦ ᠬᠠᠮᠢᠭ᠎ᠠ ᠬᠦᠷᠬᠦ ᠠᠵᠠᠢ ? 》ᠬᠡᠮᠡᠭᠦᠷ ᠲᠣᠷ ᠲᠠᠢᠽᠢ ᠨᠡᠩ ᠪᠡᠶᠡᠰᠦᠨ ᠲᠠᠭᠠᠯᠠᠵᠤ ᠪᠠᠶᠠᠷᠯᠠᠨ ᠥᠭᠦᠯᠡᠷᠦᠨ᠄
《ᠵᠢᠶᠦ᠋ᠨ ᠵᠣ᠌ ᠶ᠋ᠢᠨ ᠡᠨᠡ ᠴᠢᠪ ᠴᠢᠬᠡ ᠬᠤᠪᠢᠯᠭᠠᠨ ᠥᠬᠢᠨ ᠲᠡᠭᠷᠢ ᠶ᠋ᠢᠨ ᠷᠠᠭᠢᠨᠢ ᠶ᠋ᠢᠨ ᠭᠡᠭᠡᠬᠡᠨ ᠲᠤᠩᠭᠠᠯᠠᠭ ᠨᠠᠢᠷ ᠴᠡᠩᠭᠡᠯ ᠪᠣᠯᠠᠢ᠃ ᠬᠡᠳᠦᠢᠪᠡᠷ ᠪᠢᠳᠡᠨ ᠦ᠌ ᠡᠷ᠎ᠡ ᠬᠥᠮᠦᠨ ᠪᠣᠯᠪᠠᠴᠤ᠂ ᠨᠠᠢᠷ ᠰᠡᠳᠬᠢᠯ ᠦ᠋ᠨ ᠠᠮᠠᠷᠠᠭ ᠢᠨᠠᠭ ᠢ᠋ ᠤᠵᠢᠳ ᠴᠡᠩᠭᠡᠯ ᠦ᠋ᠨ ᠠᠮᠠᠷᠠᠭ ᠬᠠᠯᠠᠭᠤᠨ ᠠ᠋ᠴᠠ ᠢᠯᠡᠭᠦᠦ ᠪᠠᠬᠠᠷᠬᠠᠭᠴᠢᠳ ᠣᠯᠠᠨᠲᠠ ᠪᠣᠢ ᠪᠦᠬᠦᠢ ᠳ᠋ᠦ᠍ᠷ ᠨᠡᠩ ᠢᠯᠠᠩᠭᠤᠶ᠎ᠠ ᠠᠷᠭ᠎ᠠ ᠪᠢᠯᠢᠭ ᠦ᠋ᠨ ᠡᠪ ᠨᠠᠢᠷᠯᠠᠯ ᠪᠣᠢ ᠪᠦᠬᠦᠢ ᠶ᠋ᠢ ᠣᠳᠣ ᠶᠠᠭᠤᠨ ᠥᠭᠦᠯᠡᠬᠦ? ᠪᠣᠯᠬᠢ ᠪᠢ ᠬᠡᠳᠦᠢ ᠬᠠᠭᠠᠨ ᠤ᠋ ᠬᠥᠪᠡᠭᠦᠨ ᠬᠡᠮᠡᠪᠡᠴᠦ ᠡᠨᠡ ᠮᠡᠲᠦ ᠬᠥᠮᠦᠨ ᠦ᠌ ᠶᠢᠷᠲᠢᠨᠴᠦ ᠶ᠋ᠢᠨ ᠬᠤᠪᠢᠯᠭᠠᠨ ᠥᠬᠢᠨ ᠢ᠋ ᠣᠯᠵᠤ᠂ ᠡᠨᠡ ᠨᠠᠰᠤᠨ ᠤ᠋ ᠰᠢᠷᠡᠭᠡᠨ ᠦ᠌ ᠬᠠᠲᠤᠨ ᠢ᠋ ᠬᠠᠮᠢᠭ᠎ᠠ ᠠ᠋ᠴᠠ ᠣᠯᠬᠤ ᠠᠵᠠᠢ ? 》ᠭᠡᠮᠡᠨ ᠪᠠᠬᠠᠷᠬᠠᠨ ᠲᠠᠭᠠᠯᠠᠵᠤ ᠪᠠᠭᠰᠢᠨ ᠢᠨᠠᠭᠯᠠᠬᠤᠢ ᠳ᠋ᠤᠷ ᠵᠢᠶᠦ᠋ᠨ ᠵᠣ᠌ ᠡᠷᠬᠡᠯᠡᠨ ᠲᠡᠪᠡᠷᠢᠵᠦ ᠢᠨᠢᠶᠡᠨ ᠥᠭᠦᠯᠡᠷᠦᠨ :
《ᠲᠠᠢᠽᠢ ᠰᠢᠷᠡᠭᠡᠨ ᠦ᠌ ᠬᠠᠲᠤᠨ ᠬᠡᠮᠡᠭᠴᠢ ᠶ᠋ᠢ ᠮᠢᠨᠦ ᠵᠦᠭ ᠪᠢᠲᠡᠭᠡᠢ ᠳᠤᠷᠠᠳ᠂ ᠴᠢ ᠪᠢᠳᠡ ᠬᠣᠶᠠᠭᠤᠯᠠ ᠭᠤᠷᠪᠠᠨ ᠵᠡᠷᠭᠡ ᠨᠢᠭᠤᠷ ᠵᠣᠯᠭᠠᠬᠤᠢ ᠳ᠋ᠤᠷ ᠬᠣᠶᠠᠷ ᠵᠡᠷᠭᠡ ᠲᠡᠪᠡᠷᠢᠯᠴᠡᠨ ᠬᠣᠨᠣᠪᠠ᠃ ᠡᠷ᠎ᠡ ᠡᠮ᠎ᠡ ᠭᠠᠷ ᠭᠠᠷ ᠠ᠋ᠴᠠ ᠥᠭᠭᠦᠯᠴᠡᠨ ᠠᠪᠤᠯᠴᠠᠪᠠᠴᠤ ᠦᠯᠦ ᠪᠣᠯᠬᠤ ᠶ᠋ᠢ ᠪᠢ ᠮᠥᠨ ᠮᠡᠳᠡᠮᠦᠢ᠃ ᠶᠡᠬᠡ ᠸᠠᠩ ᠥᠴᠦᠬᠡᠨ ᠥᠬᠢᠨ ᠢ᠋ ᠬᠥᠰᠢᠭᠡ ᠳ᠋ᠡᠭᠡᠨ ᠬᠤᠷᠢᠶᠠᠮᠵᠢᠯᠠᠵᠤ᠂ ᠲᠡᠪᠴᠢᠨ ᠡᠰᠡ ᠭᠡᠭᠡᠪᠡᠴᠦ ᠪᠢᠴᠢᠬᠠᠨ ᠥᠬᠢᠨ ᠦ᠌ ᠪᠡᠶ᠎ᠡ ᠶ᠋ᠢ ᠡᠪᠳᠡᠬᠦ ᠦᠭᠡᠢ᠂ ᠨᠢᠭᠡᠨ ᠬᠣᠶᠠᠷ ᠵᠢᠯ ᠦ᠋ᠨ ᠵᠠᠢ ᠦᠯᠡᠳᠡᠭᠡᠬᠦ ᠪᠥᠭᠡᠰᠦ᠂ ᠲᠡᠨᠡᠭ ᠥᠬᠢᠨ ᠦ᠌ ᠲᠦᠮᠡᠨ ᠵᠠᠪᠰᠢᠶᠠᠨ ᠪᠥᠭᠡᠳ ᠨᠡᠩ ᠪᠠᠰᠠ ᠶᠡᠬᠡ ᠸᠠᠩ ᠤ᠋ᠨ ᠰᠢᠷᠡᠭᠡᠨ ᠦ᠌ ᠳᠣᠣᠷ᠎ᠠ ᠬᠥᠯ ᠦ᠋ᠨ ᠦᠵᠦᠬᠦᠷᠡ᠂ ᠢᠯᠡᠭᠦᠦ ᠬᠡᠳᠦᠨ ᠵᠢᠯ ᠬᠦᠴᠦᠨ ᠪᠠᠷᠢᠮᠤᠢ ᠶᠠ 》ᠬᠡᠮᠡᠬᠦᠢ ᠳ᠋ᠦ᠍ᠷ᠂ ᠲᠠᠢᠽᠢ ᠮᠠᠰᠢᠳᠠ ᠪᠡᠶᠡᠰᠴᠦ ᠥᠭᠦᠯᠡᠷᠦᠨ᠄
《ᠮᠠᠨ ᠤ᠋ ᠮᠣᠩᠭᠣᠯ ᠤᠯᠤᠰ ᠲᠤᠷ ᠨᠠᠢ᠍ᠮᠠᠨ᠂ ᠬᠡᠷᠡᠢᠳ ᠬᠡᠮᠡᠬᠦ ᠬᠣᠶᠠᠷ ᠠᠢᠮᠠᠭ ᠤ᠋ᠨ ᠨᠠᠢ᠍ᠮᠠᠨ ᠤ᠋ ᠰᠡᠴᠡᠨ ᠭᠡᠭᠡᠬᠡᠨ ᠲᠠᠢᠽᠢ ᠠᠯᠲᠠᠨᠱᠠᠭ᠎ᠠ᠂ ᠬᠡᠷᠡᠢᠳ ᠦ᠋ᠨ ᠭᠤᠸ᠎ᠠ ᠦᠵᠡᠰᠬᠦᠯᠡᠩ ᠭᠦᠩᠵᠦ ᠰᠣᠯᠣᠩᠭᠣᠣ᠎ᠠ᠂ ᠪᠠᠭ᠎ᠠ ᠴᠠᠭ ᠲᠤᠷ ᠲᠡᠢᠨ ᠳ᠋ᠦ᠍ᠷ ᠤᠴᠠᠷᠠᠯᠳᠤᠨ ᠪᠡᠯᠡᠭ ᠰᠣᠯᠢᠯᠴᠠᠭᠠᠳ᠂ ᠬᠣᠢᠨ᠎ᠠ ᠳᠣᠯᠣᠭ᠎ᠠ ᠨᠠᠢ᠍ᠮᠠᠨ ᠵᠢᠯ ᠲᠡᠢᠨ ᠳᠠᠢᠰᠤᠨ᠎ᠠ ᠦᠢᠮᠡᠯᠳᠦᠨ ᠬᠣᠯᠪᠣᠨ ᠴᠢᠳᠠᠭᠰᠠᠨ ᠦᠭᠡᠢ᠂ ᠬᠣᠢᠨ᠎ᠠ ᠴᠥᠮ ᠮᠠᠨ ᠤ᠋ ᠤᠯᠤᠰ ᠲᠤᠷ ᠳᠠᠭᠠᠵᠤ᠂ ᠮᠢᠨᠦ ᠡᠮᠡᠭᠡ ᠲᠠᠢᠬᠡᠦ ᠶ᠋ᠢᠨ ᠶᠡᠬᠡ ᠪᠠᠶᠠᠰᠬᠤᠯᠠᠩ ᠤ᠋ᠨ ᠶᠡᠬᠡ ᠥᠷᠯᠥᠭᠡ ᠶ᠋ᠢᠨ ᠲᠠᠰᠢᠷᠠᠮᠠ ᠵᠠᠷᠯᠢᠭ ᠢ᠋ᠶ᠋ᠠᠷ ᠬᠣᠯᠪᠣᠭᠰᠠᠨ ᠳ᠋ᠤᠷ ᠬᠣᠶᠠᠭᠤᠯᠠ ᠴᠥᠮ ᠳᠣᠲᠣᠭᠠᠳᠤ ᠲᠥᠷᠥ ᠳ᠋ᠦ᠍ᠷ ᠭᠠᠷᠴᠤ ᠬᠣᠣᠰᠯᠠᠵᠤ ᠮᠥᠷᠭᠥᠭᠡᠳ᠂ ᠬᠠᠮᠲᠤ ᠬᠣᠨᠣᠵᠤ ᠪᠠᠭᠤᠯᠭᠠᠨ᠂ ᠮᠠᠨ ᠤ᠋ ᠤᠯᠤᠰ ᠤ᠋ᠨ ᠭᠦᠩᠵᠦ ᠶ᠋ᠢᠨ ᠦᠢᠯᠡ ᠶ᠋ᠢ ᠲᠡᠭᠦᠰᠬᠡᠭᠡᠳ ᠠᠢᠮᠠᠭ ᠲᠠᠭᠠᠨ ᠡᠴᠢᠭᠡᠳ ᠪᠠᠰᠠ ᠬᠠᠭᠠᠰ ᠵᠢᠯ ᠰᠢᠬᠠᠮ ᠪᠠᠢᠵᠤ᠂ ᠡᠴᠢᠭᠡ ᠶ᠋ᠢᠨ ᠪᠡᠯᠪᠡᠰᠦᠷᠡᠯ ᠰᠠᠶᠢ ᠳᠦᠭᠦᠷᠪᠡ ᠭᠡᠮᠡᠨ ᠭᠤᠷᠪᠠᠨ ᠰᠠᠷ᠎ᠠ ᠬᠠᠷᠢᠯᠴᠠᠨ ᠰᠠᠬᠢᠯᠴᠠᠵᠤ᠂ ᠡᠳᠦᠷ ᠪᠣᠯᠪᠠᠰᠤ ᠬᠠᠮᠲᠤ ᠬᠤᠷᠢᠮᠯᠠᠨ᠂ ᠰᠥᠨᠢ ᠪᠣᠯᠪᠠᠰᠤ ᠬᠣᠶᠠᠷ ᠥᠪᠡᠷ᠎ᠡ ᠣᠷᠲᠣᠨ᠎ᠠ ᠬᠣᠨᠣᠵᠤ᠂ ᠬᠣᠨᠣᠭ ᠢ᠋ ᠭᠦᠢᠴᠡᠳᠬᠡᠪᠡ ᠬᠡᠮᠡᠬᠦᠢ ᠳ᠋ᠦ᠍ᠷ ᠪᠢ ᠮᠠᠰᠢᠳᠠ ᠢᠨᠢᠶᠡᠳᠦᠮ ᠲᠥᠷᠥᠭᠰᠡᠨ ᠪᠥᠯᠥᠭᠡ᠃ ᠡᠳᠦᠭᠡ ᠪᠢᠳᠡ ᠬᠣᠶᠠᠭᠤᠯᠠ ᠶ᠋ᠢᠨ ᠡᠨᠡ ᠠᠮᠠᠷᠠᠭ ᠢ᠋ᠶ᠋ᠠᠷ ᠦᠯᠢᠳᠬᠡᠨ ᠦᠵᠡᠬᠦᠯ᠎ᠡ᠂ ᠲᠡᠷᠡ ᠬᠡᠷᠡᠭ ᠮᠥᠨ ᠪᠠᠢᠵᠤ ᠪᠣᠯᠬᠤ ᠬᠡᠷᠡᠭ ᠠᠵᠤᠭᠤ᠃ ᠪᠦᠳᠦᠭᠦᠨ ᠦᠭᠡᠰ ᠲᠣᠷ <ᠰᠡᠳᠬᠢᠯ ᠬᠠᠮᠲᠤᠳᠠᠭᠰᠠᠨ ᠵᠢᠷᠤᠮ ᠠᠨᠤ ᠰᠢᠷᠡᠭᠡ ᠬᠠᠮᠲᠤᠤᠳᠬᠠᠭᠰᠠᠨ ᠨᠠᠢᠷ ᠠ᠋ᠴᠠ ᠬᠠᠲᠠᠭᠤ> ᠬᠡᠮᠡᠭᠴᠢ ᠡᠭᠦᠨ ᠢ᠋ ᠬᠡᠯᠡᠬᠦ ᠪᠣᠯᠠᠢ᠃ ᠡᠳᠦᠭᠡ ᠦᠵᠡᠲᠡᠯ᠎ᠡ ᠪᠢᠳᠡ ᠬᠣᠶᠠᠭᠤᠯᠠ ᠬᠤᠷᠢᠴᠠᠯ ᠤ᠋ᠨ ᠤᠴᠢᠷ ᠬᠠᠷᠢᠯᠴᠠᠨ ᠬᠦᠰᠡᠯᠴᠡᠵᠦ ᠵᠣᠯᠭᠠᠯᠳᠤᠭᠠᠳ᠂ ᠬᠠᠷᠢᠯᠴᠠᠨ ᠠᠮᠠᠷᠠᠭ ᠬᠡᠲᠦᠷᠡᠭᠰᠡᠨ ᠠᠲᠠᠯ᠎ᠠ᠂ ᠠᠮᠠᠷᠠᠭ ᠤ᠋ᠨ ᠣᠴᠢᠷ᠎ᠠ ᠬᠠᠢᠷᠠᠯᠠᠬᠤ ᠡᠨᠡᠷᠢᠯ ᠲᠥᠷᠥᠭᠳᠡᠭᠡᠳ᠂ ᠡᠨᠡᠷᠢᠬᠦᠢ ᠶ᠋ᠢᠨ ᠰᠢᠯᠲᠠᠭᠠᠨ ᠢ᠋ᠶ᠋ᠠᠷ ᠴᠢᠨᠦ ᠡᠨᠡ ᠪᠤᠯᠪᠠᠷᠠᠢ ᠪᠥᠮᠪᠥᠭᠡ᠂ ᠨᠡᠮᠡᠭᠦᠨ ᠰᠥᠶᠦᠭᠡ ᠮᠡᠲᠦ ᠵᠥᠭᠡᠯᠡᠨ ᠬᠡᠪᠡᠷᠡᠭ ᠪᠡᠶ᠎ᠡ᠂ ᠭᠡᠭᠡᠬᠡᠨ ᠢᠯᠭᠤᠮ ᠦᠶᠡᠰ ᠭᠡᠰᠢᠭᠦᠨ ᠢ᠋ ᠴᠢᠨᠦ ᠬᠠᠢᠷᠠᠯᠠᠨ ᠡᠨᠡᠷᠢᠵᠦ᠂ ᠴᠢᠬᠤᠯᠳᠠᠭᠤᠯᠤᠨ᠂ ᠮᠢᠨᠦ ᠥᠪᠡᠷᠦᠨ ᠬᠦᠰᠡᠯ ᠳ᠋ᠦ᠍ᠷ ᠬᠦᠷᠦᠭᠦᠯᠬᠦᠶᠡ ᠦᠯᠦ ᠲᠦᠪᠳᠡᠬᠦ ᠢᠨᠤ᠂ ᠡᠨᠡ ᠳᠠᠷᠤᠢ ᠰᠡᠳᠬᠢᠯ ᠢ᠋ ᠢᠨᠦ ᠬᠠᠢᠷᠠᠯᠠᠬᠤᠢ ᠶ᠋ᠢᠨ ᠤᠴᠢᠷ᠂ ᠪᠡᠶ᠎ᠡ ᠶ᠋ᠢ ᠮᠢᠨᠦ ᠵᠣᠪᠠᠭᠠᠨ ᠲᠦᠪᠳᠡᠬᠦ ᠦᠭᠡᠢ ᠢᠨᠦ ᠦᠨᠡᠨ ᠰᠡᠳᠬᠢᠯ ᠦ᠋ᠨ ᠮᠥᠨ ᠴᠢᠨᠠᠷ ᠠ᠋ᠴᠠ ᠡᠳᠦᠭᠰᠡᠨ᠂ ᠡᠨᠡᠷᠢᠯᠲᠦ ᠵᠢᠷᠤᠮ ᠪᠤᠶᠤ᠃ ᠴᠢᠨᠦ ᠡᠲᠡᠭᠡᠳ ᠡᠴᠡ ᠠᠪᠴᠤ ᠬᠡᠯᠡᠪᠡᠰᠦ᠂ ᠵᠢᠶᠦ᠋ᠨ ᠵᠣ᠌ ᠴᠢ ᠨᠠᠮᠠᠶ᠋ᠢ ᠰᠠᠨᠠᠬᠤᠢ ᠶ᠋ᠢᠨ ᠣᠴᠢᠷ᠎ᠠ᠂ ᠥᠪᠡᠷ ᠦ᠋ᠨ ᠪᠡᠶ᠎ᠡ ᠮᠠᠬᠠᠪᠣᠳ ᠪᠠ ᠦᠶᠡᠰ ᠭᠡᠰᠢᠭᠦᠨ ᠢ᠋ᠶ᠋ᠡᠨ ᠴᠦ᠍ ᠦᠯᠦ ᠬᠠᠢᠷᠠᠯᠠᠬᠤ ᠪᠥᠭᠡᠲᠡᠯ᠎ᠡ᠂ ᠨᠡᠷ᠎ᠡ ᠬᠡᠯᠡᠯᠴᠡᠭᠡ ᠶ᠋ᠢ ᠬᠠᠢᠬᠤᠷᠬᠤ ᠶᠣᠰᠣ ᠪᠣᠢ ᠤᠤ ? ᠡᠳᠦᠭᠡ ᠨᠢᠭᠡᠨ ᠬᠥᠰᠢᠭᠡ᠂ ᠬᠠᠮᠲᠤ ᠬᠥᠨᠵᠢᠯᠡᠨᠡ ᠦᠶᠡᠰ ᠭᠡᠰᠢᠭᠦᠨ ᠵᠠᠭᠤᠷᠠᠯᠳᠤᠨ ᠨᠡᠢᠯᠡᠵᠦ᠂ ᠠᠮᠠᠷᠠᠭ ᠢᠨᠠᠭ ᠤ᠋ᠨ ᠲᠤᠢᠯ ᠤ᠋ᠨ ᠬᠢᠷᠢ ᠬᠡᠳᠦᠢᠪᠡᠷ ᠶᠡᠬᠡ ᠣᠷᠣᠨ ᠤ᠋ ᠶᠠᠪᠤᠳᠠᠯ ᠢ᠋ ᠶᠠᠪᠤᠪᠠᠴᠤ᠂ ᠮᠥᠨ ᠡᠨᠡᠬᠦ ᠠᠮᠠᠷᠠᠭ ᠢᠨᠠᠭ ᠤ᠋ᠨ ᠲᠠᠭᠠᠯᠠᠮᠵᠢ ᠠ᠋ᠴᠠ ᠬᠡᠲᠦᠷᠡᠬᠦ ᠦᠭᠡᠢ ᠪᠣᠯᠠᠢ᠃ ᠡᠳᠦᠭᠡ ᠵᠢᠶᠦ᠋ᠨ ᠵᠣ᠌ ᠴᠢᠨᠦ ᠡᠨᠡ ᠮᠡᠲᠦ᠂ ᠮᠥᠯᠰᠥᠨ ᠪᠣᠯᠣᠷ ᠮᠡᠲᠦ ᠠᠷᠢᠭᠤᠨ ᠴᠡᠭᠡᠷ᠂ ᠬᠠᠰ ᠰᠤᠪᠤᠳ ᠠᠳᠠᠯᠢ ᠭᠡᠭᠡᠬᠡᠨ ᠢᠯᠭᠤᠮ ᠢ᠋ ᠲᠦᠮᠡᠨ ᠥᠬᠢᠳ ᠦ᠋ᠨ ᠳᠣᠲᠣᠷ᠎ᠠ ᠠ᠋ᠴᠠ ᠨᠢᠭᠡᠨ ᠢ᠋ ᠴᠦ᠍ ᠣᠯᠬᠤ ᠦᠭᠡᠢ ᠶ᠋ᠢ ᠨᠢᠭᠡᠨ ᠨᠠᠰᠤᠨ ᠤ᠋ ᠲᠥᠪ ᠰᠢᠷᠡᠭᠡᠨ ᠤ ᠬᠠᠲᠤᠨ ᠪᠠᠢᠭᠤᠯᠤᠨ ᠴᠢᠳᠠᠪᠠᠰᠤ᠂ ᠲᠡᠳᠡᠭᠡᠷ ᠵᠡᠷᠭᠡ ᠶ᠋ᠢᠨ ᠯᠠᠢ ᠬᠣᠭ ᠮᠡᠲᠦ ᠵᠠᠭᠤᠨ ᠰᠤᠯᠠᠴᠤᠳ ᠢ᠋ᠶ᠋ᠠᠷ ᠶᠠᠭᠤᠨ ᠬᠢᠬᠦ ? ᠭᠠᠭᠴᠠ᠂ ᠲᠥᠪ ᠰᠢᠷᠡᠭᠡᠨ ᠦ᠌ ᠶᠡᠬᠡ ᠬᠠᠲᠤᠨ ᠪᠠᠢᠭᠤᠯᠬᠤᠢ ᠳ᠋ᠤᠷ ᠬᠠᠭᠠᠨ ᠡᠴᠢᠭᠡ᠂ ᠬᠤᠸᠠᠩᠬᠡᠦ ᠡᠬᠡ ᠳ᠋ᠦ᠍ᠷ ᠴᠥᠮ ᠠᠢᠯᠠᠳᠬᠠᠬᠤ ᠬᠡᠷᠡᠭᠲᠡᠢ᠃ ᠡᠳᠦᠭᠡ ᠰᠢᠭᠤᠳ ᠵᠠᠯᠠᠨ ᠠᠪᠠᠴᠢᠰᠤᠭᠠᠢ ᠬᠡᠮᠡᠬᠦᠯ᠎ᠡ᠂ ᠴᠡᠷᠢᠭ ᠲᠦ᠍ᠷ ᠭᠠᠷᠴᠤ ᠡᠮ᠎ᠡ ᠠᠪᠤᠪᠠᠰᠤ ᠴᠠᠪᠴᠢᠵᠤ ᠠᠯᠠᠬᠤ ᠶᠠᠯ᠎ᠠ ᠳ᠋ᠤᠷ ᠲᠣᠷᠭᠠᠭᠳᠠᠮᠤᠢ᠃ ᠥᠨᠥᠬᠡᠨ ᠮᠢᠨᠦ ᠠᠬ᠎ᠠ ᠴᠢᠨ ᠸᠠᠩ᠂ ᠣᠮᠣᠷᠬᠠᠭ ᠦᠭᠡᠰ ᠬᠡᠲᠦᠷᠡᠵᠦ᠂ ᠵᠢᠨᠦᠩ ᠯᠤᠭ᠎ᠠ ᠮᠥᠴᠡᠭᠡᠷᠬᠡᠭᠰᠡᠨ ᠶᠠᠯ᠎ᠠ ᠪᠠᠷ ᠴᠥᠯᠡᠭᠳᠡᠪᠡ᠃ ᠲᠡᠢᠨ ᠬᠦ᠌ ᠡᠨᠡ ᠤᠳᠠᠭ᠎ᠠ ᠳ᠋ᠤᠷ ᠵᠢᠶᠦ᠋ᠨ ᠵᠣ᠌ ᠶ᠋ᠢ ᠶᠠᠷᠠᠭᠳᠠᠭᠠᠨ ᠤᠯᠤᠰ ᠲᠤᠷ ᠢ᠋ᠶ᠋ᠠᠨ ᠵᠠᠯᠠᠨ ᠠᠪᠠᠴᠢᠵᠤ ᠴᠢᠳᠠᠬᠤ ᠦᠭᠡᠢ ᠢᠨᠦ ᠢᠯᠡ ᠪᠣᠯᠠᠢ᠃ ᠪᠢᠳᠡ ᠬᠣᠶᠠᠭᠤᠯᠠ ᠭᠤᠷᠪᠠᠨ ᠵᠡᠷᠭᠡ ᠵᠣᠯᠭᠠᠯᠳᠤᠨ ᠬᠣᠶᠠᠷ ᠵᠡᠷᠭᠡ ᠲᠠᠩᠭᠠᠷᠢᠭᠯᠠᠨ ᠮᠥᠷᠭᠥᠵᠦ᠂ ᠨᠢᠭᠡᠨ ᠬᠥᠰᠢᠭᠡ ᠬᠠᠮᠲᠤ ᠣᠷᠣ ᠳ᠋ᠤᠷ ᠬᠣᠨᠣᠵᠤ᠂ ᠳᠣᠲᠣᠭᠠᠳᠤ ᠡᠷ᠎ᠡ ᠡᠮ᠎ᠡ ᠶ᠋ᠢᠨ ᠶᠣᠰᠣᠨ ᠨᠢᠭᠡᠨᠲᠡ ᠪᠦᠷᠢᠳᠪᠡ᠃ ᠭᠠᠭᠴᠠ ᠬᠣᠶᠠᠷ ᠪᠡᠶ᠎ᠡ ᠴᠥᠮ ᠠᠷᠢᠭᠤᠨ ᠬᠡᠮᠡᠬᠦ ᠶ᠋ᠢ ᠬᠡᠨ ᠢᠲᠡᠭᠡᠬᠦ ᠪᠣᠢ ? ᠠᠷᠢᠭᠤᠨ ᠪᠠ ᠠᠷᠢᠭᠤᠨ ᠪᠤᠰᠤ ᠶ᠋ᠢ ᠪᠢᠳᠡ ᠬᠣᠶᠠᠭᠤᠯᠠ ᠰᠡᠳᠬᠢᠯ ᠰᠡᠳᠬᠢᠯ ᠳ᠋ᠡᠭᠡᠨ ᠮᠡᠳᠡᠵᠦ᠂ ᠬᠥᠬᠡ ᠣᠭᠲᠠᠷᠭᠤᠢ ᠶ᠋ᠢᠨ ᠡᠵᠡᠨ ᠰᠠᠬᠢᠭᠤᠯᠰᠤᠨ ᠪᠠ ᠬᠠᠭᠠᠨ ᠡᠴᠢᠭᠡ ᠶ᠋ᠢᠨ ᠰᠦᠯᠳᠡ ᠰᠠᠬᠢᠭᠤᠰᠤ ᠠᠢᠯᠠᠳᠪᠠᠰᠤ ᠪᠠᠷᠠᠪᠠ᠂ ᠡᠨᠡ ᠮᠡᠲᠦ ᠪᠡᠷ ᠵᠢᠶᠦ᠋ᠨ ᠵᠣ᠌ ᠴᠢ ᠶᠠᠭᠤᠨᠠᠢ ᠬᠤᠪᠢᠰᠤᠨ ᠤᠷᠪᠠᠬᠤ ᠠᠵᠠᠢ ?》ᠬᠡᠮᠡᠬᠦᠢ ᠳ᠋ᠦ᠍ᠷ ᠵᠢᠶᠦ᠋ᠨ ᠵᠣ᠌ ᠶᠡᠬᠡᠯ᠎ᠡ ᠢᠨᠢᠶᠡᠨ ᠥᠭᠦᠯᠡᠷᠦᠨ :
《ᠪᠢ ᠬᠤᠪᠢᠰᠤᠨ ᠤᠷᠪᠠᠭᠠᠳ ᠪᠠᠰᠠ ᠬᠠᠮᠢᠭ᠎ᠠ ᠠ᠋ᠴᠠ ᠨᠢᠭᠡᠨ ᠬᠠᠰ ᠠᠭᠤᠯᠠ ᠠᠳᠠᠯᠢ ᠬᠠᠭᠠᠨ ᠤ᠋ ᠲᠠᠢᠽᠢ ᠳ᠋ᠤᠷ ᠣᠯᠵᠤ ᠭᠠᠷᠬᠤ ᠪᠣᠢ ? ᠠᠷᠭᠠᠳᠠᠯ ᠦᠭᠡᠢ ᠲᠦᠷ ᠬᠠᠯᠬᠠᠯᠠᠨ ᠨᠢᠭᠤᠬᠤ ᠠᠨᠤ ᠮᠢᠨᠦ ᠲᠥᠷᠥᠭᠰᠡᠨ ᠡᠴᠢᠭᠡ ᠸᠠᠩ ᠤ᠋ᠨ ᠨᠢᠭᠡᠬᠡᠨ ᠬᠥᠮᠦᠨ ᠦ᠌ ᠨᠢᠳᠦ ᠴᠢᠬᠢ ᠶ᠋ᠢ ᠴᠠᠭ ᠭᠱᠠᠨ ᠤ᠋ ᠲᠡᠳᠦᠢᠯᠡ ᠬᠠᠯᠬᠠᠯᠠᠨ ᠥᠩᠭᠡᠷᠡᠭᠡᠵᠦ ᠪᠣᠯᠬᠤ ᠪᠣᠢ ᠶᠠ᠂ ᠬᠠᠮᠤᠭ ᠬᠥᠮᠦᠨ ᠦ᠌ ᠴᠢᠬᠢ ᠨᠢᠳᠦ ᠶ᠋ᠢ ᠬᠡᠨ ᠬᠠᠯᠬᠠᠯᠠᠨ ᠬᠠᠪᠬᠠᠯᠠᠵᠤ ᠴᠢᠳᠠᠬᠤ ᠪᠣᠢ ? ᠡᠴᠦᠰ ᠲᠦ᠍ᠷ ᠬᠡᠷᠡᠭ ᠦ᠋ᠨ ᠦᠨᠡᠨ ᠢᠨᠦ ᠦᠯᠦ ᠢᠯᠡᠷᠡᠬᠦ ᠶᠣᠰᠣ ᠦᠭᠡᠢ᠃ ᠭᠤᠷᠪᠠᠨ ᠡᠳᠦᠷ ᠦ᠋ᠨ ᠡᠴᠦᠰ᠂ ᠮᠢᠨᠦ ᠳᠡᠭᠦᠦ ᠽᠦᠨ ᠰᠢᠦᠢ ᠢᠷᠡᠮᠡᠭᠴᠡ᠂ ᠲᠡᠭᠦᠨ ᠦ᠌ ᠡᠮᠦᠨ᠎ᠡ ᠡᠷ᠎ᠡ ᠡᠮ᠎ᠡ ᠪᠣᠯᠤᠨ ᠲᠡᠭᠦᠰᠦᠭᠰᠡᠨ ᠢ᠋ᠶ᠋ᠡᠷ ᠬᠤᠷᠢᠮᠯᠠᠭᠠᠳ ᠲᠡᠭᠦᠨ ᠢ᠋ ᠡᠮ᠎ᠡ ᠶ᠋ᠢᠨ ᠳᠡᠭᠦᠦ ᠲᠠᠨᠢᠪᠠᠰᠤ ᠥᠨᠢᠳᠡ ᠶ᠋ᠢᠨ ᠬᠡᠷᠡᠭ ᠲᠡᠭᠦᠰᠦᠨ ᠪᠦᠷᠢᠳᠬᠦ ᠪᠣᠯᠠᠢ᠃ ᠥᠷᠥᠰᠢᠶᠡᠯᠲᠦ ᠲᠠᠢᠽᠢ ᠭᠡᠭᠡᠵᠦ ᠡᠰᠡ ᠰᠠᠨᠠᠪᠠᠰᠤ᠂ ᠬᠡᠵᠢᠶ᠎ᠡ ᠬᠢᠷᠢ ᠳ᠋ᠦ᠍ᠷ ᠭᠡᠷᠭᠡᠢ ᠪᠡᠨ ᠠᠪᠤᠮᠤᠢ ᠬᠡᠮᠡᠪᠡᠰᠦ ᠳᠠᠷᠤᠢ ᠬᠦᠷᠭᠡᠵᠦ ᠢᠷᠡᠬᠦ ᠬᠡᠷᠡᠭ ᠲᠡᠢ ᠪᠣᠯᠠᠢ᠃ ᠨᠡᠩ ᠪᠠᠰᠠ ᠬᠣᠭᠣᠰᠣᠨ ᠢ᠋ᠶ᠋ᠠᠷ ᠬᠠᠭᠤᠷᠮᠠᠭ ᠪᠤᠷᠲᠠᠭ ᠨᠡᠷ᠎ᠡ ᠶ᠋ᠢ ᠡᠭᠦᠷᠪᠡ ᠬᠡᠮᠡᠬᠦ ᠡᠴᠡ ᠲᠡᠨᠡᠭ ᠥᠬᠢᠨ ᠪᠢ ᠥᠴᠦᠬᠡᠨ ᠴᠦ᠍ ᠠᠶᠤᠬᠤ ᠦᠭᠡᠢ ᠪᠡᠷ ᠦᠯᠦ ᠪᠠᠷᠠᠮ᠂ ᠭᠡᠳᠡᠷᠭᠦ ᠬᠠᠷᠢᠨ ᠬᠠᠭᠠᠨ ᠳᠡᠭᠷᠢᠯᠢᠭ ᠲᠣᠷ ᠪᠠᠷᠠᠭᠠᠳᠠᠨ ᠮᠥᠷᠭᠥᠵᠦ ᠴᠢᠳᠠᠭᠰᠠᠨ ᠢ᠋ᠶ᠋ᠠᠷ ᠬᠠᠰ ᠬᠠᠭᠠᠯᠭᠠᠨ ᠳ᠋ᠤᠷ ᠠᠨᠤ ᠪᠡᠷᠢ ᠦᠷ᠎ᠡ ᠪᠣᠯᠤᠨ ᠵᠠᠪᠰᠢᠪᠠ ᠭᠡᠮᠡᠨ ᠲᠡᠭᠷᠢ ᠶ᠋ᠢᠨ ᠮᠠᠨᠳᠠᠯ ᠳ᠋ᠤᠷ ᠳᠡᠪᠰᠢᠭᠰᠡᠨ ᠮᠡᠲᠦ ᠪᠠᠶᠠᠷᠯᠠᠮᠤᠢ᠃ ᠬᠡᠷᠪᠡ ᠬᠤᠪᠢᠯᠭᠠᠨ ᠡᠬᠡ ᠪᠠᠭᠰᠢ ᠶ᠋ᠢᠨ ᠰᠤᠷᠭᠠᠯ ᠰᠣᠶᠣᠷᠬᠠᠯ ᠢ᠋ ᠬᠠᠳᠠᠭᠠᠯᠠᠨ ᠴᠠᠭ ᠬᠡᠮᠵᠢᠶ᠎ᠡ ᠶ᠋ᠢ ᠡᠰᠡ ᠬᠦᠯᠢᠶᠡᠬᠦ ᠪᠥᠭᠡᠰᠦ᠂ ᠲᠠᠢᠽᠢ ᠶ᠋ᠢ ᠬᠡᠳᠦᠢᠨ ᠡᠷᠢᠨ ᠡᠴᠢᠵᠦ ᠬᠠᠭᠠᠨ ᠬᠠᠳᠠᠮ ᠬᠤᠸᠠᠩᠬᠡᠦ ᠡᠬᠡ ᠳ᠋ᠦ᠍ᠷ ᠪᠠᠷᠠᠭᠠᠳᠠᠨ ᠮᠥᠷᠭᠥᠭᠡᠳ᠂ ᠨᠢᠭᠤᠷ ᠦᠭᠡᠢ ᠶᠠᠯ᠎ᠠ ᠪᠠᠨ ᠬᠦᠯᠢᠶᠡᠨ᠂ ᠪᠣᠱᠣᠭ᠎ᠠ ᠶ᠋ᠢᠨ ᠳᠣᠣᠷᠠᠬᠢ ᠪᠣᠭᠣᠯ ᠪᠡᠷᠢ ᠪᠣᠯᠤᠨ ᠪᠠᠷᠠᠭᠰᠠᠨ ᠠᠨᠤ ᠪᠣᠯᠠᠢ᠃ ᠲᠦᠮᠡᠨ ᠦᠭᠡᠰ ᠢ᠋ ᠨᠢᠭᠡᠨ᠎ᠡ ᠲᠣᠪᠴᠢᠶᠠᠯᠠᠨ ᠲᠤᠢᠯ ᠤ᠋ᠨ ᠦᠨᠡᠨ ᠦᠭᠡᠰ ᠢ᠋ᠶ᠋ᠡᠷ ᠲᠠᠰᠤᠯᠤᠨ ᠬᠡᠯᠡᠰᠦᠭᠡᠢ᠃ ᠲᠡᠨᠡᠭ ᠥᠬᠢᠨ ᠪᠢ ᠠᠷᠪᠠᠨ ᠶᠢᠰᠦᠨ ᠨᠠᠰᠤᠯᠠᠭᠠᠳ᠂ ᠪᠠᠭᠰᠢ ᠡᠬᠡ ᠶ᠋ᠢᠨ ᠵᠠᠷᠯᠢᠭ ᠡᠰᠡ ᠢᠷᠠᠪᠠᠰᠤ ᠰᠢᠭᠤᠳ ᠬᠠᠷᠢᠶᠠᠲᠤ ᠴᠡᠷᠢᠭ ᠢ᠋ᠶ᠋ᠡᠨ ᠠᠪᠴᠤ᠂ ᠲᠠᠢᠽᠢ ᠡᠵᠡᠨ ᠡᠷ᠎ᠡ ᠪᠡᠨ ᠡᠷᠢᠨ ᠢᠷᠡᠬᠦ ᠪᠣᠯᠠᠢ᠃ ᠬᠡᠨ ᠨᠠᠮᠠᠶ᠋ᠢ ᠬᠠᠯᠬᠠᠯᠠᠨ ᠵᠣᠭᠰᠣᠭᠠᠵᠤ ᠴᠢᠳᠠᠮᠤᠢ ? ᠭᠡᠷᠭᠡᠢ ᠨᠠᠮᠠᠶ᠋ᠢ ᠠᠰᠠᠷᠠᠨ ᠲᠡᠵᠢᠭᠡᠭᠰᠡᠨ ᠠᠪᠠᠭ᠎ᠠ ᠡᠴᠢᠭᠡ ᠸᠠᠩ ᠨᠢᠳᠤᠨᠤᠨ ᠵᠢᠯ ᠺᠠᠷᠠᠭ ᠡᠪᠡᠳᠴᠢᠨ ᠢ᠋ᠶ᠋ᠡᠷ ᠦᠭᠡᠢ ᠪᠣᠯᠪᠠ᠂ ᠣᠳᠣ ᠭᠠᠭᠴᠠ ᠠᠪᠠᠭ᠎ᠠ ᠡᠬᠡ ᠨᠢᠯᠬ᠎ᠠ ᠳᠡᠭᠦᠦ ᠬᠣᠴᠣᠷᠴᠤᠬᠤᠢ᠃ ᠭᠡᠷᠭᠡᠢ ᠶᠠᠭᠤ ᠪᠣᠯᠤᠭᠰᠠᠨ ᠴᠤ᠌ ᠳᠡᠭᠦᠦ ᠪᠡᠨ ᠲᠡᠵᠢᠭᠡᠨ ᠬᠥᠮᠦᠵᠢᠭᠦᠯᠵᠦ᠂ ᠡᠴᠢᠭᠡ ᠶ᠋ᠢᠨ ᠠᠴᠢ ᠳ᠋ᠤᠷ ᠬᠠᠷᠢᠭᠤᠯᠠᠮᠤᠢ᠃ ᠮᠢᠨᠦ ᠲᠥᠷᠥᠭᠰᠡᠨ ᠡᠴᠢᠭᠡ ᠶᠦᠸᠧ ᠸᠠᠩ ᠤᠭ ᠲᠤᠷ ᠨᠠᠮᠠᠶ᠋ᠢ ᠣᠭᠲᠣ ᠰᠠᠨᠠᠬᠤ ᠦᠭᠡᠢ ᠪᠥᠯᠥᠭᠡ᠃ ᠡᠨᠡ ᠬᠣᠶᠠᠷ ᠵᠢᠯ ᠬᠠᠭᠠᠨ ᠲᠥᠷᠥ ᠶ᠋ᠢ ᠬᠢᠴᠢᠶᠡᠨ᠂ ᠮᠢᠨᠦ ᠬᠡᠳᠦᠨ ᠲᠡᠨᠡᠭ ᠦᠭᠡᠰ ᠳᠡᠭᠦᠨᠦ ᠰᠠᠨᠠᠭᠠᠨ ᠳ᠋ᠤᠷ ᠨᠡᠢᠴᠡᠭᠰᠡᠨ ᠢ᠋ᠶ᠋ᠡᠷ ᠰᠠᠶᠢ ᠡᠢᠨ ᠬᠦ᠌ ᠵᠦᠭ ᠵᠦᠭ ᠦ᠋ᠨ ᠴᠡᠷᠢᠭ ᠦ᠋ᠨ ᠬᠦᠷᠢᠶ᠎ᠡ ᠶ᠋ᠢ ᠪᠠᠢᠴᠠᠭᠠᠯᠭᠠᠨ ᠬᠡᠯᠡᠯᠴᠡᠭᠦᠯᠦᠮᠦᠢ᠃ ᠮᠢᠨᠦ ᠬᠤᠪᠢᠯᠭᠠᠨ ᠪᠠᠭᠰᠢ ᠡᠬᠡ ᠶ᠋ᠢᠨ ᠵᠠᠷᠯᠢᠭ — ᠡᠴᠢᠭᠡ ᠸᠠᠩ ᠢ᠋ ᠬᠡᠳᠦᠨ ᠵᠢᠯ ᠦ᠋ᠨ ᠤᠯᠤᠰ ᠢ᠋ ᠡᠵᠡᠯᠡᠬᠦ ᠬᠤᠪᠢ ᠪᠣᠢ ᠂ ᠭᠡᠷᠭᠡᠢ ᠨᠠᠮᠠᠶ᠋ᠢ ᠲᠡᠭᠦᠨ ᠢ᠋ ᠰᠠᠭᠤᠷᠢᠨ ᠢ᠋ ᠡᠵᠡᠯᠡᠲᠡᠯᠡ ᠪᠢᠲᠡᠭᠡᠢ ᠬᠠᠭᠠᠴᠠᠨ ᠠᠩᠭᠢᠵᠢᠷᠠ᠂ ᠡᠴᠦᠰ ᠲᠦ᠍ᠷ ᠳᠡᠭᠷᠢᠯᠢᠭ ᠴᠢᠩᠭᠢᠰ ᠲᠦ᠍ᠷ ᠰᠠᠢᠨ ᠢ᠋ᠶ᠋ᠠᠷ ᠳᠠᠭᠠᠵᠤ᠂ ᠣᠯᠠᠨ ᠲᠦᠮᠡᠨ ᠢ᠋ ᠠᠮᠤᠷ ᠢ᠋ᠶ᠋ᠠᠷ ᠬᠠᠮᠠᠭᠠᠯᠠᠨ ᠠᠮᠢᠳᠤᠷᠠᠭᠤᠯᠬᠤ ᠠᠨᠤ ᠴᠥᠮ ᠭᠡᠷᠭᠡᠢ ᠮᠢᠨᠦ ᠪᠡᠶ᠎ᠡ ᠳ᠋ᠦ᠍ᠷ ᠬᠣᠯᠪᠣᠭᠳᠠᠵᠤ ᠪᠣᠢ ᠭᠡᠮᠡᠨ ᠪᠠᠭᠰᠢ ᠡᠬᠡ ᠭᠤᠷᠪᠠᠨ ᠵᠡᠷᠭᠡ ᠪᠢᠴᠢᠭ ᠢᠯᠡᠭᠡᠵᠦ᠂ ᠲᠠᠪᠤᠨ ᠵᠡᠷᠭᠡ ᠦᠭᠡᠰ ᠢ᠋ᠶ᠋ᠡᠷ ᠰᠤᠷᠭᠠᠭᠰᠠᠨ ᠤ᠋ ᠲᠤᠯᠠᠳᠠ ᠪᠣᠯᠠᠢ᠃ ᠲᠡᠢᠮᠦ ᠪᠤᠰᠤ ᠪᠣᠯᠬᠤᠯ᠎ᠠ᠂ ᠭᠡᠷᠭᠡᠢ ᠮᠢᠨᠦ ᠲᠠᠢᠽᠢ ᠶ᠋ᠢ ᠳᠠᠭᠠᠵᠤ ᠡᠴᠢᠬᠦ ᠶ᠋ᠢ ᠮᠢᠨᠦ ᠡᠴᠢᠭᠡ ᠸᠠᠩ ᠵᠣᠭᠰᠣᠭᠠᠨ ᠦᠯᠦ ᠴᠢᠳᠠᠬᠤ ᠴᠤ᠌ ᠪᠠᠢᠲᠤᠭᠠᠢ᠂ ᠬᠡᠳᠦᠢᠪᠡᠷ ᠡᠷᠬᠡᠲᠦ ᠡᠰᠡᠷᠸ᠎ᠠ ᠶ᠋ᠢᠨ ᠬᠤᠷᠮᠤᠰᠲᠠ ᠪᠣᠯᠪᠠᠴᠤ ᠭᠡᠷᠭᠡᠢ ᠪᠢ ᠦᠯᠦ ᠠᠶᠤᠬᠤ ᠪᠣᠯᠠᠢ᠃ ᠡᠳᠦᠭᠡ ᠳ᠋ᠡᠭᠡᠨ ᠪᠣᠯᠪᠠᠰᠤ ᠭᠡᠷᠭᠡᠢ ᠮᠢᠨᠦ ᠨᠠᠰᠤ ᠪᠠᠭ᠎ᠠ᠂ ᠡᠷ᠎ᠡ ᠰᠠᠨᠠᠬᠤ ᠠᠮᠲᠠ ᠶ᠋ᠢ ᠰᠠᠢᠬᠠᠨ ᠮᠡᠳᠡᠬᠦ ᠦᠭᠡᠢ᠂ ᠲᠠᠢᠽᠢ ᠶ᠋ᠢᠨ ᠪᠡᠶ᠎ᠡ ᠪᠠ ᠰᠡᠳᠬᠢᠯ ᠳ᠋ᠦ᠍ᠷ ᠢᠨᠦ ᠡᠷ᠎ᠡ ᠡᠮ᠎ᠡ ᠶ᠋ᠢᠨ ᠠᠮᠠᠷᠠᠭ ᠠ᠋ᠴᠠ ᠬᠠᠷᠢᠨ ᠬᠡᠲᠦᠷᠬᠡᠢ᠃ ᠵᠢᠴᠢ ᠳ᠋ᠦ᠍ᠷ ᠪᠠᠭᠰᠢ ᠶ᠋ᠢᠨ ᠵᠠᠷᠯᠢᠭᠴᠢᠯᠠᠭᠰᠠᠨ ᠡᠴᠢᠭᠡ ᠶ᠋ᠢᠨ ᠲᠥᠷᠥ ᠶ᠋ᠢ ᠡᠵᠡᠯᠡᠬᠦ ᠶ᠋ᠢᠨ ᠦᠢᠯᠡ ᠳ᠋ᠦ᠍ᠷ ᠬᠥᠮᠦᠨ ᠲᠥᠷᠥᠯᠬᠢᠲᠡᠨ ᠦ᠌ ᠶᠡᠬᠡ ᠲᠥᠯᠥᠪ ᠢ᠋ ᠲᠡᠨᠡᠭ ᠢ᠋ᠶ᠋ᠡᠷ ᠳᠠᠭᠤᠷᠢᠶᠠᠨ ᠶᠠᠪᠤᠬᠤ ᠪᠣᠯᠠᠢ᠃ ᠡᠴᠦᠰ ᠦ᠋ᠨ ᠬᠡᠷᠡᠭ ᠢ᠋ ᠲᠠᠢᠽᠢ ᠴᠤ᠌ ᠪᠣᠳᠣᠵᠤ ᠦᠵᠡ᠃ ᠮᠢᠨᠦ ᠡᠨᠡ ᠵᠡᠷᠭᠡ ᠶ᠋ᠢᠨ ᠭᠠᠯᠵᠠᠭᠤ ᠲᠡᠨᠡᠭ ᠠᠶᠤᠮᠰᠢᠭᠲᠠᠢ ᠰᠦᠷᠡᠬᠡᠢ ᠥᠬᠢᠨ ᠳ᠋ᠦ᠍ᠷ ᠲᠠᠢᠽᠢ ᠴᠢᠮᠠᠴᠠ ᠥᠪᠡᠷ᠎ᠡ ᠶᠠᠮᠪᠠᠷ ᠬᠥᠮᠦᠨ ᠲᠡᠩᠴᠡᠵᠦ ᠨᠠᠮᠠᠶ᠋ᠢ ᠡᠪᠦᠷᠯᠡᠨ ᠬᠡᠪᠲᠡᠵᠦ᠂ ᠡᠮ᠎ᠡ ᠪᠡᠨ ᠬᠢᠵᠦ ᠴᠢᠳᠠᠮᠤᠢ ? ᠨᠡᠩ ᠪᠠᠰᠠ ᠲᠠᠢᠽᠢ ᠴᠢᠨᠦ ᠡᠨᠡ ᠮᠡᠲᠦ ᠲᠡᠭᠷᠢ ᠶ᠋ᠢᠨ ᠬᠤᠪᠢᠯᠭᠠᠨ ᠮᠡᠲᠦ ᠸᠠᠩ ᠳ᠋ᠤᠷ ᠨᠠᠳᠠ ᠠ᠋ᠴᠠ ᠥᠪᠡᠷ᠎ᠡ ᠶᠠᠮᠪᠠᠷ ᠶᠡᠬᠡ ᠵᠢᠷᠦᠬᠡ ᠲᠡᠢ ᠥᠬᠢᠨ ᠲᠡᠩᠴᠡᠵᠦ ᠭᠡᠷᠭᠡᠢ ᠪᠣᠯᠤᠨ ᠴᠢᠳᠠᠬᠤ ᠠᠵᠠᠢ ? ᠨᠡᠩᠳᠡ ᠪᠠᠰᠠ ᠦᠨᠡᠨ ᠢ᠋ ᠬᠡᠯᠡᠪᠡᠰᠦ ᠲᠡᠨᠡᠭ ᠭᠡᠷᠭᠡᠢ ᠠᠷᠪᠠᠨ ᠲᠠᠪᠤᠬᠠᠨ ᠨᠠᠰᠤᠨ᠎ᠠ᠂ ᠲᠠᠢᠽᠢ ᠶ᠋ᠢᠨ ᠡᠪᠦᠷ ᠲᠣᠷ ᠰᠠᠭᠤᠨ᠂ ᠬᠦᠵᠦᠭᠦᠦ ᠶ᠋ᠢ ᠲᠡᠪᠡᠷᠢᠨ ᠠᠷᠢᠬᠢ ᠤᠤᠭᠤᠨ᠂ ᠲᠡᠭᠷᠢ ᠰᠠᠬᠢᠭᠤᠯᠰᠤᠨ ᠢ᠋ ᠵᠢᠭᠠᠵᠤ ᠲᠠᠩᠭᠠᠷᠢᠭᠯᠠᠨ ᠡᠷ᠎ᠡ ᠡᠮ᠎ᠡ ᠪᠣᠯᠵᠤ ᠪᠠᠷᠠᠭᠰᠠᠨ ᠢ᠋ ᠡᠰᠡ ᠬᠣᠢᠰᠢᠯᠠᠭᠰᠠᠨ ᠰᠣᠯᠢᠭᠤ ᠲᠡᠨᠡᠭ ᠪᠢ ᠠᠷᠪᠠᠨ ᠶᠢᠰᠦᠨ ᠨᠠᠰᠤᠯᠠᠭᠠᠳ᠂ ᠲᠡᠭᠷᠢ ᠭᠠᠵᠠᠷ ᠲᠤᠷ ᠮᠥᠷᠭᠥᠵᠦ᠂ ᠬᠤᠪᠢᠯᠭᠠᠨ ᠰᠠᠬᠢᠭᠤᠯᠰᠤᠨ᠎ᠠ ᠲᠠᠩᠭᠠᠷᠢᠭᠯᠠᠨ ᠲᠡᠮᠳᠡᠭᠯᠡᠭᠰᠡᠨ ᠡᠷ᠎ᠡ ᠪᠡᠨ ᠡᠷᠢᠨ ᠡᠴᠢᠬᠦᠢ ᠳ᠋ᠦ᠍ᠷ ᠢᠴᠢᠩᠭᠦᠷᠡᠮᠦᠢ ᠬᠡᠮᠡᠮᠦᠢ ᠤᠤ ? 》ᠬᠡᠮᠡᠭᠰᠡᠨ ᠳ᠋ᠦ᠍ᠷ ᠲᠠᠢᠽᠢ ᠴᠠᠭᠠᠲᠠᠢ ᠲᠠᠰᠤᠷᠬᠠᠶᠠ ᠶᠡᠬᠡᠳᠡ ᠪᠠᠶᠠᠷᠯᠠᠨ ᠲᠠᠭᠠᠯᠠᠵᠤ ᠥᠭᠦᠯᠡᠷᠦᠨ᠄
《ᠡᠨᠡ ᠢᠨᠤ ᠴᠢᠪ ᠴᠢᠬᠡᠴᠢ ᠦᠨᠡᠨ ᠦᠭᠡ᠂ ᠪᠢᠳᠡ ᠬᠣᠶᠠᠭᠤᠯᠠ ᠪᠠᠢᠯᠳᠤᠬᠤ ᠶ᠋ᠢᠨ ᠵᠠᠪᠰᠠᠷ᠎ᠠ ᠪᠠᠬᠠᠷᠬᠠᠨ ᠬᠠᠮᠲᠤᠳᠠᠭᠰᠠᠨ ᠠᠨᠤ ᠲᠡᠭᠷᠢ ᠶ᠋ᠢᠨ ᠬᠠᠮᠲᠤᠳᠠᠯ᠂ ᠵᠢᠶᠦ᠋ᠨ ᠵᠣ᠌ ᠴᠢᠨᠦ ᠡᠨᠡ ᠮᠠᠰᠢᠳᠠ ᠬᠦᠰᠡᠯᠲᠡᠢ ᠮᠡᠷᠭᠡᠨ ᠭᠡᠭᠡᠬᠡᠨ ᠲᠠᠰᠤᠷᠬᠠᠢ ᠬᠤᠷᠴᠠ ᠪᠠᠭᠠᠲᠤᠷ ᠪᠠᠲᠤ ᠸᠠᠩ ᠤ᠋ᠨ ᠬᠠᠲᠤᠨ ᠪᠣᠯᠠᠢ᠃ ᠪᠣᠯᠬᠢ ᠪᠢ ᠶᠠᠭᠠᠬᠢᠨ ᠣᠳᠣ ᠬᠣᠶᠠᠷ ᠣᠨ ᠠᠯᠤᠰ ᠪᠠᠢᠬᠤᠢ ᠶ᠋ᠢ ᠲᠡᠰᠪᠦᠷᠢᠯᠡᠨ ᠬᠡᠲᠦᠷᠡᠭᠦᠯᠰᠦᠭᠡᠢ ᠭᠡᠮᠡᠨ ᠵᠣᠪᠠᠨᠢᠮᠤᠢ ? 》ᠬᠡᠮᠡᠬᠦᠢ ᠳ᠋ᠦ᠍ᠷ ᠵᠢᠶᠦ᠋ᠨ ᠵᠣ᠌ ᠢᠨᠢᠶᠡᠨ ᠥᠭᠦᠯᠡᠷᠦᠨ᠄
《ᠶᠡᠷᠦ ᠶ᠋ᠢᠨ ᠦᠭᠡᠰ ᠲᠣᠷ < ᠲᠡᠨᠡᠭ ᠬᠥᠮᠦᠨ ᠲᠡᠭ ᠳᠤᠮᠳᠠᠭᠤᠷ > ᠬᠡᠮᠡᠭᠴᠢ ᠳᠠᠷᠤᠢ ᠡᠨᠡ ᠪᠣᠯᠠᠢ᠂ ᠲᠡᠨᠡᠭ ᠭᠡᠷᠭᠡᠢ ᠪᠢ ᠲᠠᠢᠽᠢ ᠴᠢᠮᠠᠳᠤᠷ ᠬᠤᠷᠢᠶᠠᠭᠳᠠᠭᠰᠠᠨ ᠦᠭᠡᠢ ᠪᠥᠭᠡᠰᠦ ᠬᠠᠷᠢᠨᠴᠤ ᠪᠠᠬᠠᠨ ᠠᠶᠤᠬᠤ ᠡᠮᠢᠶᠡᠬᠦ ᠢᠴᠢᠩᠭᠦᠷᠡᠬᠦ ᠮᠡᠬᠡᠢᠷᠡᠬᠦ ᠭᠠᠵᠠᠷ ᠪᠣᠢ ᠪᠥᠯᠥᠭᠡ᠃ ᠡᠨᠡ ᠡᠳᠦᠷ ᠨᠢᠭᠡᠨᠲᠡ ᠲᠠᠢᠽᠢ ᠶ᠋ᠢᠨ ᠬᠣᠷᠮᠣᠢ ᠶ᠋ᠢᠨ ᠲᠣᠭᠣᠰᠤᠨᠠ ᠬᠤᠷᠢᠶᠠᠭᠳᠠᠵᠤ᠂ ᠬᠣᠣᠰ ᠳᠡᠷᠡ ᠳ᠋ᠦ᠍ᠷ ᠳᠡᠷᠡᠯᠡᠨ ᠡᠷ᠎ᠡ ᠡᠮ᠎ᠡ ᠪᠣᠯᠤᠨ ᠲᠡᠭᠦᠰᠴᠦ᠂ ᠡᠪᠳᠡᠷᠡᠭᠰᠡᠨ ᠦᠭᠡᠢ ᠥᠬᠢᠨ ᠪᠡᠶ᠎ᠡ ᠪᠡᠨ ᠡᠪᠳᠡᠷᠡᠪᠡ ᠭᠡᠮᠡᠨ ᠦᠨᠡᠮᠴᠢᠯᠡᠨ ᠬᠡᠯᠡᠬᠦ ᠶ᠋ᠢ ᠳᠤᠷᠠᠯᠠᠬᠤ ᠪᠣᠢ ᠶᠠ᠃ ᠡᠪᠳᠡᠷᠡᠭᠡᠳᠦᠢ ᠪᠢᠲᠡᠭᠦᠦ ᠬᠡᠦᠬᠡᠨ ᠪᠡᠶ᠎ᠡ ᠬᠡᠮᠡᠬᠦᠢ ᠶ᠋ᠢ ᠭᠡᠳᠡᠷᠭᠦ ᠬᠠᠷᠢᠨ ᠢᠴᠢᠩᠭᠦᠷᠡᠬᠦ ᠪᠣᠯᠠᠢ᠃ ᠲᠡᠩᠬᠡ ᠬᠢᠷᠢ ᠬᠦᠷᠦᠯᠴᠡᠬᠦ ᠦᠭᠡᠢ ᠶ᠋ᠢᠨ ᠣᠴᠢᠷ᠎ᠠ ᠲᠡᠷᠡ ᠬᠡᠷᠡᠭ ᠢ᠋ ᠭᠤᠶᠤᠬᠤ ᠪᠣᠢ ᠶᠠ᠃ ᠡᠷᠬᠡᠪᠰᠢ ᠠᠷᠢᠭᠤᠨ ᠪᠠᠲᠤ ᠶ᠋ᠢ ᠦᠵᠡᠭᠦᠯᠰᠦᠭᠡᠢ ᠭᠡᠮᠡᠨ ᠴᠢᠷᠮᠠᠢᠨ ᠠᠭᠠᠰᠢᠯᠠᠬᠤ ᠪᠤᠰᠤ ᠶ᠋ᠢ ᠲᠠᠢᠽᠢ ᠢᠯᠡᠷᠬᠡᠶ᠎ᠡ ᠳᠤᠯᠢᠳᠠᠨ ᠠᠢᠯᠠᠳᠴᠤ ᠭᠠᠷᠭᠠᠭᠰᠠᠨ ᠠᠨᠤ ᠪᠣᠯᠠᠢ 》ᠬᠡᠮᠡᠭᠰᠡᠨ ᠳ᠋ᠦ᠍ᠷ ᠲᠠᠢᠽᠢ ᠳᠠᠪᠲᠠᠶᠠ ᠪᠡᠶᠡᠰᠦᠨ ᠲᠠᠭᠠᠯᠠᠵᠤ᠂ ᠬᠣᠶᠠᠷ ᠡᠲᠡᠭᠡᠳ ᠦ᠋ᠨ ᠬᠣᠴᠢ ᠦᠭᠡᠢ ᠴᠢᠩ ᠦᠨᠡᠨ ᠨᠠᠢᠷ ᠵᠢᠷᠤᠮ ᠤ᠋ᠨ ᠪᠠᠶᠠᠷ ᠴᠡᠩᠭᠡᠯ ᠦ᠋ᠨ ᠪᠠᠬᠠᠷᠬᠠᠯ ᠠᠮᠠᠷᠠᠭ ᠬᠠᠷᠢᠨᠴᠤ ᠬᠠᠷᠠᠩᠭᠤᠢ ᠬᠤᠷᠢᠴᠠᠯ ᠤ᠋ᠨ ᠬᠠᠯᠠᠭᠤᠨ ᠨᠢᠰᠸᠠᠨᠢᠰ ᠤ᠋ᠨ ᠠᠮᠠᠷᠠᠭ ᠠ᠋ᠴᠠ ᠢᠯᠡᠭᠦᠦ ᠭᠤᠷᠪᠠᠨ ᠬᠤᠪᠢ ᠬᠡᠲᠦᠷᠡᠭᠡᠳ᠂ ᠶᠡᠬᠡ ᠡᠷᠡᠰ ᠦ᠋ᠨ ᠪᠠᠲᠤ ᠵᠢᠷᠤᠮ ᠤ᠋ᠨ ᠬᠠᠷᠢᠯᠴᠠᠨ ᠬᠦᠨᠳᠦᠯᠡᠬᠦ᠂ ᠬᠠᠳᠠᠨ ᠬᠤᠷᠴᠠ ᠵᠣᠷᠢᠭ ᠵᠢᠷᠤᠮ ᠤ᠋ᠨ ᠦᠵᠡᠯ ᠪᠢᠰᠢᠷᠡᠯ ᠪᠣᠯᠭᠠᠨ ᠪᠠᠷᠢᠯᠳᠤᠭᠠᠳ᠂ ᠲᠠᠴᠢᠶᠠᠩᠭᠤᠢ ᠶ᠋ᠢᠨ ᠳᠣᠲᠣᠷ᠎ᠠ ᠠ᠋ᠴᠠ ᠲᠠᠰᠤᠷᠬᠠᠢ ᠵᠢᠷᠤᠮ ᠪᠦᠲᠦᠵᠦ ᠪᠣᠰᠤᠭᠠᠳ᠂ ᠬᠤᠷᠢᠴᠠᠯ ᠤ᠋ᠨ ᠬᠣᠭᠣᠷᠣᠨᠳᠣ ᠠ᠋ᠴᠠ ᠬᠤᠷᠴᠠ ᠠᠮᠠᠷᠠᠭ ᠤ᠋ᠨ ᠬᠣᠣᠰ ᠪᠠᠭᠠᠲᠤᠷ ᠤ᠋ᠨ ᠪᠠᠲᠤ ᠲᠥᠷᠥᠭᠳᠡᠨ ᠪᠠᠳᠠᠷᠠᠭᠠᠳ᠂ ᠬᠠᠷᠢᠯᠴᠠᠨ ᠲᠡᠪᠡᠷᠢᠯᠴᠡᠨ᠂ ᠬᠥᠯ ᠰᠣᠯᠪᠢᠯᠴᠠᠨ᠂ ᠡᠯᠢᠭᠡ ᠢᠪᠡᠯᠴᠡᠨ᠂ ᠭᠡᠰᠢᠭᠦᠨ ᠵᠠᠭᠤᠷᠠᠯᠳᠤᠨ ᠬᠡᠯᠡᠯᠴᠡᠭᠰᠡᠭᠡᠷ ᠤᠮᠳᠠᠵᠠᠭᠠᠪᠠᠢ᠂ ᠨᠢᠭᠡᠨ ᠰᠥᠨᠢ ᠦᠭᠡ ᠦᠭᠡᠢ᠃
ᠵᠢᠴᠢ ᠥᠷᠯᠥᠭᠡ ᠲᠠᠢᠽᠢ ᠡᠷᠲᠡ ᠪᠣᠰᠴᠤ᠂ ᠴᠢᠨᠠᠳᠤ ᠬᠠᠷᠰᠢ ᠳ᠋ᠤᠷ ᠬᠣᠨᠣᠭᠰᠠᠨ ᠲᠠᠢᠭᠠᠨ ᠮᠢᠩ ᠯᠦ᠍ ᠶ᠋ᠢ ᠳᠠᠭᠤᠳᠠᠨ ᠰᠡᠷᠭᠦᠭᠡᠷᠡ ᠡᠴᠢᠪᠡᠰᠦ᠂ ᠲᠡᠷᠡ ᠲᠠᠢᠭᠠᠨ ᠥᠴᠥᠭᠡᠳᠦᠷ ᠰᠥᠨᠢ ᠶ᠋ᠢᠨ ᠡᠯ᠎ᠡ ᠵᠦᠢᠯ ᠦ᠋ᠨ ᠬᠠᠭᠠᠨ ᠤ᠋ ᠳᠠᠷᠠᠰᠤ ᠰᠠᠷᠬᠤᠳ ᠢ᠋ ᠬᠡᠲᠦᠷᠬᠡᠶ᠎ᠡ ᠤᠤᠭᠤᠭᠰᠠᠭᠠᠷ ᠮᠠᠰᠢᠳᠠ ᠰᠣᠭᠲᠣᠭᠠᠳ ᠴᠡᠭᠡᠵᠢ ᠪᠡᠨ ᠭᠠᠷᠭᠠᠵᠤ ᠤᠮᠳᠠᠭᠠᠳ ᠥᠰᠪᠥᠷᠢ ᠪᠠᠭ᠎ᠠ ᠥᠬᠢᠳ ᠦ᠋ᠨ ᠪᠢᠴᠢᠬᠠᠨ ᠬᠥᠬᠥ ᠰᠠᠶᠢ ᠬᠠᠭᠠᠰ ᠥᠨᠳᠡᠭᠡ ᠶ᠋ᠢᠨ ᠲᠡᠳᠦᠢ ᠴᠦᠪᠦᠢᠵᠦᠬᠦᠢ᠂ ᠲᠠᠢᠽᠢ ᠮᠠᠰᠢ ᠢᠨᠢᠶᠡᠳᠦᠮ ᠲᠥᠷᠥᠵᠦ᠂ ᠲᠡᠭᠦᠨ ᠢ᠋ ᠢᠴᠢᠩᠭᠦᠷᠡᠭᠦᠵᠡᠢ ᠭᠡᠮᠡᠨ ᠡᠩᠭᠡᠷ ᠢ᠋ ᠢᠨᠤ ᠬᠤᠴᠢᠵᠤ ᠥᠭᠭᠦᠭᠡᠳ ᠰᠠᠶᠢ ᠳᠡᠷᠡ ᠶ᠋ᠢ ᠮᠢᠨᠦ ᠬᠥᠯ ᠢ᠋ᠶ᠋ᠡᠷ ᠬᠥᠳᠡᠯᠭᠡᠵᠦ ᠰᠡᠷᠢᠭᠡᠭᠡᠳ᠂ ᠮᠦᠰᠢᠶᠡᠨ ᠥᠭᠦᠯᠡᠷᠦᠨ :
《ᠬᠠᠭᠤᠷᠮᠠᠭ ᠲᠠᠢᠭᠠᠨ ᠯᠣᠣᠭᠥ᠋ᠩ᠂ ᠣᠳᠣ ᠪᠣᠰᠴᠤ ᠵᠢᠶᠦ᠋ᠨ ᠵᠣ᠌ ᠶᠤᠭᠠᠨ ᠡᠩᠰᠡᠭᠯᠡᠷᠡ ᠡᠴᠢ᠂ ᠴᠢᠨᠦ ᠵᠢᠶᠦ᠋ᠨ ᠵᠣ᠌ ᠬᠡᠳᠦᠢᠨ ᠮᠢᠨᠦ ᠰᠢᠷᠡᠭᠡᠨ ᠦ᠌ ᠶᠡᠬᠡ ᠬᠠᠲᠤᠨ ᠪᠣᠯᠤᠨ ᠲᠡᠭᠦᠰᠪᠡ᠃ ᠲᠠᠨ ᠤ᠋ ᠤᠲᠠᠰᠤᠨ ᠢ᠋ᠶ᠋ᠠᠷ ᠵᠢᠷᠤᠭ ᠤ᠋ᠨ ᠳᠡᠭᠡᠷ᠎ᠡ ᠵᠤᠷᠪᠤᠰ ᠦᠰᠦᠭ ᠬᠠᠲᠠᠵᠤ ᠂ ᠤᠲᠠᠰᠤ ᠶ᠋ᠢ ᠲᠠᠲᠠᠵᠤ ᠠᠪᠬᠤᠯᠠ ᠴᠠᠭᠠᠰᠤ ᠤᠨᠠᠨ ᠢᠷᠡᠵᠦ᠂ ᠡᠭᠦᠳᠡ ᠶ᠋ᠢ ᠬᠠᠪᠬᠠᠯᠠᠨ ᠡᠯᠭᠦᠭᠰᠡᠨ ᠶᠡᠬᠡ ᠬᠥᠷᠥᠭ ᠲᠠᠲᠠᠭᠰᠠᠨ ᠰᠢᠵᠢᠮ ᠢ᠋ ᠲᠠᠯᠪᠢᠮᠠᠭᠴᠠ ᠳᠣᠷᠣᠭᠰᠢ ᠣᠷᠢᠶᠠᠯᠳᠤᠨ ᠤᠨᠠᠬᠤ ᠪᠡᠯᠡᠳᠬᠡᠯ ᠵᠢᠭᠰᠠᠭᠠᠯ ᠢ᠋ ᠴᠥᠮ ᠤᠬᠠᠪᠠ 》 ᠬᠡᠮᠡᠭᠰᠡᠨ ᠳ᠋ᠦ᠍ᠷ ᠲᠡᠷᠡ ᠥᠬᠢᠨ ᠨᠣᠢᠷ ᠠ᠋ᠴᠠ ᠰᠠᠶᠢ ᠰᠡᠷᠢᠭᠡᠳ ᠬᠠᠷᠢᠨ ᠤᠴᠢᠷ ᠢ᠋ ᠲᠥᠬᠥᠭᠡᠷᠡᠬᠦ ᠦᠭᠡᠢ᠂ ᠶᠡᠬᠡᠯ᠎ᠡ ᠠᠶᠤᠵᠤ ᠬᠣᠣᠰ ᠡᠪᠦᠳᠦᠭ ᠢ᠋ᠶ᠋ᠡᠷ ᠰᠥᠭᠥᠳᠴᠦ ᠳᠡᠮᠡᠢᠯᠡ ᠮᠥᠷᠭᠥᠬᠦᠢ ᠳ᠋ᠦ᠍ᠷ ᠲᠠᠢᠽᠢ ᠨᠡᠩᠳᠡ ᠢᠨᠢᠶᠡᠨ: 《ᠠᠶᠤᠬᠤ ᠬᠡᠷᠡᠭ ᠦᠭᠡᠢ᠂ ᠲᠦᠷᠭᠡᠨ᠎ᠡ ᠡᠴᠢᠵᠦ ᠵᠢᠶᠦ᠋ᠨ ᠵᠣ᠌ ᠳ᠋ᠠᠭᠠᠨ ᠵᠠᠷᠤᠭᠳᠠᠭᠲᠤᠨ 》ᠭᠡᠮᠡᠨ ᠢᠯᠡᠭᠡᠭᠡᠳ᠂ ᠰᠠᠶᠢ ᠠᠯᠭᠤᠷ ᠠᠭᠠᠵᠢᠮ ᠪᠠᠷᠠᠭᠤᠨ ᠣᠷᠳᠣᠨ ᠤ᠋ ᠲᠥᠪ ᠦ᠋ᠨ ᠬᠠᠷᠰᠢ ᠳ᠋ᠠᠭᠠᠨ ᠢᠷᠡᠵᠦ ᠵᠢᠰᠢᠶ᠎ᠠ ᠬᠣᠨᠣᠭᠰᠠᠨ ᠬᠣᠶᠠᠷ ᠬᠡᠦᠬᠡᠳ ᠢ᠋ ᠰᠡᠷᠭᠦᠭᠡᠨ ᠣᠷᠳᠣᠨ ᠤ᠋ ᠬᠠᠭᠠᠯᠭ᠎ᠠ ᠶ᠋ᠢ ᠬᠠᠳᠠᠭᠠᠯᠠᠨ ᠬᠣᠨᠣᠭᠰᠠᠨ ᠰᠢᠳᠠᠷ ᠬᠢᠶ᠎ᠡ ᠨᠠᠷ ᠢ᠋ ᠣᠷᠣᠭᠤᠯᠤᠨ :《ᠭᠠᠳᠠᠨ᠎ᠠ ᠶᠡᠬᠡ ᠴᠡᠷᠢᠭ ᠦ᠋ᠨ ᠬᠦᠷᠢᠶ᠎ᠡ ᠳ᠋ᠦ᠍ᠷ ᠴᠢᠬᠤᠯᠠ ᠮᠡᠳᠡᠭᠦᠯᠬᠦ ᠦᠢᠯᠡ ᠪᠣᠢ ᠤᠤ? 》ᠬᠡᠮᠡᠭᠰᠡᠨ᠎ᠡ ᠂ ᠵᠠᠩᠵᠤᠨ ᠬᠢᠶ᠎ᠡ ᠨᠠᠷ ᠵᠠᠷᠯᠢᠭ ᠬᠣᠯᠪᠣᠭᠳᠠᠭᠰᠠᠨ ᠨᠢᠭᠡᠨ ᠬᠠᠪᠴᠢᠶᠠᠷᠢ᠂ ᠤᠯᠤᠰ ᠤ᠋ᠨ ᠡᠬᠡ ᠶ᠋ᠢᠨ ᠬᠡᠰᠢᠭ ᠡᠷᠳᠡᠮ ᠢ᠋ ᠢᠯᠡᠷᠬᠡᠢᠯᠡᠨ ᠲᠡᠢ ᠴᠢᠩ ᠲᠠᠢᠬᠡᠦ ᠳ᠋ᠦ᠍ᠷ ᠠᠢᠯᠠᠤᠳᠬᠠᠨ ᠬᠣᠶᠠᠷ ᠦᠰᠦᠭ ᠦ᠋ᠨ ᠴᠣᠯᠠ ᠡᠷᠭᠦᠮᠵᠢᠯᠡᠯ ᠨᠡᠮᠡᠵᠦ᠂ ᠤᠯᠤᠰ ᠲᠥᠷᠥ ᠶ᠋ᠢᠨ ᠬᠣᠲᠠᠯᠠᠭᠠᠷ ᠤ᠋ᠨ ᠡᠷᠭᠦᠭᠰᠡᠨ ᠡᠷᠭᠦᠮᠵᠢᠯᠡᠯ ᠢ᠋ ᠤᠯᠤᠰ ᠤ᠋ᠨ ᠳᠣᠲᠣᠷ᠎ᠠ ᠪᠠ ᠭᠠᠳᠠᠨ᠎ᠠ ᠴᠡᠷᠢᠭ ᠪᠠ ᠢᠷᠭᠡᠨ ᠦ᠌ ᠵᠠᠬᠢᠷᠭᠠᠨ ᠳ᠋ᠤᠷ ᠭᠠᠵᠠᠷ ᠪᠦᠷᠢ ᠳ᠋ᠦ᠍ᠷ ᠲᠠᠷᠬᠠᠭᠠᠨ ᠵᠠᠷᠯᠠᠵᠤ ᠢᠷᠡᠭᠰᠡᠨ ᠲᠠᠮᠠᠭᠠᠲᠤ ᠪᠢᠴᠢᠭ ᠡᠷᠭᠦᠨ ᠲᠤᠰᠢᠶᠠᠭᠰᠠᠨᠠ ᠪᠤᠰᠤ ᠬᠡᠷᠡᠭ ᠦᠭᠡᠢ ᠭᠡᠮᠡᠨ ᠵᠠᠬᠢᠶ᠎ᠠ ᠥᠭᠴᠦ ᠥᠷᠯᠥᠭᠡ ᠶ᠋ᠢᠨ ᠬᠤᠷᠢᠮ ᠤ᠋ᠨ ᠰᠢᠷᠡᠭᠡ ᠶ᠋ᠢ ᠣᠷᠣᠭᠤᠯᠵᠤ᠂ ᠳᠡᠭᠡᠵᠢ ᠶ᠋ᠢ ᠪᠠᠬᠠᠨ ᠠᠮᠰᠠᠭᠠᠳ᠂ ᠳᠣᠷᠣᠭᠰᠢ ᠱᠠᠩᠨᠠᠨ ᠪᠠᠭᠤᠯᠭᠠᠵᠤ :《ᠴᠢᠬᠤᠯᠠ ᠬᠡᠷᠡᠭ ᠦᠭᠡᠢ ᠪᠥᠭᠡᠰᠦ᠂ ᠨᠢᠵᠡᠭᠡᠳ ᠬᠣᠰᠢᠭᠠᠳ ᠡᠳᠦᠷ ᠰᠡᠷᠢᠭᠦᠴᠡᠨ ᠰᠡᠭᠬᠢᠲᠦᠭᠡᠢ᠂ ᠡᠨᠳᠡ ᠲᠤᠰᠢᠶᠠᠭᠰᠠᠨ ᠳᠣᠲᠣᠭᠠᠳᠤ ᠵᠠᠷᠤᠴᠠ ᠪᠣᠢ 》ᠭᠡᠮᠡᠨ ᠲᠠᠷᠬᠠᠭᠠᠭᠠᠳ᠂ ᠰᠠᠶᠢ ᠲᠠᠮᠠᠭᠠᠲᠤ ᠪᠢᠴᠢᠭ ᠢ᠋ ᠠᠪᠴᠤ ᠵᠡᠭᠦᠨ ᠣᠷᠲᠣᠨ᠎ᠠ ᠢᠷᠡᠵᠦ ᠂ ᠶ᠋ᠢᠨ ᠯᠤᠸᠠᠨ ᠵᠢᠶᠦ᠋ᠨ ᠵᠣ᠌ ᠯᠦ᠍ᠭᠡ ᠬᠦᠵᠢᠰ ᠦ᠋ᠨ ᠰᠢᠷᠡᠭᠡᠨ᠎ᠡ ᠲᠠᠯᠪᠢᠨ ᠮᠥᠷᠭᠥᠵᠦ ᠪᠠᠷᠠᠭᠠᠳ ᠶᠡᠬᠡ ᠬᠡᠪ ᠦ᠋ᠨ ᠲᠤᠯᠤᠮ ᠪᠢᠲᠡᠭᠦᠮᠵᠢ ᠶ᠋ᠢ ᠡᠪᠳᠡᠵᠦ ᠳᠠᠬᠢᠨ ᠮᠥᠷᠭᠥᠵᠦ ᠦᠵᠡᠪᠡᠰᠦ᠄
《ᠦᠯᠡᠭᠦᠦ ᠢᠷᠦᠭᠡᠯᠲᠦ ᠲᠡᠢ ᠴᠢᠩ ᠲᠠᠢᠬᠡᠦ ᠶ᠋ᠢᠨ ᠵᠠᠷᠯᠢᠭ : ᠴᠢᠩᠭᠢᠰ ᠬᠠᠭᠠᠨ ᠬᠥᠪᠡᠭᠦᠨ ᠬᠤᠸᠠᠩᠳᠢ ᠳ᠋ᠤᠷ ᠪᠠᠭᠤᠯᠭᠠᠵᠤ᠂ ᠲᠥᠷᠥ ᠳ᠋ᠡᠬᠢ ᠳᠡᠯᠡᠬᠡᠢ ᠳ᠋ᠠᠬᠢᠨ᠎ᠠ ᠨᠡᠢᠲᠡ ᠳ᠋ᠦ᠍ᠷ ᠨᠡᠢᠭᠡᠮᠯᠡᠨ ᠤᠬᠠᠭᠤᠯᠤᠨ ᠵᠠᠷᠯᠠᠵᠤ᠂ ᠤᠯᠤᠰ ᠤ᠋ᠨ ᠡᠬᠡ ᠭᠡᠷᠡᠯᠲᠦ ᠶᠡᠬᠡᠮᠰᠦᠭ ᠬᠤᠸᠠᠩᠬᠡᠦ ᠶ᠋ᠢᠨ ᠭᠡᠭᠡᠬᠡᠨ ᠭᠣᠣᠯᠲᠤ ᠶ᠋ᠢ ᠥᠷᠯᠥᠭᠡ ᠬᠤᠷᠢᠮ ᠤ᠋ᠨ ᠱᠠᠩ ᠬᠥᠬᠢᠭᠦᠯ ᠢ᠋ᠶ᠋ᠡᠷ ᠤᠯᠤᠰ ᠤ᠋ᠨ ᠬᠣᠲᠠᠯᠠᠭᠠᠷ᠎ᠠ ᠨᠢᠭᠡᠨ ᠵᠡᠷᠭᠡ ᠳᠡᠪᠰᠢᠭᠦᠯᠦᠨ ᠲᠡᠮᠳᠡᠭᠯᠡᠭᠦᠯᠦᠭᠲᠦᠨ᠃ ᠤᠭ ᠤᠴᠢᠷ ᠣᠷᠴᠢᠯᠠᠩ ᠶᠢᠷᠲᠢᠨᠴᠦ ᠶ᠋ᠢᠨ ᠬᠥᠮᠦᠨ ᠲᠥᠷᠥᠯᠬᠢᠲᠡᠨ ᠨᠡᠢᠲᠡ ᠪᠡᠷ ᠤᠷᠢᠳ ᠢ᠋ᠶ᠋ᠠᠷ ᠪᠡᠶ᠎ᠡ ᠪᠡᠨ ᠰᠢᠨᠵᠢᠵᠦ᠂ ᠬᠣᠢᠨ᠎ᠠ ᠰᠠᠶᠢ ᠪᠤᠰᠤᠳ ᠢ᠋ ᠰᠢᠭᠦᠮᠵᠢᠯᠡᠮᠦᠢ᠃ ᠡᠬᠢᠨ ᠳ᠋ᠦ᠍ᠷ ᠣᠢᠷ᠎ᠠ ᠶᠤᠭᠠᠨ ᠵᠠᠰᠠᠭᠯᠠᠵᠤ᠂ ᠰᠡᠭᠦᠯ ᠳ᠋ᠦ᠍ᠷ ᠰᠠᠶᠢ ᠬᠣᠯᠠᠳᠠᠬᠢᠨ ᠢ᠋ ᠵᠠᠰᠠᠵᠤ ᠰᠤᠪᠢᠮᠤᠢ᠃ ᠤᠯᠤᠰ ᠤ᠋ᠨ ᠡᠬᠡ ᠭᠡᠷᠡᠯᠲᠦ ᠶᠡᠬᠡᠮᠰᠦᠭ ᠬᠤᠸᠠᠩᠬᠡᠦ ᠲᠠᠨ ᠢ᠋ᠶ᠋ᠠᠷ ᠬᠡᠳᠦᠢᠪᠡᠷ ᠡᠬᠡᠨᠡᠷ ᠦ᠋ᠨ ᠴᠣᠭᠴᠠ ᠮᠠᠬᠠᠪᠣᠳ ᠪᠣᠯᠪᠠᠴᠤ ᠭᠡᠮᠡᠨ ᠡᠷ᠎ᠡ ᠶ᠋ᠢᠨ ᠡᠷᠳᠡᠮᠲᠦ ᠡᠯᠢᠭᠡ ᠠᠭᠤᠰᠬᠢ ᠲᠡᠢ ᠶ᠋ᠢᠨ ᠲᠤᠯᠠ ᠪᠢᠳᠡᠨ ᠦ᠌ ᠮᠣᠩᠭᠣᠯ ᠤ᠋ᠨ ᠤᠯᠤᠰ ᠲᠥᠷᠥ ᠶ᠋ᠢᠨ ᠡᠷᠬᠡᠲᠡᠨ ᠪᠡᠷᠬᠡᠳᠡᠨ ᠢ᠋ ᠰᠡᠷᠡᠮᠵᠢᠯᠡᠭᠦᠯᠦᠨ ᠰᠡᠷᠭᠦᠭᠡᠬᠦᠢ ᠶ᠋ᠢᠨ ᠤᠷᠢᠳ ᠢ᠋ᠶ᠋ᠠᠷ ᠪᠡᠶ᠎ᠡ ᠡᠴᠡᠭᠡᠨ ᠰᠢᠮᠡᠳᠴᠦ ᠳᠡᠯᠭᠡᠷᠡᠭᠰᠡᠨ ᠠᠬᠠᠮᠠᠳ ᠲᠠᠢᠽᠢ ᠶ᠋ᠢᠨ ᠶᠠᠯ᠎ᠠ ᠶ᠋ᠢ ᠳᠠᠪᠬᠤᠷᠯᠠᠨ ᠬᠦᠨᠳᠦᠳᠬᠡᠭᠲᠦᠨ ᠬᠡᠮᠡᠭᠰᠡᠨ ᠢᠨᠦ᠂ ᠴᠤᠬᠤᠮᠬᠠᠨ ᠮᠡᠷᠭᠡᠨ ᠭᠡᠭᠡᠬᠡᠨ ᠤᠯᠤᠰ ᠤ᠋ᠨ ᠡᠬᠡ᠂ ᠳᠣᠲᠣᠭᠠᠳᠤ ᠭᠠᠳᠠᠭᠠᠳᠤ᠂ ᠱᠠᠩ ᠬᠣᠣᠷ ᠤ᠋ᠨ ᠢᠯᠭᠠᠮᠵᠢ ᠪᠠ ᠭᠡᠷ ᠬᠢᠭᠡᠳ ᠤᠯᠤᠰ ᠤ᠋ᠨ ᠬᠥᠮᠦᠵᠢᠯ ᠴᠡᠭᠡᠷᠯᠡᠯ ᠳ᠋ᠦ᠍ᠷ ᠨᠢᠭᠡᠬᠡᠨ ᠢ᠋ᠶ᠋ᠡᠷ ᠲᠦᠭ ᠲᠦᠮᠡᠨ ᠢ᠋ ᠵᠠᠰᠠᠭᠯᠠᠬᠤ᠂ ᠴᠥᠭᠡᠨ ᠢ᠋ᠶ᠋ᠡᠷ ᠣᠯᠠᠨ ᠪᠦᠭᠦᠳᠡ ᠶ᠋ᠢ ᠤᠬᠠᠭᠤᠯᠬᠤ᠂ ᠲᠡᠭᠷᠢ ᠶ᠋ᠢᠨ ᠪᠣᠱᠣᠭ ᠰᠣᠶᠣᠷᠬᠠᠯ ᠢ᠋ ᠵᠠᠷᠯᠠᠵᠤᠬᠤᠢ᠃ ᠬᠤᠸᠠᠩᠳᠢ ᠶ᠋ᠢᠨ ᠵᠠᠷᠯᠢᠭ ᠢ᠋ᠶ᠋ᠠᠷ ᠨᠠᠢ᠍ᠮᠠᠨ ᠠᠢᠮᠠᠭ ᠤ᠋ᠨ ᠡᠷ᠎ᠡ ᠡᠭᠡᠨᠡᠷᠡ ᠴᠡᠷᠢᠭ ᠦ᠋ᠨ ᠭᠠᠪᠢᠶᠠᠲᠠᠨ ᠢ᠋ ᠱᠠᠩᠨᠠᠨ ᠬᠥᠬᠢᠭᠦᠯᠬᠦᠢ ᠳ᠋ᠦ᠍ᠷ ᠬᠢᠷᠢ ᠶ᠋ᠢ ᠬᠡᠮᠵᠢᠶᠡᠨ ᠡᠴᠡ ᠬᠡᠲᠦᠷᠡᠭᠦᠯᠦᠭᠰᠡᠨ ᠦᠭᠡᠢ᠂ ᠳᠣᠣᠷ᠎ᠠ ᠳᠡᠭᠡᠷ᠎ᠡ ᠳ᠋ᠦ᠍ᠷ ᠲᠤᠷᠭᠠᠭᠳᠠᠭᠤᠯᠤᠭᠰᠠᠨ ᠦᠭᠡᠢ ᠪᠡᠷ ᠡᠪ ᠢ᠋ᠶ᠋ᠡᠷ ᠡᠪᠯᠡᠨ᠂ ᠵᠣᠬᠢᠰ ᠢ᠋ᠶ᠋ᠠᠷ ᠵᠣᠬᠢᠴᠠᠭᠤᠯᠤᠭᠰᠠᠨ ᠤ᠋ ᠢᠯᠳᠠᠷ ᠲᠠᠰᠢᠷᠠᠮᠠ᠂ ᠤᠯᠤᠰ ᠲᠥᠷᠥ ᠶ᠋ᠢᠨ ᠬᠣᠲᠠᠯᠠ ᠡᠬᠡᠨᠡᠷ ᠲᠥᠷᠥᠯᠬᠢᠲᠡᠨ ᠪᠦᠬᠦᠨ᠎ᠡ᠂ ᠭᠡᠭᠡᠬᠡᠨ ᠭᠣᠣᠯᠲᠤ ᠡᠬᠡᠨᠡᠷ ᠢ᠋ ᠡᠷᠭᠢᠨ ᠪᠣᠯᠭᠠᠨ᠂ ᠨᠡᠷ᠎ᠡ ᠶ᠋ᠢ ᠢᠯᠡᠳᠬᠡᠵᠦ᠂ ᠣᠷᠴᠢᠯᠠᠩ ᠳ᠋ᠠᠬᠢ ᠡᠬᠡᠨᠡᠷ ᠪᠦᠬᠦᠨ ᠦ᠌ ᠲᠦᠭᠡᠮᠡᠯ ᠬᠠᠷᠠᠩᠭᠤᠢ ᠶ᠋ᠢ ᠭᠡᠢᠭᠦᠯᠦᠨ ᠭᠡᠭᠡᠳᠬᠡᠵᠦ᠂ ᠭᠡᠰᠬᠡᠨ ᠬᠤᠪᠢᠰᠬᠠᠬᠤᠢ ᠶ᠋ᠢᠨ ᠥᠷᠥᠰᠢᠶᠡᠯ ᠢ᠋ᠶ᠋ᠡᠷ ᠡᠬᠡᠨᠡᠷ ᠦ᠋ᠨ ᠶᠣᠰᠣᠯᠠᠯ ᠢ᠋ ᠮᠥᠨ ᠬᠦ᠌ ᠡᠬᠡᠨᠡᠷ ᠴᠣᠭᠴᠠᠲᠤ ᠤᠯᠤᠰ ᠤ᠋ᠨ ᠡᠬᠡ ᠶ᠋ᠢᠨ ᠪᠡᠶ᠎ᠡ ᠪᠡᠷ ᠣᠯᠠᠨ ᠤ᠋ ᠬᠠᠷᠠᠩᠭᠤᠢ ᠶ᠋ᠢ ᠤᠳᠤᠷᠢᠳᠤᠨ ᠰᠡᠷᠭᠦᠭᠡᠬᠦᠢ ᠶ᠋ᠢᠨ ᠣᠴᠢᠷ᠎ᠠ᠂ ᠨᠠᠢ᠍ᠮᠠᠨ ᠤ᠋ ᠬᠠᠷᠠᠮ ᠬᠠᠷᠭᠢᠰ ᠦᠭᠡᠢ ᠢᠯᠭᠤᠮ ᠥᠨᠳᠥᠷ ᠡᠬᠡᠨᠡᠷ ᠰᠡᠷᠭᠦᠯᠡᠩ ᠭᠦᠩᠵᠦ ᠳ᠋ᠦ᠍ᠷ ᠪᠠᠰᠠ < ᠭᠡᠭᠡᠬᠡᠨ ᠭᠣᠣᠯᠲᠤ > ᠬᠣᠶᠠᠷ ᠦᠰᠦᠭ ᠨᠡᠮᠡᠨ ᠬᠠᠢᠷᠠᠯᠠᠨ ᠰᠣᠶᠣᠷᠬᠠᠵᠤ᠂ < ᠭᠡᠭᠡᠬᠡᠨ ᠭᠣᠣᠯᠲᠤ ᠰᠡᠷᠭᠦᠯᠡᠩ ᠭᠦᠩᠵᠦ> ᠭᠡᠮᠡᠨ᠂ ᠪᠠᠰᠠ ᠳᠡᠭᠦᠨᠦ ᠣᠷᠳᠣᠨ ᠥᠷᠭᠥᠭᠡ ᠪᠠ ᠰᠢᠭᠦᠷ ᠳᠠᠯᠪᠠᠭ᠎ᠠ ᠶ᠋ᠢᠨ ᠵᠢᠭᠰᠠᠭᠠᠯ ᠤ᠋ᠨ ᠰᠠᠪᠠ ᠵᠡᠪᠰᠡᠭ ᠪᠦᠬᠦᠨ᠎ᠡ ᠴᠥᠮ ᠤᠰᠤᠨ ᠪᠣᠯᠣᠷ ᠡᠷᠳᠡᠨᠢ ᠶ᠋ᠢᠨ ᠸᠴᠢᠷ ᠣᠷᠣᠢ ᠲᠡᠷᠢᠭᠦᠨ ᠦ᠌ ᠲᠡᠮᠳᠡᠭ ᠮᠠᠭᠲᠠᠭᠠᠯ ᠬᠦᠷᠲᠡᠭᠡᠨ ᠬᠠᠳᠠᠭᠤᠯᠵᠤ᠂ ᠡᠬᠡᠨᠡᠷ ᠲᠤᠭᠠᠲᠠᠨᠠ ᠰᠡᠷᠭᠦᠭᠡᠯ ᠪᠣᠯᠭᠠᠭᠰᠠᠨ ᠠᠨᠤ᠂ ᠡᠷᠲᠡᠨ ᠦ᠌ ᠡᠷᠳᠡᠮ ᠬᠡᠲᠦᠢᠳᠦᠭᠰᠡᠨ ᠶᠡᠬᠡᠰ ᠡᠬᠡᠨᠡᠷ ᠦ᠋ᠨ ᠰᠣᠶᠣᠯ ᠣᠨᠳᠣᠷᠣᠯ ᠢ᠋ ᠨᠡᠭᠡᠭᠡᠭᠰᠡᠨ ᠪᠥᠭᠡᠳ ᠱᠧᠩ ᠦ ᠬᠤᠸᠠᠩᠳᠢ ᠯᠤᠭ᠎ᠠ ᠵᠣᠪᠠᠯᠠᠩ ᠢ᠋ ᠬᠠᠮᠲᠤᠤᠬᠠᠨ ᠭᠠᠰᠢᠭᠤᠨ ᠢ᠋ ᠨᠢᠭᠡᠳᠬᠡᠨ ᠲᠡᠰᠪᠦᠷᠢᠯᠡᠵᠦ᠂ ᠮᠣᠩᠭᠣᠯ ᠤᠯᠤᠰ ᠤ᠋ᠨ ᠲᠤᠯᠭᠤᠷ ᠲᠥᠷᠥ ᠶ᠋ᠢ ᠪᠠᠢᠭᠤᠯᠤᠨ ᠨᠡᠭᠡᠭᠡᠵᠦ ᠦᠷ᠎ᠡ ᠠᠴᠢ ᠶ᠋ᠢ ᠳᠡᠯᠭᠡᠷᠡᠭᠦᠯᠦᠨ᠂ ᠤᠯᠤᠰ ᠠᠯᠪᠠᠲᠤ ᠶ᠋ᠢ ᠦᠷᠡᠵᠢᠭᠦᠯᠦᠭᠰᠡᠨ ᠢᠨᠦ ᠲᠡᠭᠷᠢ ᠶ᠋ᠢᠨ ᠪᠣᠱᠣᠭ ᠪᠤᠶᠤ᠃ ᠨᠡᠩ ᠪᠠᠰᠠ ᠬᠠᠭᠠᠨ ᠠ᠋ᠴᠠ ᠮᠢᠩᠭᠠᠨ ᠭᠠᠵᠠᠷ ᠤ᠋ᠨ ᠠᠯᠤᠰ ᠪᠥᠭᠡᠲᠡᠯ᠎ᠡ᠂ ᠡᠷᠳᠡᠮ ᠵᠠᠰᠠᠭᠯᠠᠯ ᠤ᠋ᠨ ᠰᠢᠳᠬᠡᠯ ᠨᠢᠭᠡᠨ ᠠᠳᠠᠯᠢ᠂ ᠲᠥᠷᠥᠭᠰᠡᠨ ᠦᠷ᠎ᠡ ᠪᠡᠨ ᠤᠷᠢᠳᠠ ᠶᠠᠯᠠᠯᠠᠵᠤ᠂ ᠬᠣᠢᠨ᠎ᠠ ᠰᠠᠶᠢ ᠤᠯᠤᠰ ᠤ᠋ᠨ ᠬᠥᠪᠡᠭᠦᠳ ᠢ᠋ ᠬᠥᠮᠦᠵᠢᠭᠦᠯᠦᠭᠰᠡᠨ ᠢᠨᠣ᠂ ᠲᠦᠮᠡᠨ ᠦᠶ᠎ᠡ ᠶ᠋ᠢᠨ ᠶᠣᠰᠣᠲᠤ ᠬᠠᠳ ᠡᠵᠡᠳ ᠦ᠋ᠨ ᠣᠨᠳᠣᠷᠣᠯ ᠳᠠᠭᠤᠷᠢᠶᠠᠯᠲᠠ ᠪᠥᠭᠡᠳ ᠮᠠᠨ ᠤ᠋ ᠮᠣᠩᠭᠣᠯ ᠤᠯᠤᠰ ᠤ᠋ᠨ ᠰᠠᠢᠳ ᠲᠦᠰᠢᠮᠡᠳ ᠤᠯᠤᠰ ᠠᠯᠪᠠᠲᠤ ᠠᠨᠤ᠂ ᠦᠶ᠎ᠡ ᠤᠯᠠᠷᠢᠨ ᠲᠦᠮᠡᠨ ᠦᠶ᠎ᠡ ᠡᠵᠡᠳ ᠨᠣᠶᠠᠳ ᠢ᠋ᠶ᠋ᠠᠨ ᠤᠭᠤᠷᠤᠨ ᠲᠡᠪᠴᠢᠵᠦ ᠦᠯᠦ ᠪᠣᠯᠬᠤ ᠪᠠᠲᠤ ᠦᠨᠳᠦᠰᠦᠨ ᠢ᠋ ᠪᠠᠢᠭᠤᠯᠤᠨ ᠲᠣᠭᠲᠠᠭᠠᠵᠤ᠂ ᠪᠠᠰᠠᠵᠤ ᠲᠦᠮᠡᠨ ᠦᠶ᠎ᠡ ᠶ᠋ᠢᠨ ᠲᠥᠪ ᠭᠣᠣᠯᠴᠢ ᠶ᠋ᠢᠨ ᠴᠢᠬᠡ ᠶᠣᠰᠣ ᠶ᠋ᠢ ᠦᠯᠡᠳᠡᠭᠡᠨ ᠬᠣᠴᠣᠷᠤᠭᠤᠯᠵᠤ᠂ ᠤᠯᠤᠰ ᠢ᠋ ᠦᠷᠡᠵᠢᠭᠦᠯᠦᠨ ᠲᠥᠷᠥ ᠶ᠋ᠢ ᠰᠢᠨᠡᠳᠬᠡᠨ᠂ ᠭᠡᠷ ᠢ᠋ ᠭᠡᠷᠡᠯᠲᠦᠭᠦᠯᠦᠨ ᠨᠡᠢᠭᠡᠮ ᠢ᠋ ᠰᠡᠷᠭᠡᠢᠯᠡᠭᠦᠯᠦᠨ᠂ ᠡᠳᠦᠭᠡᠬᠢ ᠳ᠋ᠦ᠍ᠷ ᠤᠬᠠᠭᠤᠯᠵᠤ᠂ ᠬᠣᠢᠲᠤᠬᠢ ᠶ᠋ᠢ ᠭᠡᠰᠬᠡᠭᠰᠡᠨ ᠢᠨᠤ ᠳᠡᠭᠡᠳᠦ ᠬᠠᠭᠠᠨ ᠡᠪᠦᠭᠡᠳ ᠦ᠋ᠨ ᠲᠠᠬᠢᠯᠭ᠎ᠠ ᠶ᠋ᠢ ᠪᠠᠳᠠᠷᠠᠭᠤᠯᠤᠨ᠂ ᠳᠠᠬᠢᠮᠳᠠᠯᠠᠯ ᠢ ᠭᠦᠢᠴᠡᠳᠬᠡᠨ᠂ ᠢᠷᠡᠭᠡᠳᠦᠢ ᠶ᠋ᠢᠨ ᠬᠤᠪᠢᠯᠭᠠᠨ ᠰᠠᠪᠠ ᠶ᠋ᠢ ᠵᠠᠯᠭᠠᠮᠵᠢᠯᠠᠬᠤ ᠳ᠋ᠤᠷ ᠲᠦᠪᠰᠢᠳ᠌ᠡᠭᠡᠭᠦᠢ ᠶ᠋ᠢᠨ ᠳᠦᠷᠢᠮ ᠢ᠋ ᠦᠯᠡᠳᠡᠭᠡᠨ ᠴᠢᠳᠠᠭᠰᠠᠨ ᠠᠨᠤ ᠲᠠᠢᠬᠡᠦ ᠮᠢᠨᠦ ᠰᠤᠷᠭᠠᠵᠤ ᠰᠤᠪᠢᠭᠰᠠᠨ ᠢ᠋ ᠦᠲᠡᠭᠡᠷᠬᠡᠭᠰᠡᠨ ᠦᠭᠡᠢ᠂ ᠴᠢᠩ ᠦᠨᠡᠨ ᠰᠡᠳᠬᠢᠯ ᠦ᠋ᠨ ᠡᠭᠦᠳᠡᠨ ᠡᠴᠡ ᠪᠢᠰᠢᠷᠡᠯᠲᠦ ᠳᠠᠬᠢᠮᠳᠠᠯᠠᠯ ᠢ ᠭᠦᠢᠴᠡᠳᠬᠡᠨ ᠪᠦᠷᠢᠳᠬᠡᠭᠰᠡᠨ ᠵᠢᠳᠬᠦᠯ ᠬᠢᠴᠢᠶᠡᠯᠭᠡ ᠭᠤᠴᠢᠨ ᠣᠨ ᠭᠠᠷᠤᠭᠰᠠᠨ ᠤ᠋ ᠲᠤᠯᠠᠳᠠ᠂ ᠶᠡᠬᠡ ᠲᠥᠷᠥ ᠶ᠋ᠢᠨ ᠡᠷᠬᠢᠯᠡᠭᠰᠡᠨ ᠥᠲᠡᠭᠦᠰ᠂ ᠲᠡᠢᠰᠢ ᠳᠠᠢᠪᠠᠩ᠂ ᠣᠯᠠᠨ ᠸᠠᠩ᠂ ᠶᠡᠬᠡᠰ ᠰᠠᠢᠳ ᠪᠠ ᠭᠤᠷᠪᠠᠨ ᠳᠡᠰ ᠦ᠋ᠨ ᠲᠠᠢᠹᠦ᠋ ᠲᠦᠰᠢᠮᠡᠳ ᠬᠢᠭᠡᠳ ᠴᠡᠷᠢᠭ ᠬᠤᠶᠠᠭ ᠠᠷᠠᠳ ᠠᠯᠪᠠᠲᠤ ᠳ᠋ᠤᠷ ᠬᠦᠷᠲᠡᠯ᠎ᠡ ᠤᠯᠤᠰ ᠤ᠋ᠨ ᠬᠣᠲᠠᠯᠠᠭᠠᠷ ᠨᠡᠢᠲᠡ ᠪᠦᠭᠦᠳᠡᠭᠡᠷ ᠨᠡᠢᠯᠡᠨ ᠬᠡᠯᠡᠯᠴᠡᠨ ᠵᠥᠪᠳᠡᠵᠦ ᠳᠡᠰ ᠳᠡᠰ ᠢ᠋ᠶ᠋ᠡᠷ ᠤᠯᠠᠮ ᠤᠯᠠᠮ ᠢ᠋ᠶ᠋ᠠᠷ ᠳᠡᠪᠰᠢᠭᠦᠯᠦᠭᠰᠡᠭᠡᠷ ᠲᠠᠢᠬᠡᠦ ᠨᠠᠳᠤᠷ ᠢᠯᠡᠷᠬᠡᠢᠯᠡᠨ ᠠᠢᠯᠠᠳᠬᠠᠵᠤ᠂ ᠭᠡᠷᠡᠯᠲᠦ ᠶᠡᠬᠡᠮᠰᠦᠭ ᠬᠤᠸᠠᠩᠬᠡᠦ ᠶ᠋ᠢᠨ ᠶᠡᠬᠡ ᠶᠠᠪᠤᠳᠠᠯ ᠥᠪᠡᠷ ᠲᠣᠷ ᠥᠪᠡᠷᠴᠢᠯᠡᠯ ᠦᠭᠡᠢ᠂ ᠪᠤᠰᠤᠳ ᠲᠤᠷ ᠪᠤᠷᠤᠭᠤᠰᠢᠶᠠᠯ ᠦᠭᠡᠢ᠂ ᠡᠭᠡᠨᠡᠷᠡ ᠡᠷᠡᠮᠰᠢᠯᠡᠯ ᠦᠭᠡᠢ᠂ ᠡᠷ᠎ᠡ ᠳ᠋ᠦ᠍ᠷ ᠢᠴᠢᠩᠭᠦᠷᠡᠯ ᠦᠭᠡᠢ ᠳᠥᠷᠪᠡᠨ ᠳ᠋ᠦ᠍ᠷ ᠪᠦᠷᠢᠳᠦᠭᠰᠡᠨ ᠶᠡᠬᠡ ᠳᠠᠬᠢᠮᠳᠠᠯᠠᠯ ᠢ᠋ ᠭᠦᠢᠴᠡᠳᠬᠡᠨ ᠪᠦᠷᠢᠳᠬᠡᠭᠰᠡᠨ ᠦ᠌ ᠤᠴᠢᠷ ᠲᠤᠷ ᠭᠡᠷᠡᠯᠲᠦ ᠶᠡᠬᠡᠮᠰᠦᠭ ᠬᠣᠶᠠᠷ ᠦᠰᠦᠭ ᠦ᠋ᠨ ᠳᠡᠭᠡᠷ᠎ᠡ <ᠪᠣᠱᠣᠭ ᠳᠡᠬᠢᠮᠲᠠᠯᠠᠯᠲᠤ>ᠬᠣᠶᠠᠷ ᠦᠭᠡᠰ ᠨᠡᠮᠡᠵᠦ᠂<ᠪᠣᠱᠣᠭ ᠲᠠᠬᠢᠮᠳᠠᠯᠡᠯᠳᠦ ᠭᠡᠷᠡᠯᠲᠦ ᠶᠡᠬᠡᠮᠰᠦᠭ> ᠬᠤᠸᠠᠩᠬᠡᠦ ᠬᠡᠮᠡᠬᠦ ᠴᠣᠯᠠ ᠡᠷᠭᠦᠮᠵᠢᠯᠡᠯ ᠡᠷᠭᠦᠨ ᠬᠠᠢᠷᠠᠯᠠᠵᠤ᠂ ᠤᠷᠢᠳᠤ ᠶ᠋ᠢᠨ ᠳᠣᠯᠣᠭᠠᠨ ᠭᠡᠰᠢᠭᠦᠨ ᠪᠦᠷᠢᠳᠦᠭᠰᠡᠨ ᠶᠡᠬᠡ ᠵᠠᠷᠯᠠᠯ ᠤ᠋ᠨ ᠵᠠᠷᠯᠢᠭ ᠱᠣᠰᠢᠭ᠎ᠠ ᠶ᠋ᠢᠨ ᠵᠠᠭᠠᠯᠳᠤᠯᠭ᠎ᠠ ᠣᠷᠣᠭᠤᠯᠵᠤ᠂ ᠰᠡᠭᠦᠯ ᠳ᠋ᠦ᠍ᠷ ᠭᠡᠭᠡᠬᠡᠨ ᠭᠣᠣᠯᠲᠤ ᠡᠬᠡᠨᠡᠷ ᠦ᠋ᠨ ᠰᠢᠮᠡᠳᠣᠯ ᠵᠠᠷᠯᠢᠭ ᠢ᠋ ᠭᠠᠷᠭᠠᠵᠤ᠂ ᠮᠠᠨ ᠤ᠋ ᠮᠣᠩᠭᠣᠯ ᠤᠯᠤᠰ ᠤ᠋ᠨ ᠬᠠᠭᠠᠨ ᠬᠠᠷᠠᠴᠤ ᠦᠭᠡᠢ᠂ ᠦᠶ᠎ᠡ ᠬᠠᠯᠠᠨ ᠡᠴᠢᠭᠡ ᠡᠬᠡ ᠳ᠋ᠡᠭᠡᠨ ᠲᠠᠬᠢᠮᠳᠠᠭᠤ ᠠᠴᠢᠯᠠᠯ᠂ ᠪᠢᠰᠢᠷᠡᠯ ᠬᠦᠨᠳᠦᠯᠡᠯᠲᠡᠢ᠂ ᠵᠠᠩ ᠳᠦᠷᠢᠮ ᠢ᠋ ᠦᠯᠡᠳᠡᠭᠡᠨ ᠬᠠᠳᠠᠩᠰᠢᠭᠤᠯᠵᠤ᠂ ᠡᠬᠡᠨᠡᠷ ᠪᠦᠬᠦᠨ᠎ᠡ ᠬᠠᠷᠠᠮ ᠬᠠᠷᠠᠩᠭᠤᠢ ᠰᠠᠳᠤᠷ ᠤᠵᠢᠳ ᠢ ᠥᠨᠢᠳᠡ ᠴᠡᠭᠡᠷᠯᠡᠭᠦᠯᠦᠨ᠂ ᠤᠯᠤᠰ ᠤ᠋ᠨ ᠬᠣᠲᠠᠯᠠᠭᠠᠷ᠎ᠠ ᠨᠡᠢᠭᠡᠮᠯᠡᠨ ᠵᠠᠷᠯᠠᠵᠤ᠂ ᠨᠡᠷ᠎ᠡ ᠶ᠋ᠢ<ᠪᠣᠱᠣᠭ ᠳᠠᠬᠢᠮᠲᠠᠯᠠᠯᠲᠤ ᠭᠡᠭᠡᠬᠡᠨ ᠭᠣᠣᠯᠲᠤ ᠥᠷᠯᠥᠭ > ᠭᠡᠮᠡᠨ ᠨᠡᠷᠡᠢᠳᠴᠦ᠂ ᠤᠯᠤᠰ ᠤ᠋ᠨ ᠬᠣᠲᠠᠯᠠ ᠨᠡᠢᠭᠡᠮ ᠦ᠋ᠨ ᠰᠤᠯᠠ ᠠᠷᠠᠳ ᠠᠯᠪᠠᠲᠤ᠂ ᠮᠠᠯᠴᠢᠨ᠂ ᠪᠥᠯᠴᠢᠨ ᠳ᠋ᠦ᠍ᠷ ᠬᠦᠷᠲᠡᠯ᠎ᠡ ᠬᠡᠰᠢᠭ ᠬᠤᠷᠢᠮ ᠤ᠋ᠨ ᠱᠠᠩ ᠬᠥᠬᠢᠭᠦᠯ ᠪᠠᠭᠤᠯᠭᠠᠵᠤ ᠭᠤᠷᠪᠠᠨ ᠡᠳᠦᠷ ᠦ᠋ᠨ ᠬᠤᠷᠢᠮ ᠬᠤᠷᠢᠮᠯᠠᠭᠤᠯᠤᠨ᠂ ᠣᠷᠣᠨ ᠣᠷᠣᠨ ᠠ᠋ᠴᠠᠭᠠᠨ ᠳᠡᠭᠡᠭᠰᠢ ᠬᠠᠨᠳᠤᠨ ᠵᠦᠭᠴᠢᠯᠡᠨ ᠬᠡᠰᠢᠭ ᠲᠣᠷ ᠮᠥᠷᠭᠥᠭᠦᠯ᠃ ᠵᠠᠰᠠᠭ ᠲᠥᠷᠥ ᠶ᠋ᠢᠨ ᠵᠡᠷᠭᠡ ᠲᠤᠰᠢᠶᠠᠯᠲᠠᠨ ᠸᠠᠩ ᠰᠠᠢᠳ ᠹᠧᠢ ᠬᠠᠲᠤᠳ ᠠ᠋ᠴᠠ ᠡᠬᠢᠯᠡᠨ᠂ ᠳᠣᠷᠣᠭᠰᠢ ᠠᠷᠠᠳ ᠠᠯᠪᠠᠲᠤ᠂ ᠴᠡᠷᠢᠭ ᠢᠷᠭᠡᠨ᠂ ᠮᠠᠯᠴᠢᠨ ᠪᠥᠯᠴᠢᠨ ᠳ᠋ᠦ᠍ᠷ ᠲᠤᠯᠲᠠᠯ᠎ᠠ᠂ ᠡᠷ᠎ᠡ ᠪᠠ ᠡᠬᠡᠨᠡᠷ ᠢ᠋ ᠠᠳᠠᠯᠢ ᠪᠠᠷ ᠱᠠᠩᠨᠠᠵᠤ᠂ ᠵᠠᠷᠯᠠᠯ ᠵᠠᠷᠯᠢᠭ ᠤ᠋ᠨ ᠤᠴᠢᠷ ᠤᠬᠠᠭᠠᠨ ᠢ᠋ ᠤᠬᠠᠭᠤᠯᠤᠨ ᠮᠡᠳᠡᠭᠦᠯᠵᠦ᠂ ᠰᠡᠳᠬᠢᠯ ᠳ᠋ᠦ᠍ᠷ ᠬᠠᠳᠠᠩᠰᠢᠨ ᠵᠠᠩ ᠳ᠋ᠤᠷ ᠳᠠᠳᠤᠯᠴᠠᠬᠤ ᠪᠠᠷ ᠨᠠᠷᠢᠪᠴᠢᠯᠠᠨ ᠵᠠᠷᠯᠠᠨ ᠵᠠᠩᠰᠢᠭᠤᠯᠤᠭᠲᠤᠨ᠃ ᠵᠢᠴᠢ ᠵᠠᠰᠠᠭ ᠲᠥᠷᠥ ᠶ᠋ᠢᠨ ᠬᠡᠷᠬᠡᠮ ᠰᠠᠭᠤᠷᠢᠨᠳᠠᠨ ᠠ᠋ᠴᠠ ᠠᠯᠪᠠᠨ ᠬᠣᠭᠣᠷᠣᠨᠳᠣ ᠶ᠋ᠢᠨ ᠴᠡᠷᠢᠭ ᠬᠤᠶᠠᠭ ᠲᠤᠷ ᠲᠤᠯᠲᠠᠯ᠎ᠠ ᠴᠥᠮ ᠨᠢᠭᠡᠨ ᠵᠡᠷᠭᠡ ᠲᠡᠮᠳᠡᠭᠯᠡᠨ ᠨᠡᠮᠡᠵᠦ ᠬᠥᠬᠢᠭᠦᠯᠬᠦ ᠶ᠋ᠢ ᠦᠵᠡᠭᠦᠯᠦᠭᠲᠦᠨ᠃ ᠰᠤᠯᠠ ᠡᠷ᠎ᠡ᠂ ᠠᠷᠠᠳ ᠠᠯᠪᠠᠲᠤ ᠶ᠋ᠢᠨ ᠡᠬᠡᠨᠡᠷ ᠥᠬᠢᠳ ᠲᠦ᠍ᠷ ᠬᠦᠷᠲᠡᠯ᠎ᠡ ᠬᠡᠰᠢᠭ ᠱᠠᠩ ᠳ᠋ᠤᠷ ᠬᠦᠷᠲᠡᠭᠦᠯᠦᠨ ᠦᠷ᠎ᠡ ᠠᠴᠢ ᠳ᠋ᠤᠷ ᠬᠦᠷᠲᠡᠯ᠎ᠡ ᠦᠶ᠎ᠡ ᠤᠯᠠᠷᠢᠨ ᠤᠮᠠᠷᠳᠠᠯ ᠦᠭᠡᠢ ᠤᠢᠯᠠᠨ ᠲᠡᠮᠳᠡᠭᠯᠡᠭᠦᠯᠵᠦ᠂ ᠦᠯᠢᠭᠡᠷ ᠳᠠᠭᠤᠯᠠᠯ ᠳ᠋ᠤᠷ ᠭᠠᠷᠭᠠᠵᠤ᠂ ᠥᠭᠦᠯᠡᠯ ᠬᠡᠯᠡᠯᠴᠡᠭᠡ ᠳ᠋ᠦ᠍ᠷ ᠬᠣᠯᠪᠣᠭᠳᠠᠭᠤᠯᠤᠨ᠂ ᠭᠡᠷ ᠪᠦᠷᠢ ᠡᠷᠦᠬᠡ ᠳᠣᠳᠣᠮ ᠤ᠋ᠨ ᠨᠢᠯᠬ᠎ᠠ ᠨᠢᠷᠠᠢ ᠳ᠋ᠤᠷ ᠬᠦᠷᠲᠡᠯ᠎ᠡ ᠬᠥᠭᠰᠢᠳ ᠢ᠋ᠶ᠋ᠡᠨ ᠬᠦᠨᠳᠦᠯᠡᠬᠦ᠂ ᠡᠪᠦᠭᠡᠳ ᠢ᠋ᠶ᠋ᠡᠨ ᠡᠯᠪᠡᠷᠢᠯᠡᠬᠦ᠂ ᠡᠴᠢᠭᠡ ᠡᠬᠡ ᠪᠡᠨ ᠲᠠᠬᠢᠮᠳᠠᠬᠤ᠂ ᠡᠷ᠎ᠡ ᠨᠥᠬᠥᠷ ᠢ᠋ᠶ᠋ᠡᠨ ᠡᠷᠬᠢᠯᠡᠨ ᠦᠵᠡᠬᠦᠢ ᠶ᠋ᠢ ᠡᠭᠦᠷᠢᠳᠡ ᠶ᠋ᠢᠨ ᠳᠠᠭᠤᠷᠢᠶᠠᠯᠲᠠ ᠤᠯᠠᠮᠵᠢᠯᠠᠯ ᠪᠤᠯᠭᠠᠠᠳᠤᠨ᠃ ᠵᠠᠰᠠᠭ ᠲᠥᠷᠥ ᠳ᠋ᠦ᠍ᠷ ᠪᠣᠯᠪᠠᠰᠤ᠂ ᠲᠣᠷᠭ᠎ᠠ ᠲᠥᠷᠭᠡ ᠪᠥᠰ ᠴᠠᠭᠠᠰᠤᠨ᠎ᠠ ᠪᠢᠴᠢᠨ᠂ ᠬᠤᠯᠤᠰᠤ ᠰᠠᠮᠪᠠᠷ᠎ᠠ᠂ ᠲᠡᠮᠦᠷ᠂ ᠵᠡᠰ ᠲᠣᠷ ᠰᠡᠢᠯᠦᠨ ᠳᠤᠭᠭᠢᠵᠤ᠂ ᠲᠡᠮᠦᠷ ᠥᠭᠡᠭ ᠬᠣᠷᠭᠣ ᠳ᠋ᠤᠷ ᠬᠠᠳᠠᠭᠠᠯᠠᠨ᠂ ᠭᠠᠳᠠᠨ᠎ᠠ ᠬᠡᠭᠡᠷ᠎ᠡ ᠳ᠋ᠦ᠍ᠷ ᠪᠣᠯᠪᠠᠰᠤ᠂ ᠠᠯᠲᠠᠢ ᠬᠠᠩᠭᠠᠢ ᠵᠡᠷᠭᠡ ᠶ᠋ᠢᠨ ᠶᠡᠬᠡ ᠠᠭᠤᠯᠠ ᠬᠠᠢᠷᠬᠠᠨ ᠤ᠋ ᠬᠠᠢᠯᠳᠠᠩ ᠬᠠᠳᠠ ᠪᠠ ᠲᠡᠭᠰᠢ ᠴᠢᠯᠠᠭᠤᠨ᠎ᠠ ᠰᠡᠢᠯᠦᠭᠦᠯᠵᠦ᠂ ᠲᠡᠭᠷᠢ ᠭᠠᠵᠠᠷ ᠤ᠋ᠨ ᠵᠡᠪᠰᠡᠷ᠎ᠡ ᠮᠥᠩᠬᠡ ᠶ᠋ᠢᠨ ᠦᠯᠡᠳᠡᠭᠡᠯ ᠲᠡᠮᠳᠡᠭ ᠪᠣᠯᠭᠠᠭᠲᠤᠨ᠃ ᠲᠡᠢᠮᠦ ᠶ᠋ᠢᠨ ᠲᠤᠯᠠ ᠮᠣᠩᠭᠣᠯ ᠤᠯᠤᠰ ᠤ᠋ᠨ ᠬᠠᠷᠢᠶᠠᠲᠤ᠂ ᠬᠡᠭᠡᠷ᠎ᠡ ᠬᠥᠳᠡᠭᠡ᠂ ᠠᠢᠯ ᠪᠠᠢᠰᠢᠩ᠂ ᠡᠪᠦᠯᠵᠢᠶ᠎ᠡ ᠵᠤᠰᠠᠯᠠᠩ ᠤ᠋ᠨ ᠣᠪᠣᠭ᠎ᠠ ᠳᠥᠭᠥᠮ ᠳ᠋ᠦ᠍ᠷ ᠬᠦᠷᠲᠡᠯ᠎ᠡ ᠲᠠᠷᠬᠠᠭᠠᠨ ᠵᠠᠷᠯᠠᠭᠤᠯᠵᠤ᠂ ᠵᠠᠬ᠎ᠠ ᠬᠢᠵᠠᠭᠠᠷ᠎ᠠ ᠪᠣᠯᠪᠠᠴᠤ᠂ ᠬᠠᠷᠢᠶ᠎ᠠ ᠬᠠᠷᠢᠶ᠎ᠠ ᠲᠠᠢ ᠳ᠋ᠤᠷ ᠠᠨᠤ ᠴᠥᠮ ᠬᠡᠰᠢᠭ ᠬᠤᠷᠢᠮ ᠬᠦᠷᠲᠡᠭᠡᠨ ᠬᠤᠷᠢᠮᠯᠠᠭᠤᠯᠤᠨ᠂ ᠪᠠᠶᠠᠰᠤᠯ ᠪᠢᠰᠢᠷᠡᠯ ᠢ᠋ᠶ᠋ᠡᠷ ᠤᠢᠯᠠᠨ ᠲᠡᠮᠳᠡᠭᠯᠡᠭᠦᠯᠦᠭᠲᠦᠨ᠃ ᠮᠣᠵᠢ ᠴᠢᠭᠤᠯᠭᠠᠨ᠂ ᠵᠠᠬ᠎ᠠ ᠬᠡᠴᠡ᠂ ᠬᠣᠲᠠ ᠪᠠᠯᠭᠠᠳ᠂ ᠬᠣᠰᠢᠭᠤ ᠭᠣᠣᠯ᠂ ᠰᠢᠯᠢ ᠳ᠋ᠦ᠍ᠷ ᠬᠦᠷᠲᠡᠯ᠎ᠡ ᠵᠠᠷᠯᠢᠭ ᠬᠦᠷᠦᠮᠡᠭᠴᠡ ᠰᠦᠰᠦᠭᠯᠡᠨ ᠳᠠᠭᠠᠵᠤ᠂ ᠥᠪᠡᠷ ᠦ᠋ᠨ ᠬᠡᠷᠡᠭᠴᠢᠯᠡᠨ ᠬᠢᠴᠢᠶᠡᠩᠭᠦᠢᠯᠡᠨ ᠶᠠᠪᠤᠭᠲᠤᠨ 》ᠬᠡᠮᠡᠵᠦᠬᠦᠢ᠃
ᠲᠠᠢᠬᠡᠦ ᠲᠡᠷᠢᠭᠦᠯᠡᠨ ᠬᠤᠸᠠᠩᠳᠢ᠂ ᠬᠤᠸᠠᠩᠬᠡᠦ᠂ ᠬᠠᠭᠠᠨ ᠤ᠋ ᠪᠢᠨ ᠹᠧᠢ᠂ ᠣᠢᠷ᠎ᠠ ᠸᠠᠩ ᠨᠠᠷ᠂ ᠶᠡᠬᠡᠰ ᠰᠠᠢᠳ᠂ ᠬᠦᠯᠦᠭ ᠨᠣᠶᠠᠳ᠂ ᠤᠯᠤᠰ ᠤ᠋ᠨ ᠤᠷᠤᠭ᠂ ᠬᠠᠭᠠᠨ ᠤ᠋ ᠬᠠᠳᠠᠮ᠂ ᠭᠦᠩᠵᠦ᠂ ᠵᠢᠶᠦ᠋ᠨ ᠵᠣ᠌᠂ ᠪᠥᠸᠸᠵᠥ ᠠᠪᠠᠬᠠᠢ᠂ ᠠᠢᠮᠠᠭ ᠤ᠋ᠨ ᠡᠵᠡᠳ ᠦ᠋ᠨ ᠡᠷ᠎ᠡ ᠡᠮ᠎ᠡ᠂ ᠡᠷᠭᠦᠮᠵᠢᠲᠦ ᠨᠣᠶᠠᠳ ᠤ᠋ᠨ ᠴᠣᠯᠠᠲᠤ ᠬᠠᠲᠤᠳ᠂ ᠭᠤᠷᠪᠠᠨ ᠳᠡᠰ ᠦ᠋ᠨ ᠲᠠᠢᠹᠦ᠋ ᠲᠦᠰᠢᠮᠡᠳ ᠦ᠋ᠨ ᠨᠣᠶᠠᠳ ᠲᠤᠷ ᠬᠦᠷᠲᠡᠯ᠎ᠡ᠂ ᠪᠦᠭᠦᠳᠡᠭᠡᠷ ᠦ᠋ᠨ ᠬᠣᠲᠠᠯᠠ ᠤᠯᠤᠰ ᠤ᠋ᠨ ᠱᠠᠩ ᠬᠤᠷᠢᠮ ᠳ᠋ᠤᠷ ᠪᠡᠶᠡᠰᠦᠨ ᠪᠢᠰᠢᠷᠡᠵᠦ ᠳ᠋ᠡᠭᠡᠨ ᠪᠠᠶᠠᠰᠤᠯᠴᠠᠨ ᠬᠤᠪᠢ ᠨᠡᠢᠯᠡᠭᠦᠯᠦᠨ ᠡᠷᠭᠦᠨ ᠨᠡᠮᠡᠷᠢᠯᠡᠭᠰᠡᠨ ᠲᠡᠢ ᠨᠡᠢᠲᠡ ᠡᠳ᠋ ᠦ᠋ᠨ ᠲᠣᠭ᠎ᠠ᠂ ᠠᠷᠤ ᠶ᠋ᠢᠨ ᠬᠠᠷ᠎ᠠ ᠮᠥᠩᠭᠥ ᠭᠤᠴᠢᠨ ᠲᠦᠮᠡᠨ ᠯᠠᠩ᠂ ᠮᠣᠷᠢ᠂ ᠦᠬᠡᠷ᠂ ᠬᠣᠨᠢ ᠭᠤᠷᠪᠠᠨ ᠵᠦᠢᠯ ᠦ᠋ᠨ ᠮᠠᠯ ᠨᠡᠢᠲᠡ ᠳᠥᠴᠢᠨ ᠲᠦᠮᠡᠨ ᠲᠣᠯᠣᠭᠠᠢ᠂ ᠡᠮᠦᠨ᠎ᠡ ᠭᠠᠵᠠᠷ ᠤ᠋ᠨ ᠪᠤᠭᠤᠳᠠᠢ᠂ ᠪᠠᠷᠠᠭᠤᠨ ᠭᠠᠵᠠᠷ ᠤ᠋ᠨ ᠠᠷᠪᠠᠢ ᠶ᠋ᠢᠨ ᠭᠤᠯᠢᠷ ᠪᠠ ᠳᠠᠪᠤᠰᠤ᠂ ᠳᠠᠷᠠᠰᠤ ᠲᠠᠪᠢᠨ ᠲᠦᠮᠡᠨ ᠲᠡᠷᠭᠡ ᠬᠡᠮᠡᠵᠦᠬᠦᠢ᠃ ᠠᠷᠤ ᠶ᠋ᠢᠨ ᠤᠷᠲᠤ ᠠᠶᠠᠯᠭᠤ ᠪᠠᠷ ᠡᠪᠯᠡᠨ ᠲᠣᠪᠬᠢᠭᠰᠠᠨ ᠲᠣᠪᠴᠢᠲᠤ ᠰᠣᠶᠣᠯ ᠤ᠋ᠨ ᠳᠠᠭᠤᠯᠠᠯ ᠠᠨᠤ᠄
ᠠᠩᠬ᠎ᠠ ᠲᠡᠷᠢᠭᠦᠨ ᠲᠠᠬᠢᠮᠳᠠᠭᠤ ᠬᠡᠮᠡᠭᠴᠢ ᠢᠨᠤ
ᠠᠴᠢᠯᠠᠬᠤ ᠡᠯᠪᠡᠷᠢᠯᠡᠬᠦ ᠦᠢᠯᠡ ᠪᠣᠢ ᠶᠠ᠃
ᠠᠰᠠᠷᠠᠵᠤ ᠲᠡᠵᠢᠭᠡᠭᠰᠡᠨ ᠨᠢᠭᠦᠯᠡᠰᠬᠦᠢ ᠬᠡᠮᠡᠭᠴᠢ ᠢᠨᠤ
ᠠᠬᠤᠢ ᠶᠡᠬᠡ ᠣᠭᠲᠠᠷᠭᠤᠢ ᠮᠡᠲᠦ ᠠ᠋ !
ᠠᠶ᠎ᠠ ᠡᠭᠦᠨ ᠢ᠋ ᠡᠰᠡ ᠮᠡᠳᠡᠪᠡᠰᠦ ᠢᠨᠤ
ᠠᠯᠢᠪᠠ ᠰᠤᠷᠲᠠᠯ ᠲᠠᠯᠠᠭᠠᠷ ᠪᠣᠯᠤᠨᠠᠮ ᠢ᠋᠎ᠠ᠃
ᠠᠳᠠᠯᠢᠳᠬᠠᠨ ᠥᠭᠦᠯᠡᠬᠦ ᠦᠯᠢᠭᠡᠷ ᠦᠭᠡᠢ ᠰᠢᠦ
ᠠᠮᠰᠠᠰᠤ ᠬᠡᠮᠡᠪᠡᠰᠦ ᠦᠷ᠎ᠡ ᠪᠡᠨ ᠦᠵᠡ ᠲᠠ᠃
ᠡᠭᠦᠨᠦ ᠳᠡᠳ᠋ ᠳᠡᠭᠦᠦᠴᠢ ᠪᠣᠯᠪᠠᠰᠤ ᠠᠨᠤ
ᠡᠯᠢᠭᠡᠰᠡᠭ ᠬᠠᠯᠠᠭᠤᠨ ᠢ᠋ ᠡᠷᠬᠢᠯᠡᠬᠦ ᠵᠦᠢ ᠪᠢᠰᠢᠦ᠃
ᠡᠴᠢᠭᠡ ᠶ᠋ᠢᠨ ᠰᠢᠮ᠎ᠡ ᠪᠡᠷ ᠠᠳᠠᠯᠢ ᠪᠦᠲᠦᠪᠡᠢ ᠰᠢᠦ
ᠡᠬᠡ ᠶ᠋ᠢᠨ ᠬᠡᠪᠡᠯᠢ ᠳ᠋ᠦ᠍ᠷ ᠬᠠᠮᠲᠤ ᠥᠰᠦᠭᠰᠡᠨ ᠪᠢᠰᠢᠦ᠃
ᠡᠷᠲᠡ ᠲᠥᠷᠥᠭᠰᠡᠨ ᠢ᠋ᠶ᠋ᠡᠷ ᠰᠤᠷᠭᠠᠵᠤ ᠰᠤᠪᠢᠬᠤᠢ ᠶ᠋ᠢ ᠠᠨᠤ
ᠡᠭᠦᠷᠢᠳᠡ ᠬᠡᠯᠬᠢᠶᠡᠲᠡᠨ ᠪᠥᠬᠥᠢᠵᠦ ᠳᠠᠭᠠᠨᠠᠮ ᠪᠢᠰᠢᠦ᠃
ᠡᠷᠡᠮᠡᠬᠡᠢ ᠰᠥᠷᠭᠡᠦ ᠪᠡᠷ ᠲᠡᠮᠡᠴᠡᠬᠦ ᠪᠥᠭᠡᠰᠦ ᠢᠨᠦ
ᠡᠷᠳᠡᠮ ᠪᠠᠭᠤᠷᠠᠭᠠᠳ ᠨᠡᠷ᠎ᠡ ᠡᠪᠳᠡᠷᠨᠠᠮ ᠪᠢᠰᠢᠦ᠃
ᠢᠮᠠᠭᠲᠠ ᠦᠵᠡᠪᠡᠰᠦ ᠨᠥᠬᠥᠷ ᠡᠮ᠎ᠡ ᠬᠡᠮᠡᠭᠴᠢ ᠢᠨᠦ
ᠢᠯᠭᠠᠬᠤᠢ ᠶ᠋ᠢ ᠲᠡᠮᠡᠴᠡᠨ ᠢᠯᠭᠠᠯ ᠦᠭᠡᠢ ᠰᠢᠦ᠃
ᠢᠨᠠᠭ ᠬᠡᠲᠦᠷᠡᠪᠡᠰᠦ ᠡᠷ᠎ᠡ ᠢᠨᠤ ᠳᠠᠷᠤᠭᠳᠠᠭᠠᠳ
ᠢᠯᠭᠤᠮ ᠪᠠᠭᠤᠷᠠᠪᠠᠰᠤ ᠡᠮ᠎ᠡ ᠢᠨᠦ ᠭᠡᠭᠡᠭᠳᠡᠳᠡᠭ ᠪᠢᠰᠢᠦ᠃
ᠢᠯᠠᠩᠭᠤᠶ᠎ᠠ ᠭᠡᠭᠡᠬᠡᠨ ᠶᠣᠰᠣᠨ ᠢ᠋ᠶ᠋ᠠᠷ ᠪᠠᠷᠢᠮᠲᠠᠯᠠᠪᠠᠰᠤ
ᠢᠴᠢᠬᠦ ᠡᠮᠢᠶᠡᠬᠦ ᠶ᠋ᠢ ᠤᠬᠠᠪᠠᠰᠤ ᠵᠣᠬᠢᠨᠠᠮ ᠰᠢᠦ᠃
ᠢᠨᠢᠶᠡᠮᠰᠦᠭ ᠶᠣᠰᠣᠯᠠᠯ ᠬᠡᠷᠲᠡ ᠴᠢᠨᠦ ᠳᠦᠭᠦᠷᠦᠭᠡᠳ
ᠢᠷᠠᠭᠤ ᠠᠯᠳᠠᠷ ᠭᠠᠳᠠᠨ᠎ᠠ ᠴᠢᠨᠦ ᠳᠠᠭᠤᠷᠢᠰᠤᠨᠠᠮ ᠪᠤᠶᠤ᠃
ᠣᠭᠣᠰᠣᠷ ᠬᠡᠯᠬᠢᠶ᠎ᠡ ᠲᠡᠢ ᠡᠵᠡᠨ ᠲᠦᠰᠢᠮᠡᠯ ᠢᠨᠣ
ᠣᠷᠣᠬᠤ ᠡᠭᠡᠬᠦᠷ ᠲᠦ᠍ᠷ ᠥᠷᠥᠰᠢᠶᠡᠯ ᠵᠢᠷᠤᠮᠲᠠᠢ ᠪᠣᠯᠪᠠᠰᠤ
ᠣᠰᠣᠯ ᠢ᠋ ᠪᠠᠭᠲᠠᠭᠠᠬᠤ ᠶ᠋ᠢᠨ ᠳᠡᠭᠡᠳᠦ ᠶ᠋ᠢᠨ ᠠᠪᠤᠷᠠᠯ ᠰᠢᠦ᠃
ᠣᠯᠣᠮ ᠦᠭᠡᠢ ᠳᠠᠯᠠᠢ ᠮᠡᠲᠦ ᠠᠭᠤᠳᠠᠮ ᠪᠠᠢ
ᠣᠮᠣᠷᠬᠠᠭ ᠰᠥᠷᠭᠡᠦ ᠵᠠᠯᠢᠬᠠᠢ ᠪᠢᠯᠳᠠᠤᠴᠢ ᠶ᠋ᠢ ᠢᠨᠣ
ᠤᠭᠤᠷᠤᠨ ᠭᠡᠭᠡᠵᠦ ᠣᠭᠣᠭᠠᠲᠠ ᠲᠡᠪᠴᠢᠪᠡᠰᠦ ᠢ᠎ᠡ ᠂
ᠣᠭᠲᠠᠷᠭᠤᠢ ᠶ᠋ᠢᠨ ᠴᠡᠭᠡᠯ ᠰᠠᠷᠠᠨ ᠮᠠᠨᠳᠤᠷᠤᠨ
ᠣᠳᠣᠳ ᠤ᠋ᠨ ᠴᠢᠭᠤᠯᠭᠠᠨ ᠪᠠᠭᠯᠠᠭᠠᠯᠠᠭᠰᠠᠨ ᠮᠡᠲᠦ ᠪᠢᠰᠢᠦ᠃
ᠣᠶᠤᠲᠠᠨ ᠮᠡᠷᠭᠡᠳ ᠦ᠋ᠨ ᠬᠠᠨᠢᠯᠠᠬᠤ ᠶᠣᠰᠣ ᠬᠡᠮᠡᠭᠴᠢ
ᠤᠰᠤᠨ ᠮᠡᠲᠦ ᠵᠥᠭᠡᠭ ᠤᠷᠲᠤᠳᠠ ᠪᠢᠰᠢᠦ᠃
ᠤᠷᠰᠢᠭᠲᠤ ᠮᠠᠭᠤ ᠥᠴᠦᠬᠡᠨ ᠠᠷᠠᠳ ᠬᠡᠮᠡᠭᠴᠢ
ᠤᠷᠢᠳᠠ ᠡᠯ ᠭᠡᠪᠡᠴᠦ ᠬᠣᠢᠨ᠎ᠠ ᠳᠠᠢᠰᠤᠨ ᠰᠢᠦ᠃
ᠤᠬᠠᠭᠠᠨ ᠪᠡᠶ᠎ᠡ ᠳ᠋ᠦ᠍ᠷ ᠲᠤᠰᠠᠲᠠᠢ ᠨᠥᠬᠥᠷ ᠬᠡᠮᠡᠭᠴᠢ
ᠤᠳᠠᠭᠠᠨ ᠳ᠋ᠠᠭᠠᠨ ᠤᠯᠠᠮ ᠬᠦᠨᠳᠦᠯᠡᠯᠲᠡᠢ ᠪᠠᠢᠨᠠᠮ ᠃
ᠤᠷᠠᠨ ᠦᠭᠡ ᠠᠷᠭ᠎ᠠ ᠶ᠋ᠢᠨ ᠴᠢᠷᠠᠢ ᠲᠠᠨ ᠢ᠋
ᠤᠬᠠᠵᠤ ᠮᠡᠳᠡᠭᠡᠳ ᠳᠦᠷᠭᠡᠨ᠎ᠡ ᠲᠡᠪᠴᠢᠭᠲᠦᠨ ᠲᠠ᠃
ᠥᠭᠡᠳᠡ ᠤᠷᠤᠭᠤ ᠶ᠋ᠢᠨ ᠭᠤᠷᠪᠠᠨ ᠬᠡᠯᠬᠢᠶ᠎ᠡ ᠢᠨᠣ
ᠥᠮᠥᠭ ᠰᠠᠳᠤᠨ ᠤ᠋ ᠲᠠᠪᠤᠨ ᠡᠭᠦᠷᠢᠳᠡ ᠲᠡᠢ ᠰᠢᠦ᠃
ᠥᠷᠥᠰᠢᠶᠡᠯ ᠵᠢᠷᠤᠮ ᠲᠠᠢ ᠴᠢᠩ ᠦᠨᠡᠨ ᠢ᠋
ᠥᠩᠭᠡᠷᠡᠬᠦ ᠬᠤᠪᠢᠯᠭᠠᠨ ᠢᠪᠡᠭᠡᠨ ᠦᠵᠡᠨᠡᠮ ᠰᠢᠦ᠃
ᠥᠩᠭᠡ ᠨᠡᠷ᠎ᠡ ᠦᠨᠡᠨ ᠭᠠᠪᠢᠶᠠᠲᠤ ᠲᠡᠷᠡ
ᠥᠨᠳᠥᠷ ᠮᠡᠷᠭᠡᠳ ᠢ᠋ ᠡᠰᠡ ᠦᠵᠡᠪᠡᠦ ᠲᠠ᠃
ᠥᠷᠯᠥᠭᠡ ᠶ᠋ᠢᠨ ᠨᠠᠷᠠᠨ ᠤ᠋ ᠭᠡᠭᠡᠬᠡᠨ ᠭᠡᠷᠡᠯ ᠢᠨᠣ
ᠥᠷᠭᠡᠨ ᠮᠥᠷᠡᠨ᠎ᠡ ᠭᠡᠢᠭᠦᠯᠦᠭᠰᠡᠨ ᠮᠡᠲᠦ ᠪᠢᠰᠢᠦ᠃
ᠥᠨᠢᠳᠡ ᠶ᠋ᠢᠨ ᠪᠣᠳᠠᠰ ᠲᠤᠷ ᠨᠡᠪᠲᠡᠷᠡᠭᠰᠡᠨ ᠬᠣᠢᠨ᠎ᠠ ᠰᠠᠶᠢ
ᠥᠪᠡᠷᠦᠨ ᠮᠠᠲᠠᠯ ᠳᠠᠷᠤᠢ ᠬᠦᠷᠦᠯᠴᠡᠨᠡᠮ ᠰᠢᠦ᠃
ᠦᠨᠡᠨ ᠰᠡᠳᠬᠢᠯ ᠢ᠋ ᠪᠠᠲᠤᠳᠬᠠᠨ ᠲᠥᠰᠥᠭᠯᠡᠭᠡᠳ ᠰᠠᠶᠢ
ᠥᠷᠢᠭᠦᠦ ᠰᠡᠳᠬᠢᠯ ᠴᠢᠨᠦ ᠲᠥᠪ ᠪᠣᠯᠤᠮᠤᠢ ᠢ᠎ᠡ᠃
ᠥᠲᠡᠯ᠎ᠡ ᠪᠡᠶ᠎ᠡ ᠪᠡᠨ ᠬᠢᠨᠠᠨ ᠵᠠᠯᠠᠷᠠᠭᠤᠯᠪᠠᠰᠤ ᠲᠠ
ᠦᠷᠭᠦᠯᠵᠢ ᠭᠡᠷ ᠢ᠋ᠶ᠋ᠡᠨ ᠲᠡᠭᠰᠢᠳᠬᠡᠨ ᠴᠢᠳᠠᠨᠠᠮ ᠪᠢᠰᠢᠦ᠃
ᠥᠷᠭᠡᠳᠬᠡᠨ ᠳᠡᠯᠭᠡᠷᠡᠭᠦᠯᠪᠡᠰᠦ ᠤᠯᠤᠰ ᠢ᠋ ᠵᠠᠰᠠᠭᠠᠳ
ᠦᠯᠡᠮᠵᠢ ᠳ᠋ᠠᠬᠢᠨ ᠢ᠋ ᠲᠦᠪᠰᠢᠨ ᠪᠣᠯᠭᠠᠨᠠᠮ ᠪᠣᠯᠠᠢ᠃
ᠪᠣᠱᠣᠭ ᠳᠡᠬᠢᠮᠲᠡᠯᠡᠯᠲᠦ ᠭᠡᠷᠡᠯᠲᠦ ᠶᠡᠬᠡᠮᠰᠦᠭ ᠭᠤᠸᠠᠩ ᠰᠢᠶᠠᠨ ᠬᠤᠸᠠᠩᠬᠡᠦ ᠪᠦᠷᠲᠡᠭᠡᠯᠵᠢᠨ ᠵᠦᠰᠡᠨ ᠡᠬᠡ ᠶ᠋ᠢᠨ ᠠᠯᠲᠠᠨ ᠠᠮᠠᠨ ᠤ᠋ ᠰᠣᠶᠣᠯ ᠵᠠᠷᠯᠢᠭ ᠢ᠋ ᠡᠷᠬᠢᠯᠡᠭᠰᠡᠨ ᠳᠡᠭᠡᠳᠦ ᠲᠠᠢᠹᠦ᠋ ᠪᠥᠭᠡᠳ ᠳᠣᠲᠣᠷ᠎ᠠ ᠲᠡᠵᠢᠭᠡᠨ ᠬᠥᠮᠦᠵᠢᠭᠦᠯᠦᠭᠰᠡᠨ ᠰᠢᠳᠠᠷ ᠰᠠᠢᠳ ᠰᠠᠢᠬᠠᠨ ᠰᠤᠷᠲᠠᠯᠲᠤ ᠴᠣᠯᠠ ᠬᠠᠢᠷᠠᠯᠠᠭᠰᠠᠨ ᠲᠡᠩᠳᠦ ᠠᠢᠮᠠᠭ ᠤ᠋ᠨ ᠠᠬ᠎ᠠ ᠨᠡᠷᠡᠲᠦ ᠱᠠᠩᠱᠤ ᠲᠦᠰᠢᠮᠡᠯ ᠳ᠋ᠦ᠍ᠷ ᠪᠠᠭᠤᠯᠭᠠᠨ ᠤᠢᠭᠤᠷ ᠤᠯᠤᠰ ᠤ᠋ᠨ ᠦᠰᠦᠭ ᠢ᠋ᠶ᠋ᠡᠷ ᠮᠣᠩᠭᠣᠯ ᠦᠭᠡᠰ ᠦ᠋ᠨ ᠠᠶᠠᠰ ᠢ᠋ ᠰᠠᠮᠪᠠᠷ᠎ᠠ ᠰᠢᠪᠠᠭ᠎ᠠ ᠳ᠋ᠤᠷ ᠰᠡᠢᠷᠡᠭᠦᠯᠦᠨ ᠲᠡᠮᠳᠡᠭᠯᠡᠭᠦᠯᠵᠦᠬᠦᠢ᠃
ᠬᠣᠢᠨ᠎ᠠ ᠸᠸᠨ ᠡᠣ ᠬᠤᠸᠠᠩᠳᠢ ᠬᠤᠪᠢᠯᠠᠢ ᠰᠡᠴᠡᠨ ᠱᠢᠽᠦ ᠬᠠᠭᠠᠨ ᠫᠠᠭᠪᠠ ᠬᠤᠲᠤᠭᠲᠤ ᠳ᠋ᠤᠷ ᠲᠤᠰᠢᠶᠠᠨ ᠮᠣᠩᠭᠣᠯ ᠦᠰᠦᠭ ᠲᠣᠷ ᠬᠡᠮᠵᠢᠨ ᠡᠪᠯᠡᠭᠦᠯᠵᠦ᠂ ᠬᠣᠢᠨ᠎ᠠ ᠪᠠᠰᠠ ᠲᠠᠬᠢᠮᠳᠠᠭᠤ ᠪᠠᠷ ᠭᠡᠷᠡᠯᠲᠦᠭᠦᠯᠦᠭᠰᠡᠨ ᠬᠤᠸᠠᠩᠳᠢ ᠬᠠᠢᠰᠠᠨ ᠬᠦᠯᠦᠭ ᠦᠽᠦ᠋ᠩ ᠬᠠᠭᠠᠨ ᠤ᠋ ᠠᠭᠤᠳᠠ ᠬᠦᠷᠦᠭᠴᠢ — ᡁᠢ ᠳᠡ ᠶ᠋ᠢᠨ ᠲᠡᠷᠢᠭᠦᠨ ᠣᠨ ᠳ᠋ᠤᠷ ᠱᠠᠩᠱᠣ ᠱᠧᠩ ᠶᠠᠮᠤᠨ ᠤ᠋ ᠪᠠᠷᠠᠭᠤᠨ ᠡᠲᠡᠭᠡᠳ ᠦ᠋ᠨ ᠴᠢᠩ ᠲᠦᠰᠢᠮᠡᠯ᠂ ᠪᠣᠯᠤᠳᠠᠮᠤᠷ ᠢ᠋ᠶ᠋ᠠᠷ ᠳᠠᠬᠢᠨ ᠰᠢᠳᠤᠷᠰᠢᠭᠤᠯᠤᠨ ᠪᠢᠴᠢᠭᠦᠯᠵᠦ᠂ ᠬᠣᠢᠨ᠎ᠠ ᠪᠠᠰᠠ ᠶᠤᠸᠠᠨ ᠾᠦᠢᠽᠥ᠋ᠩ ᠬᠤᠸᠠᠩᠳᠠᠢ ᠲᠣᠭᠣᠨ ᠲᠡᠮᠦᠷ ᠱᠦᠨ ᠳᠢ — ᠤᠬᠠᠭᠠᠨᠲᠤ ᠬᠠᠭᠠᠨ ᠤ᠋ ᠱᠤ᠌ ᠮᠢ ᠱᠢ ᠶᠠᠮᠤᠨ ᠤ᠋ ᠶᠡᠬᠡ ᠴᠢᠩ ᠲᠦᠰᠢᠮᠡᠯ ᠪᠡᠴᠢᠭ ᠦ᠋ᠨ ᠡᠷᠬᠢᠯᠡᠭᠰᠡᠨ ᠰᠠᠢᠳ ᠲᠠᠢᠽᠢ ᠰᠠᠨᠠᠩ ᠰᠡᠴᠡᠨ ᠢ᠋ᠶ᠋ᠡᠷ《ᠴᠢᠳᠠᠭᠴᠢ ᠶ᠋ᠢᠨ ᠴᠡᠳᠡᠭ 》 ᠬᠡᠮᠡᠬᠦ ᠴᠢᠩᠭᠢᠰ ᠦ᠋ᠨ ᠱᠠᠰᠢᠳᠢᠷᠡ ᠣᠷᠣᠭᠤᠯᠵᠤ᠂ 《ᠬᠥᠬᠡ ᠰᠤᠳᠤᠷ 》 ᠲᠤᠷ ᠲᠡᠮᠳᠡᠭᠯᠡᠭᠰᠡᠨ ᠢᠨᠣ : ᠴᠢᠩᠭᠢᠰ ᠬᠠᠭᠠᠨ ᠤ᠋ ᠬᠣᠷᠢᠨ ᠵᠢᠷᠭᠤᠳᠤᠭᠠᠷ ᠦᠶ᠎ᠡ ᠶ᠋ᠢᠨ ᠠᠴᠢ᠂ ᠲᠥᠪ ᠵᠢᠪᠬᠤᠯᠠᠩᠲᠤ ᠵᠤᠸᠠᠩ ᠵᠢᠩ ᠭᠦᠩᠵᠦ ᠶ᠋ᠢᠨ ᠠᠴᠢ ᠬᠠᠷ᠎ᠠ ᠲᠠᠮᠠᠬᠢ ᠶ᠋ᠢᠨ ᠲᠡᠢᠨ ᠳ᠋ᠦ᠍ᠷ ᠭᠠᠷᠴᠤ ᠭᠠᠪᠢᠶ᠎ᠠ ᠪᠠᠢᠭᠤᠯᠤᠨ ᠬᠣᠶᠠᠷ ᠵᠡᠷᠭᠡ ᠨᠡᠮᠡᠵᠦ ᠳᠥᠷᠪᠡᠨ ᠵᠡᠷᠭᠡ ᠲᠡᠮᠳᠡᠭᠯᠡᠭᠰᠡᠨ᠂ ᠳᠡᠳ᠋ ᠵᠡᠷᠭᠡ ᠲᠤᠰᠠᠯᠠᠭᠴᠢ ᠲᠠᠢᠵᠢ 《ᠸᠠᠩ ᠳᠠ ᠵᠢᠶᠠ ᠽᠢ 》ᠴᠣᠯᠠᠲᠤ ᠵᠣᠰᠣᠲᠤ ᠶ᠋ᠢᠨ ᠴᠢᠭᠤᠯᠭᠠᠨ ᠤ᠋ ᠲᠦᠮᠡᠳ ᠪᠠᠷᠠᠭᠤᠨ ᠭᠠᠷ ᠤ᠋ᠨ ᠬᠤᠰᠢᠭᠤᠨ ᠤ᠋ ᠰᠢᠳᠤᠷᠭᠤ ᠪᠠᠲᠤ ᠬᠣᠷᠣᠭ᠎ᠠ ᠶ᠋ᠢᠨ ᠡᠵᠡᠨ ᠸᠠᠩᠴᠢᠨᠪᠠᠯ ᠳᠠᠢᠴᠢᠩ ᠤᠯᠤᠰ ᠤ᠋ᠨ ᠨᠠᠢ᠍ᠮᠠᠳᠤᠭᠠᠷ ᠬᠠᠭᠠᠨ᠂ ᠰᠢᠦᠸᠠᠨᠽᠥ᠋ᠩ ᠴᠧᠩ ᠬᠤᠸᠠᠩᠳᠢ — ᠲᠥᠷᠥ ᠭᠡᠷᠡᠯᠲᠦ᠂ ᠳ᠋ᠣᠣ ᠭᠤᠸᠠᠩ ᠬᠡᠮᠡᠬᠦ ᠶ᠋ᠢᠨ ᠲᠡᠷᠢᠭᠦᠨ ᠣᠨ ᠴᠠᠭᠠᠭᠴᠢᠨ ᠮᠣᠭᠠᠢ ᠵᠢᠯ ᠳ᠋ᠦ᠍ᠷ ᠶᠡᠬᠡ ᠶᠤᠸᠠᠨ ᠤᠯᠤᠰ ᠤ᠋ᠨ ᠫᠠᠭᠪᠠ ᠬᠤᠲᠤᠭᠲᠤ ᠶ᠋ᠢᠨ ᠮᠣᠩᠭᠣᠯ ᠦᠰᠦᠭ ᠵᠣᠬᠢᠶᠠᠭᠰᠠᠨ 《ᠵᠢᠷᠦᠬᠡᠨ ᠲᠣᠯᠲᠣ 》ᠬᠡᠮᠡᠬᠦ ᠰᠤᠳᠤᠷ ᠢ ᠴᠥᠯᠪᠡᠬᠦᠶᠡ᠂ ᠡᠨᠡ ᠲᠣᠪᠴᠢᠲᠤ ᠰᠣᠶᠣᠯ ᠢ᠋ ᠬᠠᠮᠲᠤ ᠴᠥᠯᠪᠡᠨ ᠪᠢᠴᠢᠵᠦ ᠭᠠᠷᠭᠠᠭᠰᠠᠨ ᠪᠥᠯᠥᠭᠡ ᠃ ᠬᠣᠢᠨ᠎ᠠ ᠳᠥᠴᠢᠨ ᠨᠢᠭᠡᠨ ᠣᠨ ᠪᠣᠯᠵᠤ ᠮᠥᠨ ᠬᠦ᠌ ᠳᠠᠢᠴᠢᠩ ᠤᠯᠤᠰ ᠤ᠋ᠨ ᠸᠸᠨᠽᠥ᠋ᠩ ᠰᠢᠶᠠᠨ ᠬᠤᠸᠠᠩᠳᠢ ᠶ᠋ᠢᠨ ᠲᠦᠭᠡᠮᠡᠯ ᠡᠯᠪᠡᠭᠲᠦ — ᠰᠢᠶᠠᠨ ᠹᠧᠩ ᠬᠡᠮᠡᠬᠦ ᠠᠷᠪᠠᠨ ᠨᠢᠭᠡᠳᠦᠭᠡᠷ ᠣᠨ ᠴᠠᠭᠠᠭᠴᠢᠨ ᠲᠠᠬᠢᠶ᠎ᠠ ᠵᠢᠯ᠂ ᠮᠥᠨ ᠸᠠᠩ ᠳᠠ ᠵᠢᠶᠠ ᠽᠢ ᠶ᠋ᠢᠨ ᠳᠣᠯᠣᠳᠤᠭᠠᠷ ᠬᠥᠪᠡᠭᠦᠨ᠂ ᠨᠡᠷ᠎ᠡ ᠢᠨᠵᠠᠨᠨᠠᠰᠢ᠂ ᠴᠣᠯᠠ ᠿᠦᠨ ᠲᠢᠩ ᠭᠡᠮᠡᠨ ᠬᠠᠷᠢᠨ ᠡᠴᠢᠭᠡ ᠸᠠᠩ ᠤ᠋ᠨ 《 ᠿᠦ᠍ ᠰᠢᠦᠢ ᠵᠠᠢ ᠶ᠋ᠢᠨ ᠰᠢᠯᠦᠭᠯᠡᠯ 》 ᠳ᠋ᠦ᠍ᠷ ᠪᠦᠬᠦᠢ 《ᠬᠥᠬᠡ ᠰᠤᠳᠤᠷ 》 ᠢ ᠨᠠᠷᠢᠪᠴᠢᠯᠠᠨ ᠴᠥᠯᠪᠡᠪᠡᠢ᠃ ᠰᠤᠯᠠ ᠦᠭᠡᠰ ᠬᠡᠷᠡᠭ ᠦᠭᠡᠢ᠂ ᠭᠣᠣᠯ ᠰᠤᠳᠤᠷ ᠢ᠋ ᠥᠭᠦᠯᠡᠬᠦ ᠢᠨᠤ :
ᠲᠡᠨᠳᠡᠴᠡ ᠲᠠᠢᠽᠢ᠂ ᠵᠢᠶᠦ᠋ᠨ ᠵᠣ᠌ ᠰᠦᠰᠦᠭᠯᠡᠨ ᠪᠢᠰᠢᠷᠡᠵᠦ᠂ ᠨᠢᠳᠤᠨ᠎ᠠ ᠨᠢᠯᠪᠤᠰᠤᠨ ᠬᠤᠷᠠᠵᠤ᠂ ᠪᠠᠰᠠ ᠳᠠᠬᠢᠨ ᠮᠥᠷᠭᠥᠵᠦ᠂ ᠲᠠᠢᠽᠢ ᠳ᠋ᠤᠷ ᠮᠡᠳᠡᠭᠦᠯᠦᠷᠦᠨ᠄
《ᠲᠡᠭᠷᠢᠯᠢᠭ ᠬᠤᠸᠠᠩᠳᠢ ᠳ᠋ᠤᠷ ᠡᠷᠬᠡᠪᠰᠢ ᠪᠣᠭᠳᠠ ᠡᠬᠡ ᠬᠣᠣᠰᠯᠠᠬᠤ ᠬᠡᠷᠡᠭᠲᠡᠢ ᠠᠵᠤᠭᠤ᠃ ᠲᠠᠢᠽᠢ ᠳᠥᠷᠭᠡᠨ᠎ᠡ ᠵᠠᠷᠯᠠᠵᠤ ᠪᠣᠭᠳᠠ ᠡᠬᠡ ᠶ᠋ᠢᠨ ᠪᠣᠱᠣᠭ ᠢ᠋ ᠶᠠᠪᠤᠭᠤᠯᠪᠠᠰᠤ ᠵᠣᠬᠢᠮᠤᠢ》 ᠬᠡᠮᠡᠭᠰᠡᠨ ᠳ᠋ᠦ᠍ᠷ ᠲᠠᠢᠽᠢ ᠮᠥᠨ ᠮᠥᠨ ᠬᠡᠮᠡᠵᠦ᠂ ᠲᠥᠷᠥ ᠶ᠋ᠢᠨ ᠬᠤᠪᠴᠠᠳ ᠡᠮᠦᠰᠴᠦ᠂ ᠭᠠᠳᠠᠭᠠᠳᠤ ᠬᠠᠷᠰᠢ ᠳ᠋ᠤᠷ ᠵᠦᠩ ᠬᠡᠩᠭᠡᠷᠭᠡ ᠶ᠋ᠢᠨ ᠳᠣᠬᠢᠶ᠎ᠠ ᠲᠠᠯᠪᠢᠭᠤᠯᠤᠨ ᠭᠠᠷᠴᠤ᠂ ᠱᠠᠩ ᠲᠠᠯᠪᠢᠷᠠ ᠢᠷᠡᠭᠰᠡᠨ ᠵᠠᠷᠯᠢᠭ ᠤ᠋ᠨ ᠡᠯᠴᠢ ᠶ᠋ᠢ ᠣᠭᠲᠤᠭᠤᠯᠤᠨ ᠬᠤᠷᠢᠮᠯᠠᠭᠤᠯᠲᠠᠯᠠ᠂ ᠴᠡᠷᠢᠭ ᠦ᠋ᠨ ᠵᠡᠭᠦᠨ ᠪᠠᠷᠠᠭᠤᠨ ᠮᠥᠷᠥ ᠶ᠋ᠢᠨ ᠵᠠᠩᠵᠤᠨ ᠥᠳᠥ᠂ ᠰᠣᠳᠣ᠂ ᠠᠬ᠎ᠠ ᠳᠡᠭᠦᠦ ᠬᠣᠶᠠᠭᠤᠯᠠ᠂ ᠳᠣᠪᠲᠣᠯᠤᠨ ᠢᠷᠡᠵᠦ ᠮᠡᠳᠡᠭᠦᠯᠦᠷᠦᠨ :
《ᠲᠠᠩᠭᠤᠳ ᠤᠯᠤᠰ ᠤ᠋ᠨ ᠡᠮᠦᠨ᠎ᠡ ᠲᠠᠪᠤᠨ ᠮᠣᠵᠢ ᠶ᠋ᠢ ᠨᠡᠢᠭᠡᠮᠯᠡᠨ ᠵᠠᠬᠢᠷᠬᠤ ᠶᠦᠸᠠᠢ ᠸᠠᠩ ᠯᠢ ᠠᠨ ᠴᠢᠦᠸᠠᠨ ᠤ᠋ ᠵᠢᠶᠦ᠋ᠨ ᠵᠣ᠌᠂ ᠯᠢ ᠽᠦᠨ ᠵᠣ᠌ ᠳ᠋ᠤᠷ ᠬᠣᠶᠠᠷ ᠮᠢᠩᠭᠠᠨ ᠴᠡᠷᠢᠭ ᠥᠭᠴᠦ᠂ ᠲᠠᠢᠽᠢ ᠶ᠋ᠢᠨ ᠴᠡᠷᠢᠭ ᠢ᠋ ᠤᠭᠲᠤᠨ ᠱᠠᠩᠨᠠᠷᠠ ᠢᠷᠡᠬᠦᠢ ᠳ᠋ᠦ᠍ᠷ ᠴᠡᠷᠢᠭ ᠦ᠋ᠨ ᠬᠣᠰᠢᠭᠤᠴᠢ᠂ ᠰᠠᠢᠳ ᠪᠢᠳᠡᠨ ᠢ᠋ ᠡᠷᠢᠨ ᠵᠣᠯᠭᠠᠵᠤ ᠤᠷᠢᠳᠠ ᠪᠠᠷ ᠮᠡᠳᠡᠭᠦᠯᠦᠷ᠎ᠡ ᠢᠷᠡᠪᠡ》ᠬᠡᠮᠡᠬᠦᠢ ᠳ᠋ᠦ᠍ᠷ ᠲᠠᠢᠽᠢ ᠤᠭᠲᠤᠬᠤ ᠬᠤᠷᠢᠮᠯᠠᠬᠤ ᠶ᠋ᠢ ᠮᠥᠨ ᠬᠦ᠌ ᠥᠳᠥ᠂ ᠰᠣᠳᠣ ᠠᠬ᠎ᠠ ᠳᠡᠭᠦᠦ ᠳ᠋ᠦ᠍ᠷ ᠲᠤᠰᠢᠶᠠᠨ ᠡᠭᠡᠭᠦᠯᠵᠦ᠂ ᠮᠥᠨ ᠡᠳᠦᠷ ᠡᠴᠡ ᠡᠬᠢᠯᠡᠨ ᠭᠡᠭᠡᠬᠡᠨ ᠭᠣᠣᠯᠲᠤ ᠪᠣᠱᠣᠭ ᠳᠠᠬᠢᠮᠳᠠᠯᠠᠯ ᠤ᠋ᠨ ᠱᠠᠩ ᠬᠤᠷᠢᠮ ᠢ᠋ ᠡᠬᠢᠯᠡᠭᠦᠯᠪᠡ᠃
ᠲᠡᠳᠦᠢ ᠳᠣᠲᠣᠷ᠎ᠠ ᠣᠷᠣᠵᠤ ᠵᠢᠶᠦ᠋ᠨ ᠵᠣ᠌ ᠳ᠋ᠤᠷ ᠵᠣᠯᠭᠠᠵᠤ:《ᠴᠢᠨᠦ ᠪᠡᠶ᠎ᠡ ᠡᠨᠳᠡ ᠪᠠᠢᠲᠠᠯ᠎ᠠ᠂ ᠴᠢᠨᠦ ᠵᠢᠭᠰᠠᠭᠠᠯ ᠤ᠋ᠨ ᠮᠡᠳᠡᠭᠡ ᠰᠠᠶᠢ ᠬᠦᠷᠴᠦ ᠢᠷᠡᠪᠡ᠃ ᠮᠥᠨ ᠮᠡᠳᠡᠭᠡᠨ ᠦ᠌ ᠲᠦᠰᠢᠮᠡᠯ ᠢ᠋ᠶ᠋ᠡᠷ ᠤᠭᠲᠤᠭᠤᠯᠤᠷᠠ ᠢᠯᠡᠭᠡᠪᠡ 》 ᠬᠡᠮᠡᠭᠰᠡᠨ ᠳ᠋ᠦ᠍ᠷ ᠵᠢᠶᠦ᠋ᠨ ᠵᠣ᠌ ᠥᠭᠦᠯᠡᠷᠦᠨ᠄
《ᠮᠢᠨᠦ ᠴᠡᠷᠢᠭ ᠨᠥᠭᠥᠭᠡᠳᠦᠷ ᠰᠠᠶᠢ ᠬᠣᠢᠲᠤ ᠭᠠᠯᠪᠢᠷ ᠠᠭᠤᠯᠠᠨ ᠤ᠋ ᠳᠣᠣᠷ᠎ᠠ ᠬᠦᠷᠴᠦ ᠢᠷᠡᠮᠦᠢ᠃ ᠪᠢ ᠡᠨᠡ ᠠᠭᠤᠯᠠᠨ᠎ᠠ᠂ ᠬᠤᠪᠢᠯᠭᠠᠨ ᠪᠠᠭᠰᠢ ᠳ᠋ᠤᠷ ᠵᠣᠯᠭᠠᠮᠤᠢ ᠭᠡᠮᠡᠨ ᠰᠢᠯᠲᠠᠭᠯᠠᠨ᠂ ᠬᠣᠶᠠᠷᠬᠠᠨ ᠥᠬᠢᠨ ᠢ᠋ ᠠᠪᠴᠤ ᠤᠷᠢᠳᠠ ᠪᠠᠷ ᠥᠴᠦᠬᠡᠨ ᠴᠢᠮᠡᠭᠯᠡᠵᠦ ᠤᠷᠤᠭᠰᠢᠯᠠᠨ ᠢᠷᠡᠪᠡ᠃ ᠡᠳᠡᠭᠡᠷ ᠪᠡᠯᠡᠳᠬᠡᠯ ᠢ᠋ ᠴᠥᠮ ᠡᠨᠡ ᠮᠢᠩ ᠯᠦ᠍ ᠬᠡᠦᠬᠡᠨ ᠬᠡᠳᠦᠢᠨ ᠢᠷᠡᠵᠦ ᠪᠡᠯᠡᠳᠬᠡᠭᠰᠡᠨ ᠪᠥᠯᠥᠭᠡ》ᠭᠡᠮᠡᠨ᠂ ᠱᠠ ᠯᠦᠸᠧ ᠶ᠋ᠢᠨ ᠬᠥᠰᠢᠭᠡ ᠵᠠᠮ᠎ᠠ᠂ ᠰᠠᠮ ᠬᠣᠷᠣᠬᠠᠢ ᠶ᠋ᠢᠨ ᠰᠠᠬᠠᠯ ᠤ᠋ᠨ ᠣᠷᠬᠢᠭᠤᠯ ᠬᠡᠰᠡᠭᠦᠷᠲᠦ᠂ ᠰᠡᠷᠢᠭᠦᠨ ᠰᠡᠯᠮᠡᠭᠦᠨ ᠤᠷᠲᠤ ᠬᠠᠷᠰᠢ ᠳ᠋ᠤᠷ ᠵᠡᠷᠭᠡᠴᠡᠨ ᠰᠠᠭᠤᠵᠤ ᠡᠪᠦᠳᠦᠭ ᠲᠤᠯᠭᠠᠯᠴᠠᠨ ᠭᠠᠷ ᠪᠠᠷᠢᠯᠴᠠᠨ ᠰᠠᠭᠤᠯᠴᠠᠵᠤ᠂ ᠬᠣᠯᠠᠳᠠᠬᠢ ᠠᠰᠠᠷᠠ ᠡᠭᠦᠰᠬᠡᠬᠦ ᠬᠠᠭᠠᠨ ᠤ᠋ ᠨᠠᠷᠢᠨ ᠬᠥᠭᠵᠢᠮ ᠢ᠋ ᠰᠣᠨᠣᠰᠤᠨ᠂ ᠨᠠᠮ ᠠᠮᠤᠷᠯᠢᠩᠭᠤᠢ ᠰᠡᠯᠡᠭᠦᠨ ᠲᠤᠩᠭᠠᠯᠠᠭ ᠤ᠋ᠨ ᠬᠣᠣᠰ ᠰᠢᠷᠡᠬᠡᠨ᠎ᠡ ᠰᠠᠭᠤᠵᠤ᠂ ᠮᠢᠩ ᠯᠦ᠍ ᠬᠡᠦᠬᠡᠨ ᠮᠡᠯᠮᠡᠯᠵᠡᠨ ᠡᠩᠰᠡᠭᠯᠡᠵᠦ᠂ ᠰᠠᠷᠬᠤᠳ ᠨᠡᠷᠡᠵᠦ᠂ ᠰᠠᠪᠠ ᠵᠢᠭᠰᠠᠭᠠᠨ᠂ ᠰᠤᠪᠢᠯᠠᠨ ᠬᠤᠷᠢᠮᠯᠠᠬᠤᠢ ᠶ᠋ᠢᠨ ᠵᠠᠪᠰᠡᠷᠠ᠂ ᠬᠣᠵᠢᠮ ᠤ᠋ᠨ ᠬᠡᠷᠡᠭ ᠦ᠋ᠨ ᠨᠠᠷᠢᠨ ᠨᠢᠭᠲᠠ ᠶ᠋ᠢ ᠨᠠᠷᠢᠪᠴᠢᠯᠠᠨ ᠬᠡᠯᠡᠯᠴᠡᠵᠦ᠂ ᠵᠢᠶᠦ᠋ᠨ ᠵᠣ᠌ ᠠᠷᠢᠬᠢ ᠪᠠᠷᠢᠵᠤ ᠠᠰᠠᠭᠤᠷᠤᠨ᠄
《ᠮᠢᠨᠦ ᠡᠴᠢᠭᠡ ᠸᠠᠩ᠂ ᠪᠢᠳᠡᠨ ᠦ᠌ ᠡᠭᠡᠴᠢ ᠳᠡᠭᠦᠦ ᠬᠣᠶᠠᠭᠤᠯᠠ ᠪᠠᠷ ᠲᠠᠢᠽᠢ ᠴᠢᠨᠦ ᠶᠡᠬᠡ ᠴᠡᠷᠢᠭ ᠢ᠋ ᠣᠭᠲᠤᠭᠤᠯᠤᠨ ᠠᠪᠠᠴᠢᠬᠤ ᠠᠨᠤ ᠬᠡᠳᠦᠢᠪᠡᠷ ᠡᠮᠦᠨᠡᠲᠦ ᠰᠧ ᠴᠤᠸᠠᠨ ᠤ᠋ ᠳᠠᠢᠰᠤᠨ ᠢ᠋ ᠲᠤᠯᠤᠮᠤᠢ ᠬᠡᠮᠡᠪᠡᠴᠦ᠂ ᠦᠨᠡᠨ ᠢ᠋ ᠬᠡᠯᠡᠪᠡᠰᠦ ᠡᠴᠦᠰ ᠲᠦ᠍ᠷ ᠥᠪᠡᠷ ᠦ᠋ᠨ ᠤᠯᠤᠰ ᠲᠥᠷᠥ ᠶ᠋ᠢ ᠡᠵᠡᠯᠡᠬᠦᠢ ᠶ᠋ᠢᠨ ᠲᠤᠯᠠ ᠰᠦᠷ ᠪᠣᠯᠭᠠᠬᠤᠢ ᠶ᠋ᠢᠨ ᠤᠴᠢᠷ᠂ ᠡᠴᠢᠭᠡ ᠸᠠᠩ ᠡᠳᠦᠭᠡ ᠨᠢᠭᠤᠷ ᠵᠣᠯᠭᠠᠪᠠᠰᠤ ᠡᠷᠬᠡ ᠦᠭᠡᠢ ᠲᠠᠢᠽᠢ ᠴᠢᠮᠠᠶ᠋ᠢ ᠪᠡᠶ᠎ᠡ ᠪᠡᠨ ᠬᠠᠪᠰᠤᠷᠤᠨ ᠮᠠᠨ ᠤ᠋ ᠨᠡᠢᠰᠯᠡᠯ ᠵᠦᠩ ᠰᠢᠩ ᠪᠠᠯᠭᠠᠰᠤᠨ ᠢ᠋ ᠠᠪᠤᠷᠠ ᠣᠳᠰᠤᠭᠠᠢ ᠬᠡᠮᠡᠪᠡᠰᠦ᠂ ᠲᠠᠢᠽᠢ ᠶᠠᠭᠠᠬᠢᠨ ᠠᠪᠠᠴᠢᠮᠤᠢ ? 》ᠲᠠᠢᠽᠢ ᠢᠨᠢᠶᠡᠵᠦ ᠬᠠᠷᠢᠭᠤ ᠥᠴᠢᠷᠦᠨ᠄
《ᠮᠢᠨᠦ ᠡᠴᠢᠭᠡ ᠬᠠᠭᠠᠨ ᠪᠠ ᠮᠠᠨ ᠤ᠋ ᠴᠡᠷᠢᠭ ᠦ᠋ᠨ ᠡᠵᠡᠨ ᠵᠢᠨᠦᠩ᠂ ᠲᠠᠢᠽᠢ ᠨᠠᠮᠠᠶ᠋ᠢ ᠵᠡᠷᠭᠡᠯᠡᠳᠡᠭᠡ ᠤᠯᠤᠰ ᠤ᠋ᠨ ᠭᠠᠳᠠᠭᠠᠳᠤ ᠳᠠᠢᠰᠤᠨ ᠤ᠋ ᠭᠠᠮᠰᠢᠭ ᠠ᠋ᠴᠠ ᠠᠪᠤᠷᠠᠨ ᠲᠤᠰᠠᠯᠠᠭᠲᠤᠨ ᠬᠡᠮᠡᠭᠰᠡᠨ ᠪᠣᠢ ᠶᠠ᠂ ᠰᠠᠢᠳ ᠲᠤᠷ ᠠᠨᠤ ᠬᠠᠪᠰᠤᠷᠴᠤ᠂ ᠳᠡᠭᠦᠨᠦ ᠡᠵᠡᠨ ᠦ᠌ ᠲᠥᠷᠥ ᠶ᠋ᠢ ᠪᠤᠯᠢᠶᠠᠯᠭ᠎ᠠ ᠬᠡᠮᠡᠭᠰᠡᠨ ᠦᠭᠡᠢ ᠪᠥᠭᠡᠲᠡᠯ᠎ᠡ ᠡᠳᠦᠭᠡ ᠪᠢ ᠶᠣᠰᠣ ᠪᠤᠰᠤᠲᠠᠨ ᠤ᠋ ᠭᠤᠶᠤᠳᠠᠯ ᠢ᠋ ᠠᠪᠴᠤ᠂ ᠵᠣᠷᠢᠭ ᠮᠡᠳᠡᠨ ᠵᠢᠷᠤᠮ ᠪᠤᠰᠤ ᠦᠢᠯᠡ ᠪᠡᠷ ᠶᠠᠪᠤᠪᠠᠰᠤ ᠲᠡᠷᠢᠭᠦᠨ ᠳ᠋ᠦ᠍ᠷ ᠬᠤᠸᠠᠩᠳᠢ ᠶ᠋ᠢᠨ ᠭᠡᠭᠡᠬᠡᠨ ᠵᠠᠰᠠᠭ ᠢ᠋ ᠪᠤᠵᠠᠷᠯᠠᠨ᠂ ᠳᠡᠳ᠋ ᠲᠣᠷ ᠵᠢᠨᠦᠩ ᠦ᠋ᠨ ᠴᠠᠭᠠᠵᠠ ᠳ᠋ᠤᠷ ᠬᠠᠷᠰᠢᠬᠤ ᠪᠣᠯᠠᠢ᠃ ᠠᠬ᠎ᠠ ᠲᠠᠢᠽᠢ ᠵᠣᠴᠢ ᠴᠢᠨ ᠸᠠᠩ ᠴᠡᠷᠢᠭ ᠦ᠋ᠨ ᠲᠠᠭᠲᠤ ᠳ᠋ᠤᠷ ᠣᠮᠣᠷᠬᠠᠭ ᠮᠡᠯᠵᠢᠯᠭᠡ ᠲᠠᠯᠪᠢᠭᠰᠠᠨ ᠤ᠋ ᠣᠴᠢᠷ᠎ᠠ ᠶᠠᠯ᠎ᠠ ᠬᠡᠯᠡᠯᠴᠡᠵᠦ ᠴᠦᠯᠡᠭᠰᠡᠨ ᠠᠲᠠᠯ᠎ᠠ᠂ ᠪᠢ ᠡᠳᠦᠭᠡ ᠬᠡᠷᠪᠡᠷ ᠡᠨᠡ ᠮᠡᠲᠦ ᠶᠣᠰᠣᠨ ᠦᠭᠡᠢ ᠵᠢᠷᠤᠮ ᠪᠤᠰᠤ ᠪᠠᠷ ᠶᠠᠪᠤᠵᠤ᠂ ᠤᠯᠤᠰ ᠲᠥᠷᠥ ᠶᠦ᠍ᠭᠡᠨ ᠠᠷᠢᠭᠤᠨ ᠪᠠᠭᠠᠲᠤᠷ ᠨᠡᠷ᠎ᠡ ᠶ᠋ᠢ ᠪᠤᠵᠠᠷᠯᠠᠪᠠᠰᠤ᠂ ᠡᠴᠢᠭᠡ ᠬᠤᠸᠠᠩᠳᠢ ᠡᠷᠬᠡᠪᠰᠢ ᠣᠳᠣ ᠴᠠᠪᠴᠢᠨ ᠠᠯᠠᠬᠤ ᠶᠠᠯ᠎ᠠ ᠤᠨᠠᠭᠠᠬᠤ ᠪᠣᠯᠠᠢ 》ᠬᠡᠮᠡᠭᠰᠡᠨ ᠳ᠋ᠦ᠍ᠷ ᠵᠢᠶᠦ᠋ᠨ ᠵᠣ᠌ ᠪᠠᠰᠠ ᠠᠰᠠᠭᠤᠷᠤᠨ᠄
《 ᠮᠢᠨᠦ ᠡᠴᠢᠭᠡ ᠸᠠᠩ ᠬᠡᠷᠪᠡᠷ ᠲᠠᠢᠽᠢ ᠴᠢᠮᠠᠳᠤᠷ ᠡᠮᠦᠨᠡᠲᠦ ᠶ᠋ᠢᠨ ᠴᠡᠷᠢᠭ ᠢ᠋ ᠭᠤᠶᠤᠨ ᠲᠤᠰᠢᠶᠠᠭᠠᠳ᠂ ᠨᠢᠭᠡᠨ ᠳᠡᠭᠡᠭᠦᠷ ᠰᠡᠮᠡᠬᠡᠷ ᠨᠡᠢᠰᠯᠡᠯ ᠳ᠋ᠦ᠍ᠷ ᠣᠷᠣᠵᠤ᠂ ᠰᠠᠭᠤᠷᠢᠨ ᠢ᠋ ᠪᠤᠯᠢᠶᠠᠨ ᠲᠥᠷᠥ ᠶ᠋ᠢ ᠡᠵᠡᠯᠡᠪᠡᠰᠦ ᠲᠠᠢᠽᠢ ᠴᠢ ᠶᠠᠯ᠎ᠠ ᠠᠰᠠᠭᠤᠨ ᠲᠠᠢᠯᠠᠮᠤᠢ ᠤᠤ᠂ ᠦᠭᠡᠢ ᠤᠤ ? 》 ᠲᠠᠢᠽᠢ ᠣᠴᠢᠷᠤᠨ᠄
《ᠪᠤᠰᠤᠳ ᠤ᠋ᠨ ᠭᠡᠷ ᠦ᠋ᠨ ᠥᠪᠡᠷᠴᠢᠯᠡᠯ ᠬᠡᠷᠡᠭ᠂ ᠳᠠᠯᠳᠠ ᠨᠢᠭᠤᠴᠠ᠂ ᠳᠣᠲᠣᠭᠠᠳᠤ ᠬᠤᠪᠢᠰᠤᠯ ᠲᠤᠯᠠ᠂ ᠨᠠᠳᠤᠷ ᠶᠠᠭᠤᠨ ᠤ᠋ ᠬᠠᠷᠢᠶ᠎ᠠ 》 ᠬᠡᠮᠡᠭᠰᠡᠨ ᠳ᠋ᠦ᠍ᠷ ᠵᠢᠶᠦ᠋ᠨ ᠵᠣ᠌ ᠳᠠᠷᠤᠢ ᠲᠠᠢᠽᠢ ᠶ᠋ᠢᠨ ᠡᠪᠦᠳᠦᠭ ᠦ᠋ᠨ ᠳᠡᠭᠡᠷ᠎ᠡ ᠮᠥᠷᠭᠥᠵᠦ᠂ ᠡᠪᠦᠷ ᠲᠣᠷ ᠡᠯᠢᠭᠡᠳᠡᠵᠦ ᠥᠭᠦᠯᠡᠷᠦᠨ:
《ᠥᠴᠦᠬᠡᠨ ᠭᠡᠷᠭᠡᠢ ᠶ᠋ᠢᠨ ᠭᠤᠶᠤᠬᠤ ᠠᠨᠤ᠂ ᠲᠠᠢᠽᠢ ᠥᠪᠡᠷᠦᠨ ᠬᠣᠪᠢᠨ ᠢ᠋ᠶ᠋ᠠᠷ ᠤᠨᠲᠤᠭᠤᠨ ᠡᠰᠡ ᠬᠥᠳᠡᠯᠦᠨ᠂ ᠳᠣᠣᠷ᠎ᠠ ᠪᠠᠨ ᠡᠰᠡ ᠳᠠᠢᠯᠠᠪᠠᠰᠤ ᠡᠨᠡ ᠢᠨᠦ ᠪᠢᠴᠢᠬᠠᠨ ᠥᠬᠢᠨ ᠮᠢᠨᠦ ᠲᠥᠷᠥᠭᠰᠡᠨ ᠡᠴᠢᠭᠡ ᠳ᠋ᠡᠭᠡᠨ ᠠᠴᠢ ᠶ᠋ᠢ ᠬᠠᠷᠢᠭᠤᠯᠠᠬᠤ ᠠᠨᠤ ᠪᠣᠯᠠᠢ᠃ ᠬᠡᠷᠪᠡ ᠶᠡᠬᠡ ᠤᠯᠤᠰ ᠤ᠋ᠨ ᠬᠤᠸᠠᠩᠳᠢ ᠶ᠋ᠢᠨ ᠵᠠᠷᠯᠢᠭ ᠪᠠᠭᠤᠵᠤ ᠲᠠᠢᠯᠠᠭᠤᠯᠪᠠᠰᠤ ᠲᠡᠷᠡ ᠢᠨᠤ ᠥᠪᠡᠷ᠎ᠡ ᠠᠢᠯᠠᠳᠬᠠᠯ ᠤ᠋ᠨ ᠤᠯᠤᠰ ᠲᠥᠷᠥ ᠶ᠋ᠢᠨ ᠵᠠᠰᠠᠭ ᠤ᠋ᠨ ᠠᠯᠪᠠᠨ ᠬᠡᠷᠡᠭ ᠲᠤᠯᠠ᠂ ᠲᠡᠭᠦᠨ ᠢ᠋ ᠥᠪᠡᠷ᠎ᠡ ᠬᠡᠯᠡᠯᠴᠡᠬᠦ ᠪᠣᠢ ᠶᠠ᠃ ᠲᠠᠢᠽᠢ ᠳ᠋ᠤᠷ ᠬᠠᠷᠢᠶ᠎ᠠ ᠦᠭᠡᠢ ᠪᠣᠯᠠᠢ 》ᠬᠡᠮᠡᠬᠦᠢ ᠳ᠋ᠦ᠍ᠷ ᠲᠠᠢᠽᠢ ᠲᠡᠭᠦᠨ ᠦ᠌ ᠭᠠᠷ ᠢ᠋ ᠪᠠᠷᠢᠵᠤ ᠮᠥᠷᠥ ᠶ᠋ᠢ ᠳᠥᠰᠢᠨ ᠢᠯᠪᠢᠵᠦ ᠰᠠᠢᠰᠢᠶᠠᠨ ᠪᠠᠬᠠᠷᠬᠠᠵᠤ ᠪᠠᠶᠠᠷᠯᠠᠨ ᠮᠠᠭᠲᠠᠵᠤ ᠥᠭᠦᠯᠡᠷᠦᠨ:
ᠰᠡᠴᠡᠨ ᠥᠬᠢᠨ ᠦ᠌ ᠰᠡᠳᠬᠢᠯ ᠦ᠋ᠨ ᠲᠣᠯᠢ
ᠰᠡᠷᠭᠦᠯᠡᠩ ᠭᠦᠩᠵᠦ ᠶ᠋ᠢᠨ ᠭᠡᠭᠡᠬᠡᠨ ᠭᠣᠣᠯ᠃
ᠰᠡᠷᠢᠭᠦᠨ ᠰᠠᠨᠳᠠᠯᠢ ᠶ᠋ᠢᠨ ᠰᠡᠷᠢᠭᠦᠯᠬᠦ ᠰᠠᠷᠠᠨ
ᠰᠡᠩᠰᠡᠷᠡᠭᠰᠡᠨ ᠴᠠᠭᠠᠨ ᠡᠭᠦᠯᠡᠨ ᠦ᠌ ᠣᠭᠲᠠᠷᠭᠤᠢ᠃
ᠬᠡᠮᠡᠭᠰᠡᠨ ᠳ᠋ᠦ᠍ᠷ ᠲᠡᠷᠡ ᠵᠢᠶᠦ᠋ᠨ ᠵᠣ᠌ ᠰᠡᠬᠡᠰᠬᠢᠵᠦ ᠳᠣᠣᠷ᠎ᠠ ᠪᠠᠨ ᠬᠠᠷᠢᠭᠤ ᠬᠣᠣᠰᠯᠠᠨ ᠤᠩᠰᠢᠷᠤᠨ᠄
ᠬᠠᠭᠠᠨ ᠤ᠋ ᠲᠠᠢᠽᠢ ᠶ᠋ᠢᠨ ᠬᠠᠢᠷᠠᠯᠠᠨ ᠨᠢᠭᠦᠯᠡᠰᠬᠦᠢ
ᠬᠠᠰ ᠴᠢᠯᠠᠭᠤᠨ᠎ᠠ ᠴᠤ᠌ ᠨᠡᠪᠲᠡᠷᠡᠨ ᠰᠢᠮᠡᠳᠪᠡᠢ᠃
ᠬᠠᠲᠤᠭᠲᠠᠢ ᠭᠡᠷᠭᠡᠢ ᠶ᠋ᠢᠨ ᠬᠠᠢᠯᠤᠭᠰᠠᠨ ᠵᠢᠷᠦᠬᠡ
ᠬᠠᠲᠤᠨ ᠮᠥᠷᠡᠨ ᠬᠠᠳᠠᠲᠠᠯ᠎ᠠ ᠬᠦᠷᠦᠬᠦ ᠦᠭᠡᠢ᠃
ᠬᠡᠮᠡᠭᠰᠡᠨ ᠳ᠋ᠦ᠍ᠷ ᠲᠠᠢᠽᠢ ᠮᠠᠰᠢᠳᠠ ᠰᠣᠴᠢᠨ ᠭᠠᠢᠬᠠᠵᠤ ᠦᠷᠦ ᠡᠪᠡᠳᠴᠦ᠂ ᠡᠪᠦᠷ ᠳᠡᠭᠡᠷ᠎ᠡ ᠪᠡᠨ ᠰᠠᠭᠤᠯᠭᠠᠨ ᠦᠳᠡ ᠥᠩᠭᠡᠷᠡᠲᠡᠯ᠎ᠡ ᠬᠤᠷᠢᠮᠯᠠᠨ᠂ ᠶᠡᠬᠡ ᠬᠠᠯᠠᠭᠤᠨ ᠳ᠋ᠤᠷ ᠬᠣᠶᠠᠭᠤᠯᠠ ᠬᠠᠮᠲᠤ ᠤᠬᠢᠶᠠᠯᠠᠨ ᠰᠡᠷᠢᠭᠦᠰᠴᠦ᠂ ᠰᠥᠨᠢ ᠶ᠋ᠢᠨ ᠲᠤᠨᠤᠯᠠᠮᠠ ᠰᠠᠷᠠᠨ ᠤ᠋ ᠭᠡᠷᠡᠯ ᠱᠠ ᠴᠣᠩᠬᠣ᠂ ᠯᠦᠸᠧ ᠬᠥᠰᠢᠭᠡ ᠳ᠋ᠦ᠍ᠷ ᠨᠡᠪᠲᠡ ᠲᠣᠰᠴᠤ᠂ ᠵᠢᠶᠦ᠋ᠨ ᠵᠣ᠌ ᠶ᠋ᠢᠨ ᠦᠶᠡᠰ ᠭᠡᠰᠢᠭᠦᠨ᠎ᠡ ᠰᠠᠢᠬᠠᠨ ᠠᠩᠬᠢᠯᠤᠮᠠᠯ ᠺᠠᠪᠢᠷ᠎ᠠ ᠶ᠋ᠢᠨ ᠦᠨᠦᠷ ᠰᠠᠩᠬᠤᠯᠵᠤ᠂ ᠬᠠᠰ ᠪᠣᠯᠣᠷ ᠤ᠋ᠨ ᠴᠠᠷ᠎ᠠ ᠬᠤᠪᠢᠩ ᠳ᠋ᠤᠷ ᠬᠠᠢᠲᠠᠨ ᠴᠡᠴᠡᠭ ᠬᠢᠯᠭᠦᠷᠡᠨ ᠳᠡᠯᠭᠡᠷᠡᠭᠰᠡᠨ ᠮᠡᠲᠦ ᠬᠠᠨᠤᠰᠢ ᠦᠭᠡᠢ ᠬᠦᠵᠢᠰ ᠵᠠᠭᠠᠷ ᠢ᠋ ᠬᠠᠰᠢᠵᠤ᠂ ᠬᠠᠪᠠᠷ ᠳᠦᠭᠦᠷᠡᠩ ᠨᠣᠢᠲᠠᠨ ᠰᠡᠷᠢᠭᠦᠨ ᠦᠨᠦᠷᠲᠦᠵᠦ᠂ ᠬᠠᠮᠢᠭᠠᠰᠢ ᠣᠷᠣᠪᠠᠴᠤ ᠬᠠᠯᠠᠭᠤᠨ ᠵᠥᠭᠡᠯᠡᠨ ᠭᠡᠰᠢᠭᠦᠨ᠂ ᠬᠠᠭᠠᠰ ᠤᠨᠲᠠᠨ ᠬᠠᠭᠠᠰ ᠰᠡᠷᠢᠵᠦ ᠬᠠᠷᠢᠯᠴᠠᠨ ᠰᠠᠯᠬᠤ ᠦᠭᠡᠢ᠂ ᠬᠠᠭᠤᠷᠠᠢ ᠡᠷ᠎ᠡ ᠡᠮ᠎ᠡ ᠶ᠋ᠢᠨ ᠬᠠᠯᠠᠭᠤᠨ ᠢ᠋ ᠬᠡᠨ ᠮᠡᠳᠡᠬᠦ ᠪᠣᠢ? ᠬᠠᠷᠢᠨ ᠭᠡᠳᠡᠷᠭᠦ ᠶᠣᠰᠣ ᠦᠭᠡᠢ ᠬᠡᠷᠡᠭ ᠭᠡᠮᠡᠨ ᠡᠯᠡᠭᠯᠡᠮᠦᠢ᠃
ᠬᠠᠷᠠᠩᠭᠤᠢ ᠪᠠᠯᠠᠮᠠᠳ ᠡᠭᠡᠯ ᠥᠲᠡᠯ᠎ᠡ ᠬᠠᠷᠠᠴᠤᠰ
ᠬᠠᠰ ᠢ᠋ ᠬᠠᠢᠷᠠᠯᠠᠨ ᠦᠯᠦ ᠬᠠᠭᠠᠴᠠᠬᠤ ᠶ᠋ᠢ ᠬᠡᠨ ᠤᠬᠠᠬᠤ ᠠᠵᠠᠢ ?
ᠬᠠᠳᠠᠨ ᠵᠢᠷᠤᠮᠲᠤ ᠬᠠᠢᠷ᠎ᠠ ᠦᠯᠡᠮᠵᠢ ᠰᠠᠢᠳ ᠤ᠋ᠳ
ᠬᠠᠪᠠᠷ ᠤ᠋ᠨ ᠦᠨᠦᠷ ᠠᠮᠠᠨ ᠳ᠋ᠤᠷ ᠦᠯᠦ ᠵᠠᠵᠢᠯᠤᠭᠴᠢᠳ ᠢ᠋ᠶ᠋ᠠᠷ
ᠬᠠᠭᠰᠠᠭᠠᠷ ᠬᠣᠨᠣᠨ ᠬᠣᠣᠰᠯᠠᠨ ᠰᠢᠯᠦᠭᠯᠡᠭᠴᠢ ᠰᠡᠴᠡᠳ᠃
ᠬᠠᠵᠠᠭᠤᠳᠠ ᠪᠠᠨ ᠡᠪᠦᠷᠯᠡᠵᠦ ᠠᠷᠢᠭᠤᠨ ᠢ᠋ ᠪᠠᠬᠠᠷᠬᠠᠭᠴᠢ ᠡᠷᠳᠡᠮᠲᠡᠨ
ᠬᠠᠰ ᠤ᠋ᠨ ᠪᠦᠰᠡᠲᠡᠨ ᠦ᠌ ᠵᠠᠭᠠᠨ ᠶᠠᠰᠤᠨ ᠤ᠋ ᠰᠠᠨᠳᠠᠯᠢ ᠳ᠋ᠤᠷ
ᠬᠠᠷᠢᠨᠴᠤ ᠤᠷᠲᠤᠳᠠ ᠭᠠᠷᠳᠠᠭ ᠭᠡᠭᠡᠬᠡᠨ ᠬᠡᠷᠡᠭ ᠦ᠋ᠳ ᠢ᠋
ᠬᠠᠷᠠᠲᠠᠢ ᠬᠤᠷᠢᠴᠠᠯᠳᠤᠨ ᠦᠬᠦᠲᠡᠯ᠎ᠡ ᠦᠯᠦ ᠮᠡᠳᠡᠪᠡᠴᠦ
ᠬᠠᠨᠵᠤ ᠥᠩᠭᠡᠷᠡᠭᠰᠡᠨ ᠭᠡᠭᠡᠬᠡᠨ ᠬᠦᠩ ᠦ᠋ᠳ ᠲᠥᠰᠥᠭᠯᠡᠭᠴᠢᠳ ᠠᠮᠤᠢ᠃
ᠬᠠᠪᠤᠷᠤᠨ ᠰᠦᠶᠦᠭᠡ ᠶ᠋ᠢ ᠪᠢ ᠤᠷᠲᠤᠳᠠ ᠬᠠᠢᠷᠠᠯᠠᠯᠤᠭᠠ
ᠬᠠᠷᠢᠭᠤ ᠰᠠᠨᠠᠭᠰᠠᠳ ᠬᠠᠷᠢᠨᠴᠤ ᠣᠯᠠᠨᠲᠠ ᠭᠠᠷᠬᠤ ᠪᠣᠢ᠃
ᠬᠠᠢᠷᠠᠯᠠᠯ ᠬᠡᠲᠦᠷᠡᠪᠡᠰᠦ ᠤᠷᠢᠨ ᠢ᠋ ᠳᠡᠢᠯᠬᠦ ᠬᠡᠷᠡᠭ ᠢ᠋
ᠬᠠᠭᠤᠯᠤᠨ ᠪᠢᠴᠢᠭᠴᠢ ᠪᠢ ᠮᠠᠰᠢᠳᠠ ᠢᠲᠡᠭᠡᠮᠵᠢᠯᠡᠵᠦᠬᠦᠢ᠃
ᠬᠠᠮᠤᠭ ᠠᠮᠲᠠ ᠬᠠᠯᠠᠭᠤᠬᠠᠨ ᠰᠡᠳᠬᠢᠯᠭᠡ ᠳ᠋ᠦ᠍ᠷ ᠠᠮᠤᠢ ᠢ᠎ᠡ
ᠬᠠᠭᠠᠴᠠᠬᠤ ᠡᠪᠳᠡᠬᠦ ᠬᠠᠷᠭᠢᠰ ᠤᠵᠢᠳ ᠲᠤᠷ ᠦᠭᠡᠢ ᠪᠤᠶᠤ᠃
ᠲᠡᠨᠳᠡᠴᠡ ᠬᠠᠷᠢᠯᠴᠠᠨ ᠬᠠᠢᠷᠠᠯᠠᠬᠤ ᠬᠠᠭᠤᠷᠠᠢ ᠨᠥᠬᠥᠷ ᠡᠮ᠎ᠡ᠂ ᠬᠠᠰ ᠲᠠᠢᠽᠢ᠂ ᠮᠥᠯᠰᠥᠨ ᠵᠢᠶᠦ᠋ᠨ ᠵᠣ᠌ ᠬᠣᠶᠠᠭᠤᠯᠠ ᠬᠠᠷᠠᠬᠠᠨ ᠬᠣᠶᠠᠷ ᠡᠳᠦᠷ ᠢᠯᠡᠭᠦᠦ ᠲᠠᠪᠠ ᠲᠠᠢ ᠲᠠᠭᠠᠯᠠᠮᠵᠢᠲᠠᠶᠠ ᠬᠤᠷᠢᠮᠯᠠᠨ ᠵᠢᠷᠭᠠᠬᠤᠶ᠎ᠠ ᠂ ᠭᠠᠳᠠᠨ᠎ᠠ ᠶᠡᠬᠡ ᠦᠬᠡᠷᠯᠢᠭ ᠬᠠᠨ ᠪᠤᠤ ᠶ᠋ᠢᠨ ᠳᠠᠭᠤᠨ ᠬᠥᠩᠭᠢᠷᠡᠰᠦᠨ ᠳᠠᠭᠤᠷᠢᠰᠴᠤ᠂ ᠵᠦᠩ ᠬᠡᠩᠭᠡᠷᠭᠡ᠂ ᠴᠠᠩ ᠬᠠᠷᠠᠩᠭ᠎ᠠ᠂ ᠪᠦᠷᠢᠶ᠎ᠡ ᠪᠢᠰᠬᠢᠭᠦᠷ᠂ ᠯᠠᠪᠠᠢ᠂ ᠳᠠᠳᠠᠭᠤᠷᠢ ᠶ᠋ᠢ ᠵᠡᠷᠭᠡ ᠪᠡᠷ ᠳᠠᠭᠤᠷᠢᠰᠬᠠᠨ᠂ ᠲᠠᠢᠽᠢ ᠶ᠋ᠢ ᠭᠠᠳᠠᠭᠠᠳᠤ ᠲᠥᠷᠥ ᠳ᠋ᠦ᠍ᠷ ᠵᠠᠯᠠᠬᠤ ᠳᠣᠬᠢᠶ᠎ᠠ ᠲᠠᠯᠪᠢᠪᠠ᠃ ᠶᠠᠮᠪᠠᠷ ᠬᠡᠷᠡᠭ ᠢ᠋ ᠳᠣᠣᠷᠠᠲᠤ ᠳᠠᠪᠲᠠᠷᠠ ᠦᠵᠡᠭᠳᠡᠬᠦᠢ᠃
ᠴᠡᠴᠡᠭ ᠢ᠋ ᠪᠠᠬᠠᠷᠬᠠᠨ ᠦᠯᠦ ᠬᠤᠭᠤᠯᠬᠤ
ᠵᠢᠮᠢᠰ ᠢ᠋ ᠦᠨᠦᠰᠦᠨ ᠵᠠᠭᠤᠬᠤ ᠦᠭᠡᠢ᠃
ᠴᠡᠩᠭᠡᠯ ᠢ᠋ ᠡᠳ᠋ᠯᠡᠨ ᠤᠵᠢᠳ ᠢ᠋ ᠵᠢᠬ᠌ᠰᠢᠨ
ᠵᠢᠷᠭᠠᠨ ᠠᠵᠤ ᠵᠠᠶᠠᠭ᠎ᠠ ᠪᠠᠨ ᠬᠦᠯᠢᠶᠡᠬᠦ
ᠴᠡᠷᠢᠭ ᠲᠦ᠍ᠷ ᠭᠠᠷᠴᠤ ᠠᠯᠠᠬᠤ ᠶ᠋ᠢ ᠴᠠᠭᠠᠵᠠᠯᠠᠨ
ᠵᠢᠭᠰᠠᠭᠠᠯ ᠤ᠋ᠨ ᠵᠦᠭ ᠢᠨᠢᠶᠡᠨ ᠣᠷᠣᠬᠤ
ᠴᠠᠭ ᠴᠠᠭ ᠲᠠᠭᠠᠨ ᠬᠡᠲᠦᠢᠳᠦᠭᠰᠡᠨ ᠡᠷᠳᠡᠮᠲᠡᠨ ᠢ᠋
ᠵᠢᠰᠢᠵᠦ ᠡᠭᠡᠭᠦᠯᠦᠨ ᠰᠡᠳᠬᠢᠵᠦ ᠦᠵᠡ᠃
ᠰᠤᠯᠠ ᠰᠢᠭᠦᠮᠵᠢᠯᠡᠯ ①
ᠠᠶ᠎ᠠ ᠣᠳᠣ ᠪᠡᠴᠢᠭ ᠠᠢᠯᠠᠳᠬᠤ ᠮᠡᠷᠭᠡᠳ ᠰᠠᠢᠳ ᠤ᠋ᠳ ᠤ᠋ᠨ ᠨᠢᠳᠦ ᠰᠡᠳᠬᠢᠯ ᠢ ᠢᠯᠡᠭᠦᠦ ᠰᠦᠢᠳᠬᠡᠨ ᠴᠢᠯᠡᠭᠡᠬᠦᠢ ᠶ᠋ᠢᠨ ᠵᠣᠪᠠᠭᠤᠷᠢ ᠭᠠᠷᠴᠤ ᠢᠷᠡᠪᠡ᠃ ᠳᠡᠭᠡᠳᠦ ᠵᠢᠷᠠᠨ ᠪᠦᠯᠦᠭ ᠲᠣᠷ ᠠᠳᠠᠯᠢ ᠦᠭᠡᠢ ᠪᠣᠯᠪᠠ᠃ ᠲᠡᠷᠡ ᠬᠡᠳᠦᠢᠪᠡᠷ ᠳᠠᠯᠠᠨ ᠢᠯᠡᠭᠦᠦ ᠠᠢᠮᠠᠭ ᠬᠡᠮᠡᠪᠡᠴᠦ᠂ ᠣᠷᠣᠨ ᠭᠠᠵᠠᠷ ᠦᠭᠡ ᠬᠡᠯᠡ ᠴᠥᠮ ᠤᠮᠠᠷ᠎ᠠ ᠲᠢᠪ ᠯᠦ᠍ᠭᠡ ᠶᠡᠬᠡ ᠪᠠᠷᠤᠭ ᠠᠳᠠᠯᠢ ᠰᠢᠭ᠋ ᠪᠥᠯᠥᠭᠡ᠃ ᠡᠭᠦᠨᠴᠡ ᠣᠳᠣ ᠬᠢᠲᠠᠳ ᠨᠠᠩᠭᠢᠶᠠᠳ᠂ ᠮᠢᠶᠣᠣᠽᠢ᠂ ᠲᠥᠪᠡᠳ᠂ ᠲᠠᠩᠭᠤᠳ᠂ ᠤᠢᠭᠤᠷ᠂ ᠣᠷᠣᠰ ᠬᠢᠭᠡᠳ ᠬᠠᠰᠠᠭ᠂ ᠪᠣᠷᠤᠢᠳ᠂ ᠺᠡᠴᠢ᠂ ᠪᠠᠯᠪᠤ᠂ ᠬᠣᠲᠣᠩ᠂ ᠬᠠᠰᠢᠬᠡᠷ᠂ ᠵᠠᠭᠠᠨ ᠭᠡᠷ᠂ ᠬᠠᠰᠠᠯᠪᠢ᠂ ᠮᠡᠩᠬᠢᠰᠠᠷ᠂ ᠠᠬ᠎ᠠ ᠬᠠᠨ᠂ ᠡᠨᠡᠳᠬᠡᠭ ᠲᠢᠪ ᠲᠣᠷ ᠬᠦᠷᠲᠡᠯ᠎ᠡ ᠽᠠᠮᠪᠤᠲᠢᠪ ᠤ᠋ᠨ ᠵᠡᠭᠦᠨ ᠶᠡᠬᠡ ᠬᠠᠭᠠᠰ ᠢ᠋ ᠨᠢᠭᠡᠳᠬᠡᠨ ᠡᠵᠡᠯᠡᠬᠦ ᠬᠡᠷᠡᠭ ᠶᠠᠪᠤᠳᠠᠯ ᠡᠬᠢᠯᠡᠭᠰᠡᠨ ᠦ᠌ ᠲᠤᠯᠠᠳᠠ᠂ ᠡᠨᠡ ᠰᠤᠳᠤᠷ ᠢ᠋ ᠳᠤᠯᠢᠳᠠᠭᠴᠢ ᠡᠷᠳᠡᠮᠲᠡᠨ ᠨᠦ᠍ᠭᠦᠳ ᠦ᠋ᠨ ᠲᠥᠯᠥᠭᠡ ᠰᠡᠭᠦᠯ ᠦ᠋ᠨ ᠴᠥᠯᠪᠡᠭᠴᠢ ᠰᠤᠳᠤᠷ ᠤ᠋ᠨ ᠲᠠᠢᠵᠢ ᠿᠦᠨ ᠲᠢᠩ᠂ ᠢᠨ ᠵᠠᠨ ᠨᠠ ᠰᠢ ᠪᠡᠷ ᠦᠨᠡᠬᠡᠷ ᠤᠷᠪᠠᠭᠤᠯᠤᠨ ᠬᠥᠷᠪᠡᠭᠦᠯᠦᠨ ᠪᠣᠳᠣᠯᠬᠢᠯᠠᠨ ᠵᠣᠪᠠᠨᠢᠬᠤ ᠠᠨᠤ ᠥᠪᠡᠷ᠎ᠡ ᠳ᠋ᠦ᠍ᠷ ᠦᠭᠡᠢ᠃ ᠣᠳᠣ ᠴᠤᠬᠤᠮᠬᠠᠨ ᠪᠤᠰᠤᠳ ᠲᠤᠷ ᠦᠯᠦ ᠢᠯᠠᠭᠳᠠᠭᠴᠢ 《ᠴᠠᠭᠠᠨ ᠰᠢᠭᠦᠷᠲᠡᠢ 》ᠨᠣᠮ ᠤ᠋ᠨ ᠬᠡᠯᠡ ᠦᠯᠦ ᠵᠣᠬᠢᠯᠳᠤᠬᠤᠢ ᠶ᠋ᠢᠨ ᠪᠡᠷᠬᠡ ᠬᠦᠴᠢᠷ ᠦ᠋ᠨ ᠣᠴᠢᠷ᠎ᠠ ᠵᠣᠪᠠᠨᠢᠮᠤᠢ᠃ ᠡᠷᠲᠡᠨ ᠡᠴᠡ ᠡᠳᠦᠭᠡ ᠳ᠋ᠦ᠍ᠷ ᠬᠦᠷᠲᠡᠯ᠎ᠡ ᠲᠠᠪᠤᠨ ᠮᠢᠩᠭᠠᠨ ᠵᠢᠷᠭᠤᠭᠠᠨᠨ ᠵᠠᠭᠤᠨ ᠤ᠋ ᠵᠢᠯ ᠦ᠋ᠨ ᠳᠣᠲᠣᠷ᠎ᠠ ᠽᠠᠮᠪᠤᠲᠢᠪ ᠤ᠋ᠨ ᠵᠡᠭᠦᠨ ᠬᠠᠭᠠᠰ ᠤ᠋ᠨ ᠣᠷᠣᠨ ᠳᠡᠯᠡᠬᠡᠢ ᠶ᠋ᠢᠨ ᠭᠠᠵᠠᠷ᠎ᠠ᠂ ᠲᠠᠢᠴᠢᠩ ᠤᠯᠤᠰ ᠲᠤᠷ ᠲᠤᠯᠲᠠᠯ᠎ᠠ ᠲᠣᠪᠴᠢᠶᠠᠲᠤ ᠨᠡᠢᠭᠡᠮ ᠶᠡᠬᠡ ᠤᠯᠤᠰ ᠤ᠋ᠨ ᠬᠤᠷᠢᠶᠠᠩᠭᠤᠢ ᠤᠯᠤᠰ ᠤ᠋ᠨ ᠶᠡᠬᠡ ᠰᠤᠳᠤᠷ᠂ ᠬᠣᠷᠢᠨ ᠭᠤᠷᠪᠠᠨ ᠲᠣᠯᠲᠣ ᠲᠣᠪᠴᠢ ᠶ᠋ᠢᠨ ᠳᠣᠲᠣᠷ᠎ᠠ ᠵᠠᠭᠤᠨ ᠲᠥᠷᠥ ᠶ᠋ᠢᠨ ᠮᠢᠩᠭᠠᠨ ᠬᠠᠳ ᠡᠵᠡᠳ ᠤᠨ ᠳᠣᠲᠣᠷ᠎ᠠ᠂ ᠮᠡᠷᠭᠡᠨ ᠭᠡᠭᠡᠬᠡᠨ ᠪᠣᠭᠳᠠ ᠲᠥᠷᠥᠯᠬᠢᠲᠦ ᠬᠠᠳ ᠤ᠋ᠨ ᠭᠠᠷᠤᠭᠰᠠᠨ ᠠᠨᠤ ᠦᠨᠡᠨ ᠢ᠋ᠶ᠋ᠡᠷ ᠴᠦ᠍ ᠢᠲᠡᠭᠡᠮᠵᠢᠶᠡᠯᠡᠰᠢ ᠦᠭᠡᠢ ᠶᠠᠪᠤᠳᠠᠯ ᠦᠵᠡᠯ ᠪᠣᠢ ᠪᠥᠭᠡᠳ ᠬᠡᠯᠡᠯᠴᠡᠰᠢ ᠦᠭᠡᠢ ᠵᠣᠷᠢᠭ ᠬᠠᠳᠠᠭᠤᠳᠠᠢ ᠲᠥᠷᠥᠭᠡᠳ ᠬᠡᠷᠡᠭ ᠴᠦ᠍ ᠦᠭᠡᠢ᠂ ᠽᠠᠮᠪᠤᠲᠢᠪ ᠤ᠋ᠨ ᠶᠡᠬᠡ ᠬᠠᠭᠠᠰ ᠢ᠋ ᠲᠣᠭᠣᠷᠢᠨ ᠡᠵᠡᠯᠡᠵᠦ᠂ ᠭᠤᠷᠪᠠᠨ ᠵᠠᠭᠤᠨ ᠢᠯᠡᠭᠦᠦ ᠥᠪᠡᠷ᠎ᠡ ᠢᠵᠠᠭᠤᠷ ᠣᠪᠣᠭᠲᠤ ᠤᠯᠤᠰ ᠭᠦᠷᠦᠨ ᠢ᠋ ᠳᠠᠭᠠᠭᠤᠯᠤᠨ᠂ ᠳᠥᠴᠢᠨ ᠢᠯᠡᠭᠦᠦ ᠥᠪᠡᠷ᠎ᠡ ᠬᠡᠯᠡ ᠥᠭᠡᠰᠲᠦ ᠠᠮᠢᠲᠠᠨ ᠢ᠋ ᠠᠯᠪᠠ ᠪᠠᠷᠢᠭᠤᠯᠵᠤ᠂ ᠲᠣᠭᠠᠴᠢᠰᠢ ᠦᠭᠡᠢ ᠪᠦᠷᠢᠳᠭᠡᠰᠢ ᠦᠭᠡᠢ᠂ ᠰᠤᠳᠤᠷᠯᠠᠰᠢ ᠦᠭᠡᠢ᠂ ᠦᠯᠢᠳᠬᠡᠰᠢ ᠦᠭᠡᠢ ᠳ᠋ᠦ᠍ᠷ ᠢᠨᠦ᠂ ᠠᠶ᠎ᠠ ᠡᠷᠲᠡᠨ ᠦ᠌ ᠵᠠᠭᠤᠨ ᠨᠠᠰᠤᠯᠠᠭᠰᠠᠨ ᠬᠤᠸᠠᠩᠳᠢ ᠶ᠋ᠢᠨ ᠵᠢᠷᠠᠨ ᠨᠢᠭᠡᠳᠦᠭᠡᠷ ᠣᠨ ᠤ᠋ ᠲᠡᠷᠢᠭᠦᠨ ᠬᠥᠬᠡ ᠬᠤᠯᠤᠭᠠᠨ᠎ᠠ᠂ ᠰᠠᠩ ᠶᠤᠸᠠᠨ ᠤ᠋ ᠣᠨ ᠠ᠋ᠴᠠ ᠡᠬᠢᠯᠡᠨ᠂ ᠲᠠᠪᠤᠨ ᠮᠢᠩᠭᠠᠨ ᠲᠠᠪᠤᠨ ᠵᠠᠭᠤᠨ ᠬᠣᠷᠢᠨ ᠨᠠᠢ᠍ᠮᠠᠨ ᠵᠢᠯ ᠦ᠋ᠨ ᠲᠠᠢᠴᠢᠩ ᠤᠯᠤᠰ ᠤ᠋ᠨ ᠠᠷᠪᠠᠨ ᠬᠣᠶᠠᠳᠤᠭᠠᠷ ᠬᠠᠭᠠᠨ ᠤ᠋ ᠲᠥᠷᠥ ᠭᠡᠷᠡᠯᠲᠦ ᠶ᠋ᠢᠨ ᠠᠷᠪᠠᠨ ᠳᠣᠯᠣᠳᠤᠭᠠᠷ ᠣᠨ ᠴᠠᠭᠠᠭᠴᠢᠨ ᠲᠠᠤᠯᠠᠢ ᠵᠢᠯ ᠪᠣᠯᠲᠠᠯ᠎ᠠ ᠶᠤᠸᠠᠨ ᠲᠠᠢᠽᠦ ᠬᠠᠭᠠᠨ ᠤ᠋ ᠮᠡᠲᠦ ᠲᠡᠢᠮᠦ ᠭᠠᠢᠬᠠᠯᠲᠠᠢ᠂ ᠰᠣᠨᠢᠷᠬᠠᠯᠲᠠᠢ᠂ ᠠᠶᠤᠯᠲᠠᠢ᠂ ᠪᠢᠰᠢᠷᠡᠯᠲᠡᠢ᠂ ᠪᠣᠭᠳᠠ ᠬᠠᠳ ᠤ᠋ᠳ ᠨᠢᠭᠡᠬᠡᠨ ᠴᠦ᠍ ᠪᠡᠷ ᠭᠠᠷᠤᠭᠰᠠᠨ ᠦᠭᠡᠢ ᠲᠤᠯᠠ᠂ ᠦᠯᠢᠳᠬᠡᠰᠢ ᠬᠣᠣᠰᠯᠠᠰᠢ ᠦᠭᠡᠢ ᠪᠣᠯᠵᠤᠬᠤᠢ᠃ ᠠᠪᠠᠢ ᠲᠡᠢᠮᠦ ᠶ᠋ᠢᠨ ᠲᠤᠯᠠ᠂ ᠥᠷᠥᠮᠳᠡᠭᠦᠷ ᠪᠣᠯᠢᠮᠰᠠᠭᠤᠷ ᠥᠲᠡᠯ᠎ᠡ ᠠᠷᠠᠳ ᠢ᠋ᠶ᠋ᠠᠷ ᠴᠢᠩᠭᠢᠰ ᠦ᠋ᠨ ᠴᠡᠳᠢᠭ ᠰᠤᠳᠤᠷ ᠤ᠋ᠨ ᠲᠣᠪᠴᠢᠶ᠎ᠠ ᠲᠡᠮᠳᠡᠭᠯᠡᠯ ᠢ᠋ ᠮᠥᠨ ᠬᠦ᠌ ᠥᠷᠥᠮᠳᠡᠨ ᠪᠣᠯᠢᠮᠰᠠᠨ ᠬᠠᠯᠲᠠᠷ ᠮᠤᠯᠳᠠᠷ ᠢ᠋ᠶ᠋ᠠᠷ ᠲᠠᠩᠬᠠᠢ ᠤᠯᠠᠮᠵᠢᠯᠠᠯ ᠢ᠋ ᠰᠣᠨᠣᠰᠴᠤ ᠡᠨᠡᠳᠬᠡᠭ ᠲᠢᠪ ᠢ᠋ ᠬᠥᠮᠦᠨ ᠬᠥᠷᠥᠰᠢ ᠦᠭᠡᠢ ᠲᠢᠪ ᠢ᠋ᠶ᠋ᠡᠷ ᠪᠣᠳᠣᠨ ᠲᠣᠭᠲᠠᠭᠠᠭᠠᠳ᠂ ᠪᠦᠦ ᠢᠲᠡᠭᠡᠮᠵᠢᠯᠡᠰᠦᠭᠡᠢ ᠬᠡᠮᠡᠬᠦᠯ᠎ᠡ ᠲᠣᠪ ᠲᠣᠳᠣᠷᠬᠠᠢ ᠲᠣᠪᠴᠢᠶ᠎ᠠ ᠲᠣᠯᠲᠣ ᠴᠡᠳᠢᠭ ᠰᠣᠳᠣᠢ ᠪᠣᠢ᠃ ᠦᠨᠡᠮᠰᠢᠶᠡᠨ ᠢᠲᠡᠭᠡᠮᠵᠢᠯᠡᠰᠦᠭᠡᠢ ᠬᠡᠮᠡᠬᠦᠯ᠎ᠡ ᠡᠷᠲᠡᠨ ᠡᠴᠡ ᠡᠳᠦᠭᠡ ᠳ᠋ᠦ᠍ᠷ ᠬᠦᠷᠲᠡᠯ᠎ᠡ ᠡᠨᠡᠳᠬᠡᠭ ᠲᠢᠪ ᠢ᠋ ᠳᠠᠢᠯᠠᠨ ᠡᠵᠡᠯᠡᠭᠰᠡᠨ ᠡᠵᠡᠳ ᠬᠠᠳ ᠭᠡᠮᠡᠨ ᠨᠢᠭᠡᠨ ᠴᠦ᠍ ᠭᠠᠷᠤᠭᠰᠠᠨ ᠦᠭᠡᠢ᠂ ᠠᠳᠠᠭ ᠲᠠᠭᠠᠨ ᠴᠢᠬᠢ ᠴᠡᠭᠡᠵᠢᠨ᠎ᠡ ᠣᠯᠵᠤ ᠰᠣᠨᠣᠰᠤᠭᠰᠠᠨ ᠭᠠᠵᠠᠷ ᠴᠤ᠌ ᠮᠥᠨ ᠦᠭᠡᠢ ᠳ᠋ᠡᠭᠡᠨ ᠥᠪᠡᠷᠦᠨ ᠥᠴᠦᠬᠡᠨ ᠮᠡᠳᠡᠷᠡᠯ ᠦ᠋ᠨ ᠬᠢᠷᠢ ᠪᠡᠷ ᠥᠪᠡᠷ ᠢ᠋ᠶ᠋ᠡᠨ ᠥᠪᠡᠷᠦᠨ ᠪᠡᠶ᠎ᠡ ᠳ᠋ᠡᠭᠡᠨ ᠵᠠᠷᠭᠤ ᠥᠭᠴᠦ᠂ ᠵᠣᠷᠢᠭ ᠮᠡᠳᠡᠵᠦ᠂ ᠬᠥᠮᠦᠨ ᠠᠮᠢᠲᠠᠨ ᠤ᠋ ᠬᠥᠯ ᠢ᠋ᠶ᠋ᠡᠷ ᠬᠡᠷᠬᠡᠪᠡᠴᠦ ᠡᠨᠡᠳᠬᠡᠭ ᠲᠢᠪ ᠲᠣᠷ ᠬᠦᠷᠴᠦ ᠴᠢᠳᠠᠬᠤ ᠦᠭᠡᠢ᠂ ᠯᠠᠪ ᠬᠤᠪᠢᠯᠭᠠᠨ ᠤᠪᠠᠳᠢᠰ ᠢ᠋ᠶ᠋ᠠᠷ ᠶᠠᠪᠤᠪᠠᠢ ᠶᠠ ᠭᠡᠮᠡᠨ ᠮᠡᠷᠭᠡᠨ ᠲᠥᠷᠥᠯᠬᠢᠲᠡᠨ ᠦ᠌ ᠥᠪᠡᠷᠦᠨ ᠮᠡᠳᠡᠭᠰᠡᠨ ᠢ᠋ᠶ᠋ᠡᠨ ᠮᠥᠨ ᠳ᠋ᠦ᠍ᠷ ᠦᠵᠡᠭᠡᠳ᠂ ᠴᠢᠩᠭᠢᠰ ᠪᠣᠭᠳᠠ ᠭᠠᠵᠠᠷ᠎ᠠ ᠲᠣᠪᠴᠢᠶᠠᠯᠠᠬᠤ ᠤᠪᠠᠳᠢᠰ ᠲᠠᠢ ᠭᠡᠮᠡᠨ ᠯᠠᠪ ᠴᠠᠪ ᠢ᠋ᠶ᠋ᠠᠷ ᠥᠷᠥᠮᠳᠡᠨ ᠪᠣᠯᠢᠮᠰᠠᠨ᠂ ᠲᠠᠭᠠᠮᠵᠢᠯᠠᠨ ᠵᠢᠱ᠌ᠢᠵᠦ᠂ ᠴᠢᠪᠠᠭᠠᠨᠴᠠ ᠡᠬᠡᠨᠡᠷ ᠦ᠋ᠨ ᠵᠠᠷᠯᠢᠭ ᠰᠣᠶᠣᠷᠬᠠᠯ ᠤ᠋ᠨ ᠬᠠᠳᠠᠮᠠᠯ ᠬᠠᠳᠠᠨ ᠤᠯᠠᠮᠵᠢᠯᠠᠨ ᠳᠡᠯᠭᠡᠷᠡᠭᠰᠡᠨ ᠳ᠋ᠦ᠍ᠷ ᠰᠤᠳᠤᠷᠴᠢ ᠪᠢ ᠴᠦ᠍ ᠮᠥᠨ ᠪᠠᠭ᠎ᠠ ᠴᠠᠭ ᠲᠤᠷ ᠬᠠᠭᠠᠰ ᠰᠡᠵᠢᠭᠯᠡᠨ ᠬᠠᠭᠠᠰ ᠢᠲᠡᠭᠡᠵᠦ ᠶᠠᠪᠤᠯᠤᠭ᠎ᠠ᠃ ᠬᠣᠢᠨ᠎ᠠ ᠬᠣᠷᠢᠭᠠᠳ ᠨᠠᠰᠤᠨ ᠠ᠋ᠴᠠ ᠭᠤᠴᠢᠨ ᠨᠠᠰᠤᠯᠠᠲᠠᠯ᠎ᠠ ᠴᠢᠩᠭᠢᠰ ᠦ᠋ᠨ ᠠᠷᠪᠠᠨ ᠭᠤᠷᠪᠠᠨ ᠠᠢᠮᠠᠭ ᠠᠩᠭᠢ ᠶ᠋ᠢᠨ ᠰᠤᠳᠤᠷ ᠨᠤᠭᠤᠳ ᠢ᠋ ᠤᠬᠤᠴᠢᠯᠠᠨ ᠦᠵᠡᠵᠦ᠂ ᠴᠢᠩᠭᠢᠰ ᠦ᠋ᠨ ᠡᠨᠡᠳᠬᠡᠭ ᠲᠣᠷ ᠡᠴᠢᠭᠰᠡᠨ ᠪᠠ ᠢᠷᠡᠭᠰᠡᠨ ᠣᠨ ᠵᠢᠯ ᠰᠠᠷ᠎ᠠ ᠡᠳᠦᠷ ᠴᠠᠭ ᠲᠠᠢ ᠴᠥᠮ ᠦᠵᠡᠭᠡᠳ᠂ ᠣᠭᠲᠣᠬᠠᠨ ᠴᠤ᠌ ᠤᠪᠠᠳᠢᠰ ᠶᠢᠯᠸᠢ ᠶ᠋ᠢᠨ ᠬᠤᠳᠠᠯ ᠬᠠᠭᠤᠮᠠᠭᠠᠢ ᠦᠢᠯᠡᠰ ᠪᠤᠰᠤ ᠶ᠋ᠢᠨ ᠯᠠᠪ ᠴᠠᠪ ᠢ᠋ ᠣᠯᠵᠤ ᠮᠡᠳᠡᠭᠡᠳ ᠡᠭᠦᠨ ᠢ᠋ ᠪᠢᠴᠢᠪᠡᠢ᠃ ᠠᠶ᠎ᠠ ᠬᠣᠬᠣᠢ ! ᠬᠠᠯᠠᠬᠠᠢ ! ᠬᠣᠢᠴᠢᠬᠢ ᠦᠶ᠎ᠡ ᠶ᠋ᠢᠨ ᠢᠷᠡᠭᠡᠳᠦᠢ ᠴᠠᠭ ᠦᠶᠡᠰ ᠦ᠋ᠨ ᠦᠨᠡᠩᠬᠦ ᠵᠦᠢ ᠰᠢᠯᠲᠠᠭᠠᠨ ᠤ᠋ ᠶᠣᠰᠣᠨ ᠳ᠋ᠤᠷ ᠪᠠᠬᠠᠷᠬᠠᠭᠴᠢ᠂ ᠠᠳᠠᠯᠢ ᠰᠠᠨᠠᠭᠠᠲᠠᠨ ᠨᠥᠬᠥᠳ ᠲᠣᠷ ᠰᠤᠳᠤᠷᠴᠢ ᠪᠢ ᠴᠢᠩ ᠦᠨᠡᠩᠭᠦ ᠴᠢᠰᠤᠨ ᠰᠡᠳᠬᠢᠯ ᠦ᠋ᠨ ᠬᠡᠳᠦᠨ ᠦᠭᠡᠰ ᠢ᠋ᠶ᠋ᠡᠨ ᠡᠷᠭᠦᠨ ᠮᠡᠳᠡᠭᠦᠯᠵᠦ᠂ ᠨᠣᠮ ᠬᠢᠭᠡᠳ ᠪᠢᠴᠢᠭ ᠬᠣᠶᠠᠷ ᠢ᠋ ᠦᠯᠦ ᠬᠠᠷᠰᠢᠯᠳᠤᠭᠤᠯᠬᠤ ᠶ᠋ᠢ ᠭᠤᠶᠤᠨ ᠠᠢᠯᠠᠳᠬᠠᠰᠤᠭᠠᠢ᠃ ᠪᠤᠷᠬᠠᠨ ᠭᠡᠭᠡᠨ ᠦ᠌ ᠦᠨᠡᠨ ᠨᠣᠮ ᠬᠡᠮᠡᠭᠴᠢ ᠤᠯᠠᠭᠠᠨ ᠨᠠᠷᠠ ᠪᠣᠯᠠᠢ᠃ ᠪᠣᠭᠳᠠ ᠹᠦᠽᠢ ᠶ᠋ᠢᠨ ᠰᠢᠯᠤᠭᠤᠨ ᠪᠢᠴᠢᠭ ᠬᠡᠮᠡᠭᠴᠢ ᠰᠥᠨᠢ ᠶ᠋ᠢᠨ ᠵᠤᠯᠠ ᠪᠤᠶᠤ᠂ ᠤᠯᠠᠭᠠᠨ ᠨᠠᠷᠠᠨ ᠢ᠋ ᠭᠠᠷ ᠢ᠋ᠶ᠋ᠠᠷ ᠪᠠᠷᠢᠵᠤ᠂ ᠦᠨᠡᠨ ᠵᠦᠢ ᠶ᠋ᠢ ᠠᠨᠤ ᠤᠷᠪᠠᠭᠤᠯᠤᠨ ᠬᠥᠷᠪᠡᠭᠦᠯᠦᠨ ᠨᠠᠷᠢᠪᠴᠢᠯᠠᠨ ᠰᠢᠨᠵᠢᠯᠡᠵᠦ ᠦᠯᠦ ᠪᠣᠯᠬᠤ ᠢᠨᠤ ᠪᠤᠶᠤ᠃ ᠰᠥᠨᠢ ᠶ᠋ᠢᠨ ᠵᠤᠯᠠ ᠶ᠋ᠢ ᠭᠠᠷ ᠢ᠋ᠶ᠋ᠠᠷ ᠦᠢᠯᠡᠳᠴᠦ᠂ ᠥᠨᠳᠥᠷ ᠪᠣᠭᠣᠨᠢ᠂ ᠦᠯᠡᠮᠵᠢ ᠴᠥᠭᠡᠨ᠂ ᠭᠡᠷᠡᠯ ᠶᠡᠬᠡ᠂ ᠭᠡᠷᠡᠯ ᠪᠠᠭ᠎ᠠ ᠪᠣᠯᠭᠠᠬᠤ ᠠᠨᠤ ᠴᠥᠮ ᠮᠠᠨ ᠤ᠋ ᠵᠣᠷᠢᠭ ᠪᠤᠶᠤ᠃ ᠠᠯᠢᠪᠠ ᠡᠨᠡ ᠣᠷᠴᠢᠯᠠᠩ ᠤ᠋ᠨ ᠪᠢᠴᠢᠭ ᠰᠤᠳᠤᠷ᠂ ᠱᠠᠰᠲᠢᠷ ᠲᠡᠮᠳᠡᠭᠯᠡᠯ ᠬᠡᠮᠡᠭᠴᠢ ᠡᠭᠡᠨᠡᠭᠲᠡ ᠨᠢᠭᠡᠬᠡᠨ ᠦᠨᠡᠨ ᠬᠡᠷᠡᠭ ᠦᠢᠯᠡᠰ ᠦ᠋ᠨ ᠵᠠᠩ ᠳᠠᠩᠰᠠ ᠣᠢᠯᠠᠪᠤᠷᠢ ᠳᠡᠪᠲᠡᠷ ᠦ᠋ᠳ ᠪᠤᠶᠤ᠃ ᠡᠳᠡᠭᠡᠷ ᠵᠠᠩ ᠳᠠᠩᠰᠠ ᠣᠢᠯᠠᠪᠤᠷᠢ ᠳᠡᠪᠲᠡᠷ ᠦ᠋ᠳ ᠢ᠋ ᠤᠷᠪᠠᠭᠤᠯᠤᠨ ᠬᠥᠷᠪᠡᠭᠦᠯᠦᠨ ᠦᠵᠡᠬᠦ ᠢᠨᠦ᠂ ᠡᠴᠦᠰ ᠲᠡᠭᠡᠨ ᠡᠷᠢᠭᠰᠡᠨ ᠢᠨᠦ ᠳᠡᠭᠦᠨᠦ ᠦᠨᠡᠨ ᠢ᠋ ᠢᠨᠦ ᠤᠬᠠᠮᠵᠢᠯᠠᠨ ᠮᠡᠳᠡᠰᠦᠭᠡᠢ ᠬᠡᠮᠡᠬᠦ ᠡᠴᠡ ᠥᠪᠡᠷ᠎ᠡ ᠤᠴᠢᠷ ᠦᠭᠡᠢ ᠪᠣᠯᠠᠢ᠃ ᠪᠤᠷᠬᠠᠨ ᠤ᠋ ᠨᠣᠮ ᠤ᠋ᠨ ᠤᠷᠢᠬᠤ ᠤᠩᠰᠢᠬᠤ ᠪᠦᠲᠦᠭᠡᠬᠦ ᠪᠢᠰᠢᠯᠭᠠᠬᠤ ᠳ᠋ᠤᠷ ᠠᠳᠠᠯᠢ ᠦᠭᠡᠢ ᠪᠤᠰᠤ ᠤᠤ ? ᠲᠡᠢᠨ ᠬᠦ᠌ ᠳᠠᠩᠰᠠ ᠲᠡᠮᠳᠡᠭᠯᠡᠯ ᠦᠨᠡᠨ ᠲᠣᠭ᠎ᠠ ᠬᠡᠮᠵᠢᠶ᠎ᠡ ᠶ᠋ᠢ ᠪᠠᠢᠴᠠᠭᠠᠨ ᠡᠷᠢᠬᠦᠢ ᠶ᠋ᠢᠨ ᠲᠤᠯᠠ ᠦᠯᠡᠳᠡᠭᠡᠭᠰᠡᠨ᠂ ᠪᠢᠴᠢᠭ ᠱᠠᠰᠲᠢᠷ ᠤ᠋ᠨ ᠳᠣᠲᠣᠷ᠎ᠠ ᠠᠭᠠᠷ ᠠ᠋ᠴᠠ ᠤᠷᠢᠵᠤ᠂ ᠬᠣᠭᠣᠰᠣᠨ ᠴᠢᠨᠠᠷ ᠢ᠋ ᠪᠢᠰᠢᠯᠭᠠᠬᠤ ᠶ᠋ᠢ ᠦᠰᠦ ᠬᠢᠯᠭᠠᠰᠤᠨ ᠤ᠋ ᠲᠡᠳᠦᠢ ᠪᠠᠢᠵᠤ ᠪᠣᠯᠤᠮᠤᠢ ᠤᠤ ? ᠲᠡᠢᠮᠦ ᠶ᠋ᠢᠨ ᠲᠤᠯᠠ᠂ ᠵᠠᠩ ᠳᠠᠩᠰᠠ ᠶ᠋ᠢ ᠲᠡᠮᠳᠡᠭᠯᠡᠨ ᠪᠢᠴᠢᠬᠦᠶ᠎ᠡ ᠦᠨᠡᠨ ᠲᠣᠭ᠎ᠠ ᠶ᠋ᠢ ᠠᠨᠤ ᠡᠷᠬᠢᠯᠡᠬᠦ ᠪᠣᠢ ᠶᠠ᠂ ᠡᠷᠭᠦᠮᠵᠢᠯᠡᠨ ᠪᠡᠯᠡᠭᠯᠡᠬᠦ ᠦᠭᠡᠰ ᠣᠭᠲᠣ ᠬᠡᠷᠡᠭ ᠦᠭᠡᠢ ᠪᠢᠰᠢᠦ ? ᠪᠢᠴᠢᠭ ᠰᠤᠳᠤᠷ ᠢ᠋ ᠦᠵᠡᠬᠦ ᠢᠨᠤ ᠦᠨᠡᠨ ᠬᠡᠷᠡᠭ ᠦ᠋ᠨ ᠲᠡᠮᠳᠡᠭᠯᠡᠯ ᠣᠢᠯᠠᠪᠤᠷᠢ ᠶ᠋ᠢ ᠤᠢᠯᠠᠨ ᠲᠡᠮᠳᠡᠭᠯᠡᠰᠦᠭᠡᠢ ᠬᠡᠮᠡᠭᠰᠡᠨ ᠪᠣᠢ ᠶᠠ᠂ ᠤᠩᠰᠢᠬᠤ ᠪᠦᠲᠦᠭᠡᠬᠦ ᠦᠢᠯᠡ ᠪᠢᠰᠢ ᠲᠤᠯᠠ ᠨᠣᠮ ᠤ᠋ᠨ ᠶᠢᠯᠸᠢ ᠤᠪᠠᠳᠢᠰ ᠣᠭᠲᠣᠬᠠᠨ ᠴᠤ᠌ ᠪᠠᠷ ᠬᠡᠷᠡᠭ ᠦᠭᠡᠢ ᠶ᠋ᠢᠨ ᠲᠤᠯᠠ᠂ ᠪᠢᠴᠢᠭ ᠦᠵᠡᠭᠰᠡᠳ ᠦᠨᠡᠨ ᠭᠡᠷᠡᠴᠢ ᠪᠠᠷᠢᠮᠲᠠ ᠲᠠᠢ᠂ ᠣᠨ ᠰᠠᠷ᠎ᠠ ᠡᠳᠦᠷ ᠴᠠᠭ ᠤ᠋ᠨ ᠲᠣᠳᠣᠷᠬᠠᠢ ᠢᠯᠡᠷᠬᠡᠢ᠂ ᠯᠠᠪ ᠴᠠᠪ ᠢ᠋ ᠠᠨᠤ ᠣᠯᠵᠤ᠂ ᠥᠪᠡᠷᠦᠨ ᠳᠣᠲᠣᠷ᠎ᠠ ᠪᠠᠨ ᠰᠡᠵᠢᠭᠯᠡᠨ ᠰᠠᠨᠠᠬᠤ ᠪᠠᠨ ᠲᠠᠰᠤᠯᠠᠰᠤᠭᠠᠢ ᠬᠡᠮᠡᠬᠦᠶ᠎ᠡ᠂ ᠭᠡᠨᠡᠳᠲᠡ ᠭᠠᠵᠠᠷ ᠲᠣᠪᠴᠢᠶᠠᠯᠠᠨ᠂ ᠳᠠᠯᠠᠢ ᠳ᠋ᠤᠷ ᠳᠡᠭᠳᠡᠬᠦᠢ ᠶ᠋ᠢᠨ ᠵᠡᠷᠭᠡ ᠲᠠᠷᠨᠢᠰ ᠤ᠋ᠨ ᠬᠥᠯᠭᠡ ᠬᠣᠭᠣᠰᠣᠨ ᠴᠢᠨᠠᠷ ᠦᠰᠦᠷᠦᠨ ᠭᠠᠷᠴᠤ ᠢᠷᠡᠭᠰᠡᠨ ᠳ᠋ᠦ᠍ᠷ ᠡᠨᠡ ᠳᠠᠩᠰᠠ ᠲᠡᠮᠳᠡᠭᠯᠡᠯ ᠢ᠋ ᠶᠠᠮᠪᠠᠷ ᠬᠥᠮᠦᠨ ᠢᠲᠡᠭᠡᠮᠵᠢᠯᠡᠨ ᠦᠵᠡᠬᠦ ᠠᠵᠠᠢ ? ᠡᠨᠡ ᠢᠨᠤ ᠴᠢᠪ ᠴᠢᠬᠡ ᠪᠤᠷᠬᠠᠨ ᠢ᠋ᠶ᠋ᠠᠨ ᠰᠠᠨᠠᠬᠤᠢ ᠳ᠋ᠠᠭᠠᠨ ᠤᠵᠢᠭᠰᠠᠨ ᠯᠤᠭ᠎ᠠ ᠨᠢᠭᠡᠨ ᠠᠳᠠᠯᠢ ᠪᠣᠯᠤᠭᠰᠠᠨ ᠦᠭᠡᠢ ᠤᠤ ? ᠮᠣᠩᠭᠣᠯ ᠤ᠋ᠨ ᠴᠢᠩᠭᠢᠰ ᠪᠣᠭᠳᠠ ᠮᠠᠰᠢ ᠦᠨᠡᠨ᠂ ᠮᠠᠰᠢ ᠮᠠᠭᠠᠳ ᠡᠷᠳᠡᠮ ᠤᠬᠠᠭᠠᠨ ᠡᠷᠬᠡ ᠬᠦᠴᠦᠨ ᠢ᠋ᠶ᠋ᠡᠷ ᠡᠨᠡᠳᠬᠡᠭ ᠲᠢᠪ ᠢ᠋ ᠳᠠᠢᠯᠠᠭᠰᠠᠨ ᠨᠠᠰᠤ ᠵᠢᠯ ᠣᠨ ᠰᠠᠷ᠎ᠠ ᠡᠳᠦᠷ ᠴᠠᠭ ᠮᠥᠷ ᠳᠠᠷᠠᠭᠠᠯᠠᠨ ᠵᠠᠮ ᠳᠠᠭᠠᠵᠤ᠂ ᠲᠣᠪ ᠲᠣᠳᠣᠷᠬᠠᠢ ᠳᠠᠩᠰᠠ ᠲᠡᠮᠳᠡᠭᠯᠡᠯ ᠳ᠋ᠦ᠍ᠷ ᠳᠡᠷᠪᠡᠢᠲᠡᠯᠡ ᠢᠯᠡᠷᠬᠡᠢ ᠪᠠᠢᠬᠤ ᠪᠥᠭᠡᠲᠡᠯ᠎ᠡ ᠲᠡᠭᠦᠨ ᠢ᠋ ᠨᠠᠷᠢᠪᠴᠢᠯᠠᠨ ᠡᠰᠡ ᠤᠬᠤᠴᠢᠯᠠᠨ ᠦᠵᠡᠭᠡᠳ᠂ ᠴᠢᠩᠭᠢᠰ ᠪᠣᠭᠳᠠ ᠭᠠᠵᠠᠷ ᠢ᠋ ᠲᠣᠪᠴᠢᠶᠠᠯᠠᠨ ᠶᠠᠪᠤᠮᠤᠢ ᠭᠡᠮᠡᠨ ᠨᠢᠭᠡᠬᠡᠨ ᠦᠭᠡᠰ ᠢ᠋ ᠵᠣᠬᠢᠶᠠᠨ ᠥᠭᠦᠯᠡᠭᠡᠳ ᠴᠢᠩ ᠦᠨᠡᠩᠬᠦ ᠴᠢᠩᠭᠢᠰ ᠬᠠᠭᠠᠨ ᠢ᠋ ᠴᠢᠰᠤᠨ ᠢᠳᠡᠭᠴᠢ ᠠᠷᠪᠠᠨ ᠬᠣᠶᠠᠷ ᠲᠣᠯᠣᠭᠠᠢᠲᠤ ᠮᠠᠩᠭᠤᠰ ᠮᠡᠲᠦ ᠪᠣᠯᠭᠠᠭᠰᠠᠨ ᠠᠨᠤ ᠶᠠᠮᠪᠠᠷ ᠬᠢᠷᠢᠲᠡᠢ ᠴᠡᠭᠡᠵᠢ ᠳᠡᠯᠪᠡᠷᠡᠯᠲᠡᠢ ᠠᠵᠠᠢ ? ᠮᠡᠷᠭᠡᠨ ᠰᠠᠢᠳ ᠢ᠋ᠶ᠋ᠠᠷ ᠬᠡᠷᠬᠢᠪᠡᠴᠦ ᠭᠡᠮᠡᠨ ᠲᠡᠢᠮᠦ ᠬᠤᠳᠠᠯ ᠬᠠᠭᠤᠮᠠᠭᠠᠢ ᠦᠯᠦ ᠥᠭᠦᠯᠡᠮᠦ᠃
— — — —
① ᠡᠨᠡ ᠪᠣᠯᠪᠠᠰᠤ ᠵᠢᠷᠠᠳᠤᠭᠠᠷ ᠪᠦᠯᠦᠭ ᠦ᠋ᠨ ᠲᠡᠭᠦᠰᠬᠡᠯ ᠦ᠋ᠨ ᠰᠤᠯᠠ ᠰᠢᠭᠦᠮᠵᠢᠯᠡᠯ ᠪᠣᠯᠤᠨ᠎ᠠ᠃
