ᠬᠠᠭᠠᠨ ᠨᠠᠢᠷᠠᠭ ᠤᠨ ᠬᠠᠲᠤᠨ ᠡᠵᠢ – ᠶᠣᠨᠳᠣᠨ ᠤ ᠪᠢᠯᠢᠭ᠌ - ᠪᠠᠭᠠᠲᠤᠷ Хаан найргийн хатан ээж –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠭᠠᠨ ᠨᠠᠢᠷᠠᠭ ᠤᠨ ᠬᠠᠲᠤᠨ ᠡᠵᠢ – ᠶᠣᠨᠳᠣᠨ ᠤ ᠪᠢᠯᠢᠭ᠌ - ᠪᠠᠭᠠᠲᠤᠷ Хаан найргийн хатан ээж –Ёндоны Билиг - Баатар

ᠬᠠᠭᠠᠨ ᠨᠠᠢᠷᠠᠭ ᠤᠨ ᠬᠠᠲᠤᠨ ᠡᠵᠢ – ᠶᠣᠨᠳᠣᠨ ᠤ ᠪᠢᠯᠢᠭ᠌ - ᠪᠠᠭᠠᠲᠤᠷ Хаан найргийн хатан ээж –Ёндоны Билиг - Баатар

2024-06-23

281

ᠬᠠᠭᠠᠨ ᠨᠠᠢᠷᠠᠭ ᠤᠨ ᠬᠠᠲᠤᠨ ᠡᠵᠢ


 ᠬᠠᠭᠠᠨ ᠨᠠᠢᠷᠠᠭ ᠤ᠋ᠨ ᠬᠠᠲᠤᠨ ᠨᠠᠢᠷᠠᠭᠴᠢ ᠡᠵᠢ 
 ᠬᠠᠨ ᠲᠡᠭᠷᠢ ᠳ᠋ᠡᠭᠡᠨ᠂ ᠢᠲᠡᠭᠡᠮᠡᠷ ᠦᠭᠡᠢ ᠠ᠋ 
 ᠠᠷᠠᠳ ᠵᠤᠨ ᠮᠢᠨᠢ ᠬᠤᠷ᠎ᠠ ᠪᠣᠯᠤᠭᠰᠠᠨ ᠠ᠋ 
 ᠬᠠᠷᠢᠭ᠎ᠠ ᠦᠭᠡᠢ ᠳᠡ᠂ ᠬᠠᠷᠢᠭ᠎ᠠ ᠦᠭᠡᠢ 
 ᠬᠠᠷᠢᠨ ᠢᠷᠠᠭᠤ ᠨᠠᠢᠷᠠᠭ ᠢ᠋ᠶ᠋ᠠᠷ ᠯᠠ ᠬᠠᠢᠯᠠᠭᠰᠠᠨ 
 ᠬᠠᠨᠤᠯ ᠰᠢᠯᠦᠭ ᠲᠡᠭᠡᠨ ᠯᠡ ᠬᠠᠢᠯᠤᠭᠰᠠᠨ 
 ᠬᠠᠢᠷᠠᠲᠠᠢ ᠮᠣᠩᠭᠣᠯ ᠳ᠋ᠠᠭᠠᠨ ᠠᠭᠤᠰᠤᠭᠰᠠᠨ 
 ᠢᠬᠢᠷ᠎ᠡ ᠶ᠋ᠢᠨ ᠨᠢᠭᠡᠨ ᠴᠸᠪᠡᠯᠮ᠎ᠠ ᠳ᠋ᠠᠭᠠᠨ 
 ᠢᠨᠢᠶᠡᠳᠦ ᠱᠠᠩᠨᠠᠬᠤ ᠪᠠᠷ ᠭᠢᠯᠠᠰ ᠮᠣᠷᠳᠠᠭᠰᠠᠨ 
 ᠪᠠᠷᠭᠤ ᠪᠠᠷᠭᠤᠵᠢᠨ ᠭᠤᠸ᠎ᠠ ᠳᠡᠭᠡᠳᠦᠰ ᠲᠡᠭᠡᠨ 
 ᠪᠢᠷᠠᠭᠤ ᠤᠨᠠᠭ᠎ᠠ ᠬᠠᠷᠢᠭᠤᠯᠬᠤ ᠪᠠᠷ ᠶᠠᠭᠠᠷᠠᠭᠰᠠᠨ 
 ᠶᠠᠭ ᠯᠠ ᠭᠠᠯ ᠪᠠᠢᠭ᠎ᠠ ᠪᠠᠷ ᠢ᠋ᠶ᠋ᠠᠨ ᠪᠠᠢᠭᠰᠠᠨ 
 ᠢᠨᠵᠠᠭ᠎ᠠ ᠳᠡᠷᠭᠡᠳᠡ ᠨᠢ ᠱᠣᠭᠰᠢᠵᠤ ᠪᠠᠢᠭᠰᠠᠨ 
 ᠢᠷᠭᠤᠢ ᠴᠡᠩᠬᠡᠷ ᠵᠡᠷᠭᠡᠯᠭᠡᠨ ᠲᠡᠢ ᠪᠠᠢᠭᠰᠠᠨ 
 ᠢᠨᠠᠭ ᠳᠤᠷᠠᠯᠠᠯ ᠤ᠋ᠨ ᠨᠣᠲ ᠢ᠋ᠶ᠋ᠠᠷ ᠢ᠋ᠶ᠋ᠠᠨ ᠪᠠᠢᠪᠠᠢ 
 ᠬᠠᠵᠠᠭᠤᠬᠠᠨ ᠳ᠋ᠤᠨᠢ ᠶᠡᠬᠡ ᠨᠠᠴᠤᠭᠳᠣᠷᠵᠢ ᠶ᠋ᠢᠨ 
 ᠬᠠᠷᠠᠴᠠ ᠮᠡᠯᠮᠡᠢ ᠳᠣᠨᠣᠯᠵᠠᠭᠠᠳ ᠯᠠ ᠪᠠᠢᠭᠰᠠᠨ 
 ᠬᠠᠷᠢᠭᠠᠳᠤᠢ ᠶᠤᠮ ᠤᠤ ᠲᠠ ᠭᠡᠵᠦ ᠶᠠᠪᠤᠤ ᠭᠤᠸᠠᠢ 
 ᠬᠠᠲᠤᠨ ᠲᠡᠷᠯᠢᠭ ᠢ᠋ ᠨᠢ ᠵᠠᠰᠠᠵᠤ ᠪᠠᠢᠭᠰᠠᠨ 
 ᠱᠠᠭᠳᠠᠷ ᠤ᠋ᠨ ᠳᠤᠯᠮ᠎ᠠ ᠬᠡᠦᠬᠡᠨ ᠥᠨᠥᠬᠡᠨ 
 ᠰᠠᠨᠰᠠᠷ ᠲᠤ᠌ ᠬᠠᠷᠢᠯᠠᠵᠠᠢ ᠭᠡᠮᠡᠨ ᠤᠯᠤᠰ ᠶᠠᠷᠢᠮᠤᠢ 
 ᠵᠡᠭᠦᠭᠰᠡᠨ ᠡᠭᠡᠮᠦᠭ ᠨᠢ ᠣᠳᠣᠳ ᠪᠠᠢᠯ᠎ᠠ 
 ᠵᠦᠯᠭᠦᠭᠰᠡᠨ ᠰᠢᠷᠡᠭᠡ ᠨᠢ ᠨᠠᠷᠠ ᠪᠠᠢᠯ᠎ᠠ 
 ᠵᠡᠭᠦᠳᠦᠯᠡᠭᠰᠡᠨ ᠨᠤᠲᠤᠭ ᠨᠢ ᠮᠣᠩᠭᠣᠯ ᠪᠠᠢᠯ᠎ᠠ 
 ᠳᠡᠭᠦᠵᠢᠯᠡᠭᠰᠡᠨ ᠰᠠᠭᠤᠯᠭ᠎ᠠ ᠨᠢ ᠰᠠᠷᠠ ᠪᠠᠢᠯ᠎ᠠ 
 ᠁ ᠦᠭᠡᠢ ᠶᠡᠷᠦᠨᠢ ᠶᠠᠭᠠᠬᠢᠭᠰᠠᠨ ᠬᠣᠯᠠ ! 
 ᠁ ᠬᠠᠷᠢᠯᠠᠭᠰᠠᠨ ᠬᠡᠦᠬᠡᠨ ᠶᠦᠮ ᠪᠣᠢ ᠳᠠ 
 ᠁ ᠬᠠᠳᠠᠮ ᠤ᠋ᠨ ᠨᠤᠲᠤᠭ ᠨᠢ ᠣᠷᠴᠢᠯᠠᠩ 
 ᠁ ᠥᠨᠢ ᠶ᠋ᠢᠨ ᠲᠥᠷᠬᠥᠮ ᠨᠢ ᠳᠡᠯᠡᠬᠡᠢ 
 ᠦᠭᠡᠢ ᠦᠭᠡᠢᠯᠡᠭᠡᠳ ᠶᠠᠭᠠᠬᠢᠬᠤ ᠶᠤᠮ ᠪᠣᠢ  
 ᠥᠴᠥᠭᠡᠳᠦᠷ ᠮᠣᠷᠳᠠᠭᠰᠠᠨ ᠬᠡᠦᠬᠡᠨ ᠴᠢᠨᠢ 
 ᠭᠤᠷᠪᠠᠨ ᠬᠣᠨᠣᠭ ᠤ᠋ᠨ ᠡᠷᠭᠢᠯᠲᠡ ᠪᠡᠷ ᠢ᠋ᠶ᠋ᠡᠨ 
 ᠭᠣᠯᠣᠮᠲᠠ ᠲᠥᠷᠬᠥᠮ ᠳ᠋ᠡᠭᠡᠨ ᠢᠷᠡᠯᠭᠦᠢ ᠳᠧ  

         2024᠂ 3᠂ 27᠃  ᠦᠳᠡ ᠬᠣᠢᠨ᠎ᠠ᠃  
 
              ᠬᠥᠬᠡᠬᠣᠲᠠᠨ᠎ᠠ ᠳᠠᠭᠠᠳᠬᠠᠨ ᠪᠦᠲᠦᠭᠡᠪᠡᠢ᠃