ᠰᠢᠯᠦᠭ ᠦ᠋ᠨ ᠵᠣᠭᠣᠭ- ᠭ· ᠴᠢᠩᠪᠠᠭᠠᠲᠤᠷШүлгийн зоог-Г·Чинбаатар
ᠰᠢᠯᠦᠭ ᠦ᠋ᠨ ᠵᠣᠭᠣᠭ ①
ᠭ· ᠴᠢᠩᠪᠠᠭᠠᠲᠤᠷ
ᠰᠠᠢᠬᠠᠨ ᠮᠣᠩᠭᠣᠯ ᠰᠢᠯᠦᠭ ᠤᠩᠰᠢᠭ᠎ᠠ ᠦᠭᠡᠢ ᠤᠳᠠᠴᠢᠬᠠᠯ᠎ᠠ᠃ ᠶᠡᠬᠡ ᠳᠡᠭᠡᠳᠦ ᠰᠤᠷᠭᠠᠭᠤᠯᠢ ᠳ᠋ᠤ᠌ ᠤᠷᠠᠨ ᠵᠣᠬᠢᠶᠠᠯ ᠤ᠋ᠨ ᠲᠤᠰᠬᠠᠢ ᠬᠢᠴᠢᠶᠡᠯ ᠨᠡᠭᠡᠭᠡᠵᠦ᠂ ᠣᠨᠣᠯ ᠮᠡᠷᠭᠡᠵᠢᠯ ᠢ᠋ᠶ᠋ᠡᠷ ᠬᠢᠴᠢᠶᠡᠯᠯᠡᠵᠦ ᠪᠠᠢᠭ᠎ᠠ ᠪᠥᠭᠡᠳ ᠡᠢᠮᠦ ᠠᠷᠪᠢᠨ ᠰᠢᠯᠦᠭᠴᠢᠳ ᠬᠥᠳᠡᠯᠮᠦᠷᠢ ᠶ᠋ᠢᠨ ᠬᠠᠲᠠᠭᠤ ᠠ᠋ᠴᠠ ᠤᠬᠤᠷᠢᠯ ᠦᠭᠡᠢ ᠪᠢᠴᠢᠵᠡᠭᠡᠵᠦ ᠪᠠᠢᠭ᠎ᠠ ᠠᠲᠠᠯ᠎ᠠ ᠶᠠᠭᠠᠬᠢᠬᠤ ᠳ᠋ᠠᠭᠠᠨ ᠪᠢᠯᠡ? ᠭᠡᠪᠡᠴᠦ ᠡᠨᠳᠡ ᠶᠠᠷᠢᠭᠠᠳ ᠪᠠᠢᠭ᠎ᠠ ᠮᠠᠨᠢ《ᠮᠣᠩᠭᠣᠯ ᠬᠡᠯᠡ ᠪᠡᠷ ᠪᠢᠴᠢᠭᠰᠡᠨ》 ᠰᠢᠯᠦᠭ ᠪᠢᠰᠢ᠂ ᠬᠠᠷᠢᠨ ᠮᠣᠩᠭᠣᠯ ᠢ᠋ᠶ᠋ᠠᠷ ᠰᠡᠳᠬᠢᠵᠦ ᠪᠢᠴᠢᠭᠰᠡᠨ ᠰᠢᠯᠦᠭ ᠢ᠋ ᠶᠠᠷᠢᠵᠤ ᠪᠣᠢ ᠭᠡᠳᠡᠭ ᠢ᠋ ᠣᠢᠯᠠᠭᠠᠭᠠᠷᠠᠢ᠃
ᠮᠠᠨ ᠤ᠋ ᠬᠢᠨ ᠳ᠋ᠦ᠍ ᠰᠢᠯᠦᠭ ᠦᠭᠡᠢ ᠪᠢᠰᠢ ᠪᠠᠢᠨ᠎ᠠ᠃ ᠭᠡᠪᠡᠴᠦ ᠦᠨᠳᠦᠰᠦᠲᠡᠨ ᠦ᠌ ᠰᠣᠶᠣᠯ ᠰᠡᠳᠬᠢᠯᠭᠡᠨ ᠦ᠌ ᠬᠠᠷᠠᠭᠠᠰᠤ ᠪᠠᠷ ᠰᠣᠨᠵᠢᠨ ᠦᠵᠡᠪᠡᠯ《ᠮᠣᠩᠭᠣᠯ ᠰᠢᠯᠦᠭ》 ᠡᠴᠡ ᠠᠷᠠᠢ ᠵᠠᠢᠳᠠᠭᠤ᠂ ᠡᠰᠡᠬᠦᠯ᠎ᠡ ᠪᠦᠷ ᠱᠠᠯ ᠡᠰᠡᠷᠭᠦ ᠪᠡᠷ ᠬᠥᠭᠵᠢᠵᠦ ᠪᠣᠢ᠃ ᠠᠷᠭ᠎ᠠ ᠪᠠᠷᠢᠯ ᠳ᠋ᠤ᠌ ᠳᠣᠯᠳᠣᠢᠳᠠᠨ ᠬᠡᠯᠡᠨ ᠦ᠌ ᠡᠭᠡᠵᠢᠭ ᠢ᠋ᠶ᠋ᠡᠨ ᠥᠩᠭᠡᠯᠡᠬᠦ᠂ ᠮᠣᠩᠭᠣᠯ ᠬᠥᠮᠦᠨ ᠦ᠌ ᠰᠡᠳᠬᠢᠬᠦᠢ ᠶ᠋ᠢᠨ ᠯᠣᠭᠢᠭ ᠠ᠋ᠴᠠ ᠭᠠᠵᠢᠵᠤ ᠵᠣᠷᠢᠭ ᠢ᠋ᠶ᠋ᠠᠷ ᠢ᠋ᠶ᠋ᠠᠨ ᠬᠣᠯᠪᠣᠵᠤ ᠪᠣᠳᠣᠬᠤ ᠪᠤᠶᠤ ᠳᠦᠷᠰᠦᠯᠡᠯ ᠵᠣᠬᠢᠶᠠᠬᠤ᠂ ᠨᠡᠢᠲᠡ ᠮᠣᠩᠭᠣᠯᠴᠤᠳ ᠤ᠋ᠨ ᠵᠠᠩ ᠦᠢᠯᠡ ᠶ᠋ᠢᠨ ᠬᠡᠪᠰᠢᠯ ᠡᠴᠡ ᠵᠥᠷᠢᠴᠡᠬᠦ ᠪᠤᠶᠤ ᠭᠤᠸ᠎ᠠ ᠰᠠᠢᠬᠠᠨ ᠤ᠋ ᠣᠢᠯᠠᠭᠠᠯᠲᠠ ᠠ᠋ᠴᠠ ᠲᠡᠷᠰᠯᠡᠬᠦ ᠭᠡᠬᠦᠴᠢᠯᠡᠨ ᠵᠦᠢᠯ ᠦ᠋ᠳ ᠳᠡᠩᠳᠡᠭᠦᠦ ᠭᠠᠵᠠᠷ ᠠᠪᠴᠤ ᠣᠷᠣ ᠳᠦᠭᠦᠷᠭᠡᠵᠡᠢ᠃ ᠡᠨᠡ ᠪᠦᠬᠦ ᠵᠦᠢᠯ ᠮᠠᠨ ᠤ᠋ ᠢᠷᠠᠭᠤ ᠨᠠᠢᠷᠠᠭᠴᠢ᠂ ᠵᠣᠬᠢᠶᠠᠯᠴᠢᠳ ᠠᠮᠢᠳᠤᠷᠠᠯ ᠠ᠋ᠴᠠ ᠬᠢᠷᠢ ᠵᠠᠢᠳᠠᠭᠤ— ᠳᠠᠷᠤᠢ ᠥᠪᠡᠷ ᠦ᠋ᠨ ᠰᠣᠶᠣᠯ ᠠ᠋ᠴᠠ ᠪᠠᠨ ᠠᠯᠢ ᠵᠡᠷᠭᠡ ᠬᠥᠨᠳᠡᠢ ᠭᠡᠳᠡᠭ ᠦ᠋ᠨ ᠬᠢᠨᠢ ᠲᠤᠰᠬᠠᠯ ᠪᠥᠭᠡᠳ ᠰᠠᠢᠬᠠᠨ ᠮᠣᠩᠭᠣᠯ ᠰᠢᠯᠦᠭ ᠬᠣᠮᠰᠠᠬᠠᠨ ᠲᠥᠷᠥᠳᠡᠭ ᠦ᠋ᠨ ᠤᠯᠪᠠᠭ᠎ᠠ ᠪᠣᠯᠵᠠᠢ᠃
ᠪᠢᠳᠡᠨ ᠦ᠌ ᠶᠠᠷᠢᠳᠠᠭ ᠠᠮᠢᠳᠤᠷᠠᠯ ᠳ᠋ᠤ᠌ ᠭᠦᠨᠵᠡᠭᠡᠢᠷᠡᠨ᠎ᠡ ᠭᠡᠳᠡᠭ ᠨᠢ ᠵᠤᠭᠠᠴᠠᠯ᠃ ᠣᠴᠢᠭᠰᠠᠨ ᠶᠠᠪᠤᠭᠰᠠᠨ ᠭᠠᠵᠠᠷ ᠤ᠋ᠨ ᠢ᠋ᠶ᠋ᠠᠨ ᠠᠭᠤᠯᠠ ᠤᠰᠤᠨ ᠤ᠋ ᠨᠡᠷ᠎ᠡ ᠳᠣᠮᠣᠭ᠂ ᠠᠷᠠᠳ ᠣᠯᠠᠨ ᠤ᠋ ᠠᠮᠢᠳᠤᠷᠠᠯ ᠤ᠋ᠨ ᠪᠠᠢᠳᠠᠯ᠂ ᠵᠠᠩ ᠵᠠᠩᠰᠢᠯ ᠤ᠋ᠨ ᠢᠯᠡᠷᠬᠡᠢ ᠬᠤᠪᠢᠷᠠᠯ᠂ ᠮᠠᠯᠵᠢᠯ ᠰᠣᠶᠣᠯ ᠤ᠋ᠨ ᠣᠨᠳᠣᠣᠰᠢᠯ᠂ ᠦᠵᠡᠯ ᠤᠬᠠᠮᠰᠠᠷ ᠤ᠋ᠨ ᠬᠤᠪᠢᠷᠠᠯᠲᠠ᠂ ᠡᠳᠦᠭᠡ ᠲᠡᠦᠬᠡ ᠡᠴᠡ ᠥᠭᠰᠥᠭᠦᠯᠦᠭᠡᠳ ᠪᠠᠢᠭᠠᠯᠢ ᠶ᠋ᠢᠨ ᠴᠥᠯᠡᠷᠬᠡᠭᠵᠢᠯ᠂ ᠠᠵᠤ ᠠᠬᠤᠢ ᠶ᠋ᠢᠨ ᠪᠠᠢᠳᠠᠯ ᠵᠡᠷᠭᠡ ᠶ᠋ᠢ ᠣᠭᠲᠣᠬᠠᠨ ᠴᠤ ᠠᠩᠬᠠᠷᠤᠯ ᠳ᠋ᠠᠭᠠᠨ ᠠᠪᠤᠯ ᠦᠭᠡᠢ᠂ ᠵᠥᠪᠬᠡᠨ ᠬᠠᠮᠢᠭ᠎ᠠ ᠣᠴᠢᠵᠤ᠂ ᠬᠡᠨ ᠲᠡᠢ ᠠᠭᠤᠯᠵᠠᠵᠤ᠂ ᠶᠠᠭᠠᠬᠢᠵᠤ ᠨᠠᠷᠭᠢᠭᠰᠠᠨ ᠠ᠋ᠴᠠ ᠯᠠ ᠪᠢᠴᠢᠭᠰᠡᠨ ᠰᠢᠭᠦᠷᠭᠡᠢ ᠪᠦᠲᠦᠭᠡᠯ ᠠᠷᠪᠢᠳᠴᠠᠢ᠃ ᠡᠨᠡ ᠪᠦᠬᠦ ᠨᠠᠷᠢᠨ ᠰᠢᠷᠢᠨ ᠵᠦᠢᠯᠡᠰ ᠲᠦ᠍ ᠮᠠᠨ ᠤ᠋ ᠤᠷᠠᠨ ᠪᠦᠲᠦᠭᠡᠯᠴᠢᠳ ᠶᠠᠭᠠᠬᠢᠬᠤ ᠳ᠋ᠠᠭᠠᠨ ᠲᠡᠭᠡᠵᠦ ᠬᠠᠢᠩᠭᠤ ᠴᠠᠯᠠᠭᠠᠢ ᠬᠠᠨᠳᠤᠭᠠᠳ ᠪᠠᠢᠭ᠎ᠠ ᠶ᠋ᠢ ᠬᠠᠴᠢᠷᠬᠠᠮᠠᠷ᠃ ᠭᠠᠩ ᠵᠤᠳ ᠢ᠋ ᠪᠢᠴᠢᠬᠦ ᠳ᠋ᠦ᠍᠂ ᠵᠦᠭᠡᠷ ᠯᠡ ᠥᠩᠭᠡᠨ ᠲᠠᠯ᠎ᠠ ᠳ᠋ᠤ᠌ ᠬᠥᠪᠬᠦ ᠡᠴᠡ ᠪᠢᠰᠢ᠂ ᠭᠠᠩ ᠵᠤᠳ ᠳᠠᠬᠢ ᠮᠠᠯᠴᠢᠳ ᠤ᠋ᠨ ᠰᠡᠳᠬᠢᠯᠭᠡ᠂ ᠠᠮᠢ ᠠᠬᠤᠢ ᠶ᠋ᠢᠨ ᠬᠤᠪᠢᠷᠠᠯ ᠠ᠋ᠴᠠ ᠪᠣᠯᠤᠭᠰᠠᠨ ᠰᠣᠶᠣᠯ ᠤ᠋ᠨ ᠣᠨᠳᠣᠣᠰᠢᠯ᠂ ᠰᠡᠳᠬᠢᠬᠦᠢ ᠶ᠋ᠢᠨ ᠴᠠᠷ᠎ᠠ ᠬᠦᠷᠢᠶᠡᠨ ᠦ᠌ ᠢᠪᠴᠤᠤᠷᠡᠯ ᠵᠡᠮᠳᠡᠭᠳᠡᠯ᠁ ᠭᠡᠬᠦᠴᠢᠯᠡᠨ ᠭᠦᠨᠵᠡᠭᠡᠢᠷᠡᠵᠦ ᠪᠢᠴᠢᠭᠰᠡᠨ ᠵᠣᠬᠢᠶᠠᠯ ᠳᠠᠩᠴᠤ ᠬᠣᠪᠣᠷ᠃ ᠪᠢᠴᠢᠬᠦ ᠶ᠋ᠢᠨ ᠯᠡ ᠲᠥᠯᠥᠭᠡ᠂ ᠨᠡᠢᠲᠡᠯᠡᠭᠦᠯᠬᠦ ᠶ᠋ᠢᠨ ᠯᠡ ᠲᠥᠯᠥᠭᠡ ᠠᠷᠭ᠎ᠠ ᠪᠠᠷᠢᠯ᠂ ᠤᠷᠠᠨ ᠳᠦᠷᠰᠦᠯᠡᠯ ᠳ᠋ᠦ᠍ ᠳᠣᠯᠳᠣᠢᠳᠠᠭᠰᠠᠨ ᠰᠢᠯᠦᠭ ᠦ᠋ᠳ ᠬᠠᠭᠤᠳᠠᠰᠤ ᠳᠦᠭᠦᠷᠭᠡᠬᠦ ᠨᠢ ᠠᠷᠪᠢᠳᠤᠭᠰᠠᠨ ᠢ᠋ᠶ᠋ᠠᠷ ᠢᠷᠠᠭᠤ ᠨᠠᠢᠷᠠᠭ ᠤ᠋ᠨ ᠲᠡᠩᠬᠡᠭᠡ ᠨᠣᠴᠢᠲᠠᠢ ᠰᠤᠯᠠᠳᠠᠭᠰᠠᠨ ᠪᠠᠢᠭ᠎ᠠ ᠶᠤᠮ᠃ ᠡᠭᠦᠨ ᠦ᠌ ᠴᠠᠭᠠᠳᠤ ᠰᠢᠯᠲᠠᠭᠠᠨ ᠶᠠᠭᠤ ᠪᠣᠢ? ᠬᠡᠮᠡᠪᠡᠰᠦ᠂ ᠤᠷᠠᠨ ᠪᠦᠲᠦᠭᠡᠯᠴᠢᠳ ᠮᠠᠨᠢ ᠰᠣᠶᠣᠯ ᠢ᠋ᠶ᠋ᠠᠨ ᠣᠢᠯᠠᠭᠠᠬᠤ ᠦᠭᠡᠢ᠂ ᠰᠡᠳᠬᠢᠬᠦᠢ ᠨᠢ ᠵᠡᠮᠳᠡᠭᠷᠡᠭᠰᠡᠨ ᠲᠡᠢ ᠬᠣᠯᠪᠣᠭ᠎ᠠ ᠲᠠᠢ ᠭᠡᠵᠦ ᠰᠠᠨᠠᠭᠰᠠᠨ ᠢ᠋ᠶ᠋ᠠᠷ ᠦᠵᠡᠯᠲᠡ ᠪᠡᠨ ᠶᠠᠷᠢᠬᠤ ᠶ᠋ᠢ ᠵᠣᠷᠢᠯ᠎ᠠ᠃
《ᠬᠠᠯᠬᠠᠴᠤᠳ ᠠ᠋ᠴᠠ ᠬᠡᠯᠡ ᠰᠤᠷᠤᠨ᠎ᠠ》 ᠭᠡᠳᠡᠭ ᠨᠢ ᠳᠠᠶᠠᠭᠠᠷ ᠤ᠋ᠨ ᠳᠠᠭᠤ ᠨᠢᠭᠡᠲᠡᠢ ᠤᠤᠬᠠᠢᠯᠠᠯ᠃ ᠬᠡᠯᠡ ᠨᠢ ᠦᠨᠳᠦᠰᠦᠲᠡᠨ ᠦ᠌ ᠰᠣᠶᠣᠯ ᠰᠡᠳᠬᠢᠬᠦᠢ ᠶ᠋ᠢᠨ ᠬᠠᠮᠤᠭ ᠲᠥᠪᠯᠡᠷᠡᠩᠭᠦᠢ ᠢᠯᠡᠷᠡᠯ ᠪᠣᠯᠤᠭᠰᠠᠨ ᠤ᠋ ᠬᠤᠪᠢ ᠳ᠋ᠤ᠌ ᠥᠪᠡᠷᠰᠡᠳ ᠦ᠋ᠨ ᠶᠠᠳᠠᠭᠤ ᠵᠡᠮᠳᠡᠭ ᠬᠡᠯᠡ ᠪᠡᠨ ᠵᠦᠭᠰᠢᠷᠡᠭᠦᠯᠬᠦ ᠨᠢ ᠭᠠᠷᠴᠠᠭ᠎ᠠ ᠦᠭᠡᠢ ᠵᠥᠪ ᠴᠤ ᠭᠡᠰᠡᠨ᠂ ᠰᠣᠶᠣᠯ ᠤᠯᠠᠮᠵᠢᠯᠠᠯ ᠢ᠋ᠶ᠋ᠠᠨ ᠮᠡᠳᠡᠬᠦ ᠦᠭᠡᠢ᠂ ᠡᠨᠡ ᠰᠣᠶᠣᠯ ᠤ᠋ᠨ ᠠᠴᠢᠶᠠᠯᠠᠭᠴᠢ ᠪᠣᠯᠤᠭᠰᠠᠨ ᠠᠷᠠᠳ ᠣᠯᠠᠨ ᠤ᠋ ᠪᠠᠨ ᠰᠡᠳᠬᠢᠬᠦᠢ ᠶ᠋ᠢᠨ ᠴᠠᠷ᠎ᠠ ᠬᠠᠷᠠᠭᠠᠰᠤ ᠪᠠᠷ ᠰᠡᠳᠬᠢᠵᠦ ᠢᠯᠡᠳᠬᠡᠵᠦ ᠴᠢᠳᠠᠬᠤ ᠦᠭᠡᠢ ᠪᠣᠯᠤᠭᠰᠠᠨ ᠪᠢᠳᠡᠨ ᠳ᠋ᠦ᠍ ᠠᠪᠴᠤ ᠬᠡᠯᠡᠪᠡᠯ᠂ ᠬᠠᠯᠬᠠᠴᠤᠳ ᠠ᠋ᠴᠠ ᠬᠡᠯᠡ ᠰᠤᠷᠤᠨ᠎ᠠ ᠭᠡᠳᠡᠭ ᠨᠢ ᠲᠡᠳᠡᠨ ᠢ᠋ ᠳᠠᠭᠤᠷᠢᠶᠠᠨ᠎ᠠ ᠭᠡᠰᠡᠨ ᠲᠡᠢ ᠡᠭᠡᠭᠡ ᠢᠵᠢᠯ ᠤᠴᠢᠷ ᠶᠤᠮ᠃ ᠬᠠᠪᠤᠯᠢᠭ ᠣᠨᠣᠪᠴᠢᠲᠠᠢ ᠬᠡᠯᠡᠭᠰᠡᠨ ᠭᠠᠭᠴᠠ ᠦᠭᠡ ᠶ᠋ᠢ ᠨᠢ ᠵᠣᠬᠢᠶᠠᠯ ᠳ᠋ᠠᠭᠠᠨ ᠨᠡᠮᠡᠷᠢᠯᠡᠴᠢᠬᠡᠬᠦ ᠪᠡᠷ《ᠦ᠂ ᠡᠨᠡ ᠴᠢᠨᠢ ᠨᠥᠭᠦᠭᠡ ᠬᠡᠨ ᠦ᠌ ᠯᠡ ᠠᠯᠳᠠᠭᠤᠯ ᠮᠣᠷᠢ ᠪᠠᠢᠬᠤ ᠨᠢ ᠰᠢᠪ ᠳᠡ!》 ᠭᠡᠵᠦ ᠤᠩᠰᠢᠭᠴᠢᠳ ᠮᠡᠳᠡᠴᠢᠬᠡᠳᠡᠭ ᠃ ᠳ· ᠨᠠᠮᠰᠠᠷᠠᠢ ᠶ᠋ᠢᠨ ᠵᠣᠬᠢᠶᠠᠯ ᠢ᠋ ᠤᠩᠰᠢᠬᠤ ᠳ᠋ᠤ᠌ ᠮᠠᠰᠢ ᠣᠢᠯᠠᠭᠠᠮᠵᠢᠲᠠᠢ ᠤᠷᠤᠰᠤᠮ᠎ᠠ᠂ ᠪᠢᠳᠡᠨ ᠦ᠌ ᠮᠡᠳᠡᠬᠦ ᠦᠭᠡᠢ᠂ ᠣᠢᠯᠠᠭᠠᠬᠤ ᠦᠭᠡᠢ ᠦᠭᠡ᠂ ᠳᠦᠷᠰᠦᠯᠡᠯ ᠭᠠᠭᠴᠠ ᠴᠤ ᠦᠭᠡᠢ ᠪᠠᠢᠲᠠᠯ᠎ᠠ ᠪᠢᠳᠡ ᠪᠢᠴᠢᠬᠦ ᠪᠡᠷ ᠶᠠᠭᠠᠬᠢᠭᠠᠳ ᠲᠡᠢᠮᠦ ᠨᠠᠢᠷᠠᠮᠵᠢᠲᠠᠢ ᠪᠣᠯᠳᠠᠭ ᠦᠭᠡᠢ ᠶᠦᠮ ᠪᠣᠢ? ᠰᠣᠶᠣᠯ ᠢ᠋ᠶ᠋ᠠᠨ ᠮᠡᠳᠡᠬᠦ ᠦᠭᠡᠢ ᠶ᠋ᠢᠨ ᠬᠢ᠂ ᠣᠨᠣᠪᠴᠢᠲᠠᠢ ᠬᠡᠯᠡᠪᠡᠯ᠂ ᠥᠪᠡᠷ ᠦ᠋ᠨ ᠰᠣᠶᠣᠯ ᠢ᠋ᠶ᠋ᠠᠨ ᠰᠡᠳᠬᠢᠵᠦ ᠢᠯᠡᠳᠬᠡᠵᠦ ᠴᠢᠳᠠᠬᠤ ᠦᠭᠡᠢ ᠶ᠋ᠢᠨ ᠬᠢ᠃ ᠮᠣᠩᠭᠣᠯ ᠬᠥᠮᠦᠨ ᠦ᠌ ᠭᠤᠸ᠎ᠠ ᠰᠠᠢᠬᠠᠨ ᠤ᠋ ᠦᠨᠡᠯᠡᠮᠵᠢ᠂ ᠶᠠᠭᠤᠮ᠎ᠠ ᠦᠵᠡᠭᠳᠡᠯ ᠢ᠋ ᠣᠢᠯᠠᠭᠠᠬᠤ ᠬᠠᠷᠠᠭᠠᠰᠤ ᠵᠣᠭᠰᠣᠴᠠ᠂ ᠠᠰᠠᠭᠤᠳᠠᠯ ᠢ᠋ ᠪᠣᠳᠣᠯᠬᠢᠯᠠᠬᠤ ᠰᠡᠳᠬᠢᠴᠡ᠂ ᠶᠢᠷᠲᠢᠨᠴᠦ ᠶ᠋ᠢᠨ ᠲᠤᠬᠠᠢ ᠲᠠᠨᠢᠯᠲᠠ ᠵᠢᠴᠢ ᠠᠶᠠᠭ ᠠᠭᠠᠯᠢ᠂ ᠵᠠᠩ ᠦᠢᠯᠡ᠂ ᠥᠷᠲᠡᠭ ᠦ᠋ᠨ ᠦᠵᠡᠯᠲᠡ ᠬᠤᠪᠢ ᠶ᠋ᠢᠨ ᠣᠨᠴᠠᠯᠢᠭ ᠲᠠᠢ ᠪᠠᠢᠳᠠᠭ ᠰᠢᠦ ᠳᠡ᠃ ᠰᠠᠯᠬᠢᠨ ᠢ᠋ ᠳᠦᠷᠰᠦᠯᠡᠬᠦ ᠳ᠋ᠦ᠍《ᠬᠡᠳᠦᠨ ᠳᠡᠰ ᠦ᠋ᠨ ᠰᠠᠯᠬᠢᠨ᠂ ᠠᠶᠤᠮᠠᠷ ᠬᠦᠴᠦᠲᠡᠢ ᠰᠠᠯᠬᠢᠨ》ᠭᠡᠪᠡᠯ ᠣᠷᠴᠢᠭᠤᠯᠭ᠎ᠠ ᠶ᠋ᠢᠨ ᠪᠤᠶᠤ ᠦᠬᠦᠮᠡᠯ ᠬᠡᠯᠡᠯᠭᠡ᠃《ᠰᠠᠭᠠᠳᠠᠭ ᠰᠡᠵᠢᠯᠡᠮᠡ ᠰᠠᠯᠬᠢᠨ᠂ ᠳᠡᠭᠡᠪᠦᠷ ᠳᠡᠪᠢᠬᠦ ᠰᠠᠯᠬᠢᠨ》ᠭᠡᠪᠡᠯ ᠠᠮᠢᠳᠤ ᠬᠡᠯᠡᠯᠭᠡ᠃ ᠰᠠᠭᠠᠳᠠᠭ ᠭᠡᠵᠦ ᠶᠠᠭᠤ᠂ ᠰᠠᠭᠠᠳᠠᠭ ᠰᠠᠵᠢᠯᠠᠮᠠ ᠰᠠᠯᠬᠢᠨ ᠨᠢ ᠬᠢᠷᠢ ᠵᠡᠷᠭᠡ ᠰᠠᠯᠬᠢᠨ ᠭᠡᠬᠦᠴᠢᠯᠡᠨ ᠪᠣᠳᠣᠬᠤ ᠳ᠋ᠤ᠌ ᠡᠨᠡ ᠦᠭᠡᠨ ᠳ᠋ᠦ᠍ ᠶᠠᠮᠠᠷ ᠶᠡᠬᠡ ᠠᠭᠤᠯᠤᠮᠵᠢ ᠲᠠᠢ ᠪᠠᠢᠭ᠎ᠠ ᠨᠢ ᠲᠣᠳᠣᠷᠬᠠᠢ᠃《ᠣᠯᠣᠢᠷᠲᠤ ᠴᠡᠩᠬᠡᠷ ᠲᠩᠷᠢ》ᠭᠡᠬᠦ ᠪᠡᠷ ᠣᠯᠣᠢᠷ ᠭᠡᠵᠦ ᠮᠣᠷᠢᠨ ᠤ᠋ ᠭᠡᠳᠡᠰᠦᠨ ᠳ᠋ᠦ᠍ ᠵᠢᠷᠤᠭᠠᠰᠣᠯᠠᠨ ᠤᠷᠭᠤᠭᠰᠠᠨ ᠴᠠᠭᠠᠨ ᠦᠰᠦ᠂ ᠶᠠᠭᠠᠬᠢᠪᠠᠯ ᠮᠣᠷᠢᠨ ᠳ᠋ᠤ᠌ ᠣᠯᠣᠢᠷ ᠰᠠᠭᠤᠳᠠᠭ᠃ ᠲᠡᠷᠡ ᠨᠢ ᠲᠩᠷᠢ ᠶ᠋ᠢᠨ ᠣᠶᠣᠳᠠᠯ ᠳᠠᠢ ᠶᠠᠭᠠᠬᠢᠬᠤ ᠪᠠᠷ ᠢ᠋ᠶ᠋ᠠᠨ ᠬᠣᠯᠪᠣᠵᠤ ᠰᠡᠳᠬᠢᠬᠦ ᠪᠣᠯᠤᠮᠵᠢ ᠲᠠᠢ ᠪᠣᠢ? ᠭᠡᠬᠦᠴᠢᠯᠡᠨ ᠰᠣᠶᠣᠯ ᠤ᠋ᠨ ᠮᠠᠰᠢ ᠭᠦᠨ ᠨᠠᠷᠢᠨ ᠠᠭᠤᠯᠬᠤᠨ ᠲᠠᠢ ᠪᠠᠢᠭ᠎ᠠ ᠶᠤᠮ᠃ ᠠᠮᠢᠳᠤᠷᠠᠯ ᠳ᠋ᠤ᠌ ᠭᠢᠷᠠᠬᠠᠢ ᠰᠢᠨᠵᠢᠭᠡᠴᠢ ᠪᠠᠢᠬᠤ᠂ ᠰᠣᠶᠣᠯ ᠢ᠋ᠶ᠋ᠠᠷ ᠢ᠋ᠶ᠋ᠠᠨ ᠰᠡᠳᠬᠢᠵᠦ ᠴᠢᠳᠠᠵᠤ ᠪᠠᠢᠬᠤ ᠨᠢ ᠭᠠᠭᠴᠠ ᠦᠭᠡ᠂ ᠭᠠᠭᠴᠠ ᠳᠦᠷᠰᠦᠯᠡᠯ ᠡᠴᠡ ᠢᠯᠭᠤᠮ ᠬᠠᠷᠠᠭᠳᠠᠨ᠎ᠠ᠃ ᠢᠩᠭᠢᠬᠦ ᠪᠡᠷ ᠬᠡᠯᠡ ᠰᠤᠷᠤᠨ᠎ᠠ ᠭᠡᠳᠡᠭ ᠣᠨᠣᠪᠴᠢᠲᠠᠢ ᠮᠣᠩᠭᠣᠯᠵᠢᠭᠤ ᠬᠡᠯᠡᠯᠭᠡ ᠶ᠋ᠢ ᠬᠠᠷ᠎ᠠ ᠠᠯᠪᠠ ᠪᠠᠷ ᠨᠤᠬᠤᠵᠤ᠂ ᠵᠢᠭᠢᠷᠢᠭᠯᠡᠵᠦ ᠬᠡᠯᠬᠢᠬᠦ ᠶ᠋ᠢ ᠬᠡᠯᠡᠬᠦ ᠪᠢᠰᠢ᠂ ᠬᠠᠷᠢᠨ ᠤᠷᠢᠳ ᠢ᠋ᠶ᠋ᠠᠷ ᠰᠣᠶᠣᠯ ᠢ᠋ᠶ᠋ᠠᠨ ᠣᠢᠯᠠᠭᠠᠵᠤ᠂ ᠠᠷᠠᠳ ᠣᠯᠠᠨ ᠤ᠋ ᠪᠠᠨ ᠰᠡᠳᠬᠢᠬᠦᠢ ᠶ᠋ᠢᠨ ᠴᠠᠷ᠎ᠠ ᠬᠠᠷᠠᠭᠠᠰᠤ ᠶ᠋ᠢ ᠤᠬᠠᠬᠤ᠂ ᠮᠥᠨ ᠡᠨᠡᠴᠢᠯᠡᠨ ᠰᠡᠳᠬᠢᠵᠦ ᠢᠯᠡᠳᠬᠡᠵᠦ ᠴᠢᠳᠠᠬᠤ ᠶ᠋ᠢ ᠬᠡᠯᠡᠨ᠎ᠡ᠃ ᠶᠠᠮᠠᠷ ᠨᠢᠭᠡᠨ ᠤᠳᠬ᠎ᠠ ᠠ᠋ᠴᠠ ᠬᠡᠯᠡᠬᠦ ᠳ᠋ᠦ᠍᠂ ᠬᠡᠯᠡ ᠪᠡᠨ ᠮᠡᠳᠡᠨ᠎ᠡ ᠭᠡᠳᠡᠭ ᠰᠣᠶᠣᠯ ᠢ᠋ᠶ᠋ᠠᠨ ᠮᠡᠳᠡᠨ᠎ᠡ ᠭᠡᠰᠡᠨ ᠦᠭᠡ᠃ ᠲᠡᠭᠡᠬᠦ ᠪᠡᠷ ᠰᠣᠶᠣᠯ ᠢ᠋ᠶ᠋ᠠᠨ ᠮᠡᠳᠡᠨ᠎ᠡ ᠭᠡᠳᠡᠭ ᠲᠡᠷᠡ ᠬᠡᠯᠡ ᠪᠡᠷ ᠢ᠋ᠶ᠋ᠡᠨ ᠴᠢᠯᠥᠭᠡᠲᠡᠢ ᠰᠡᠳᠬᠢᠵᠦ᠂ ᠣᠨᠣᠪᠴᠢᠲᠠᠢ ᠢᠯᠡᠳᠬᠡᠬᠦ ᠪᠦᠬᠦ ᠪᠣᠯᠤᠮᠵᠢ ᠪᠦᠷᠢᠳᠦᠯ᠎ᠡ ᠭᠡᠰᠡᠨ ᠦᠭᠡ ᠶᠦᠮ᠃
ᠭᠡᠬᠦ ᠳ᠋ᠡᠭᠡᠨ ᠮᠠᠨ ᠤ ᠬᠢᠨ ᠳ᠋ᠤ᠌ ᠮᠣᠩᠭᠣᠯ ᠢ᠋ᠶ᠋ᠠᠷ ᠰᠡᠳᠬᠢᠵᠦ ᠪᠢᠴᠢᠳᠡᠭ ᠰᠢᠯᠦᠭᠴᠢ ᠶᠠᠭ ᠦᠭᠡᠢ ᠪᠢᠰᠢ᠃ ᠭᠠᠭᠴᠠ ᠵᠢᠱ᠌ᠢᠶ᠎ᠡ ᠳᠤᠷᠠᠳᠬᠤ ᠳ᠋ᠤ᠌ ᠷᠠ᠊· ᠰᠡᠴᠡᠨᠴᠣᠭᠲᠤ᠃ ᠲᠡᠭᠦᠨ ᠦ᠌ ᠰᠢᠯᠦᠭ ᠦ᠋ᠨ ᠴᠢᠨᠰᠠᠭ᠎ᠠ᠂ ᠳᠣᠲᠣᠷ᠎ᠠ ᠲᠠᠮᠢᠷ᠂ ᠠᠷᠭ᠎ᠠ ᠪᠠᠷᠢᠯ ᠶᠠᠮᠠᠷ ᠢ᠋ ᠬᠡᠯᠡᠯᠴᠡᠬᠦ ᠦᠭᠡᠢ᠃ ᠭᠡᠬᠦ ᠳ᠋ᠡᠭᠡᠨ ᠲᠤᠰ ᠬᠥᠮᠦᠨ ᠦ᠌ ᠰᠡᠳᠬᠢᠮᠵᠢ᠂ ᠬᠣᠯᠪᠣᠨ ᠪᠣᠳᠣᠯᠲᠠ᠂ ᠨᠠᠷᠢᠨ ᠮᠡᠳᠡᠷᠡᠮᠵᠢ ᠨᠢ ᠠᠷᠭ᠎ᠠ ᠦᠭᠡᠢ ᠯᠡ ᠮᠣᠩᠭᠣᠯ ᠠᠮᠢᠰᠬᠤᠭ᠎ᠠ ᠲᠠᠢ ᠪᠠᠢᠳᠠᠭ᠃《ᠢᠰᠡᠭᠡᠢ ᠪᠠᠢᠭᠰᠠᠨ》 ᠰᠢᠯᠦᠭ ᠨᠢ ᠲᠡᠭᠦᠨ ᠦ᠌ ᠰᠡᠭᠦᠯ ᠦ᠋ᠨ ᠦᠶ᠎ᠡ ᠶ᠋ᠢᠨ ᠪᠦᠲᠦᠭᠡᠯ ᠦ᠋ᠨ ᠨᠢᠭᠡᠨ᠃ ᠵᠣᠬᠢᠶᠠᠯ ᠪᠠᠷᠢᠮᠵᠢᠶᠠᠯᠠᠳᠠᠭ ᠮᠠᠨ ᠤ᠋ ᠬᠢᠨ ᠦ᠌《ᠲᠣᠭᠣᠰᠬᠠᠨ ᠬᠡᠪ》 ᠲᠦ᠍ ᠡᠨᠡ ᠬᠤᠷᠤᠳ ᠢ᠋ ᠴᠣᠬᠢᠵᠤ ᠠᠷᠭ᠎ᠠ ᠪᠠᠷᠢᠯ᠂ ᠴᠢᠨᠠᠷ ᠴᠢᠨᠰᠠᠭ᠎ᠠ ᠶ᠋ᠢ ᠨᠢ ᠦᠨᠡᠯᠡᠪᠡᠯ ᠣᠨᠴᠠ ᠰᠠᠢᠨ ᠪᠢᠰᠢ ᠪᠠᠢᠵᠤ ᠮᠡᠳᠡᠨ᠎ᠡ᠃ ᠭᠡᠬᠦ ᠳ᠋ᠡᠭᠡᠨ ᠲᠩᠷᠢ ᠭᠠᠵᠠᠷ ᠬᠣᠶᠠᠷ ᠢ᠋ᠶ᠋ᠠᠨ᠂ ᠠᠭᠤᠯᠠ ᠲᠠᠯ᠎ᠠ ᠪᠠᠨ᠂ ᠨᠤᠲᠤᠭ ᠤ᠋ᠨ ᠴᠢᠯᠠᠭᠤ ᠪᠠᠨ ᠢᠰᠡᠭᠡᠢ ᠲᠡᠢ ᠬᠣᠯᠪᠣᠵᠤ᠂ ᠰᠡᠳᠬᠢᠬᠦ ᠰᠡᠳᠬᠢᠮᠵᠢ ᠲᠠᠷᠢᠶᠠᠯᠠᠩ ᠤ᠋ᠨ ᠪᠤᠶᠤ ᠬᠣᠲᠠ ᠶ᠋ᠢᠨ ᠰᠣᠶᠣᠯ ᠳ᠋ᠤ᠌ ᠬᠥᠮᠦᠵᠢᠭᠰᠡᠨ ᠬᠥᠮᠦᠨ ᠦ᠌ ᠣᠢ ᠲᠣᠢᠨ ᠠ᠋ᠴᠠ ᠬᠡᠵᠢᠶ᠎ᠡ ᠴᠦ᠍ ᠤᠷᠭᠤᠬᠤ ᠦᠭᠡᠢ ᠵᠦᠢᠯ ᠶᠦᠮ᠃ ᠢᠰᠡᠭᠡᠢ ᠭᠡᠭᠴᠢ ᠶᠠᠭᠤ᠂ ᠢᠰᠡᠭᠡᠢ ᠶ᠋ᠢ ᠶᠠᠭᠠᠬᠢᠵᠤ ᠬᠢᠳᠡᠭ᠂ ᠶᠠᠮᠠᠷ ᠬᠡᠷᠡᠭᠴᠡᠭᠡ ᠲᠡᠢ᠂ ᠮᠣᠩᠭᠣᠯᠴᠤᠳ ᠢᠰᠡᠭᠡᠢ ᠶ᠋ᠢ ᠶᠠᠭᠠᠬᠢᠵᠤ ᠬᠡᠷᠡᠭᠯᠡᠵᠦ ᠪᠠᠢᠭᠰᠠᠨ ᠵᠡᠷᠭᠡ ᠶ᠋ᠢ ᠮᠡᠳᠡᠳᠡᠭ ᠯᠡ ᠬᠥᠮᠦᠨ ᠰᠠᠶᠢ ᠢᠩᠭᠢᠵᠦ ᠰᠡᠳᠬᠢᠨ᠎ᠡ᠂ ᠬᠣᠯᠪᠣᠨ ᠪᠣᠳᠣᠬᠤ ᠪᠣᠯᠤᠮᠵᠢ ᠲᠠᠢ ᠪᠣᠯᠤᠨ᠎ᠠ᠃ ᠬᠠᠷᠢᠨ ᠵᠠᠷᠢᠮ ᠬᠥᠮᠦᠰ ᠦ᠋ᠨ ᠬᠡᠯᠡᠳᠡᠭ ᠢ᠋ᠶ᠋ᠡᠷ《ᠢᠰᠡᠭᠡᠢ ᠪᠠᠢᠭᠰᠠᠨ ᠭᠡᠵᠦ ᠪᠢᠴᠢᠬᠦ ᠶᠦᠮ ᠪᠣᠯ ᠪᠦᠬᠦ ᠶᠠᠭᠤᠮ᠎ᠠ ᠶ᠋ᠢ ᠬᠣᠯᠪᠣᠨ ᠪᠢᠴᠢᠵᠦ ᠪᠣᠯᠬᠤ ᠯᠠ ᠳᠠ》ᠭᠡᠰᠡᠨ ᠰᠢᠭ ᠪᠢᠰᠢ ᠶᠦᠮ᠃ ᠠᠷᠭ᠎ᠠ ᠪᠠᠷᠢᠯ ᠢ᠋ᠶ᠋ᠠᠷ ᠰᠡᠳᠬᠢᠮᠵᠢᠯᠡᠬᠦ ᠪᠣᠯᠤᠨ ᠰᠣᠶᠣᠯ ᠢ᠋ᠶ᠋ᠠᠷ ᠢ᠋ᠶ᠋ᠠᠨ ᠰᠡᠳᠬᠢᠬᠦ ᠠᠳᠠᠯᠢ ᠦᠭᠡᠢ ᠶᠦᠮ᠃ ᠮᠣᠩᠭᠣᠯᠴᠤᠳ ᠢᠰᠡᠭᠡᠢ ᠭᠡᠷ ᠲᠦ᠍ ᠰᠠᠭᠤᠳᠠᠭ ᠪᠠᠢᠭᠰᠠᠨ ᠪᠣᠯᠬᠣᠷ ᠳᠡᠭᠡᠪᠦᠷᠯᠡᠵᠦ ᠬᠥᠮᠥᠷᠢᠭᠰᠡᠨ ᠲᠩᠷᠢ ᠪᠡᠨ᠂ ᠳᠡᠭᠡᠷ᠎ᠡ ᠪᠡᠨ ᠡᠷᠭᠦᠭᠰᠡᠨ ᠳᠡᠯᠡᠬᠡᠢ ᠪᠡᠨ ᠭᠡᠷ ᠦ᠋ᠨ ᠳᠡᠭᠡᠪᠦᠷ ᠂ ᠬᠣᠮ ᠰᠢᠷᠢᠳᠡᠭ ᠲᠡᠢ ᠬᠣᠯᠪᠣᠨ ᠰᠡᠳᠬᠢᠬᠦ ᠪᠣᠯᠤᠮᠵᠢ ᠲᠦᠳᠡ ᠪᠠᠢᠭ᠎ᠠ ᠪᠥᠭᠡᠳ ᠡᠨᠡ ᠨᠢ ᠲᠡᠳᠡᠨ ᠦ᠌ ᠰᠡᠳᠬᠢᠯ ᠳ᠋ᠡᠬᠢ ᠬᠠᠮᠤᠭ ᠤ᠋ᠨ ᠣᠢᠷᠠᠬᠠᠨ ᠬᠣᠯᠪᠣᠨ ᠪᠣᠳᠣᠯᠲᠠ ᠪᠠᠢᠬᠤ ᠶᠣᠰᠣᠲᠠᠢ᠃ ᠰᠢᠪᠡᠷ ᠪᠠᠢᠰᠢᠩ᠂ ᠲᠣᠭᠣᠰᠬᠠᠨ ᠪᠠᠢᠰᠢᠩ ᠳ᠋ᠤ᠌ ᠳᠡᠭᠡᠪᠦᠷ ᠳᠡᠯᠡᠳᠬᠦ ᠪᠣᠷᠣᠭᠠᠨ ᠤ᠋ ᠴᠢᠮᠡᠭᠡ ᠶ᠋ᠢ ᠣᠯᠵᠤ ᠰᠣᠨᠣᠰᠬᠤ ᠦᠭᠡᠢ᠂ ᠮᠣᠩᠭᠣᠯ ᠭᠡᠷ ᠲᠦ᠍ ᠪᠣᠯ ᠰᠣᠨᠣᠰᠳᠠᠨ᠎ᠠ᠃ ᠭᠠᠵᠠᠷ ᠬᠥᠳᠡᠯᠬᠦ ᠳ᠋ᠦ᠍ ᠢᠰᠡᠭᠡᠢ ᠭᠡᠷ ᠠᠵᠢᠷᠠᠳᠠᠭ ᠦᠭᠡᠢ ᠠᠲᠠᠯ᠎ᠠ ᠠᠰᠠᠷ ᠪᠠᠷᠢᠯᠭ᠎ᠠ ᠨᠤᠷᠠᠵᠤ ᠪᠣᠯᠤᠨ᠎ᠠ᠃ ᠲᠣᠭᠣᠭᠠᠨ ᠤ᠋ ᠪᠠᠷᠢᠭᠤᠯ ᠮᠡᠲᠦᠰ ᠨᠢ ᠡᠩ ᠦ᠋ᠨ ᠪᠣᠷᠣ ᠠᠮᠢᠳᠤᠷᠠᠯ ᠠ᠋ᠴᠠ ᠢᠷᠡᠭᠰᠡᠨ ᠵᠦᠢᠯ ᠪᠠᠢᠵᠤ᠂ ᠰᠢᠯᠦᠭ ᠦ᠋ᠨ ᠠᠮᠢᠰᠬᠤᠭ᠎ᠠ ᠶ᠋ᠢ ᠥᠳᠬᠡᠷᠡᠭᠦᠯᠵᠦ ᠥᠭᠭᠦᠭᠰᠡᠨ ᠶᠦᠮ᠃ ᠶᠠᠭᠤᠮ᠎ᠠ ᠪᠦᠬᠦᠨ ᠢ᠋ ᠪᠢᠳᠡ ᠥᠷᠥᠭᠡᠯ ᠦ᠋ᠨ ᠨᠢᠳᠦ ᠪᠡᠷ ᠰᠣᠨᠵᠢᠳᠠᠭ ᠭᠡᠮ ᠲᠡᠢ ᠪᠣᠯᠵᠠᠢ᠃ ᠡᠢᠨ ᠬᠦ᠌ ᠮᠣᠩᠭᠣᠯ ᠰᠢᠯᠦᠭ ᠢ᠋ᠶ᠋ᠡᠨ ᠴᠦ᠍ ᠬᠠᠷᠢ ᠭᠠᠳᠠᠭᠠᠳᠤ ᠶ᠋ᠢᠨ ᠣᠨᠣᠯ ᠢ᠋ᠶ᠋ᠠᠷ ᠪᠠᠷᠢᠮᠵᠢᠶᠠᠯᠠᠵᠤ᠂ ᠠᠷᠭ᠎ᠠ ᠪᠠᠷᠢᠯ ᠢ᠋ᠶ᠋ᠠᠨ ᠦᠨᠡᠯᠡᠵᠦ᠂ ᠪᠤᠰᠤᠳ ᠤ᠋ᠨ ᠰᠡᠳᠬᠢᠬᠦᠢ ᠪᠡᠷ ᠥᠪᠡᠷ ᠦ᠋ᠨ ᠶᠠᠭᠤᠮ᠎ᠠ ᠪᠠᠨ ᠬᠠᠵᠠᠭᠠᠢ ᠬᠠᠷᠠᠳᠠᠭ ᠵᠢᠱ᠌ᠢᠶ᠎ᠡ ᠮᠤᠩ ᠦᠭᠡᠢ᠃
ᠢᠩᠭᠢᠬᠦ ᠳ᠋ᠦ᠍ ᠥᠨᠥᠳᠥᠷ᠂ ᠮᠠᠯᠵᠢᠯ ᠰᠣᠶᠣᠯ ᠮᠠᠨᠢ᠂ ᠶᠠᠮᠠᠷ ᠨᠢᠭᠡᠨ ᠬᠡᠮᠵᠢᠶ᠎ᠡ ᠪᠡᠷ ᠬᠢᠮᠤᠷᠠᠯ ᠳ᠋ᠤ᠌ ᠤᠴᠠᠷᠠᠵᠤ᠂ ᠰᠣᠶᠣᠯ ᠰᠡᠳᠬᠢᠬᠦᠢ ᠮᠠᠨᠢ ᠤᠰᠤ ᠬᠣᠯᠢᠭᠰᠠᠨ ᠰᠦ ᠰᠢᠭ ᠰᠢᠩᠭᠡᠷᠡᠨ ᠴᠡᠯᠮᠡᠭᠳᠡᠵᠤ ᠪᠠᠢᠭ᠎ᠠ ᠪᠣᠯᠬᠣᠷ ᠮᠣᠩᠭᠣᠯ ᠰᠡᠳᠬᠢᠮᠵᠢ ᠨᠢ ᠴᠦ᠍ ᠶᠠᠭᠠᠬᠢᠮᠤᠢ! ᠶᠠᠭᠠᠬᠢᠵᠤ ᠰᠡᠳᠬᠢᠪᠡᠯ ᠲᠡᠭᠡᠵᠦ ᠪᠢᠴᠢᠳᠡᠭ ᠬᠡᠷᠡᠭ ᠭᠡᠵᠦ ᠣᠯᠠᠨ ᠬᠥᠮᠦᠨ ᠰᠠᠨᠠᠳᠠᠭ ᠨᠢ ᠲᠣᠮᠣ ᠡᠨᠳᠡᠭᠦᠷᠡᠯ ᠪᠠᠢᠭ᠎ᠠ ᠶᠤᠮ᠃ ᠬᠣᠲᠠ ᠶ᠋ᠢᠨ ᠢᠪᠴᠤᠤ ᠪᠣᠬᠢᠷ ᠣᠷᠴᠢᠨ ᠳ᠋ᠤ᠌ ᠪᠡᠶ᠎ᠡ ᠰᠡᠳᠬᠢᠯ ᠢ᠋ᠶ᠋ᠡᠷ ᠢ᠋ᠶ᠋ᠡᠨ ᠢᠳᠡᠭᠡᠰᠢᠭᠰᠡᠨ ᠠᠮᠢ ᠪᠠᠨ ᠪᠣᠷᠳᠣᠵᠤ ᠳᠣᠪᠣ ᠪᠠᠨ ᠰᠢᠷᠠᠯᠠᠭᠤᠯᠬᠤ ᠤᠬᠠᠮᠰᠠᠷ ᠲᠤ ᠪᠣᠭᠣᠭᠳᠠᠭᠰᠠᠨ ᠡᠷᠡᠮᠳᠡᠭ ᠰᠡᠳᠬᠢᠬᠦᠢ ᠪᠡᠷ ᠴᠢᠳᠠᠨ ᠶᠠᠳᠠᠨ ᠰᠡᠳᠬᠢᠮᠵᠢᠯᠡᠵᠦ᠂ ᠪᠤᠰᠤᠳ ᠤ᠋ᠨ ᠣᠨᠣᠯ ᠠᠷᠭ᠎ᠠ ᠪᠠᠷᠢᠯ ᠢ᠋ ᠶᠠᠮᠠᠷ ᠴᠤ ᠲᠤᠩᠭᠠᠯᠲᠠ ᠦᠭᠡᠢ ᠪᠡᠷ ᠨᠡᠭᠦᠯᠭᠡᠨ ᠵᠠᠷᠤᠭᠰᠠᠨ ᠰᠢᠯᠦᠭ ᠢ᠋ ᠮᠠᠨᠢ ᠬᠡᠨ ᠦᠵᠡᠭᠰᠡᠨ ᠴᠦ᠍ ᠣᠷᠴᠢᠭᠤᠯᠭ᠎ᠠ ᠶ᠋ᠢᠨ ᠪᠦᠲᠦᠭᠡᠯ ᠭᠡᠵᠦ ᠬᠡᠯᠡᠨ᠎ᠡ ᠳᠡ! ᠪᠣᠯᠬᠢ ᠣᠷᠴᠢᠭᠤᠯᠭ᠎ᠠ ᠴᠤ ᠭᠡᠵᠦ ᠣᠢᠯᠠᠭᠠᠵᠤ ᠮᠡᠳᠡᠨ᠎ᠡ᠃ ᠡᠢᠮᠦᠷᠬᠦᠦ ᠰᠢᠯᠦᠭ ᠪᠤᠰᠤᠳ ᠬᠡᠯᠡᠨ᠎ᠡ ᠬᠥᠷᠪᠡᠭᠦᠯᠬᠦ ᠳ᠋ᠦ᠍ ᠯᠡ ᠲᠦᠳᠡ ᠪᠠᠢᠬᠤ ᠠ᠋ᠴᠠ ᠪᠢᠰᠢ᠂ ᠮᠣᠩᠭᠣᠯ ᠤᠩᠰᠢᠭᠴᠢᠳ ᠮᠠᠨᠢ ᠤᠩᠰᠢᠪᠠᠯ ᠲᠥᠬᠥᠭᠡᠷᠡᠬᠦ ᠦᠭᠡᠢ ᠲᠥᠭᠡᠷᠢᠭᠳᠡᠬᠦ ᠦᠵᠡᠭᠳᠡᠯ ᠭᠠᠷᠬᠤ ᠯᠠ᠃ ᠮᠣᠩᠭᠣᠯ ᠰᠡᠳᠬᠢᠬᠦᠢ ᠶ᠋ᠢᠨ ᠨᠠᠷᠢᠨ ᠮᠡᠳᠡᠷᠡᠮᠵᠢ ᠲᠡᠢ ᠬᠡᠯᠡ ᠬᠡᠯᠡᠯᠭᠡ᠂ ᠳᠦᠷᠰᠦᠯᠡᠯ ᠵᠦᠢᠷᠯᠡᠯ ᠵᠢᠴᠢ ᠮᠣᠩᠭᠣᠯ ᠵᠠᠩ ᠦᠢᠯᠡ᠂ ᠠᠶᠠᠭ ᠠᠭᠠᠯᠢ ᠲᠠᠢ ᠬᠣᠯᠪᠣᠭᠳᠠᠭᠰᠠᠨ ᠮᠠᠰᠢ ᠭᠦᠨᠴᠡ ᠲᠡᠢ ᠬᠡᠮᠵᠢᠶᠡᠨ ᠳ᠋ᠦ᠍ ᠪᠢᠴᠢᠭᠳᠡᠭᠰᠡᠨ ᠰᠢᠯᠦᠭ ᠢ᠋ ᠣᠷᠴᠢᠭᠤᠯᠤᠨᠠ ᠭᠡᠬᠦ ᠳ᠋ᠦ᠍ ᠲᠡᠪᠡᠳᠡᠬᠦ ᠪᠠᠢᠬ᠎ᠠ᠃ ᠰᠢᠯᠦᠭ ᠲᠦ᠍ ᠨᠢᠭᠡ ᠦᠨᠳᠦᠰᠦᠲᠡᠨ ᠦ᠌ ᠰᠡᠳᠬᠢᠬᠦᠢ ᠶ᠋ᠢᠨ ᠬᠡᠯᠪᠡᠷᠢ᠂ ᠶᠢᠷᠲᠢᠨᠴᠦ ᠶ᠋ᠢᠨ ᠲᠠᠨᠢᠯᠲᠠ᠂ ᠭᠤᠸ᠎ᠠ ᠰᠠᠢᠬᠠᠨ ᠤ᠋ ᠣᠢᠯᠠᠭᠠᠯᠲᠠ᠂ ᠲᠡᠦᠬᠡ ᠰᠣᠶᠣᠯ ᠤ᠋ᠨ ᠬᠢᠨᠢ ᠢᠮ ᠲᠠᠮᠠᠭ᠎ᠠ ᠮᠠᠰᠢ ᠥᠳᠬᠡᠨ ᠪᠠᠢᠳᠠᠭ ᠢ᠋ᠶ᠋ᠠᠷ ᠣᠷᠴᠢᠭᠤᠯᠪᠠᠰᠤ ᠠᠯᠢ ᠪᠠᠢᠭᠰᠠᠨ ᠠᠮᠲᠠ ᠰᠢᠮᠲᠡ ᠨᠢ ᠪᠠᠭᠤᠷᠠᠳᠠᠭ᠃ ᠰᠢᠯᠦᠭ ᠨᠢ ᠥᠪᠡᠷ ᠦ᠋ᠨ ᠬᠡᠯᠡ ᠳᠡᠭᠡᠷ᠎ᠡ ᠪᠡᠨ ᠪᠠᠢᠬᠤ ᠯᠠ ᠬᠠᠮᠤᠭ ᠤ᠋ᠨ ᠢᠷᠠᠭᠤ ᠲᠠᠩᠰᠤᠭ ᠭᠡᠭᠳᠡᠳᠡᠭ ᠦᠨ ᠤᠴᠢᠷ ᠴᠤ ᠡᠨᠳᠡ ᠪᠠᠢᠭ᠎ᠠ ᠰᠠᠨ᠃ ᠳᠠᠩ ᠭᠠᠭᠴᠠ ᠥᠪᠡᠷ ᠦ᠋ᠨ ᠪᠦᠲᠦᠭᠡᠯ ᠢ᠋ᠶ᠋ᠡᠨ ᠨᠡᠩ ᠣᠯᠠᠨ ᠬᠥᠮᠦᠨ ᠳ᠋ᠦ᠍ ᠤᠩᠰᠢᠭᠤᠯᠵᠤ᠂ ᠨᠡᠷ᠎ᠡ ᠭᠠᠷᠬᠤ ᠭᠡᠰᠡᠨ ᠵᠣᠷᠢᠭᠤᠯᠤᠯᠲᠠ ᠪᠠᠷ ᠵᠣᠬᠢᠶᠠᠨ ᠪᠢᠴᠢᠬᠦ ᠪᠣᠯᠤᠨ ᠥᠪᠡᠷ ᠦ᠋ᠨ ᠰᠣᠶᠣᠯ ᠢᠷᠭᠡᠨᠰᠢᠯ ᠦ᠋ᠨ ᠢ᠋ᠶ᠋ᠡᠨ ᠬᠥᠭᠵᠢᠯ ᠦ᠋ᠨ ᠠᠰᠠᠭᠤᠳᠠᠯ ᠳ᠋ᠤ᠌ ᠬᠠᠷᠢᠭᠤᠴᠠᠬᠤ ᠤᠬᠠᠮᠰᠠᠷ ᠠ᠋ᠴᠠ ᠵᠣᠬᠢᠶᠠᠨ ᠪᠢᠴᠢᠬᠦ ᠶ᠋ᠢᠨ ᠦᠷ᠎ᠡ ᠳ᠋ᠦᠩ ᠣᠨᠳᠣᠣ ᠶᠤᠮ᠃ ᠨᠢᠭᠡ ᠬᠥᠮᠦᠨ ᠦ᠌ ᠨᠡᠷ᠎ᠡ ᠭᠠᠷᠬᠤ᠂ ᠨᠢᠭᠡ ᠤᠷᠠᠨ ᠪᠦᠲᠦᠭᠡᠯ ᠱᠠᠩᠨᠠᠯ ᠬᠦᠷᠲᠡᠬᠦ ᠨᠢ ᠮᠣᠩᠭᠣᠯ ᠤᠷᠠᠨ ᠵᠣᠬᠢᠶᠠᠯ ᠤ᠋ᠨ ᠬᠥᠭᠵᠢᠯ ᠢ᠋ ᠢᠯᠡᠷᠬᠡᠢᠯᠡᠬᠦ ᠪᠢᠰᠢ᠂ ᠬᠠᠷᠢᠨ ᠪᠢᠴᠢᠭᠰᠡᠨ ᠰᠢᠯᠦᠭ ᠲᠡᠭᠡᠨ ᠶᠠᠭᠤ ᠬᠡᠯᠡᠪᠡ? ᠰᠣᠶᠣᠯ ᠤ᠋ᠨ ᠠᠭᠤᠯᠬᠤᠨ ᠨᠢ ᠶᠠᠭᠤ ᠪᠠᠢᠨ᠎ᠠ? ᠵᠢᠩᠬᠢᠨᠢ ᠮᠣᠩᠭᠣᠯ ᠤᠷᠠᠨ ᠵᠣᠬᠢᠶᠠᠯ ᠳ᠋ᠤ᠌ ᠶᠠᠮᠠᠷ ᠰᠢᠨ᠎ᠡ ᠵᠦᠢᠯ ᠨᠡᠮᠡᠷᠢᠯᠡᠪᠡ? ᠭᠡᠳᠡᠭ ᠨᠢ ᠰᠠᠶᠢ ᠡᠨᠡ ᠤᠷᠠᠨ ᠪᠦᠲᠦᠭᠡᠯᠴᠢ ᠶ᠋ᠢᠨ ᠬᠢᠭᠰᠡᠨ ᠪᠦᠲᠦᠭᠡᠭᠰᠡᠨ ᠵᠢᠳᠬᠦᠯ ᠪᠠᠢᠮᠠᠷ᠃ ᠨᠢᠭᠡ ᠦᠨᠳᠦᠰᠦᠲᠡᠨ ᠦ᠌ ᠰᠡᠭᠡᠭᠡᠲᠡᠳ ᠥᠪᠡᠷ ᠦ᠋ᠨ ᠰᠣᠶᠣᠯ ᠰᠡᠳᠬᠢᠬᠦᠢ ᠲᠡᠢ ᠪᠡᠨ ᠪᠠᠢᠨ᠎ᠠ ᠭᠡᠳᠡᠭ ᠡᠨᠡ ᠦᠨᠳᠦᠰᠦᠲᠡᠨ ᠦ᠌ ᠢᠷᠡᠭᠡᠳᠦᠢ ᠠᠭᠤᠵᠠᠮ ᠰᠠᠷᠠᠭᠤᠯ ᠭᠡᠰᠡᠨ ᠢ᠋ ᠬᠠᠷᠠᠭᠤᠯᠤᠨ᠎ᠠ᠃ ᠮᠠᠨ ᠤ᠋ ᠰᠢᠯᠦᠭ ᠤᠩᠰᠢᠭᠴᠢ ᠦᠭᠡᠢ ᠪᠣᠯᠤᠭᠰᠠᠨ ᠨᠢ ᠪᠢᠳᠡ ᠪᠤᠰᠤᠳ ᠤ᠋ᠨ ᠣᠨᠣᠯ ᠢ᠋ ᠰᠤᠷᠤᠯᠴᠠᠭᠰᠠᠨ ᠦᠭᠡᠢ᠂ ᠠᠷᠭ᠎ᠠ ᠪᠠᠷᠢᠯ ᠬᠠᠭᠤᠴᠢᠨ ᠳ᠋ᠤ᠌ ᠪᠠᠢᠭ᠎ᠠ ᠪᠢᠰᠢ᠃ ᠬᠠᠷᠢᠨ ᠪᠢᠳᠡ ᠤᠩᠰᠢᠭᠴᠢᠳ ᠤ᠋ᠨ ᠢ᠋ᠶ᠋ᠠᠨ ᠰᠣᠶᠣᠯ ᠰᠡᠳᠬᠢᠬᠦᠢ ᠡᠴᠡ ᠬᠣᠯᠠ ᠵᠠᠢᠲᠠᠢ ᠪᠠᠢᠭ᠎ᠠ ᠠ᠋ᠴᠠ ᠪᠣᠯᠤᠭᠰᠠᠨ ᠶᠤᠮ᠃
ᠲᠣᠮᠣ ᠰᠡᠳᠦᠪ ᠪᠢᠴᠢᠬᠦ ᠬᠡᠷᠡᠭᠲᠡᠢ ᠭᠡᠳᠡᠭ᠃ ᠨᠢᠭᠡ ᠲᠠᠢᠪᠤᠩ᠂ ᠲᠡᠢᠨ ᠳᠠᠵᠢᠨ᠂ ᠠᠮᠢ ᠠᠬᠤᠢ ᠨᠢ ᠪᠦᠷ ᠡᠭᠦᠨ ᠳ᠋ᠦ᠍ ᠪᠠᠭᠲᠠᠨ᠎ᠠ᠃ ᠭᠡᠪᠡᠴᠦ ᠮᠠᠨ ᠤ᠋ ᠬᠤᠪᠢ ᠳ᠋ᠦ᠍ ᠲᠣᠮᠣ ᠰᠡᠳᠦᠪ ᠭᠡᠳᠡᠭ ᠨᠢ ᠰᠣᠶᠣᠯ ᠤ᠋ᠨ ᠬᠢᠮᠤᠷᠠᠯ᠃ ᠡᠭᠦᠨ ᠦ᠌ ᠲᠥᠯᠥᠭᠡ ᠰᠠᠨᠠᠭᠠᠰᠢᠷᠠᠵᠤ ᠶᠠᠭᠤᠮ᠎ᠠ ᠪᠢᠴᠢᠨ᠎ᠡ ᠭᠡᠳᠡᠭ ᠠᠭᠤᠤ ᠰᠡᠳᠦᠪ ᠰᠢᠦ ᠳᠡ! ᠬᠥᠭᠵᠢᠯ ᠭᠡᠵᠦ ᠥᠪᠡᠷ ᠦ᠋ᠨ ᠶᠠᠭᠤᠮ᠎ᠠ ᠪᠠᠨ ᠮᠠᠷᠲᠠᠬᠤ ᠶ᠋ᠢ ᠬᠡᠯᠡᠳᠡᠭ ᠪᠢᠰᠢ᠂ ᠥᠭᠡᠳᠡᠯᠡᠬᠦ ᠶ᠋ᠢ ᠬᠡᠯᠡᠳᠡᠭ ᠶᠦᠮ᠃ ᠳᠡᠯᠡᠬᠡᠢ ᠶ᠋ᠢᠨ ᠬᠥᠭᠵᠢᠯ ᠲᠡᠢ ᠵᠤᠤᠵᠠᠢ ᠬᠣᠯᠪᠣᠨ᠎ᠠ ᠭᠡᠭᠰᠡᠭᠡᠷ ᠪᠠᠢᠵᠤ ᠰᠣᠶᠣᠯ ᠤ᠋ᠨ ᠣᠨᠴᠠᠯᠢᠭ ᠢ᠋ᠶ᠋ᠠᠨ ᠠᠯᠲᠠᠨ ᠲᠠᠮᠢᠷᠳᠠᠭᠰᠠᠨ ᠦᠨᠳᠦᠰᠦᠲᠡᠨ ᠢ᠋ ᠶᠠᠮᠠᠷ ᠬᠥᠭᠵᠢᠯ ᠳ᠋ᠦ᠍ ᠲᠣᠭᠠᠴᠠᠬᠤ ᠪᠣᠢ? ᠤᠷᠠᠨ ᠵᠣᠬᠢᠶᠠᠯ ᠨᠢ ᠵᠠᠪᠠᠯ ᠥᠪᠡᠷ ᠦ᠋ᠨ ᠦᠨᠳᠦᠰᠦᠲᠡᠨ ᠦ᠌ ᠰᠣᠶᠣᠯ ᠢᠷᠭᠡᠨᠰᠢᠯ ᠦ᠋ᠨ ᠢᠯᠡ ᠲᠣᠳᠣᠷᠬᠠᠢ ᠣᠨᠴᠠᠯᠢᠭ ᠢ᠋ ᠬᠠᠳᠠᠭᠠᠯᠠᠵᠤ ᠴᠢᠳᠠᠭᠰᠠᠨ ᠢ᠋ᠶ᠋ᠠᠷ ᠢ᠋ᠶ᠋ᠠᠨ ᠯᠠ ᠳᠡᠯᠡᠬᠡᠢ ᠶ᠋ᠢᠨ ᠤᠷᠠᠨ ᠵᠣᠬᠢᠶᠠᠯ ᠤ᠋ᠨ ᠨᠡᠯᠦᠭᠡᠷ ᠳᠠᠯᠠᠢ ᠳ᠋ᠤ᠌ ᠥᠩᠭᠡ ᠨᠡᠮᠡᠷᠢᠯᠡᠬᠦ ᠤᠴᠢᠷᠲᠠᠢ᠃ ᠠᠷᠭᠠᠯ ᠢ᠋ ᠲᠠᠷᠢᠶᠠᠯᠠᠩ ᠤ᠋ᠨ ᠪᠤᠶᠤ ᠬᠣᠲᠠ ᠶ᠋ᠢᠨ ᠬᠥᠮᠦᠰ ᠪᠠᠭᠠᠰᠤ ᠭᠡᠳᠡᠭ ᠪᠠᠢᠬᠤ ᠳ᠋ᠤ᠌ ᠮᠣᠩᠭᠣᠯᠴᠤᠳ ᠲᠡᠭᠡᠵᠦ ᠦᠵᠡᠳᠡᠭ ᠦᠭᠡᠢ᠃ ᠡᠨᠡ ᠪᠣᠯ ᠰᠣᠶᠣᠯ ᠣᠢᠯᠠᠭᠠᠯᠲᠠ ᠶ᠋ᠢᠨ ᠵᠥᠷᠢᠶ᠎ᠡ ᠶᠦᠮ᠃ ᠮᠠᠨ ᠤ᠋ ᠢᠷᠠᠭᠤ ᠨᠠᠢᠷᠠᠭ ᠴᠤ ᠪᠤᠰᠤᠳ ᠠ᠋ᠴᠠ ᠡᠢᠮᠦ ᠯᠡ ᠢᠯᠭᠠᠭ᠎ᠠ ᠲᠠᠢ ᠪᠠᠢᠬᠤ ᠴᠢᠬᠤᠯᠠ᠃
ᠪᠤᠰᠤᠳ ᠤ᠋ᠨ ᠳᠠᠪᠰᠢᠩᠭᠤᠢ ᠵᠦᠢᠯ ᠢ᠋ ᠣᠢᠯᠠᠭᠠᠭᠰᠠᠨ ᠰᠠᠭᠤᠷᠢᠨ ᠳᠡᠭᠡᠷ᠎ᠡ ᠥᠪᠡᠷ ᠦ᠋ᠨ ᠰᠣᠶᠣᠯ ᠳ᠋ᠠᠭᠠᠨ ᠭᠦᠨ ᠤᠬᠠᠮᠵᠢ ᠲᠠᠢ ᠪᠣᠯᠤᠨ ᠪᠤᠴᠠᠵᠤ ᠢᠷᠡᠬᠦ ᠪᠢᠰᠢ᠂ ᠬᠠᠷᠢᠨ ᠥᠪᠡᠷ ᠦ᠋ᠨ ᠰᠣᠶᠣᠯ ᠳ᠋ᠠᠭᠠᠨ ᠭᠦᠨ ᠤᠬᠠᠮᠵᠢ ᠲᠠᠢ ᠪᠣᠯᠵᠤ ᠴᠢᠳᠠᠮᠠᠨᠵᠢᠨ ᠰᠠᠶᠢ ᠪᠤᠰᠤᠳ ᠤ᠋ᠨ ᠶᠠᠭᠤᠮ᠎ᠠ ᠶ᠋ᠢ ᠥᠪᠡᠷ ᠲᠡᠭᠡᠨ ᠦᠢᠯᠡᠴᠢᠯᠡᠭᠦᠯᠵᠦ ᠴᠢᠳᠠᠨ᠎ᠠ᠃ ᠡᠢᠨ ᠬᠦ᠌ ᠪᠢᠳᠡᠨ ᠦ᠌ ᠤᠷᠠᠨ ᠵᠣᠬᠢᠶᠠᠯ ᠤ᠋ᠨ ᠪᠠᠷᠢᠮᠵᠢᠶ᠎ᠠ ᠨᠢ ᠥᠷᠥᠭᠡᠯ ᠦ᠋ᠨ ᠣᠨᠣᠯ ᠪᠢᠰᠢ᠂ ᠥᠪᠡᠷ ᠦ᠋ᠨ ᠰᠣᠶᠣᠯ ᠪᠠᠢᠬᠤ ᠤᠴᠢᠷᠲᠠᠢ᠃ ᠤᠳᠬ᠎ᠠ ᠵᠣᠬᠢᠶᠠᠯ ᠤ᠋ᠨ ᠣᠨᠣᠯ ᠤ᠋ᠨ ᠬᠥᠭᠵᠢᠯᠲᠡ ᠪᠤᠶᠤ ᠪᠣᠯᠪᠠᠰᠤᠷᠠᠯ ᠲᠡᠭᠦᠯᠳᠡᠷᠵᠢᠯ ᠨᠢ ᠴᠦ᠍ ᠥᠪᠡᠷ ᠦ᠋ᠨ ᠰᠣᠶᠣᠯ ᠢᠷᠭᠡᠨᠰᠢᠯ ᠡᠴᠡ ᠪᠡᠨ ᠦᠨᠳᠦᠰᠦ ᠤᠯᠪᠠᠭ᠎ᠠ ᠪᠠᠨ ᠠᠪᠴᠤ᠂ ᠡᠨᠡ ᠰᠠᠭᠤᠷᠢᠨ ᠳᠡᠭᠡᠷ᠎ᠡ ᠬᠥᠭᠵᠢᠯᠲᠡ ᠪᠡᠨ ᠣᠯᠬᠤ ᠨᠢ ᠵᠦᠢᠲᠡᠢ᠃ ᠡᠰᠡ ᠲᠡᠢᠮᠦ ᠪᠣᠯ ᠰᠤᠨᠲᠤᠭᠠᠢ ᠬᠥᠭᠵᠢᠯᠲᠡ ᠪᠣᠯᠤᠨ᠎ᠠ᠃
ᠡᠷᠢᠶᠡᠪᠦᠷ ᠬᠤᠷᠢᠶᠠᠪᠤᠷ ᠶᠠᠷᠢᠭᠰᠠᠨ ᠤ᠋ ᠪᠠᠨ ᠡᠴᠦᠰ ᠲᠦ᠍ ᠵᠠᠷᠢᠮ ᠵᠦᠢᠯ ᠢ᠋ ᠪᠠᠭ᠎ᠠ ᠨᠥᠬᠥᠪᠥᠷᠢᠯᠡᠮᠡᠷ ᠰᠠᠨᠠᠭᠳᠠᠯ᠎ᠠ᠃《ᠡᠷᠡᠭᠲᠡᠢ ᠬᠥᠮᠦᠨ ᠭᠡᠷ ᠲᠦ᠍ ᠤᠩᠭᠤᠨᠠ᠂ ᠡᠮᠡᠭᠲᠡᠢ ᠬᠥᠮᠦᠨ ᠵᠣᠷᠯᠣᠩ ᠳ᠋ᠤ᠌ ᠣᠩᠭᠣᠨᠠ᠂ ᠲᠣᠪᠴᠢᠶᠠᠨ ᠳᠠᠷᠤᠭ᠎ᠠ ᠬᠤᠷᠠᠯ ᠳᠡᠭᠡᠷ᠎ᠡ ᠤᠩᠭᠤᠨᠠ》 ᠭᠡᠰᠡᠨ ᠠᠩᠭᠢᠲᠤ ᠶ᠋ᠢᠨ ᠰᠢᠯᠦᠭ ᠢ᠋ ᠣᠯᠠᠨ ᠬᠥᠮᠦᠨ ᠰᠢᠭᠦᠮᠵᠢᠯᠡᠵᠦ ᠪᠠᠢᠭ᠎ᠠ ᠨᠢ ᠢᠯᠡᠷᠬᠡᠢ᠃ ᠳᠡᠩᠳᠡᠭᠦᠦ ᠢᠯᠡ ᠵᠠᠳᠠᠭᠠᠢ᠂ ᠨᠢᠭᠤᠯ ᠦᠭᠡᠢ ᠰᠢᠭᠤᠳ ᠪᠣᠯᠬᠣᠷ ᠲᠡᠷᠡ ᠴᠦ᠍ ᠶᠦᠮ ᠤᠤ? ᠡᠰᠡᠬᠦᠯ᠎ᠡ ᠮᠠᠨ ᠤ᠋ ᠶᠠᠷᠢᠳᠠᠭ ᠭᠤᠸ᠎ᠠ ᠲᠠᠭᠠᠰᠢᠶᠠᠯ᠂ ᠠᠷᠭ᠎ᠠ ᠪᠠᠷᠢᠯ ᠳ᠋ᠤᠨᠢ ᠨᠡᠢᠴᠡᠬᠦ ᠦᠭᠡᠢ ᠪᠣᠯᠤᠭᠠᠳ ᠴᠤ ᠲᠡᠷᠡ ᠶᠦᠮ ᠤᠤ? ᠭᠡᠪᠡᠴᠦ ᠬᠡᠨ ᠳ᠋ᠦ᠍ ᠴᠦ᠍ ᠰᠠᠢᠨ ᠰᠠᠢᠬᠠᠨ ᠤ᠋ ᠣᠢᠯᠠᠭᠠᠯᠲᠠ ᠥᠭᠬᠦ ᠦᠭᠡᠢ᠂ ᠠᠮᠢᠳᠤᠷᠠᠯ ᠤ᠋ᠨ ᠭᠠᠵᠢ ᠪᠤᠷᠤᠭᠤ᠂ ᠮᠠᠭᠤ ᠮᠠᠭᠤᠬᠠᠢ ᠵᠦᠢᠯᠡᠰ ᠢ᠋ ᠪᠢᠴᠢᠬᠦ ᠳ᠋ᠡᠭᠡᠨ ᠪᠠᠰᠠ ᠯᠠ ᠥᠩᠭᠡᠯᠡᠨ ᠴᠢᠮᠡᠵᠦ᠂ ᠤᠷᠠᠯᠢᠭᠵᠢᠭᠤᠯᠤᠨ ᠵᠠᠰᠠᠪᠤᠷᠢᠯᠠᠬᠤ ᠴᠢᠬᠤᠯᠠ ᠠᠯᠢ ᠵᠡᠷᠭᠡ ᠪᠣᠢ? ᠬᠡᠷᠡᠭ ᠦᠭᠡᠢ ᠦᠭᠡ ᠴᠠᠯᠴᠢᠬᠤ ᠶ᠋ᠢ《ᠣᠩᠭᠣᠰᠤ ᠪᠢᠲᠡᠭᠡᠢ ᠠᠯᠲᠠ》 ᠭᠡᠵᠦ ᠨᠢᠴᠤᠭᠠᠳᠠᠭ ᠪᠢᠵᠡ ᠳᠡ! ᠮᠠᠨ ᠤ᠋ ᠤᠷᠠᠨ ᠪᠦᠲᠦᠭᠡᠯᠴᠢᠳ ᠴᠦ᠍ ᠰᠤᠯᠠ ᠦᠭᠡ᠂ ᠬᠡᠢᠰᠪᠦᠷᠢ ᠶᠠᠷᠢᠶ᠎ᠠ ᠪᠠᠷ ᠬᠠᠭᠤᠳᠠᠰᠤ ᠳᠦᠭᠦᠷᠭᠡᠳᠡᠭ ᠢ᠋ ᠡᠭᠦᠨ ᠯᠦ᠍ᠭᠡ ᠬᠣᠯᠪᠣᠭᠳᠠᠭᠤᠯᠤᠨ ᠪᠣᠳᠣᠬᠤ ᠳ᠋ᠤ᠌ ᠪᠣᠯᠬᠤ ᠯᠠ ᠳᠠ! ᠰᠢᠯᠦᠭ ᠲᠦ᠍ ᠬᠡᠷᠡᠭᠯᠡᠳᠡᠭ ᠦᠭᠡᠢ ᠦᠭᠡ ᠭᠡᠵᠦ ᠪᠠᠢᠳᠠᠭ ᠢ᠋ ᠪᠢ ᠰᠣᠨᠣᠰᠤᠭᠠᠳ ᠭᠠᠢᠬᠠᠯ᠎ᠠ᠃ ᠬᠡᠷᠡᠭᠯᠡᠵᠦ ᠴᠢᠳᠠᠪᠠᠯ ᠶᠠᠮᠠᠷ ᠦᠭᠡ ᠶ᠋ᠢ ᠬᠡᠷᠡᠭᠯᠡᠵᠦ ᠡᠰᠡ ᠪᠣᠯᠬᠤ ᠪᠣᠢ?
ᠶᠠᠭᠤᠲᠠᠢ ᠴᠤ ᠥᠨᠥᠳᠥᠷ ᠦ᠋ᠨ ᠮᠠᠨ ᠤ᠋ ᠢᠷᠠᠭᠤ ᠨᠠᠢᠷᠠᠭ ᠤᠶᠠᠩᠭ᠎ᠠ ᠦᠭᠡᠢ ᠦᠯᠪᠡᠢᠵᠦ ᠪᠠᠢᠬᠤ ᠶ᠋ᠢᠨ ᠪᠦᠬᠦ ᠰᠢᠯᠲᠠᠭᠠᠨ ᠪᠤᠰᠤᠳ ᠤ᠋ᠨ ᠣᠨᠣᠯ ᠢ᠋ ᠰᠤᠷᠤᠯᠴᠠᠯᠭ᠎ᠠ ᠦᠭᠡᠢ ᠳ᠋ᠦ᠍ ᠪᠠᠢᠬᠤ ᠪᠢᠰᠢ᠃ ᠬᠠᠷᠢᠨ ᠥᠪᠡᠷ ᠦ᠋ᠨ ᠰᠣᠶᠣᠯ ᠢ᠋ᠶ᠋ᠠᠨ ᠮᠠᠷᠲᠠᠵᠤ᠂ ᠰᠡᠳᠬᠢᠬᠦᠢ ᠮᠠᠨᠢ ᠵᠡᠮᠳᠡᠭᠷᠡᠵᠦ᠂ ᠥᠩᠭᠡᠷᠡᠭᠰᠡᠨ ᠲᠡᠦᠬᠡᠨ ᠴᠠᠭ ᠠ᠋ᠴᠠ ᠵᠣᠷᠢᠭ ᠰᠠᠨᠠᠭ᠎ᠠ ᠶ᠋ᠢ ᠨᠢ ᠥᠪᠯᠡᠵᠦ᠂ ᠥᠨᠥᠳᠥᠷ ᠦ᠋ᠨ ᠬᠢᠮᠤᠷᠠᠯ ᠢ᠋ ᠠᠩᠬᠠᠷᠤᠯ ᠳ᠋ᠠᠭᠠᠨ ᠠᠪᠴᠤ ᠪᠢᠴᠢᠵᠦ ᠴᠢᠳᠠᠬᠤ ᠦᠭᠡᠢ ᠳ᠋ᠦ᠍ ᠪᠣᠢ᠃ ᠥᠪ ᠰᠣᠶᠣᠯ ᠢ᠋ᠶ᠋ᠠᠨ ᠭᠡᠰᠡᠨ ᠨᠠᠭᠠᠳᠤ ᠵᠠᠬ᠎ᠠ ᠶ᠋ᠢᠨ ᠬᠠᠷᠢᠭᠤᠴᠠᠯᠭ᠎ᠠ ᠦᠭᠡᠢ ᠶᠦᠮ ᠪᠣᠯ ᠶᠠᠭᠠᠬᠢᠵᠤ ᠴᠢᠨᠠᠷᠵᠢᠭᠤᠨ ᠰᠢᠯᠦᠭ ᠪᠢᠴᠢᠬᠦ ᠪᠣᠢ? ᠣᠳᠣᠬᠠᠨ᠎ᠠ ᠪᠢᠳᠡ ᠥᠪᠡᠷ ᠦ᠋ᠨ ᠰᠣᠶᠣᠯ ᠢ᠋ᠶ᠋ᠠᠨ ᠥᠷᠥᠭᠡᠯ ᠦ᠋ᠨ ᠶᠠᠭᠤᠮ᠎ᠠ ᠰᠢᠭ᠋ ᠰᠤᠷᠤᠯᠴᠠᠨ ᠣᠢᠯᠠᠭᠠᠬᠤ ᠴᠢᠬᠤᠯᠠᠴᠢᠯᠠᠭ᠎ᠠ ᠲᠠᠢ ᠪᠣᠯᠤᠭᠠᠳ ᠪᠣᠢ᠃
ᠡᠢᠨ ᠪᠣᠳᠣᠬᠤ ᠳ᠋ᠤ᠌᠂ ᠶᠠᠭᠤ ᠶ᠋ᠢ ᠪᠢᠴᠢᠬᠦ᠂ ᠶᠠᠭᠠᠬᠢᠵᠤ ᠪᠢᠴᠢᠬᠦ ᠭᠡᠳᠡᠭ ᠬᠣᠶᠠᠷ ᠠᠰᠠᠭᠤᠳᠠᠯ ᠮᠠᠨ ᠤ᠋ ᠢᠷᠠᠭᠤ ᠨᠠᠢᠷᠠᠭ ᠤ᠋ᠨ ᠬᠥᠭᠵᠢᠯᠲᠡ ᠳ᠋ᠦ᠍ ᠲᠠᠯᠪᠢᠭᠳᠠᠵᠤ ᠪᠠᠢᠭ᠎ᠠ ᠮᠠᠰᠢ ᠴᠢᠬᠤᠯᠠ ᠵᠦᠢᠯ ᠪᠠᠢᠭ᠎ᠠ ᠶᠤᠮ᠃ ᠶᠠᠭᠠᠬᠢᠵᠤ ᠪᠢᠴᠢᠬᠦ ᠪᠣᠢ? ᠭᠡᠵᠦ ᠣᠨᠣᠯ ᠢ᠋ᠶ᠋ᠠᠷ ᠰᠡᠳᠬᠢᠵᠦ᠂ ᠠᠷᠭ᠎ᠠ ᠪᠠᠷ ᠬᠡᠪᠯᠡᠳᠡᠭ ᠦᠬᠦᠮᠡᠯ ᠰᠡᠳᠬᠢᠬᠦᠢ ᠡᠴᠡ ᠴᠢᠯᠥᠭᠡᠯᠡᠵᠦ᠂ ᠶᠠᠭᠤ ᠶ᠋ᠢ ᠪᠢᠴᠢᠬᠦ ᠪᠣᠢ? ᠭᠡᠵᠦ ᠤᠬᠠᠮᠰᠠᠷ ᠬᠠᠷᠢᠭᠤᠴᠠᠯᠭ᠎ᠠ ᠶ᠋ᠢᠨ ᠡᠭᠦᠳᠡᠨ ᠡᠴᠡ ᠪᠣᠳᠣᠯᠬᠢᠯᠠᠵᠤ᠂ ᠴᠠᠭᠠᠰᠢᠳᠠ ᠶᠠᠭᠤ ᠶ᠋ᠢ ᠶᠠᠭᠠᠬᠢᠵᠤ ᠪᠢᠴᠢᠬᠦ ᠪᠣᠢ? ᠭᠡᠮᠡᠨ ᠭᠦᠨᠵᠡᠭᠡᠢ ᠪᠡᠷ ᠪᠣᠳᠣᠯᠬᠢᠯᠠᠬᠤ ᠱᠠᠭᠠᠷᠳᠠᠯᠭ᠎ᠠ ᠴᠤ ᠪᠢᠳᠡᠨ ᠦ᠌ ᠮᠥᠷᠦᠨ ᠳ᠋ᠦ᠍ ᠬᠥᠨᠳᠡᠭᠦᠷ ᠠᠪᠴᠢᠷᠠᠵᠤ ᠪᠠᠢᠭ᠎ᠠ ᠶᠤᠮ᠃
① ᠡᠨᠡ ᠵᠣᠬᠢᠶᠠᠯ《ᠠᠯᠲᠠᠨ ᠲᠦᠯᠬᠢᠭᠦᠷ》 ᠰᠡᠳᠬᠢᠯ ᠦ᠋ᠨ2002 ᠣᠨ ᠤ᠋2 ᠳ᠋ᠤᠭᠠᠷ ᠬᠤᠭᠤᠴᠠᠭ᠎ᠠ ᠠ᠋ᠴᠠ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠨᠡᠭᠦᠳᠡᠯ᠂ ᠣᠶᠤᠨᠪᠠᠲᠤ ᠂ ᠡᠷᠳᠡᠨᠢᠭᠣᠤ᠎ᠠ ᠂ ᠭᠡᠷᠡᠯ ᠂ ᠡᠷᠳᠡᠨᠢᠭᠣᠤ᠎ᠠ ᠂ ᠂ ᠂
ᠬᠢᠨᠠᠭᠴᠢ᠄ ᠣᠳᠬᠠᠨᠰᠣ᠎ᠠ᠂ ᠰᠡᠬᠡᠭᠡᠷᠡᠯ
