ᠲᠠᠪᠤᠨ ᠡᠷᠳᠡᠨᠢ ᠶᠢᠨ ᠤᠮᠳᠠᠭᠠᠨ – ᠶᠣᠨᠳᠣᠨ ᠤ ᠪᠢᠯᠢᠭ᠌ - ᠪᠠᠭᠠᠲᠤᠷ Таван эрднийн ундаан –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠡᠷᠳᠡᠨᠢ ᠶᠢᠨ ᠤᠮᠳᠠᠭᠠᠨ – ᠶᠣᠨᠳᠣᠨ ᠤ ᠪᠢᠯᠢᠭ᠌ - ᠪᠠᠭᠠᠲᠤᠷ Таван эрднийн ундаан –Ёндоны Билиг - Баатар

ᠲᠠᠪᠤᠨ ᠡᠷᠳᠡᠨᠢ ᠶᠢᠨ ᠤᠮᠳᠠᠭᠠᠨ – ᠶᠣᠨᠳᠣᠨ ᠤ ᠪᠢᠯᠢᠭ᠌ - ᠪᠠᠭᠠᠲᠤᠷ Таван эрднийн ундаан –Ёндоны Билиг - Баатар

2024-06-26

373

ᠲᠠᠪᠤᠨ ᠡᠷᠳᠡᠨᠢ ᠶᠢᠨ ᠤᠮᠳᠠᠭᠠᠨ


 ᠲᠠᠷᠠᠭ᠂ ᠠᠢᠷᠠᠭ᠂ ᠴᠡᠬᠡ 
 ᠰᠠᠭᠠᠯᠢ ᠶ᠋ᠢᠨ ᠠᠷᠢᠬᠢ 
 ᠡᠭᠡᠳᠦᠭᠰᠡᠨ ᠰᠦᠨ 
 ᠲᠠ ᠪᠢᠳᠡᠨᠦᠰ ᠦ᠋ᠨ ᠳᠡᠭᠡᠳᠦᠰ ᠦ᠋ᠨ 
 ᠥᠪ ᠠᠷᠢᠭᠤᠨ ᠤᠯᠠᠮᠵᠢᠯᠠᠯᠲᠤ 
 ᠲᠠᠪᠤᠨ ᠡᠷᠳᠡᠨᠢ ᠶ᠋ᠢᠨ ᠤᠮᠳᠠᠭᠠᠨ 
 ᠡᠳᠡᠭᠡᠷ ᠡᠴᠡ ᠣᠨᠳᠣᠣ ᠰᠢᠳᠢᠲᠦ ᠤᠮᠳᠠᠭᠠᠨ 
 ᠡᠨᠡᠬᠡᠨ ᠭᠠᠩᠭᠠᠩ ᠣᠷᠴᠢᠯᠠᠩ ᠳ᠋ᠤ᠌ ᠦᠭᠡᠢ 
 ᠥᠨᠥ ᠶ᠋ᠢᠨ ᠰᠡᠷᠭᠦᠯᠡᠩ ᠬᠣᠷᠸ᠎ᠠ ᠶ᠋ᠢᠨ 
 ᠥᠭᠡᠷ᠎ᠡ ᠦᠨᠳᠦᠰᠦᠲᠡᠨ ᠳ᠋ᠦ᠍ 
 ᠲᠠᠪᠤᠨ ᠰᠠᠢᠬᠠᠨ ᠴᠢᠨᠳᠠᠮᠤᠨᠢ ᠡᠷᠳᠡᠨᠢ ᠶ᠋ᠢᠨ 
 ᠲᠠᠩᠰᠤᠭ ᠡᠢᠮᠦ ᠤᠮᠳᠠᠭᠠᠨ ᠶᠡᠷᠦ ᠦᠭᠡᠢ ᠠ᠋ 
 ᠲᠡᠢᠮᠦ ᠶ᠋ᠢᠨ ᠤᠴᠢᠷ᠂ ᠣᠳᠣ ᠠ᠋ᠴᠠ ᠯᠠ 
 ᠲᠠ ᠨᠥᠬᠥᠳ ᠮᠢᠨᠢ ᠡᠳᠡᠭᠡᠷ ᠢ᠋ᠶ᠋ᠡᠨ ᠯᠡ 
 ᠲᠠᠯᠪᠢᠨ ᠪᠠᠷᠢᠨ ᠵᠥᠪ ᠰᠠᠢᠨ ᠡᠩᠬᠡ ᠪᠡᠷ 
 ᠲᠠᠭᠠᠯᠠᠨ ᠳᠡᠭᠡᠳᠦᠯᠡᠩᠬᠡᠨ ᠬᠡᠷᠡᠭᠯᠡᠲᠦᠭᠡᠢ! 
 ᠠᠨᠳᠠᠭᠠᠢ ᠲᠠᠩᠭᠠᠷᠢᠭ ᠬᠢᠬᠦ ᠳ᠋ᠡᠭᠡᠨ ᠴᠦ᠍ 
 ᠷᠠᠰᠢᠶᠠᠨ ᠤ᠋ ᠳᠡᠭᠡᠵᠢ ᠰᠢᠮ᠎ᠡ ᠶ᠋ᠢᠨ ᠣᠬᠢ 
 ᠳᠡᠯᠡᠬᠡᠢ ᠳ᠋ᠦ᠍ ᠬᠣᠣᠰ ᠦᠭᠡᠢ ᠡᠳᠡᠨᠥᠰ ᠢ᠋ᠶ᠋ᠡᠨ 
 ᠳᠡᠷᠭᠡᠳᠡ ᠪᠡᠨ ᠰᠠᠯᠭᠠᠯ ᠦᠭᠡᠢ ᠠᠰᠢᠭᠯᠠ! 
 ᠬᠥᠬᠡ ᠡᠪᠦᠭᠡᠳ ᠦ᠋ᠨ ᠮᠢᠨᠢ ᠠᠮᠢ ᠣᠶᠤᠨ 
 ᠬᠥᠭᠡᠷᠦᠬᠦᠢ ᠭᠦᠨ ᠴᠡᠩᠭᠡᠯ ᠳ᠋ᠦ᠍ ᠨᠢ ᠰᠠᠴᠤᠷᠠᠨ 
 ᠬᠥᠮᠦᠨ ᠲᠥᠷᠥᠯᠬᠢᠲᠡᠨ ᠳ᠋ᠦ᠍ ᠬᠠᠨᠳᠢᠪᠯᠠᠭᠰᠠᠨ 
 ᠬᠥᠮᠦᠨ ᠭᠦᠷᠦᠨ ᠦ᠌ ᠯᠤᠲᠤ ᠭᠠᠪᠢᠶ᠎ᠠ ᠰᠢᠦ 
 ᠪᠤᠮ ᠲᠦᠮᠡᠨ ᠵᠢᠯ ᠦ᠋ᠨ ᠰᠢᠷᠭᠠᠭᠤ ᠬᠥᠳᠡᠯᠮᠦᠷᠢ 
 ᠪᠤᠯᠠᠭ ᠮᠡᠲᠦ ᠣᠨᠳᠣᠷᠤᠭᠰᠠᠨ ᠨᠥᠷᠢ ᠪᠣᠳᠣᠯᠭ᠎ᠠ 
 ᠪᠤᠷᠬᠠᠨ ᠬᠠᠯᠳᠤᠨ ᠤ᠋ ᠬᠣᠷᠮᠣᠢ ᠳ᠋ᠤ᠌ ᠬᠤᠷᠠᠭᠰᠠᠨ 
 ᠪᠤᠶᠠᠨ ᠬᠡᠰᠢᠭ ᠢᠪᠡᠭᠡᠯ ᠲᠠᠯᠠᠷᠬᠠᠯ ᠤ᠋ᠨ ᠬᠤᠷᠤᠢ 
 ᠶᠤᠮᠰᠠᠨ ᠶᠤᠮᠰᠠᠨ ᠶᠤᠮᠰᠠᠨ 
 ᠶᠤᠮᠰᠠᠨ ᠶᠤᠮᠰᠠᠨ 
 ᠶᠤᠮᠰᠠᠨ 
 ᠲᠠᠩᠳᠠ ᠡᠷᠡᠭᠦᠯ ᠰᠠᠷᠠᠭᠤᠯ ᠠᠮᠢᠳᠤᠷᠠᠬᠤᠢ ᠶ᠋ᠢᠨ 
 ᠳᠠᠶᠠᠩ ᠳᠠᠶᠠᠭᠠᠷ ᠲᠤ ᠳᠠᠭᠤᠷᠢᠰᠬᠤᠯᠠᠩ ᠲᠠᠢ 
 ᠰᠠᠬᠢᠭᠤᠰᠤ ᠬᠤᠪᠢᠯᠭᠠᠨᠵᠢᠬᠰᠠᠨ ᠲᠡᠭᠦᠰ ᠲᠡᠭᠦᠯᠳᠡᠷ 
 ᠰᠠᠨᠰᠠᠷᠯᠢᠭ ᠣᠷᠴᠢᠯᠠᠩᠯᠢᠭ ᠭᠦᠨᠵᠡᠭᠡᠢ ᠴᠢᠨᠠᠷ ᠲᠠᠢ 
 ᠲᠤᠢᠯ ᠤ᠋ᠨ ᠰᠠᠢᠨ ᠰᠠᠢᠬᠠᠨ 
 ᠲᠠᠪᠤᠨ ᠡᠷᠳᠡᠨᠢ ᠶ᠋ᠢᠨ ᠤᠮᠳᠠᠭᠠᠨ 
 ᠶᠤᠮᠰᠠᠨ ᠶᠤᠮᠰᠠᠨ ᠶᠤᠮᠰᠠᠨ 
 ᠶᠤᠮᠰᠠᠨ ᠶᠤᠮᠰᠠᠨ 
 ᠶᠤᠮᠰᠠᠨ 
  ᠁ ᠁ 
 ᠬᠤᠷᠤᠢ ᠬᠤᠷᠤᠢ ᠬᠤᠷᠤᠢ
 ᠬᠤᠷᠤᠢ ᠬᠤᠷᠤᠢ ᠬᠤᠷᠤᠢ
 ᠬᠤᠷᠤᠢ ᠬᠤᠷᠤᠢ ᠬᠤᠷᠤᠢ
  ᠁  

        2024᠂ 6᠂26᠃16᠄ 39 ᠮᠢᠨᠦ᠋ᠲ᠃ 

         ᠨᠡᠢᠲᠡ ᠶ᠋ᠢᠨ ᠮᠠᠰᠢᠨ ᠲᠡᠷᠭᠡᠨ ᠳᠡᠭᠡᠷ᠎ᠡ 
         ᠠᠯᠲᠠᠨ ᠬᠠᠭᠠᠨ ᠤ᠋ ᠤᠤᠭᠠᠨ ᠨᠡᠢᠰᠯᠡᠯ ᠠᠭᠰᠠᠨ 
         ᠢᠷᠠᠭᠤᠬᠠᠨ ᠬᠥᠬᠡᠬᠣᠲᠠᠨ᠎ᠠ ᠪᠦᠲᠦᠭᠡᠪᠡᠢ᠃