ᠬᠠᠢᠷᠠᠯᠠᠭᠠᠳ ᠶᠠᠭ ᠭᠣᠷᠢ ᠦᠭᠡᠢ ᠪᠣᠯ – ᠶᠣᠨᠳᠣᠨ ᠤ ᠪᠢᠯᠢᠭ᠌ - ᠪᠠᠭᠠᠲᠤᠷ Хайрлаад яг горьгүй бол –Ёндоны Билиг - Баатар
ᠬᠠᠢᠷᠠᠯᠠᠭᠠᠳ ᠶᠠᠭ ᠭᠣᠷᠢ ᠦᠭᠡᠢ ᠪᠣᠯ
ᠬᠠᠢᠷᠠᠯᠠᠭᠠᠳ ᠶᠠᠭ ᠭᠣᠷᠢ ᠦᠭᠡᠢ ᠪᠣᠯ
ᠬᠠᠷᠠᠭᠠᠳ ᠴᠢᠯᠠᠢ ᠠᠪᠤᠨ᠎ᠠ ᠪᠢᠵᠡ
ᠡᠷ᠎ᠡ ᠬᠥᠮᠦᠨ ᠪᠠᠢᠵᠤ ᠪᠠᠢᠭᠠᠳ
ᠬᠠᠵᠠᠭᠤᠳᠠ ᠴᠢᠨᠢ ᠣᠢᠷᠠᠬᠠᠨ
ᠰᠠᠭᠤᠭᠰᠠᠨ ᠪᠠᠢᠪᠠᠯ
ᠬᠠᠮᠢᠶ᠎ᠠ ᠦᠭᠡᠢ ᠨᠢᠭᠡ ᠦᠨᠦᠰᠦᠭᠡᠳ ᠠᠪ᠂
ᠶᠠᠭᠠᠬᠢᠳᠠᠭ ᠶᠤᠮ ᠪᠣᠢ
ᠬᠠᠴᠠᠷ ᠢ᠋ ᠴᠢᠨᠢ ᠠᠯᠠᠭᠠᠳᠠᠬᠤ ᠭᠡᠵᠦ ᠳᠣᠭᠰᠢᠷᠠᠪᠠᠯ
ᠭᠠᠷ ᠠ᠋ᠴᠠ ᠨᠢ ᠴᠢᠩᠭᠠᠬᠠᠨ ᠠᠳᠬᠤᠭᠠᠳ ᠯᠠ ᠠᠪ᠂
ᠵᠥᠭᠡᠯᠡᠷᠡᠴᠢᠬᠡᠳᠡᠭ ᠶᠦᠮ
ᠳᠤᠷᠠᠯᠠᠵᠤ ᠪᠣᠯᠳᠠᠭ ᠦᠭᠡᠢ ᠭᠡᠰᠡᠨ ᠬᠠᠤᠯᠢ
ᠳᠣᠲᠣᠭᠠᠳᠤ ᠭᠠᠳᠠᠭᠠᠳᠤ ᠳ᠋ᠤ᠌
ᠪᠠᠢᠳᠠᠭ ᠦᠭᠡᠢ ᠡᠴᠡ ᠬᠣᠢᠰᠢ
ᠲᠣᠮᠪᠣᠢᠭᠠᠳ ᠯᠠ ᠳᠤᠭᠤᠢ
ᠰᠠᠭᠤᠬᠤ ᠶ᠋ᠢᠨ ᠣᠷᠣᠨ ᠳ᠋ᠤ᠌
ᠲᠣᠭᠠᠲᠠᠢ ᠬᠡᠳᠦᠨ ᠦᠭᠡ ᠶ᠋ᠢ
ᠫᠤᠤ ᠶ᠋ᠢᠨ ᠰᠤᠮᠤ ᠰᠢᠭ᠋ ᠬᠠᠷᠪᠤᠭᠠᠳ ᠠᠪ
ᠣᠨᠣᠴᠢᠬᠠᠳᠠᠭ ᠶᠤᠮ ᠠ᠋
ᠳᠤᠷᠠᠯᠠᠭᠠᠳ ᠶᠠᠭ ᠲᠡᠰᠬᠦ ᠪᠡᠨ ᠠᠯᠳᠠᠷᠠᠪᠠᠯ
ᠳᠣᠷᠣᠨᠠᠳᠠᠬᠢᠨ ᠤ᠋ ᠰᠠᠷ᠎ᠠ ᠶ᠋ᠢ ᠰᠢᠷᠳᠡᠭᠡᠳ
ᠴᠢᠨᠣ᠎ᠠ ᠰᠢᠭ᠋ ᠯᠡ ᠣᠯᠢᠵᠤ ᠰᠤᠷ ᠠ᠋
ᠪᠤᠷᠤᠭᠤ ᠡᠰᠢᠯᠡᠭᠰᠡᠨ ᠰᠦᠬᠡ
ᠡᠷᠭᠦᠭᠰᠡᠨ ᠪᠠᠢᠪᠠᠯ
ᠪᠣᠷᠵᠢᠩ ᠴᠢᠯᠠᠭᠤᠨ ᠳᠡᠭᠡᠷ᠎ᠡ ᠪᠠᠯᠪᠠ ᠰᠠᠪᠠᠭᠠᠳ᠂
ᠠᠷᠢᠯᠵᠤ ᠣᠳ ᠠ᠋
※1987 ᠣᠨ ᠤ᠋ ᠬᠠᠭᠤᠴᠢᠨ ᠰᠢᠯᠦᠭ᠃
ᠰᠢᠯᠢ ᠶ᠋ᠢᠨ ᠬᠣᠲᠠᠨ᠎ᠠ ᠪᠦᠲᠦᠭᠡᠪᠡᠢ᠃
2024᠂3᠂27 ᠳ᠋ᠤ᠌ ᠬᠥᠬᠡᠬᠣᠲᠠᠨ᠎ᠠ
ᠰᠤᠤᠰᠢᠯ ᠵᠢᠷᠭᠡᠭᠡᠭ ᠢ᠋ᠶ᠋ᠡᠷ ᠰᠠᠴᠤᠪᠠᠢ᠃
