ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠲᠠᠪᠤ) Сэрүүхэн тал нутаг – <свис> Вальтер Босгард ( Walter Bosshard)- Нэгдүгээр бүлэг・Анхны аялал (5)
ᠲᠠᠪᠤ ᠂ ᠮᠣᠩᠭᠣᠯ ᠤ᠋ᠨ ᠬᠦᠩ ᠶᠠᠷᠢᠵᠤ ᠪᠠᠢᠨ᠎ᠠ

— ᠬᠠᠯᠠᠭᠤᠨ ᠤᠰᠤ ! ᠭᠡᠵᠦ ᠮᠣᠩᠭᠣᠯ ᠢ᠋ᠶ᠋ᠠᠷ ᠶᠠᠷᠢᠭᠠᠳ ᠢᠷᠠᠯᠵᠠᠭᠰᠠᠨ ᠴᠠᠭᠠᠨ ᠰᠢᠳᠦ ᠪᠡᠨ ᠭᠠᠷᠭᠠᠨ ᠨᠥᠬᠥᠷᠰᠡᠭ ᠢ᠋ᠶ᠋ᠡᠷ ᠢᠨᠢᠶᠡᠮᠰᠦᠭᠯᠡᠪᠡ ᠃ ᠲᠡᠷᠡ ᠬᠣᠶᠠᠷ ᠰᠠᠪᠠ ᠪᠠᠨ ᠤᠬᠢᠶᠠᠯᠠᠭ᠎ᠠ ᠶ᠋ᠢᠨ ᠰᠢᠷᠡᠭᠡᠨ ᠦ᠌ ᠬᠠᠵᠠᠭᠤ ᠳ᠋ᠤ᠌ ᠲᠠᠯᠪᠢᠭᠠᠳ ᠂ ᠲᠤᠯᠭᠠᠨ ᠤ᠋ ᠡᠮᠦᠨ᠎ᠡ ᠰᠥᠭᠥᠳᠦᠨ ᠰᠠᠭᠤᠵᠤ ᠤᠷᠲᠤ ᠭᠡᠭᠴᠢ ᠶ᠋ᠢᠨ ᠬᠠᠪᠴᠢᠭᠤᠷ ᠢ᠋ᠶ᠋ᠠᠷ ᠬᠠᠭᠤᠷᠠᠢ ᠠᠷᠭᠠᠯ ᠠᠪᠴᠤ ᠲᠤᠯᠭᠠᠨ ᠳ᠋ᠤ᠌ ᠬᠢᠯ᠎ᠡ ᠃ ᠬᠣᠷᠣᠮᠬᠠᠨ ᠵᠠᠭᠤᠷ᠎ᠠ ᠡᠨᠡ ᠬᠦ᠌ ᠲᠣᠮᠣ ᠥᠷᠥᠭᠡ ᠳᠤᠯᠠᠭᠠᠬᠠᠨ ᠲᠠᠭᠠᠯᠠᠮᠵᠢᠲᠠᠢ ᠪᠣᠯᠪᠠ ᠃ ᠡᠨᠡ ᠵᠠᠭᠤᠷ᠎ᠠ ᠮᠠᠷᠺᠤᠸᠨ᠋ᠲ ᠰᠡᠷᠡᠭᠡᠳ ᠲᠤᠯᠭᠠᠨ ᠤ᠋ ᠬᠠᠵᠠᠭᠤ ᠳ᠋ᠤ᠌ ᠠᠵᠢᠯᠯᠠᠵᠤ ᠪᠠᠢᠭ᠎ᠠ ᠪᠦᠰᠡᠭᠦᠢ ᠶ᠋ᠢ ᠬᠠᠷᠠᠭᠠᠳ :
— ᠶᠠᠮᠠᠷ ᠡᠷᠡᠭᠦᠯ ᠰᠠᠢᠬᠠᠨ ᠮᠠᠯᠴᠢᠨ ᠤ᠋ ᠴᠢᠷᠠᠢ ᠪᠢᠯᠡ ! ᠭᠡᠵᠦ ᠥᠷᠯᠥᠭᠡᠨ ᠦ᠌ ᠶᠠᠷᠢᠶ᠎ᠠ ᠪᠠᠨ ᠡᠬᠢᠯᠡᠭᠦᠯᠦᠯ᠎ᠡ ᠃ ᠵᠢᠨᠵᠢᠮᠡ ᠲᠣᠯᠣᠭᠠᠢ ᠪᠠᠨ ᠮᠠᠩᠨᠠᠢ ᠪᠠᠨ ᠳᠠᠷᠤᠲᠠᠯᠠ ᠠᠯᠴᠢᠭᠤᠷ ᠢ᠋ᠶ᠋ᠠᠷ ᠣᠷᠢᠶᠠᠵᠤ ᠭᠡᠵᠢᠭᠡ ᠪᠡᠨ ᠬᠠᠯᠠᠭᠯᠠᠵᠠᠢ᠃ ᠬᠣᠶᠠᠷ ᠬᠠᠴᠠᠷ ᠤ᠋ᠨ ᠶᠠᠰᠤ ᠨᠢ ᠮᠡᠳᠡᠭᠳᠡᠮ᠎ᠡ ᠭᠦᠳᠦᠭᠦᠷ᠂ ᠨᠢᠳᠦ ᠨᠢ ᠨᠠᠷᠢᠬᠠᠨ ᠵᠢᠷᠲᠠᠭᠠᠷ ᠠᠵᠢ᠃
ᠨᠠᠮ᠎ᠠ ᠶ᠋ᠢ ᠭᠤᠲᠤᠯ ᠢ᠋ᠶ᠋ᠠᠨ ᠠᠪᠬᠤ ᠶ᠋ᠢᠨ ᠡᠨᠡᠬᠡᠨ ᠬᠣᠷᠣᠮ ᠳ᠋ᠤ᠌ ᠵᠢᠨᠵᠢᠮᠡ ᠠᠯᠠᠭ᠎ᠠ ᠪᠣᠯᠤᠭᠠᠳ ᠂ ᠰᠠᠬᠠᠯ ᠢ᠋ᠶ᠋ᠠᠨ ᠭᠥᠯᠢᠢᠲᠡᠯ᠎ᠡ ᠬᠤᠰᠤᠵᠤ ᠬᠤᠪᠴᠠᠯᠠᠭᠰᠠᠨ ᠪᠦᠳᠦᠭᠦᠨ ᠬᠠᠳᠤᠭᠤᠨ ᠯᠠᠷᠰᠤᠨ ᠠᠪᠤᠭᠠᠢ ᠣᠷᠣᠵᠤ ᠢᠷᠡᠯ᠎ᠡ᠃
— ᠥᠷᠯᠥᠭᠡᠨ ᠦ᠌ ᠮᠡᠨᠳᠦ ! ᠠᠪᠤᠭᠠᠢ᠁ ᠭᠡᠳ ᠦᠰᠦᠷᠦᠨ ᠪᠣᠰᠤᠭᠰᠠᠨ ᠮᠠᠷᠺᠦᠸᠨ᠋ᠲ ᠲᠦᠭᠳᠡᠷᠡᠵᠦ ᠠᠪᠤᠭᠰᠠᠨ ᠢ᠋ᠶ᠋ᠠᠨ ᠠᠮᠧᠷᠢᠺᠠ ᠬᠥᠮᠦᠨ ᠦ᠌ ᠰᠢᠭᠤᠳ ᠰᠢᠯᠤᠭᠤᠨ ᠵᠠᠩ ᠢ᠋ᠶ᠋ᠠᠷ ᠢ᠋ᠶ᠋ᠠᠨ :
— ᠶᠡᠷᠦ ᠨᠢ ᠥᠴᠥᠭᠡᠳᠦᠷ ᠲᠠᠨ ᠠ᠋ᠴᠠ ᠨᠢᠭᠡ ᠶᠠᠭᠤᠮ᠎ᠠ ᠠᠰᠠᠭᠤᠶ᠎ᠠ ᠭᠡᠵᠦ ᠪᠠᠢᠭᠰᠠᠨ ᠶᠤᠮ᠃ ᠲᠠᠨ ᠢ᠋ ᠶᠠᠭᠠᠬᠢᠵᠤ ᠳᠠᠭᠤᠳᠠᠪᠠᠯ ᠵᠣᠬᠢᠰᠲᠠᠢ ᠪᠢᠯᠡ ? ᠲᠠ ᠪᠣᠯ ᠮᠢᠨᠦ ᠠᠩᠬ᠎ᠠ ᠲᠠᠭᠠᠷᠠᠯᠳᠤᠭᠰᠠᠨ ᠮᠣᠩᠭᠣᠯ ᠬᠦᠩ᠃ ᠲᠠ ᠴᠦ᠍ ᠮᠠᠲᠠᠯ ᠦᠭᠡᠢ ᠳᠡ᠂ ᠮᠠᠨ ᠤ᠋ ᠠᠮᠧᠷᠢᠺᠠᠴᠤᠳ ᠶᠣᠰᠣ ᠳᠠᠭᠤᠳᠠᠯᠭ᠎ᠠ ᠳ᠋ᠠᠭᠠᠨ ᠮᠠᠭᠤ ᠰᠢᠦ ᠳᠡ ! ᠭᠡᠯᠡ᠃
ᠯᠠᠷᠰᠤᠨ ᠬᠢᠳ ᠬᠢᠳ ᠭᠡᠲᠡᠯ᠎ᠡ ᠢᠨᠢᠶᠡᠵᠦ ᠠᠪᠤᠭᠰᠠᠨ ᠢ᠋ᠶ᠋ᠠᠨ :
— ᠬᠦᠩ ᠦ᠋ᠨ ᠥᠮᠴᠢ ᠭᠡᠵᠦ ᠨᠠᠳᠠ ᠦᠯᠡᠳᠡᠭᠰᠡᠨ ᠶᠠᠭᠤᠮ᠎ᠠ ᠶᠠᠭᠤ ᠴᠤ᠌ ᠠᠯᠠᠭ᠎ᠠ᠃ ᠣᠷᠣᠰᠴᠤᠳ ᠪᠦᠬᠦᠨ ᠢ ᠬᠠᠭᠤᠷᠠᠢᠯᠠᠭᠰᠠᠨ᠃ ᠡᠨᠡ ᠬᠦᠩ ᠦ᠋ᠨ ᠴᠣᠯᠠ ᠴᠤ᠌ ᠨᠠᠮ᠎ᠠ ᠶ᠋ᠢ ᠲᠡᠵᠢᠭᠡᠬᠦ ᠪᠢᠰᠢ᠃ ᠡᠢᠮᠦ ᠡᠴᠡ ᠬᠠᠮᠤᠭ ᠤ᠋ᠨ ᠰᠠᠢᠨ ᠨᠢ ᠰᠸᠧᠳᠧᠨ ᠦ᠌ ᠬᠠᠭᠤᠴᠢᠨ ᠨᠡᠷ᠎ᠡ ᠪᠡᠷ ᠮᠢᠨᠢ ᠳᠠᠭᠤᠳᠠᠵᠤ ᠪᠠᠢᠭᠠᠷᠠᠢ ! ᠭᠡᠯᠡ᠃
— ᠲᠠ ᠲᠡᠭᠡᠭᠡᠳ ᠶᠠᠭᠠᠬᠢᠵᠤ ᠬᠦᠩ ᠴᠣᠯᠠ ᠬᠦᠷᠲᠡᠭᠰᠡᠨ ᠪᠣᠢ ? ᠭᠡᠵᠦ ᠮᠠᠷᠺᠦᠸᠨ᠋ᠲ ᠰᠣᠨᠢᠭᠤᠴᠢᠯᠠᠬᠤ ᠳ᠋ᠤ᠌ ᠯᠠᠷᠰᠤᠨ :
— ᠶᠡᠬᠡ ᠬᠦᠷᠢᠶᠡᠨ ᠦ᠌ ᠬᠤᠲᠤᠭᠲᠤ ᠮᠢᠨᠦ ᠨᠠᠢᠵᠠ ᠪᠠᠢᠭᠰᠠᠨ ᠶᠤᠮ᠃ ᠭᠡᠨᠡᠳᠲᠡ ᠨᠢᠭᠡᠨ ᠡᠳᠦᠷ ᠨᠠᠳᠠᠳᠤ ᠬᠦᠩ ᠦ᠋ᠨ ᠴᠣᠯᠠ ᠬᠡᠮᠡᠬᠦ ᠪᠡᠯᠡᠭ ᠬᠦᠷᠲᠡᠭᠡᠭᠰᠡᠨ ᠳ᠋ᠦ᠍ ᠪᠢ ᠶᠣᠰᠣᠲᠠᠢ ᠮᠠᠯ ᠭᠠᠢᠬᠠᠵᠤ ᠪᠠᠶᠠᠷᠯᠠᠵᠤ ᠠᠪᠤᠭᠰᠠᠨ ᠶᠤᠮ ᠃ ᠡᠨᠡ ᠨᠢ ᠮᠣᠩᠭᠣᠯ ᠨᠤᠲᠤᠭ ᠲᠤ᠌ ᠠᠮᠢᠳᠤᠷᠠᠵᠤ ᠪᠠᠢᠭ᠎ᠠ ᠢᠵᠠᠭᠤᠷᠲᠠᠨ ᠲᠠᠢ ᠠᠳᠠᠯᠢᠬᠠᠨ ᠡᠷᠬᠡ ᠲᠡᠢ ᠭᠡᠰᠡᠨ ᠦᠭᠡ ᠰᠢᠦ ᠳᠡ ᠃ ᠮᠢᠨᠦ ᠬᠣᠨᠢ ᠠᠳᠤᠭᠤᠨ ᠰᠦᠷᠦᠭ ᠦ᠋ᠳ ᠲᠠᠯ᠎ᠠ ᠪᠦᠷᠬᠦᠨ ᠪᠡᠯᠴᠢᠭᠡᠷᠯᠡᠵᠦ ᠂ ᠮᠢᠨᠦ ᠲᠡᠮᠡᠭᠡᠨ ᠵᠢᠩ ᠦ᠋ᠳ ᠶᠡᠬᠡ ᠬᠦᠷᠢᠶ᠎ᠡ ᠂ ᠴᠢᠭᠤᠯᠤᠯᠲᠤ ᠬᠠᠭᠠᠯᠭ᠎ᠠ ᠂ ᠬᠣᠪᠲᠣ ᠂ ᠤᠯᠢᠶᠠᠰᠤᠲᠠᠢ ᠶ᠋ᠢᠨ ᠬᠣᠭᠣᠷᠣᠨᠳᠣ ᠨᠠᠭᠠᠰᠢ ᠴᠠᠭᠠᠰᠢ ᠵᠣᠭᠰᠣᠯ ᠦᠭᠡᠢ ᠠᠶᠠᠯᠠᠳᠠᠭ ᠪᠠᠢᠭᠰᠠᠨ ᠳᠠ ! ᠭᠡᠪᠡ ᠃
ᠪᠢᠳᠡᠨ ᠢ᠋ ᠬᠤᠪᠴᠠᠯᠠᠵᠤ ᠪᠠᠢᠬᠤ ᠬᠣᠭᠣᠷᠣᠨᠳᠣ ᠯᠠᠷᠰᠤᠨ ᠲᠤᠯᠭᠠᠨ ᠤ᠋ ᠬᠠᠵᠠᠭᠤ ᠳ᠋ᠤ᠌ ᠰᠠᠭᠤᠭᠠᠳ ᠯᠠᠮᠠ ᠶ᠋ᠢᠨ ᠱᠠᠰᠢᠨ ᠤ᠋ ᠶᠢᠷᠲᠢᠨᠴᠦ ᠳ᠋ᠦ᠍ ᠳᠠᠯᠠᠢ ᠯᠠᠮᠠ ᠂ ᠪᠠᠨᠴᠢᠨ ᠡᠷᠳᠡᠨᠢ ᠶ᠋ᠢᠨ ᠳᠠᠷᠠᠭ᠎ᠠ ᠳ᠋ᠤ᠌ ᠵᠢᠭᠰᠠᠭᠠᠭᠳᠠᠬᠤ ᠬᠤᠲᠤᠭᠲᠤ ᠴᠣᠯᠠ ᠲᠠᠢ ᠬᠠᠭᠤᠴᠢᠨ ᠨᠠᠢᠵᠠ ᠶ᠋ᠢᠨ ᠢ᠋ᠶ᠋ᠡᠨ ᠲᠤᠬᠠᠢ ᠶᠠᠷᠢᠵᠤ ᠭᠠᠷᠤᠯ᠎ᠠ :
— ᠪᠢᠳᠡ ᠬᠠᠮᠲᠤ ᠳ᠋ᠠᠭᠠᠨ ᠲᠣᠭᠠᠯᠠᠰᠢ ᠦᠭᠡᠢ ᠣᠯᠠᠨ ᠪᠠᠶᠠᠷ ᠨᠠᠢᠷ ᠢ᠋ ᠥᠩᠭᠡᠷᠡᠭᠦᠯᠵᠦ ᠪᠠᠢᠭᠰᠠᠨ ᠪᠥᠭᠡᠳ ᠬᠢᠴᠢᠶᠡᠯ ᠰᠤᠷᠤᠯᠭ᠎ᠠ ᠦᠭᠡᠢ ᠮᠤᠬᠤᠷ ᠰᠦᠰᠦᠭ ᠲᠡᠢ ᠯᠠᠮᠠ ᠨᠠᠷ ᠢ᠋ᠶ᠋ᠠᠷ ᠲᠣᠭᠯᠠᠭᠠᠮ ᠪᠣᠯᠭᠠᠳᠠᠭ ᠪᠠᠢᠯ᠎ᠠ᠃ ᠬᠤᠲᠤᠭᠲᠤ ᠠᠪᠤᠭᠠᠢ ᠲᠣᠭᠯᠠᠭᠠᠮ ᠲᠣᠬᠣᠭᠤ ᠬᠢᠬᠦ ᠪᠡᠷ ᠢ᠋ᠶ᠋ᠡᠨ ᠪᠢᠳᠡᠨ ᠢ ᠬᠣᠯᠠ ᠳᠠᠪᠠᠬᠤ ᠪᠥᠭᠡᠳ ᠬᠠᠶᠠ ᠬᠠᠷᠢᠨ ᠬᠡᠲᠦᠷᠡᠭᠦᠯᠳᠡᠭ ᠶᠤᠮᠰᠠᠨ᠃ ᠨᠢᠭᠡ ᠤᠳᠠᠭ᠎ᠠ ᠪᠢ ᠠᠮᠧᠷᠢᠺᠠ ᠠ᠋ᠴᠠ ᠣᠯᠤᠭᠰᠠᠨ ᠳᠠᠭᠤ ᠪᠠᠭᠠᠲᠠᠢ ᠠᠪᠠ ᠶ᠋ᠢᠨ ᠫᠤᠤ ᠪᠠᠨ ᠲᠡᠭᠦᠨ ᠳ᠋ᠦ᠍ ᠪᠡᠯᠡᠭᠯᠡᠭᠰᠡᠨ ᠳ᠋ᠦ᠍ ᠲᠡᠷᠡ ᠬᠠᠷᠢᠨ ᠶᠡᠬᠡ ᠬᠦᠷᠢᠶᠡᠨ ᠳ᠋ᠡᠬᠢ ᠥᠪᠡᠷ ᠦ᠋ᠨ ᠠᠮᠢᠳᠤᠷᠠᠳᠠᠭ ᠬᠠᠮᠤᠭ ᠤ᠋ᠨ ᠲᠣᠮᠣ ᠰᠦᠮ᠎ᠡ ᠶ᠋ᠢᠨ ᠢ᠋ᠶ᠋ᠡᠨ ᠣᠷᠣᠢ ᠳᠡᠭᠡᠷ᠎ᠡ ᠮᠠᠴᠤᠵᠤ ᠭᠠᠷᠤᠭᠠᠳ ᠨᠣᠮ ᠢ᠋ᠶ᠋ᠠᠨ ᠤᠩᠰᠢᠬᠤ ᠦᠭᠡᠢ ᠬᠡᠰᠦᠭᠦᠴᠢᠯᠡᠵᠦ ᠪᠠᠢᠭᠰᠠᠨ ᠯᠠᠮᠠ ᠤᠷᠤᠭᠤ ᠬᠠᠷᠪᠤᠭᠠᠳ᠂ ᠪᠥᠭᠰᠡᠨ ᠳ᠋ᠦ᠍ᠨᠢ ᠰᠤᠮᠤ ᠰᠢᠭᠢᠳᠬᠡᠭᠰᠡᠨ ᠪᠢᠯᠡ᠃ 1924 ᠣᠨ ᠳ᠋ᠤ᠌ ᠲᠡᠭᠦᠨ ᠢ ᠨᠠᠰᠤ ᠪᠠᠷᠠᠭᠰᠠᠨ ᠤ᠋ ᠳᠠᠷᠠᠭ᠎ᠠ ᠣᠷᠣᠰᠴᠤᠳ ᠬᠤᠪᠢᠯᠭᠠᠨ ᠳᠦᠷᠢ ᠶ᠋ᠢ ᠨᠢ ᠲᠣᠳᠣᠷᠠᠭᠤᠯᠬᠤ ᠶ᠋ᠢ ᠴᠠᠭᠠᠵᠠᠯᠠᠪᠠ᠃ ᠬᠡᠴᠢᠨᠡᠭᠡᠨ ᠵᠢᠯ ᠦ᠋ᠨ ᠲᠤᠷᠰᠢ ᠤᠯᠠᠮᠵᠢᠯᠠᠭᠳᠠᠭᠰᠠᠭᠠᠷ ᠢᠷᠡᠭᠰᠡᠨ ᠳᠠᠳᠬᠠᠯ ᠢ ᠢᠩᠭᠢᠵᠦ ᠭᠠᠭᠴᠠᠬᠠᠨ ᠡᠳᠦᠷ ᠲᠦ᠍ ᠵᠣᠭᠰᠣᠭᠠᠨ᠎ᠠ ᠭᠡᠭᠴᠢ ᠪᠣᠯᠳᠠᠭ ᠦᠭᠡᠢ ᠵᠦᠢᠯ ᠳᠡ ! ᠨᠡᠩ ᠴᠦ᠍ ᠡᠢᠮᠦ ᠬᠡᠪᠰᠢᠮᠡᠯ ᠮᠣᠩᠭᠣᠯᠴᠤᠳ ᠲᠤ᠌ ᠠᠪᠴᠤ ᠬᠡᠯᠡᠪᠡᠯ᠃ ᠬᠥᠮᠦᠰ ᠬᠠᠷᠢᠨ ᠨᠡᠯᠢᠶᠡᠳ ᠡᠷᠲᠡ ᠡᠴᠡ ᠡᠬᠢᠯᠡᠭᠡᠳ ᠮᠢᠨᠦ ᠨᠠᠢᠵᠠ ᠶ᠋ᠢᠨ ᠬᠤᠪᠢᠯᠭᠠᠨ ᠢ ᠲᠥᠪᠡᠳ ᠲᠦ᠍ ᠨᠢᠭᠡᠨᠲᠡ ᠢᠯᠡᠷᠡᠭᠦᠯᠵᠦ᠂ ᠲᠡᠭᠦᠨ ᠦ᠌ ᠡᠭᠦᠷᠭᠡ ᠶ᠋ᠢ ᠪᠡᠶᠡᠯᠡᠭᠦᠯᠬᠦ ᠶ᠋ᠢᠨ ᠲᠤᠰᠠᠳᠠ ᠥᠰᠬᠡᠨ ᠬᠥᠮᠦᠵᠢᠭᠦᠯᠵᠦ ᠪᠣᠢ ᠭᠡᠮᠡᠨ ᠶᠠᠷᠢᠯᠴᠠᠳᠠᠭ ᠰᠠᠨ᠃
— ᠶᠠᠮᠠᠷ ᠡᠭᠦᠷᠭᠡ ᠪᠣᠯᠴᠢᠬᠠᠪᠠ ? ᠭᠡᠵᠦ ᠪᠢ ᠠᠰᠠᠭᠤᠪᠠ᠃
— ᠪᠦᠬᠦ ᠮᠣᠩᠭᠣᠯ ᠢ ᠨᠢᠭᠡᠳᠬᠡᠬᠦ ᠦᠢᠯᠡᠰ ! ᠴᠢᠩᠭᠢᠰ ᠬᠠᠭᠠᠨ ᠤ᠋ ᠨᠠᠰᠤ ᠨᠥᠭᠴᠢᠭᠰᠡᠨ ᠡᠴᠡ ᠬᠣᠢᠰᠢ ᠳᠡᠮᠡᠢ ᠤᠳᠠᠯ ᠦᠭᠡᠢ ᠬᠦᠴᠦᠷᠬᠡᠭ ᠭᠦᠷᠦᠨ ᠨᠢ ᠵᠠᠳᠠᠷᠠᠵᠠᠢ᠃ ᠲᠡᠭᠦᠨ ᠦ᠌ ᠬᠥᠪᠡᠭᠦᠳ᠂ ᠠᠴᠢ ᠨᠠᠷ ᠪᠤᠶᠤ ᠥᠷᠯᠥᠭ ᠵᠠᠩᠵᠤᠨ ᠨᠠᠷ ᠨᠢ ᠴᠠᠭ ᠦᠷᠭᠦᠯᠵᠢ ᠡᠷᠬᠡ ᠪᠠ ᠡᠵᠡᠮᠰᠢᠯ ᠭᠠᠵᠠᠷ ᠤ᠋ᠨ ᠲᠥᠯᠥᠭᠡ ᠲᠡᠮᠡᠴᠡᠯᠳᠦᠭᠡᠨ ᠡᠬᠢᠯᠡᠭᠦᠯᠵᠦ᠂ ᠣᠳᠣ ᠪᠣᠯᠲᠠᠯ᠎ᠠ ᠸᠠᠩ ᠬᠦᠩ ᠢᠵᠠᠭᠤᠷᠲᠠᠨ ᠪᠠᠰᠠ ᠯᠠ ᠬᠠᠷᠢᠯᠴᠠᠨ ᠠᠲᠠᠭᠠᠷᠬᠠᠭᠰᠠᠭᠠᠷ ᠪᠣᠢ᠃ ᠬᠢᠲᠠᠳ ᠤ᠋ᠨ ᠡᠷᠭᠦᠨ ᠮᠠᠭᠲᠠᠬᠤ ᠪᠤᠶᠤ ᠬᠡᠭᠡᠯᠢ ᠬᠠᠬᠤᠤᠯᠢ ᠳ᠋ᠤ᠌ ᠠᠪᠲᠠᠵᠤ ᠪᠠᠢᠭ᠎ᠠ ᠨᠢ ᠴᠦ᠍ ᠴᠥᠭᠡᠨ ᠪᠤᠰᠤ᠃ ᠶᠠᠪᠤᠭᠤᠯᠤᠭᠰᠠᠨ ᠵᠠᠷᠯᠢᠭ ᠨᠢ ᠮᠠᠨᠵᠤ ᠠ᠋ᠴᠠ ᠲᠥᠪᠡᠳ ᠬᠦᠷᠲᠡᠯᠡᠬᠢ ᠣᠷᠣᠨ ᠳ᠋ᠤ᠌ ᠶᠠᠪᠤᠭᠤᠷᠢ ᠲᠠᠢ ᠣᠯᠠᠨ᠎ᠠ ᠮᠡᠳᠡᠷᠡᠭᠳᠡᠭᠰᠡᠨ ᠨᠢᠭᠡ ᠲᠣᠯᠣᠭᠠᠢᠯᠠᠭᠴᠢ ᠪᠠᠢᠪᠠᠯ ᠡᠮᠦᠨ᠎ᠡ ᠡᠴᠡ ᠢᠷᠡᠭᠰᠡᠨ ᠲᠦᠷᠢᠯᠲᠡ ᠵᠢᠴᠢ ᠣᠷᠣᠰ ᠤ᠋ᠨ ᠠᠷᠤ ᠮᠣᠩᠭᠣᠯ ᠢ᠋ ᠡᠵᠡᠯᠡᠭᠰᠡᠨ ᠪᠠᠢᠳᠠᠯ ᠢ ᠬᠣᠷᠢᠭᠯᠠᠨ ᠵᠣᠭᠰᠣᠭᠠᠵᠤ ᠥᠭᠡᠷᠡᠴᠢᠯᠡᠵᠦ ᠳᠡᠢᠯᠦᠨ᠎ᠡ᠃ ᠣᠳᠣ ᠴᠤ᠌ ᠭᠡᠰᠡᠨ ᠬᠠᠭᠤᠴᠢᠨ ᠶᠠᠷᠢᠶᠠᠨ ᠳ᠋ᠤ᠌ ᠮᠣᠩᠭᠣᠯ ᠤ᠋ᠨ ᠡᠪᠦᠭᠡᠳ ᠨᠢ ᠲᠤᠯᠭᠠᠨ ᠤ᠋ ᠬᠠᠵᠠᠭᠤ ᠳ᠋ᠤ᠌ ᠰᠠᠭᠤᠵᠤ᠂ ᠦᠷ᠎ᠡ ᠠᠴᠢ ᠨᠠᠷ ᠲᠠᠭᠠᠨ ᠠᠯᠳᠠᠭᠰᠠᠨ ᠨᠤᠲᠤᠭ ᠲᠠᠭᠠᠨ ᠭᠣᠮᠣᠳᠠᠭᠰᠠᠨ ᠡᠪᠦᠭᠡ ᠳᠡᠭᠡᠳᠦᠰ ᠦ᠋ᠨ ᠤᠯᠠᠭᠠᠨᠴᠢ ᠨᠠᠷ ᠬᠥᠳᠡᠭᠡ ᠨᠤᠲᠤᠭ ᠢ᠋ᠶ᠋ᠠᠷ ᠵᠤᠨ ᠤ᠋ ᠰᠥᠨᠢ ᠪᠡᠷ ᠳᠠᠪᠬᠢᠯᠳᠤᠨ ᠪᠠᠢᠳᠠᠭ ᠭᠡᠮᠡᠨ ᠶᠠᠷᠢᠵᠤ ᠥᠭᠳᠡᠭ ᠭᠡᠨ᠎ᠡ᠃ ᠭᠡᠬᠦ ᠳ᠋ᠦ᠍ ᠰᠠᠢᠨ ᠳᠤᠷ᠎ᠠ ᠠ᠋ᠴᠠ ᠪᠠᠨ ᠪᠠᠭᠤᠵᠤ ᠦᠭᠭᠦᠯ᠎ᠡ ᠭᠡᠳᠡᠭ ᠲᠦ᠍ ᠭᠠᠭᠴᠠ ᠴᠤ᠌ ᠢᠲᠡᠭᠡᠬᠦ ᠬᠥᠮᠦᠨ ᠲᠡᠳᠡᠨ ᠦ᠌ ᠳᠣᠲᠣᠷ᠎ᠠ ᠠᠯᠠᠭ᠎ᠠ᠃ ᠬᠤᠲᠤᠭᠲᠤ ᠪᠣᠯ ᠮᠣᠩᠭᠣᠯ ᠤ᠋ᠨ ᠬᠠᠮᠤᠭ ᠰᠡᠭᠦᠯᠴᠢ ᠶ᠋ᠢᠨ ᠬᠠᠭᠠᠨ ᠮᠥᠨ᠃
— ᠲᠡᠭᠦᠨ ᠢ ᠨᠠᠰᠤ ᠪᠠᠷᠠᠭᠰᠠᠨ ᠤ᠋ ᠳᠠᠷᠠᠭ᠎ᠠ ᠲᠡᠭᠡᠭᠡᠳ ᠡᠳ᠋ ᠬᠥᠷᠥᠩᠭᠡ ᠶ᠋ᠢ ᠨᠢ ᠶᠠᠭᠠᠬᠢᠪᠠ ? ᠭᠡᠵᠦ ᠨᠠᠮ᠎ᠠ ᠶ᠋ᠢ ᠠᠰᠠᠭᠤᠬᠤ ᠳ᠋ᠤ᠌ ᠯᠠᠷᠰᠤᠨ :
— ᠮᠥᠩᠭᠥ ᠵᠣᠭᠣᠰ ᠪᠣᠯᠤᠨ ᠮᠠᠯ ᠰᠦᠷᠦᠭ ᠢ ᠨᠢ ᠬᠦᠦ ᠪᠠ ᠬᠠᠲᠤᠨ ᠨᠢ ᠠᠪᠴᠤ᠂ ᠦᠨ᠎ᠡ ᠪᠡᠨ᠎ᠡ ᠲᠡᠢ ᠣᠷᠬᠢᠮᠵᠢ᠂ ᠬᠡᠮᠡᠷᠯᠢᠭ ᠬᠤᠪᠴᠠᠰᠤ ᠵᠢᠴᠢ ᠪᠦᠬᠦ ᠨᠣᠮ ᠪᠢᠰᠢᠯᠭᠠᠯ ᠤ᠋ᠨ ᠠᠵᠢᠯᠯᠠᠭᠠᠨ ᠳ᠋ᠤ᠌ ᠬᠡᠷᠡᠭᠯᠡᠬᠦ ᠵᠦᠢᠯᠡᠰ ᠢ ᠨᠢ ᠶᠡᠬᠡ ᠬᠦᠷᠢᠶᠡᠨ ᠳ᠋ᠡᠬᠢ ᠰᠦᠮ᠎ᠡ ᠨᠦ᠍ᠭᠥᠳ ᠲᠦ᠍ ᠬᠤᠪᠢᠶᠠᠭᠰᠠᠨ᠃ ᠭᠡᠬᠦ ᠳ᠋ᠦ᠍ ᠴᠠᠭᠠᠳᠤᠬᠢ ᠨᠤᠭᠤᠳ ᠨᠢ ᠳᠣᠣᠷ᠎ᠠ ᠪᠠᠨ ᠦᠨ᠎ᠡ ᠬᠠᠶᠠᠨ ᠬᠤᠳᠠᠯᠳᠤᠭᠠᠳ ᠮᠥᠩᠭᠥ ᠪᠣᠯᠭᠠᠨ ᠬᠤᠪᠢᠷᠠᠭᠤᠯᠤᠭᠰᠠᠨ ᠶᠤᠮ ᠠ᠋᠃ ᠬᠡᠴᠢᠨᠡᠭᠡᠨ ᠵᠠᠭᠤᠨ ᠵᠢᠯ ᠦ᠋ᠨ ᠲᠤᠷᠰᠢ ᠨᠢᠭᠡᠨ ᠬᠤᠪᠢᠯᠭᠠᠨ ᠬᠤᠲᠤᠭᠲᠤ ᠶ᠋ᠢᠨ ᠥᠮᠴᠢᠯᠡᠯ ᠳ᠋ᠦ᠍ ᠪᠠᠢᠭᠰᠠᠨ ᠭᠣᠶᠣ ᠰᠠᠢᠬᠠᠨ ᠤᠷᠠᠯᠢᠭ ᠤ᠋ᠨ ᠪᠦᠲᠦᠭᠡᠯ ᠦ᠋ᠳ ᠡᠴᠡ ᠨᠢ ᠪᠢ ᠨᠢᠭᠡ ᠬᠡᠰᠡᠭ ᠢ ᠨᠢ ᠬᠤᠳᠠᠯᠳᠤᠨ ᠣᠯᠤᠭᠰᠠᠨ ᠶᠤᠮ᠃ ᠬᠠᠷᠮᠠᠨ ᠳ᠋ᠠᠭᠠᠨ 2500 ᠲᠥᠭᠥᠷᠢᠭ ᠲᠡᠢ ᠭᠠᠷᠤᠭᠠᠳ ᠲᠥᠪ ᠳᠦᠭᠦᠷᠡᠩ ᠨᠢᠭᠡ ᠲᠡᠷᠭᠡ ᠦᠨᠡᠲᠡᠢ ᠬᠣᠪᠣᠷ ᠵᠦᠢᠯᠡᠰ ᠢ ᠭᠡᠷ ᠲᠡᠭᠡᠨ ᠲᠡᠭᠡᠭᠡᠵᠦ ᠢᠷᠡᠭᠰᠡᠨ ᠶᠦᠮ ᠭᠡᠯᠡ᠃
ᠵᠢᠡᠵᠢᠮᠡ ᠪᠢᠳᠡᠨ ᠦ᠌ ᠶᠠᠷᠢᠶ᠎ᠠ ᠶ᠋ᠢ ᠲᠠᠰᠤᠯᠤᠯ᠎ᠠ᠃ ᠥᠷᠯᠥᠭᠡᠨ ᠦ᠌ ᠴᠠᠢ ᠪᠡᠯᠡᠬᠡᠨ ᠪᠣᠯᠵᠠᠢ᠃ ᠯᠠᠷᠰᠤᠨ ᠬᠠᠲᠤᠨ ᠭᠠᠷ ᠳᠠᠬᠢ ᠶᠠᠭᠤᠮ᠎ᠠ ᠪᠠᠨ ᠨᠡᠭᠡᠭᠡᠬᠦ ᠶ᠋ᠢᠨ ᠳᠠᠭᠠᠤ ᠪᠢᠳᠡᠨ ᠢ ᠬᠦᠯᠢᠶᠡᠨ ᠠᠪᠤᠭᠠᠳ᠄
— ᠴᠢ ᠲᠡᠭᠡᠭᠡᠳ ᠵᠣᠴᠢᠳ ᠲᠠᠭᠠᠨ ᠴᠠᠭᠠᠨ ᠬᠦᠷᠢᠶᠡᠨ ᠰᠦᠮ᠎ᠡ ᠶ᠋ᠢᠨ ᠦᠯᠢᠭᠡᠷ ᠢ ᠶᠠᠷᠢᠵᠤ ᠦᠭᠭᠦᠭᠰᠡᠨ ᠤᠤ ? ᠭᠡᠵᠦ ᠨᠥᠬᠥᠷ ᠡᠴᠡ ᠪᠡᠨ ᠠᠰᠠᠭᠤᠪᠠ᠃
— ᠦᠭᠡᠢ ᠪᠠᠢᠭᠰᠠᠭᠠᠷ ! ᠭᠡᠵᠦ ᠮᠠᠷᠺᠦᠸᠨ᠋ᠲ ᠪᠢᠳᠡ ᠬᠣᠶᠠᠷ ᠪᠠᠷᠤᠭ ᠯᠠ ᠵᠡᠷᠭᠡ ᠳ᠋ᠡᠭᠡᠨ ᠬᠠᠷᠢᠭᠤᠯᠪᠠ᠃
ᠯᠠᠷᠰᠤᠨ᠄
— ᠬᠣᠭᠣᠯᠠᠨ ᠤ᠋ ᠳᠠᠷᠠᠭ᠎ᠠ ᠶᠠᠷᠢᠶ᠎ᠠ᠂ ᠡᠳᠦᠷ ᠤᠷᠲᠤ ᠪᠠᠢᠭᠰᠠᠭᠠᠷ! ᠭᠡᠵᠦ ᠪᠢᠳᠡᠨ ᠦ᠌ ᠱᠠᠭᠠᠷᠳᠠᠯᠭ᠎ᠠ ᠶ᠋ᠢ ᠨᠢᠴᠤᠭᠠᠭᠠᠳ᠂ ᠭᠠᠷ ᠠᠯᠴᠢᠭᠤᠷ ᠢ᠋ᠶ᠋ᠠᠨ ᠡᠪᠬᠡᠨ᠂ ᠲᠣᠯᠣᠭᠠᠢ ᠪᠠᠨ ᠪᠥᠬᠥᠢᠭᠡᠳ ᠬᠣᠭᠣᠯᠠᠨ ᠤ᠋ ᠡᠮᠦᠨᠡᠬᠢ ᠳᠠᠭᠠᠳᠬᠠᠯ ᠬᠢᠵᠦ᠄
— ᠢᠰᠦ᠋ᠰ ᠪᠣᠭᠳᠠ ᠶ᠋ᠢᠨ ᠬᠣᠭᠣᠯᠠ ᠬᠠᠢᠷᠠᠯᠠᠭᠰᠠᠨ ᠳ᠋ᠤ᠌ ᠳᠠᠭᠠᠳᠬᠠᠶ᠎ᠠ᠂ ᠠᠮᠸᠨ ! ᠭᠡᠯᠡ᠃ ᠵᠢᠡᠵᠢᠮᠡ ᠶ᠋ᠢ ᠰᠢᠷᠡᠭᠡᠨ ᠳᠡᠭᠡᠷᠡᠬᠢ ᠴᠣᠮᠣ᠂ ᠰᠢᠷᠡᠭᠡᠨ ᠦ᠌ ᠪᠦᠲᠡᠭᠡᠯᠭᠡ ᠵᠡᠷᠭᠡ ᠶ᠋ᠢ ᠠᠪᠴᠤ ᠭᠠᠷᠤᠭᠰᠠᠨ ᠤ᠋ ᠳᠠᠷᠠᠭ᠎ᠠ ᠯᠠᠷᠰᠤᠨ ᠶᠠᠭᠠᠬᠢᠵᠤ ᠡᠨᠡ ᠰᠦᠷᠯᠢᠭ ᠰᠠᠢᠬᠠᠨ ᠰᠦᠮ᠎ᠡ ᠳ᠋ᠦ᠍ ᠪᠠᠢᠷᠢᠯᠠᠭᠰᠠᠨ ᠢ᠋ᠶ᠋ᠠᠨ ᠶᠠᠷᠢᠯ᠎ᠠ᠄
— ᠶᠡᠬᠡ ᠬᠦᠷᠢᠶ᠎ᠡ ᠳᠠᠬᠢ ᠠᠷᠠᠯᠵᠢᠶ᠎ᠠ ᠪᠠᠨ ᠦᠷᠭᠦᠯᠵᠢᠯᠡᠭᠦᠯᠬᠦ ᠠᠷᠭ᠎ᠠ ᠦᠭᠡᠢ ᠪᠣᠯᠤᠭᠰᠠᠨ ᠤ᠋ ᠳᠠᠷᠠᠭ᠎ᠠ ᠪᠢ ᠨᠢᠭᠡ ᠦᠶ᠎ᠡ ᠴᠢᠭᠤᠯᠤᠯᠲᠤ ᠬᠠᠭᠠᠯᠭ᠎ᠠ ᠳ᠋ᠤ᠌ ᠰᠠᠭᠤᠵᠤ ᠪᠠᠢᠭᠰᠠᠨ ᠶᠤᠮ᠃ ᠲᠡᠨᠳᠡᠬᠢ ᠠᠮᠢᠳᠤᠷᠠᠯ ᠮᠢᠨᠢ ᠰᠠᠨᠠᠭᠠᠨ ᠳ᠋ᠤ᠌ ᠲᠠᠭᠠᠯᠠᠭᠳᠠᠬᠤ ᠪᠢᠰᠢ᠂ ᠨᠠᠳᠠ ᠳ᠋ᠤ᠌ ᠲᠠᠩᠳᠠ ᠠᠳᠤᠭᠤ ᠮᠠᠯ ᠪᠡᠯᠴᠢᠭᠰᠡᠨ ᠲᠠᠯ᠎ᠠ ᠨᠤᠲᠤᠭ ᠡᠷᠢᠭᠳᠡᠭᠡᠳ ᠪᠠᠢᠳᠠᠭ ᠢ ᠶᠠᠭᠠᠬᠢᠨ᠎ᠠ ! ᠲᠠᠯ᠎ᠠ ᠨᠤᠲᠤᠭ ᠤ᠋ᠨ ᠴᠢᠯᠥᠭᠡᠲᠡᠢ ᠠᠮᠢᠳᠤᠷᠠᠯ ᠢ ᠬᠦᠰᠡᠭᠰᠡᠨ ᠰᠡᠳᠬᠢᠯ ᠮᠢᠨᠢ ᠨᠡᠮᠡᠭᠳᠡᠭᠰᠡᠭᠡᠷ ᠪᠠᠢᠵᠤ ᠬᠠᠮᠤᠭ ᠤ᠋ᠨ ᠰᠡᠭᠦᠯ ᠳ᠋ᠦ᠍ ᠪᠠᠷᠠᠭᠤᠨ ᠰᠥᠨᠢᠳ ᠬᠤᠰᠢᠭᠤᠨ ᠤ᠋ ᠲᠡᠮᠴᠦᠭᠳᠦᠩᠷᠣᠪ ᠨᠣᠶᠠᠨ( ᠵᠢᠷᠤᠭ 18 ) ᠤ᠋ ᠬᠠᠩᠭᠠᠭᠰᠠᠨ ᠭᠡᠷ ᠲᠦ᠍ ᠨᠡᠭᠦᠨ ᠢᠷᠡᠵᠦ ᠰᠠᠭᠤᠯ᠎ᠠ᠃ ᠪᠢ ᠲᠡᠭᠦᠨ ᠦ᠌ ᠠᠪᠤ ᠶ᠋ᠢ ᠨᠢ ᠴᠦ᠍ ᠲᠠᠨᠢᠳᠠᠭ ᠪᠥᠭᠡᠳ ᠲᠡᠭᠦᠨ ᠦ᠌ ᠠᠪᠠᠭ᠎ᠠ ᠨᠢ ᠭᠡᠵᠦ ᠶᠡᠬᠡ ᠬᠦᠷᠢᠶ᠎ᠡ ᠳ᠋ᠦ᠍ ᠨᠠᠳᠠ ᠳᠡᠭᠡᠷ᠎ᠡ ᠲᠠᠩᠳᠠ ᠬᠦᠷᠳᠡᠭ ᠪᠠᠢᠭᠰᠠᠨ ᠶᠤᠮ᠃ ᠬᠠᠭᠤᠴᠢᠨ ᠰᠥᠨᠢᠳ ᠸᠠᠩ ᠭᠡᠵᠦ ᠶᠡᠬᠡ ᠴᠠᠭᠠᠯᠬᠠᠢ ᠵᠠᠩ ᠲᠠᠢ ᠪᠥᠭᠡᠳ ᠨᠠᠳᠠ ᠳ᠋ᠤ᠌ ᠶᠣᠰᠣᠲᠠᠢ ᠰᠠᠢᠨ᠃ ᠲᠡᠷᠡ ᠦᠶ᠎ᠡ ᠳ᠋ᠦ᠍ ᠢᠷᠡᠭᠡᠳᠦᠢ ᠶ᠋ᠢᠨ ᠵᠠᠯᠭᠠᠮᠵᠢᠯᠠᠭᠴᠢ ᠮᠠᠨᠢ ᠨᠠᠳᠠ ᠲᠠᠢ ᠣᠷᠢᠶᠠᠯᠳᠤᠵᠤ᠂ ᠡᠪᠦᠷ ᠳᠡᠭᠡᠷ᠎ᠡ ᠭᠠᠷᠤᠭᠠᠳ ᠴᠢᠬᠢᠨ ᠦ᠌ ᠮᠢᠨᠢ ᠬᠠᠵᠠᠭᠤ ᠠ᠋ᠴᠠ ᠰᠢᠷᠭᠠᠯ ᠭᠡᠵᠢᠭᠡ ᠶ᠋ᠢ ᠮᠢᠨᠢ ᠴᠢᠩᠭᠠᠭᠠᠵᠤ ᠦᠵᠡᠳᠡᠭ ᠪᠠᠢᠯ᠎ᠠ᠃ ᠪᠢ ᠴᠦ᠍ ᠲᠠᠩᠳᠠ ᠲᠡᠳᠡᠨ ᠦ᠌ ᠬᠢᠨ ᠳ᠋ᠦ᠍ ᠵᠣᠴᠢᠯᠠᠨ ᠬᠦᠷᠳᠡᠭ ᠪᠥᠭᠡᠳ ᠬᠠᠶᠠ ᠪᠠᠰᠠ ᠡᠨᠡ ᠰᠦᠮ᠎ᠡ ᠪᠡᠷ ᠬᠦᠷᠴᠦ ᠢᠷᠡᠳᠡᠭ ᠪᠠᠢᠯ᠎ᠠ᠃ ᠲᠡᠷᠡ ᠦᠶ᠎ᠡ ᠳ᠋ᠦ᠍ ᠠᠳᠠ ᠭᠤᠷᠪᠠᠨ ᠯᠠᠮᠠ ᠲᠠᠢ ᠪᠠᠢᠭᠰᠠᠨ ᠶᠤᠮ᠃ ᠨᠢᠭᠡ ᠡᠳᠦᠷ ᠪᠢ ᠲᠡᠳᠡᠨ ᠦ᠌ ᠭᠤᠷᠪᠠᠭᠤᠯᠠ ᠶ᠋ᠢᠨ ᠦᠬᠦᠳᠡᠯ ᠢ ᠣᠯᠤᠭᠰᠠᠨ ᠴᠢᠮᠡᠭᠡ ᠶ᠋ᠢ ᠰᠣᠨᠣᠰᠪᠠ᠃ ᠲᠡᠳᠡ ᠴᠣᠬᠣᠮ ᠬᠣᠭᠣᠷᠣᠨᠳᠣ ᠪᠠᠨ ᠮᠠᠷᠭᠤᠯᠳᠤᠭᠰᠠᠨ ᠶᠤᠮ ᠤᠤ ?ᠡᠰᠡᠬᠦᠯ᠎ᠡ ᠭᠡᠨᠡᠳᠲᠡ ᠭᠠᠯᠵᠠᠭᠤᠷᠠᠭᠰᠠᠨ ᠶᠤᠮ ᠤᠤ? ᠮᠡᠳᠡᠬᠦ ᠬᠥᠮᠦᠨ ᠭᠡᠵᠦ ᠠᠯᠠᠭ᠎ᠠ᠃ ᠨᠢᠭᠡ ᠮᠣᠩᠭᠣᠯ ᠡᠨᠡᠭᠦᠷ ᠳᠠᠭᠠᠷᠢᠵᠤ ᠭᠠᠷᠬᠤ ᠳ᠋ᠤ᠌ ᠬᠣᠶᠠᠷ ᠦᠬᠦᠳᠡᠯ ᠨᠢ ᠡᠭᠦᠳᠡᠨ ᠡᠮᠦᠨ᠎ᠡ ᠲᠣᠯᠣᠭᠠᠢ ᠳ᠋ᠠᠭᠠᠨ ᠬᠦᠨᠳᠦ ᠰᠢᠷᠬᠠᠲᠤᠭᠰᠠᠨ ᠰᠣᠷᠪᠢ ᠲᠠᠢ ᠬᠡᠪᠲᠡᠵᠦ᠂ ᠭᠤᠷᠪᠠᠳᠠᠬᠢ ᠨᠢ ᠲᠣᠮᠣ ᠪᠠᠢᠰᠢᠩ ᠳ᠋ᠤ᠌ ᠳᠡᠭᠡᠰᠦ ᠪᠡᠷ ᠪᠣᠭᠣᠮᠢᠯᠠᠨ ᠳᠡᠭᠦᠵᠢᠯᠡᠭᠳᠡᠭᠡᠳ ᠪᠡᠶ᠎ᠡ ᠨᠢ ᠨᠢᠭᠡᠨᠲᠡ ᠬᠥᠰᠢᠵᠡᠢ᠃ ᠲᠡᠨᠳᠡ ᠡᠴᠡ ᠡᠬᠢᠯᠡᠭᠡᠳ ᠡᠨᠡ ᠰᠦᠮ᠎ᠡ ᠬᠣᠭᠣᠰᠣᠨ ᠪᠣᠯᠵᠤ ᠬᠠᠶᠠᠭᠳᠠᠵᠠᠢ᠃ ᠮᠣᠩᠭᠣᠯᠴᠤᠳ ᠵᠢᠯᠢᠢᠭᠴᠢ ᠶ᠋ᠢᠨ ᠰᠦᠨᠡᠰᠦ ᠨᠢ ᠣᠢᠷ᠎ᠠ ᠣᠷᠴᠢᠮ ᠳ᠋ᠤᠨᠢ ᠲᠡᠨᠦᠭᠦᠴᠢᠯᠡᠵᠦ ᠪᠠᠢᠬᠤ ᠠ᠋ᠴᠠ ᠠᠶᠤᠵᠤ᠂ ᠡᠭᠦᠳᠡ ᠪᠡᠷ ᠨᠢ ᠴᠦ᠍ ᠱᠠᠭᠠᠢᠬᠤ ᠬᠥᠮᠦᠨ ᠠᠯᠠᠭ᠎ᠠ᠃ ᠡᠢᠮᠦ ᠰᠦᠷᠯᠢᠭ ᠰᠠᠢᠬᠠᠨ ᠰᠦᠮ᠎ᠡ ᠶ᠋ᠢ ᠡᠵᠡᠭᠦᠢᠷᠡᠭᠦᠯᠦᠨ ᠬᠠᠶᠠᠵᠤ ᠡᠪᠳᠡᠷᠡᠭᠦᠯᠬᠦ ᠨᠢ ᠬᠠᠢᠷᠠᠨ ᠮᠡᠳᠡᠭᠳᠡᠭᠰᠡᠨ ᠪᠣᠯᠬᠣᠷ ᠪᠢ ᠬᠤᠳᠠᠯᠳᠤᠨ ᠠᠪᠤᠭᠠᠳ᠂ ᠲᠣᠭᠣᠭᠠᠨ ᠭᠡᠷ᠂ ᠰᠸᠸᠳ᠋ᠸᠨ ᠦ᠌ ᠤᠬᠢᠶᠠᠯᠭ᠎ᠠ ᠶ᠋ᠢᠨ ᠥᠷᠥᠭᠡ᠂ ᠭᠠᠵᠠᠷ ᠳᠣᠣᠷᠠᠬᠢ ᠥᠷᠥᠭᠡ ᠵᠡᠷᠭᠡ ᠶ᠋ᠢ ᠪᠠᠷᠢᠭᠤᠯᠵᠤ᠂ ᠲᠡᠷᠡ ᠲᠣᠮᠣ ᠪᠠᠢᠰᠢᠩ ᠢ᠋ ᠵᠣᠴᠢᠨ ᠤ᠋ ᠥᠷᠥᠭᠡ (ᠵᠢᠷᠤᠭ 16) ᠪᠣᠯᠭᠠᠭᠰᠠᠨ ᠶᠤᠮ᠃ ᠣᠳᠣ ᠲᠠ ᠨᠠᠷ ᠴᠠᠭᠠᠨ ᠬᠦᠷᠢᠶᠡᠨ ᠰᠦᠮ᠎ᠡ ᠶ᠋ᠢᠨ ᠦᠯᠢᠭᠡᠷ ᠢ᠋ ᠮᠡᠳᠡᠭᠰᠡᠨ ᠪᠢᠵᠡ !ᠬᠡᠯᠡᠬᠦ ᠡᠴᠡ ᠪᠠᠰᠠ ᠨᠢᠭᠡ ᠨᠢ ᠲᠠ ᠨᠠᠷ ᠲᠡᠷᠡ ᠪᠠᠢᠰᠢᠩ ᠳ᠋ᠤ᠌ ᠰᠥᠨᠢ ᠳ᠋ᠡᠭᠡᠨ ᠰᠠᠨᠠᠭ᠎ᠠ ᠠᠮᠤᠷ ᠤᠨᠲᠠᠭᠠᠷᠠᠢ᠂ ᠤᠴᠢᠷ ᠨᠢ ᠠᠳᠠ ᠣᠳᠣ ᠪᠣᠯᠲᠠᠯ᠎ᠠ ᠵᠢᠯᠢᠢᠭᠴᠢ ᠶ᠋ᠢᠨ ᠰᠦᠨᠡᠰᠦᠨ ᠦ᠌ ᠲᠤᠬᠠᠢ ᠥᠴᠦᠬᠡᠨ ᠴᠦ᠍ ᠠᠵᠢᠭ ᠮᠡᠳᠡᠭᠳᠡᠭᠰᠡᠨ ᠦᠭᠡᠢ ᠶᠦᠮ᠃
— ᠲᠡᠭᠡᠭᠡᠳ ᠣᠳᠣ ᠮᠣᠩᠭᠣᠯᠴᠤᠳ ᠠᠶᠤᠬᠤ ᠪᠠᠨ ᠪᠣᠯᠢᠭᠰᠠᠨ ᠶᠤᠮ ᠤᠤ? ᠭᠡᠵᠦ ᠪᠢ ᠠᠰᠠᠭᠤᠪᠠ᠃
— ᠠᠪᠬᠤ ᠪᠠᠷ ᠲᠣᠭᠲᠠᠬᠤ ᠠ᠋ᠴᠠ ᠡᠮᠦᠨ᠎ᠡ ᠬᠥᠮᠦᠨ ᠪᠣᠯᠭᠠᠨ ᠨᠠᠳᠠᠳᠤ ᠬᠠᠭᠤᠴᠢᠨ ᠨᠠᠢᠵᠠ᠂ ᠨᠤᠲᠤᠭ ᠤ᠋ᠨ ᠨᠠᠢᠵᠠ ᠨᠠᠷ ᠠ᠋ᠴᠠ ᠨᠢᠭᠡ ᠴᠦ᠍ ᠬᠥᠮᠦᠨ ᠴᠢᠮ᠎ᠠ ᠶ᠋ᠢ ᠦᠵᠡᠬᠦ ᠪᠡᠷ ᠢᠷᠡᠵᠦ ᠴᠢᠳᠠᠬᠤ ᠦᠭᠡᠢ ᠪᠣᠯᠤᠨ᠎ᠠ ᠭᠡᠵᠦ ᠪᠠᠢᠭᠰᠠᠨ᠃ ᠭᠡᠬᠦ ᠳ᠋ᠦ᠍ ᠲᠡᠳᠡ ᠪᠦᠷ ᠯᠡ ᠢᠷᠡᠭᠰᠡᠨ᠂ ᠠᠩᠬ᠎ᠠ ᠡᠬᠢᠨ ᠳ᠋ᠡᠭᠡᠨ ᠪᠠᠬᠠᠨ ᠠᠶᠤᠭᠰᠠᠨ ᠮᠠᠶᠢᠭᠲᠠᠢ ᠪᠠᠢᠵᠤ ᠰᠡᠭᠦᠯ ᠳ᠋ᠦ᠍ᠨᠢ ᠪᠦᠷ ᠳᠠᠰᠤᠭᠰᠠᠨ᠃ ᠵᠢᠯᠢᠢᠭᠴᠢ ᠯᠠᠮᠠ ᠶ᠋ᠢᠨ ᠰᠦᠨᠡᠰᠦ ᠨᠠᠳᠠ ᠳ᠋ᠤ᠌ ᠶᠠᠮᠠᠷ ᠴᠤ᠌ ᠬᠥᠨᠥᠭᠡᠯ ᠪᠣᠯᠤᠭᠰᠠᠨ ᠦᠭᠡᠢ ᠭᠡᠬᠦ ᠶᠠᠷᠢᠶ᠎ᠠ ᠳᠡᠯᠭᠡᠷᠡᠭᠰᠡᠨ ᠦ᠌ ᠳᠠᠷᠠᠭ᠎ᠠ ᠪᠣᠯ ᠮᠤᠬᠤᠷ ᠰᠦᠰᠦᠭ ᠲᠡᠢ ᠬᠥᠮᠦᠰ ᠴᠦ᠍ ᠢᠷᠡᠵᠡᠭᠡᠵᠦ ᠨᠠᠮ᠎ᠠ ᠶ᠋ᠢ ᠠᠳᠠ ᠬᠤᠪᠢᠷᠠᠯᠲᠠ ᠭᠠᠷᠭᠠᠭᠰᠠᠨ ᠭᠡᠮᠡᠨ ᠮᠠᠭᠲᠠᠵᠠᠭᠠᠵᠤ ᠪᠢᠯᠡ᠃
— ᠪᠤᠷᠬᠠᠨ ᠤ᠋ ᠱᠤᠭᠤᠮᠠᠯ ᠬᠥᠷᠥᠭ ᠦ᠋ᠳ ᠨᠢ ᠲᠡᠭᠡᠭᠡᠳ ᠬᠠᠮᠢᠭ᠎ᠠ ᠪᠠᠢᠨ᠎ᠠ ? ᠡᠢᠮᠦ ᠰᠦᠮ᠎ᠡ ᠳ᠋ᠦ᠍ ᠪᠠᠢᠬᠤ ᠯᠠ ᠶᠣᠰᠣᠲᠠᠢ ᠳᠠ ᠭᠡᠵᠦ ᠮᠠᠷᠺᠣᠸᠨ᠋ᠲ ᠠᠰᠠᠭᠤᠬᠤ ᠳ᠋ᠤ᠌ :
— ᠬᠠᠮᠤᠭ ᠤ᠋ᠨ ᠲᠣᠮᠣ ᠭᠤᠷᠪᠠᠨ ᠪᠤᠷᠬᠠᠨ ᠤ᠋ ᠱᠤᠭᠤᠮᠠᠯ ᠢ᠋ ᠨᠢ ᠭᠡᠷ ᠦ᠋ᠨ ᠠᠷᠤ ᠳ᠋ᠠᠬᠢ ᠳᠣᠪᠣᠴᠠᠭ ᠳᠡᠭᠡᠷ᠎ᠡ ᠰᠠᠷᠠᠪᠴᠢ ᠪᠠᠷᠢᠵᠤ ᠵᠠᠯᠠᠭᠰᠠᠨ ᠶᠤᠮ᠃ ᠪᠤᠰᠤᠳ ᠢ᠋ ᠨᠢ ᠪᠣᠯ ᠴᠢᠭᠤᠯᠤᠯᠲᠤ ᠬᠠᠭᠠᠯᠭ᠎ᠠ᠂ ᠪᠡᠭᠡᠵᠢᠩ ᠳ᠋ᠦ᠍ ᠬᠤᠳᠠᠯᠳᠤᠭᠰᠠᠨ ᠭᠡᠯᠡ᠃
ᠯᠠᠷᠰᠤᠨ ᠤ᠋ ᠥᠩᠭᠡᠷᠡᠭᠰᠡᠨ ᠢ᠋ᠶ᠋ᠡᠨ ᠡᠷᠭᠢᠴᠡᠭᠦᠯᠦᠨ ᠶᠠᠷᠢᠬᠤ ᠶ᠋ᠢ ᠰᠣᠨᠣᠰᠤᠭᠠᠳ ᠯᠠ ᠪᠠᠢᠮᠠᠷ ᠰᠠᠨᠠᠭᠳᠠᠨ᠎ᠠ᠃ ᠲᠠᠯ᠎ᠠ ᠨᠤᠲᠤᠭ ᠤ᠋ᠨ ᠬᠢᠵᠠᠭᠠᠷ ᠦᠭᠡᠢ ᠨᠠᠮᠤᠭᠤᠬᠠᠨ ᠪᠠᠢᠳᠠᠯ ᠨᠢ ᠯᠠᠷᠰᠤᠨ ᠢ᠋ ᠴᠦ᠍ ᠦᠭᠡ ᠳᠠᠭᠤ ᠴᠥᠭᠡᠨ ᠲᠡᠢ ᠬᠥᠮᠦᠨ ᠪᠣᠯᠭᠠᠨ ᠬᠤᠪᠢᠷᠠᠭᠤᠯᠵᠠᠢ᠃ ᠲᠡᠭᠦᠨ ᠦ᠌ ᠦᠭᠡ ᠶᠠᠷᠢᠬᠤ ᠨᠢ ᠲᠤᠩ ᠤᠳᠠᠭᠠᠨ ᠪᠥᠭᠡᠳ ᠦᠭᠡ ᠨᠢ ᠤᠷᠤᠭᠤᠯ ᠤ᠋ᠨ ᠬᠢᠨᠢ ᠵᠠᠪᠰᠠᠷ ᠢ᠋ᠶ᠋ᠠᠷ ᠬᠦᠴᠢᠷᠲᠡᠢᠬᠡᠨ ᠴᠤᠪᠤᠷᠠᠳᠠᠭ᠃ ᠶᠠᠭ ᠯᠠ ᠴᠢᠯᠠᠭᠤᠨ ᠳᠠᠷᠬᠠᠨ ᠰᠢᠭ᠋ ᠥᠪᠡᠷ ᠦ᠋ᠨ ᠥᠩᠭᠡᠷᠡᠯᠲᠡ ᠪᠡᠨ ᠳᠠᠩ ᠴᠤᠯᠭᠤᠢ ᠪᠥᠭᠡᠳ ᠥᠴᠦᠬᠡᠨ ᠴᠦ᠍ ᠵᠠᠰᠠᠯᠲᠠ ᠴᠢᠮᠡᠭᠯᠡᠯ ᠦᠭᠡᠢ ᠶᠠᠷᠢᠵᠤ ᠭᠠᠷᠤᠨ᠎ᠠ᠃ ᠲᠡᠷᠡ ᠬᠡᠳᠦᠢᠪᠡᠷ ᠰᠠᠢᠨ ᠶᠠᠷᠢᠶᠠᠴᠢ ᠬᠥᠮᠦᠨ ᠪᠢᠰᠢ ᠪᠣᠯᠪᠠᠴᠤ ᠲᠡᠭᠦᠨ ᠦ᠌ ᠶᠠᠷᠢᠭᠰᠠᠨ ᠦᠯᠢᠭᠡᠷ ᠦ᠋ᠨ ᠦᠭᠡ ᠪᠣᠯᠭᠠᠨ ᠳᠡᠭᠡᠷ᠎ᠡ ᠨᠢ ᠦᠨᠡᠨ ᠭᠡᠰᠡᠨ ᠲᠠᠮᠠᠭ᠎ᠠ ᠳᠤᠷᠠᠢᠵᠤ ᠪᠠᠢᠯ᠎ᠠ᠃ ᠲᠡᠷᠡ ᠵᠥᠪᠬᠡᠨ ᠥᠪᠡᠷ ᠢ᠋ᠶ᠋ᠡᠨ ᠥᠩᠭᠡᠷᠡᠭᠡᠵᠦ ᠂ ᠳᠠᠬᠢᠨ ᠲᠡᠭᠦᠨ ᠢ᠋ᠶ᠋ᠡᠨ ᠥᠴᠦᠬᠡᠨ ᠴᠦ᠍ ᠨᠡᠮᠡᠯᠲᠡ ᠬᠠᠰᠤᠯᠲᠠ ᠦᠭᠡᠢ ᠲᠣᠭᠠᠴᠢᠵᠤ ᠪᠠᠢᠨ᠎ᠠ᠃ ᠶᠠᠮᠠᠷ ᠦᠯᠢᠭᠡᠷ ᠭᠡᠵᠦ ᠰᠠᠨᠠᠨ᠎ᠠ !

— ᠨᠢᠭᠡ ᠡᠳᠦᠷ ᠪᠢ ᠶᠠᠳᠠᠷᠠᠲᠠᠯ᠎ᠠ ᠳᠠᠪᠬᠢᠭᠠᠳ ᠥᠪᠡᠷ ᠦ᠋ᠨ ᠢ᠋ᠶ᠋ᠡᠨ ᠲᠡᠮᠡᠭᠡᠨ ᠵᠢᠩ ᠦ᠋ᠨ ᠪᠠᠭᠤᠳᠠᠯ ᠳᠡᠭᠡᠷ᠎ᠡ ᠬᠦᠷᠦᠯ᠎ᠡ ᠭᠡᠳ ᠯᠠᠷᠰᠤᠨ ᠬᠠᠭᠤᠴᠢᠨ ᠮᠠᠶᠢᠭ ᠤ᠋ᠨ ᠲᠣᠰᠣᠨ ᠳ᠋ᠧᠩ ᠦ᠋ᠨ ᠭᠡᠷᠡᠯ ᠳ᠋ᠦ᠍ ᠶᠠᠷᠢᠶ᠎ᠠ ᠪᠠᠨ ᠡᠬᠢᠯᠡᠭᠦᠯᠦᠯ᠎ᠡ᠃
— ᠠᠷᠪᠠᠨ ᠨᠠᠢ᠍ᠮᠠᠨ ᠴᠠᠭ ᠮᠣᠷᠢᠨ ᠳᠡᠭᠡᠷ᠎ᠡ ᠪᠠᠢᠭᠰᠠᠨ ᠪᠥᠭᠡᠳ ᠬᠦᠷᠦᠮᠡᠭᠴᠡ ᠳᠣᠷᠣᠭᠰᠢ ᠪᠠᠨ ᠰᠤᠨᠵᠤ ᠤᠨᠠᠭᠠᠳ ᠤᠨᠲᠠᠮᠠᠷ ᠯᠠ ᠪᠠᠢᠭᠰᠠᠨ᠃ ᠭᠠᠳᠠᠨ᠎ᠠ ᠨᠣᠬᠠᠢ ᠬᠣᠷᠭᠣᠭᠣᠬᠤ ᠳᠠᠭᠤᠨ ᠰᠢᠷᠦᠭᠦᠰᠴᠦ ᠵᠢᠩᠴᠢᠳ ᠨᠣᠬᠠᠢ ᠪᠠᠨ ᠬᠣᠷᠢᠬᠤ ᠪᠣᠯᠪᠠᠴᠤ ᠨᠠᠮᠳᠠᠬᠤ ᠦᠭᠡᠢ ᠪᠠᠢᠬᠤ ᠪᠠᠷ ᠨᠢ 《ᠶᠠᠭᠤ ᠪᠣᠯᠴᠢᠬᠠᠪᠠ ? 》ᠭᠡᠵᠦ ᠪᠢ ᠮᠠᠢᠬᠠᠨ ᠳᠣᠲᠣᠷ᠎ᠠ ᠠ᠋ᠴᠠ ᠠᠰᠠᠭᠤᠪᠠ᠃ ᠮᠠᠢᠬᠠᠨ ᠤ᠋ ᠮᠢᠨᠢ ᠡᠭᠦᠳᠡ ᠠᠯᠭᠤᠷᠬᠠᠨ ᠳᠡᠭᠡᠭᠰᠢ ᠪᠡᠨ ᠢᠷᠠᠭᠳᠠᠵᠤ᠂ ᠵᠢᠩᠴᠢᠳ ᠮᠠᠨᠢ ᠨᠢᠭᠡ ᠡᠷ᠎ᠡ ᠶ᠋ᠢ ᠠᠪᠴᠢᠷᠠᠯ᠎ᠠ᠃ ᠲᠡᠷᠡ ᠡᠷ᠎ᠡ ᠠᠶᠤᠭᠰᠠᠨ ᠮᠠᠶᠢᠭᠲᠠᠢ ᠮᠡᠨᠳᠦᠯᠡᠭᠰᠡᠨ ᠢ᠋ᠶ᠋ᠡᠨ ᠨᠠᠳᠠ ᠠ᠋ᠴᠠ ᠯᠠᠷᠰᠤᠨ ᠮᠥᠨ ᠤᠤ ? ᠭᠡᠵᠦ ᠠᠰᠠᠭᠤᠯ᠎ᠠ᠃ ᠪᠢ ᠮᠥᠨ ᠭᠡᠵᠦ ᠬᠠᠷᠢᠭᠤᠯᠬᠤ ᠳ᠋ᠤ᠌ ᠲᠡᠷᠡ ᠬᠢᠲᠠᠳ ᠤ᠋ᠳ ᠴᠢᠮᠠᠶ᠋ᠢ ᠶᠠᠭᠤ ᠭᠡᠵᠦ ᠨᠡᠷᠡᠯᠡᠳᠡᠭ ᠪᠣᠢ ? ᠮᠣᠩᠭᠣᠯᠴᠤᠳ ᠶᠠᠭᠤ ᠭᠡᠵᠦ ᠨᠡᠯᠡᠳᠡᠭ ᠪᠣᠢ ? ᠭᠡᠵᠦ ᠤᠬᠤᠴᠢᠯᠠᠨ ᠠᠰᠠᠭᠤᠵᠤ ᠭᠠᠷᠪᠠ᠃ ᠬᠠᠷᠢᠭᠤᠯᠲᠠ ᠮᠢᠨᠢ ᠲᠡᠭᠦᠨ ᠦ᠌ ᠰᠠᠨᠠᠭ᠎ᠠ ᠶ᠋ᠢ ᠠᠮᠤᠷ ᠪᠣᠯᠭᠠᠭᠰᠠᠨ ᠪᠣᠯᠤᠯᠲᠠᠢ ᠂ ᠲᠡᠷᠯᠢᠭ ᠦ᠋ᠨ ᠳᠣᠲᠣᠭᠠᠳᠤ ᠬᠣᠷᠮᠣᠢ ᠠ᠋ᠴᠠ ᠪᠠᠨ ᠡᠵᠡᠨ ᠦ᠌ ᠪᠡᠨ ᠨᠢᠭᠡ ᠬᠤᠪᠢ ᠨᠤᠬᠤᠴᠢᠭᠳᠠᠭᠰᠠᠨ ᠵᠠᠬᠢᠳᠠᠯ ᠢ᠋ ᠭᠠᠷᠭᠠᠵᠤ ᠮᠣᠩᠭᠣᠯ ᠤ᠋ᠨ ᠶᠣᠰᠣ ᠪᠠᠷ ᠬᠣᠶᠠᠷ ᠭᠠᠷ ᠢ᠋ᠶ᠋ᠠᠷ ᠢ᠋ᠶ᠋ᠠᠨ ᠨᠠᠳᠠ ᠳ᠋ᠤ᠌ ᠪᠠᠷᠢᠪᠠ ᠃ ᠵᠢᠷᠭᠤᠭᠠᠨ ᠰᠠᠷ᠎ᠠ ᠶ᠋ᠢᠨ ᠲᠤᠷᠰᠢ ᠵᠠᠮ ᠬᠥᠭᠡᠭᠡᠭᠰᠡᠭᠡᠷ ᠢᠷᠡᠯ᠎ᠡ᠃ ᠴᠢᠮᠠᠶ᠋ᠢ ᠬᠣᠢᠨ᠎ᠠ ᠠ᠋ᠴᠠ ᠨᠢ ᠨᠡᠬᠡᠭᠡᠳ ᠢᠷᠡᠬᠦ ᠳ᠋ᠦ᠍ ᠴᠢ ᠣᠨᠳᠣᠣ ᠭᠠᠵᠠᠷ ᠲᠤ᠌ ᠶᠠᠪᠤᠴᠢᠬᠠᠭᠰᠠᠨ ᠯᠠ ᠪᠠᠢᠳᠠᠭ ᠭᠡᠵᠦ ᠡᠨᠡ ᠡᠷ᠎ᠡ ᠨᠠᠮᠠᠶ᠋ᠢ ᠵᠠᠬᠢᠳᠠᠯ ᠵᠠᠳᠠᠯᠵᠤ ᠪᠠᠢᠬᠤ ᠵᠠᠭᠤᠷ᠎ᠠ ᠶᠠᠷᠢᠪᠠ᠃
ᠯᠠᠷᠰᠤᠨ ᠪᠠᠬᠠᠨ ᠵᠣᠭᠰᠣᠰᠬᠢᠵᠦ ᠠᠪᠤᠭᠰᠠᠨ ᠢ᠋ᠶ᠋ᠠᠨ ᠰᠠᠨᠠᠭ᠎ᠠ ᠠᠯᠳᠠᠵᠤ :
— ᠠᠢ ᠳᠠ᠂ ᠬᠥᠭᠡᠷᠦᠬᠦᠢ ᠲᠡᠷᠡ ᠭᠧᠷᠮᠠᠨ ᠡᠷ᠎ᠡ ᠮᠢᠨᠢ ! ᠶᠠᠭᠤᠮ᠎ᠠ ᠪᠣᠯᠭᠠᠨ ᠣᠷᠣᠢᠲᠠᠵᠤ᠂ ᠪᠢ ᠲᠡᠭᠦᠨ ᠢ᠋ ᠠᠪᠤᠷᠠᠵᠤ ᠳᠡᠢᠯᠬᠦ ᠡᠴᠡ ᠥᠩᠭᠡᠷᠡᠭᠰᠡᠨ᠃ ᠤᠯᠠᠭᠠᠨ ᠣᠷᠣᠰ ᠤ᠋ᠨ ᠬᠢᠨ ᠲᠡᠭᠦᠨ ᠢ᠋ ᠬᠣᠣᠷᠯᠠᠭᠠᠳ᠂ ᠪᠦᠬᠦ ᠬᠥᠷᠥᠩᠭᠡ ᠶ᠋ᠢ ᠨᠢ ᠪᠤᠯᠢᠶᠠᠨ ᠠᠪᠴᠤ ᠣᠳᠤᠭᠰᠠᠨ ᠶᠤᠮ᠃ ᠡᠨᠡ ᠵᠠᠬᠢᠳᠠᠯ ᠢ᠋ ᠠᠯᠲᠠᠢ ᠠᠭᠤᠯᠠᠨ ᠳ᠋ᠤ᠌ ᠰᠠᠭᠤᠳᠠᠭ ᠨᠢᠭᠡ ᠠᠬᠠᠮᠠᠳ ᠭᠧᠷᠮᠠᠨ ᠠ᠋ᠴᠠ ᠢᠷᠡᠭᠦᠯᠦᠭᠰᠡᠨ᠂ ᠲᠡᠷᠡ ᠥᠪᠡᠷ ᠲᠡᠭᠡᠨ ᠨᠢᠭᠡ ᠠᠯᠲᠠᠨ ᠤ᠋ ᠠᠭᠤᠷᠬᠠᠢ ᠲᠠᠢ ᠪᠥᠭᠡᠳ ᠠᠷᠠᠰᠤ ᠰᠢᠷᠢ ᠶ᠋ᠢᠨ ᠬᠤᠳᠠᠯᠳᠤᠭᠠᠴᠢᠨ ᠬᠥᠮᠦᠨ ᠪᠠᠢᠭᠰᠠᠨ ᠶᠤᠮ᠃ ᠬᠡᠴᠢᠨᠡᠭᠡᠨ ᠵᠢᠯ ᠦ᠋ᠨ ᠲᠤᠷᠰᠢ ᠳᠡᠭᠡᠷᠡᠮᠴᠢᠳ ᠦ᠋ᠨ ᠳᠡᠭᠡᠷᠡᠮᠳᠡᠯᠭᠡ ᠡᠴᠡ ᠵᠠᠢᠯᠠᠨ ᠵᠢᠭᠤᠲᠠᠵᠤ᠂ ᠣᠷᠣᠰ ᠤᠷᠤᠭᠤ ᠪᠠᠷᠠᠭ᠎ᠠ ᠪᠠᠨ ᠶᠠᠪᠤᠭᠤᠯᠵᠤ ᠠᠷᠠᠯᠵᠢᠶ᠎ᠠ ᠪᠠᠨ ᠬᠢᠵᠦ ᠪᠠᠢᠭᠰᠠᠨ᠃ ᠴᠠᠭ ᠤ᠋ᠨ ᠰᠠᠢᠨ ᠬᠦᠷᠴᠦ ᠢᠷᠡᠬᠦ ᠶ᠋ᠢ ᠬᠦᠰᠡᠨ ᠬᠦᠯᠢᠶᠡᠵᠦ᠂ ᠪᠠᠢᠳᠠᠭ ᠠᠷᠠᠰᠤ ᠰᠢᠷᠢ ᠪᠡᠨ ᠭᠡᠷ ᠲᠡᠭᠡᠨ ᠣᠪᠣᠭᠠᠯᠠᠵᠤ ᠲᠠᠯᠪᠢᠵᠠᠢ᠃ ᠲᠡᠭᠡᠬᠦ ᠳ᠋ᠦ᠍ ᠣᠳᠣ ᠤᠯᠠᠭᠠᠨ ᠤ᠋ ᠬᠢᠨ ᠦ᠌ ᠠᠶᠤᠮᠠᠷ ᠴᠢᠮᠡᠭᠡ ᠨᠢ ᠲᠡᠭᠦᠨ ᠢ᠋ ᠠᠮᠤᠷ ᠦᠭᠡᠢ ᠪᠣᠯᠭᠠᠭᠰᠠᠨ ᠪᠠᠢᠵᠠᠢ᠃ ᠲᠡᠭᠦᠨ ᠦ᠌ ᠡᠨᠡ ᠣᠯᠠᠨ ᠡᠷᠳᠡᠨᠢ ᠶ᠋ᠢ ᠠᠽᠢᠶ᠎ᠠ ᠶ᠋ᠢ ᠲᠤᠭᠤᠯᠤᠨ ᠬᠢᠲᠠᠳ ᠤᠷᠤᠭᠤ ᠠᠪᠴᠢᠷᠠᠬᠤ ᠳ᠋ᠤ᠌ ᠨᠠᠮᠠᠶ᠋ᠢ ᠲᠡᠭᠦᠨ ᠤᠷᠤᠭᠤ ᠳᠥᠷᠪᠡᠨ ᠵᠠᠭᠤᠨ ᠲᠡᠮᠡᠭᠡ ᠢᠯᠡᠭᠡᠯᠭᠡᠬᠦ ᠭᠡᠰᠡᠨ ᠪᠠᠢᠵᠠᠢ᠃ ᠠᠴᠢ ᠶ᠋ᠢᠨ ᠮᠢᠨᠢ ᠬᠠᠷᠢᠭᠤ ᠳ᠋ᠤ᠌ ᠨᠠᠳᠠ ᠳ᠋ᠤ᠌ ᠪᠦᠬᠦ ᠠᠴᠢᠶᠠᠨ ᠤ᠋ ᠪᠠᠨ ᠬᠠᠭᠠᠰ ᠢ᠋ ᠨᠢ ᠥᠭᠭᠦᠨ᠎ᠡ ᠭᠡᠮᠡᠨ ᠠᠮᠠᠯᠠᠪᠠ᠃ ᠳᠥᠷᠪᠡᠨ ᠵᠠᠭᠤᠨ ᠲᠡᠮᠡᠭᠡᠨ ᠠᠴᠢᠶ᠎ᠠ ᠳ᠋ᠤ᠌ ᠪᠠᠭᠠᠳᠠᠮᠠᠷ ᠦᠭᠡᠢ ᠡᠨᠡ ᠶᠡᠬᠡ ᠡᠳ᠋ ᠡᠷᠳᠡᠨᠢᠰ ᠲᠦ᠍ ᠬᠡᠴᠢᠨᠡᠭᠡᠨ ᠬᠡᠴᠢᠨᠡᠭᠡᠨ ᠹᠦᠨᠲ ᠦᠢᠷᠡᠮᠡᠭ ᠠᠯᠲᠠ ᠵᠢᠴᠢ ᠬᠡᠮᠵᠢᠰᠢ ᠦᠭᠡᠢ ᠥᠷᠲᠡᠭ ᠪᠦᠬᠦᠢ ᠮᠥᠩᠭᠥᠨ ᠲᠣᠭᠣᠰᠬ᠎ᠠ ᠨᠤᠭᠤᠳ᠂ ᠨᠢᠭᠡ ᠲᠦᠮᠡᠨ ᠪᠤᠯᠠᠭᠠᠨ ᠤ᠋ ᠠᠷᠠᠰᠤ ᠭᠡᠮᠡᠨ ᠨᠠᠷᠢᠨ ᠵᠤᠷᠪᠤᠰᠯᠠᠨ ᠲᠡᠮᠳᠡᠭᠯᠡᠭᠰᠡᠨ ᠪᠠᠢᠪᠠ᠃ ᠮᠢᠨᠦ ᠶᠠᠳᠠᠷᠠᠯ ᠴᠤ᠌ ᠠᠯᠠᠭ᠎ᠠ ᠪᠣᠯᠪᠠ᠃ ᠴᠢᠮᠡᠭᠡ ᠬᠦᠷᠭᠡᠭᠴᠢ ᠶ᠋ᠢ ᠲᠦᠳᠡᠭ ᠭᠠᠯ ᠳ᠋ᠤ᠌ ᠳᠤᠯᠠᠭᠠᠴᠠᠨ ᠪᠠᠢᠬᠤ ᠶ᠋ᠢᠨ ᠬᠣᠭᠣᠷᠣᠨᠳᠣ ᠪᠢ ᠳᠣᠲᠣᠷ᠎ᠠ ᠪᠠᠨ ᠪᠣᠳᠣᠯᠬᠢᠯᠠᠨ᠂ ᠲᠣᠭᠠᠴᠠᠭ᠎ᠠ ᠪᠠᠨ ᠬᠢᠵᠦ ᠯᠡ ᠪᠠᠢᠯ᠎ᠠ᠃ ᠪᠢ ᠴᠣᠬᠣᠮ ᠥᠪᠡᠷ ᠦ᠋ᠨ ᠪᠦᠬᠦ ᠪᠠᠷᠠᠭ᠎ᠠ ᠪᠠᠨ ᠠᠳᠠ ᠪᠠᠨ ᠣᠷᠬᠢᠭᠠᠳ ᠠᠯᠲᠠᠢ ᠤᠷᠤᠭᠤ ᠱᠠᠯᠠᠪᠳᠠᠨ ᠬᠥᠳᠡᠯᠬᠦ ᠤᠤ ? ᠡᠨᠡ ᠭᠧᠷᠮᠠᠨ ᠲᠠᠢ ᠪᠢ ᠶᠡᠷᠦ ᠡᠴᠡ ᠲᠠᠨᠢᠯᠴᠠᠬᠤ ᠦᠭᠡᠢ᠂ ᠵᠥᠪᠬᠡᠨ ᠬᠠᠶᠠ ᠯᠠ ᠨᠢᠭᠡ ᠲᠡᠭᠦᠨ ᠦ᠌ ᠲᠤᠬᠠᠢ ᠰᠣᠨᠣᠰᠴᠤ ᠪᠠᠢᠭᠰᠠᠨ ᠶᠤᠮ᠃ ᠭᠡᠬᠦ ᠳ᠋ᠦ᠍ ᠲᠡᠭᠦᠨ ᠦ᠌ ᠪᠠᠢᠨ ᠪᠠᠢᠨ ᠭᠤᠶᠤᠴᠢᠯᠠᠭᠰᠠᠨ ᠠᠶᠠᠰ ᠲᠠᠢ ᠵᠠᠬᠢᠳᠠᠯ ᠤ᠋ᠨ ᠦᠭᠡ ᠪᠣᠯᠭᠠᠨ ᠢ᠋ ᠨᠢ ᠢᠲᠡᠭᠡᠵᠦ ᠪᠠᠢᠯ᠎ᠠ᠃ ᠬᠠᠮᠢᠭ᠎ᠠ ᠠ᠋ᠴᠠ ᠲᠡᠢᠮᠦ ᠠᠷᠪᠢᠨ ᠲᠡᠮᠡᠭᠡ ᠣᠯᠳᠠᠭ ᠪᠢᠯᠡ ? ᠮᠢᠨᠦ ᠲᠡᠮᠡᠭᠡᠨ ᠵᠢᠩ ᠵᠥᠪᠬᠡᠨ ᠬᠣᠶᠠᠷ ᠵᠠᠭᠤᠭᠠᠳ ᠯᠠ ᠲᠡᠮᠡᠭᠡ ᠲᠡᠢ ᠰᠢᠦ ᠳᠡ ! ᠨᠠᠮᠠᠶ᠋ᠢ ᠰᠢᠢᠳᠪᠦᠷᠢ ᠭᠠᠷᠭᠠᠬᠤ ᠶ᠋ᠢᠨ ᠡᠮᠦᠨ᠎ᠡ ᠪᠠᠰᠠ ᠨᠢᠭᠡ ᠴᠢᠮᠡᠭᠡ ᠬᠦᠷᠭᠡᠭᠴᠢ ᠳᠣᠪᠲᠣᠯᠭᠠᠨ ᠬᠦᠷᠴᠦ ᠢᠷᠡᠯ᠎ᠡ᠃ ᠲᠡᠷᠡ ᠨᠢ ᠶᠡᠬᠡ ᠬᠦᠷᠢᠶ᠎ᠡ ᠳ᠋ᠦ᠍ ᠪᠠᠢᠭ᠎ᠠ ᠨᠠᠢᠵᠠ ᠶ᠋ᠢᠨ ᠮᠢᠨᠢ ᠢᠯᠡᠭᠡᠭᠰᠡᠨ ᠴᠢᠮᠡᠭᠡ ᠪᠠᠢᠯ᠎ᠠ᠃ ᠭᠡᠬᠦ ᠳ᠋ᠦ᠍ ᠮᠠᠭᠤ ᠴᠢᠮᠡᠭᠡ ᠲᠤᠭᠤᠯᠲᠠᠯᠠ ! ᠤᠯᠠᠭᠠᠨ ᠤ᠋ ᠬᠢᠨ ᠠᠯᠲᠠᠢ ᠠ᠋ᠴᠠ ᠬᠡᠳᠦᠢᠨ ᠨᠠᠭᠠᠰᠢᠯᠠᠨ ᠭᠠᠷᠤᠭᠰᠠᠨ ᠪᠥᠭᠡᠳ ᠶᠡᠬᠡ ᠬᠦᠷᠢᠶ᠎ᠡ ᠶ᠋ᠢ ᠴᠢᠭᠯᠡᠨ ᠠᠶᠠᠯᠠᠵᠤ᠂ ᠵᠠᠮ ᠲᠤᠷᠰᠢ ᠪᠤᠯᠢᠶᠠᠨ ᠳᠡᠭᠡᠷᠡᠮᠳᠡᠯᠭᠡ᠂ ᠠᠯᠠᠯᠭ᠎ᠠ ᠬᠢᠳᠤᠯᠭ᠎ᠠ ᠬᠢᠭᠰᠡᠭᠡᠷ ᠠᠢᠰᠤᠢ ᠭᠡᠨ᠎ᠡ᠃ ᠣᠳᠣ ᠲᠡᠭᠡᠭᠡᠳ ᠪᠢ ᠰᠠᠶᠢ ᠤᠬᠠᠭᠠᠷᠠᠯ᠎ᠠ᠃ ᠲᠡᠷᠡ ᠠᠬᠠᠮᠠᠳ ᠢ᠋ ᠠᠯᠲᠠᠢ ᠠᠭᠤᠯᠠᠨ ᠳ᠋ᠤ᠌ ᠠᠮᠢᠳᠤ ᠪᠠᠢᠭ᠎ᠠ ᠭᠡᠳᠡᠭ ᠲᠦ᠍ ᠬᠡᠨ ᠴᠦ᠍ ᠢᠲᠡᠭᠡᠬᠦ ᠦᠭᠡᠢ ᠨᠢ ᠯᠠᠪ᠃ ᠬᠣᠪᠳᠣᠭ ᠰᠢᠨᠤᠬᠠᠢ ᠪᠦᠯᠦᠭᠲᠡᠨ ᠲᠡᠳᠡᠨ ᠦ᠌ ᠬᠢᠨ ᠳ᠋ᠦ᠍ ᠴᠥᠮᠥᠷᠡᠨ ᠣᠷᠣᠭᠠᠳ ᠴᠥᠯᠪᠡᠵᠡᠢ᠃ ᠨᠠᠮᠠᠶ᠋ᠢ ᠡᠴᠦᠰ ᠦ᠋ᠨ ᠰᠢᠢᠳᠪᠦᠷᠢ ᠪᠡᠨ ᠶᠠᠷᠢᠬᠤ ᠳ᠋ᠤ᠌ ᠲᠡᠷᠡ ᠴᠢᠮᠡᠭᠡ ᠬᠦᠷᠭᠡᠭᠴᠢ ᠠᠪᠤᠭᠠᠢ ᠭᠠᠯ ᠤ᠋ᠨ ᠳᠡᠷᠭᠡᠳᠡ ᠬᠥᠳᠡᠯᠦᠯ ᠦᠭᠡᠢ ᠳᠤᠭᠤᠢ ᠰᠠᠭᠤᠭᠰᠠᠭᠠᠷ ᠪᠠᠢᠯ᠎ᠠ᠃ ᠮᠠᠨ ᠤ᠋ ᠬᠢᠨ ᠦ᠌ ᠬᠥᠮᠦᠰ ᠬᠣᠭᠣᠷᠣᠨᠳᠣ ᠪᠠᠨ ᠦᠭᠡ ᠶᠠᠷᠢᠯᠴᠠᠨ ᠪᠠᠢᠬᠤ ᠳ᠋ᠤ᠌ ᠲᠡᠷᠡ ᠮᠥᠨ ᠯᠡ ᠭᠠᠯ ᠤᠷᠤᠭᠤ ᠭᠥᠯᠢᠷᠡᠵᠦ ᠯᠡ ᠪᠠᠢᠪᠠ᠃ ᠲᠡᠭᠡᠭᠡᠳ ᠲᠡᠷᠡ ᠭᠠᠷᠴᠤ ᠮᠣᠷᠢ ᠪᠠᠨ ᠲᠠᠢᠯᠵᠤ ᠠᠪᠤᠭᠠᠳ᠂ ᠰᠠᠯᠬᠤ ᠶᠣᠰᠣ ᠭᠦᠢᠴᠡᠳᠬᠡᠪᠡ᠃ ᠶᠠᠪᠤᠬᠤ ᠳ᠋ᠠᠭᠠᠨ ᠨᠠᠳᠠ ᠳ᠋ᠤ᠌ 《ᠶᠡᠬᠡ ᠬᠦᠩ ᠠ᠋ ! ᠲᠠᠨ ᠤ᠋ ᠬᠡᠯᠡᠬᠦ ᠵᠥᠪ ᠪᠠᠢᠵᠤ ᠴᠤ᠌ ᠮᠡᠳᠡᠨ᠎ᠡ᠃ ᠭᠡᠬᠦ ᠳ᠋ᠦ᠍ ᠪᠢ ᠵᠠᠪᠠᠯ ᠪᠤᠴᠠᠬᠤ ᠶᠣᠰᠣ ᠲᠠᠢ᠂ ᠲᠡᠷᠡ ᠮᠠᠨᠢ ᠠᠮᠢᠳᠤ ᠪᠠᠢᠵᠤ ᠴᠤ᠌ ᠮᠠᠭᠠᠳ ᠦᠭᠡᠢ᠃ ᠪᠢ ᠲᠡᠭᠦᠨ ᠳ᠋ᠦ᠍ ᠠᠷᠪᠠᠨ ᠨᠠᠢ᠍ᠮᠠᠨ ᠵᠢᠯ ᠦ᠋ᠨ ᠲᠤᠷᠰᠢ ᠦᠢᠯᠡᠴᠢᠯᠡᠵᠦ ᠢᠷᠡᠭᠰᠡᠨ᠃ ᠲᠡᠷᠡ ᠨᠠᠳᠠᠳᠤ ᠲᠤᠩ ᠰᠠᠢᠨ᠂ ᠶᠠᠭ ᠯᠠ ᠥᠪᠡᠷ ᠦ᠋ᠨ ᠲᠥᠷᠥᠭᠰᠡᠨ ᠬᠦᠦ ᠳ᠋ᠡᠭᠡᠨ ᠰᠢᠭ ᠬᠠᠨᠳᠤᠵᠤ ᠢᠷᠡᠭᠰᠡᠨ ᠶᠦᠮ 》ᠭᠡᠵᠦ ᠬᠡᠯᠡᠭᠰᠡᠨ ᠶᠦᠮ᠃ ᠨᠣᠬᠠᠳ ᠬᠤᠴᠠᠯᠳᠤᠨ ᠬᠣᠷᠭᠣᠭᠣᠵᠤ ᠨᠡᠯᠢᠶᠡᠳ ᠤᠳᠠᠭᠰᠠᠨ ᠤ᠋ ᠳᠠᠷᠠᠭ᠎ᠠ ᠨᠠᠮᠵᠢᠷᠠᠬᠤ ᠳ᠋ᠤ᠌ ᠠᠯᠤᠰ ᠬᠣᠯᠠ ᠠ᠋ᠴᠠ ᠴᠢᠮᠡᠭᠡ ᠬᠦᠷᠭᠡᠵᠦ ᠢᠷᠡᠭᠰᠡᠨ ᠮᠣᠷᠢᠲᠠᠨ ᠠᠪᠤᠭᠠᠢ ᠨᠢᠭᠡᠨᠲᠡ ᠳᠣᠪᠲᠣᠯᠵᠤ ᠠᠷᠢᠯᠤᠭᠰᠠᠨ ᠪᠠᠢᠪᠠ᠃ ᠲᠡᠭᠦᠨ ᠦ᠌ ᠲᠤᠬᠠᠢ ᠳᠠᠬᠢᠵᠤ ᠶᠡᠷᠦ ᠰᠣᠨᠣᠰᠤᠭᠰᠠᠨ ᠦᠭᠡᠢ ᠪᠢᠯᠡ ᠭᠡᠯᠡ᠃
ᠯᠠᠷᠰᠤᠨ ᠥᠪᠡᠷ ᠦ᠋ᠨ ᠥᠩᠭᠡᠷᠡᠭᠦᠯᠦᠭᠰᠡᠨ ᠵᠢᠷ ᠦ᠋ᠨ ᠪᠤᠰᠤ ᠶᠠᠪᠤᠴᠠ ᠳ᠋ᠠᠭᠠᠨ ᠣᠯᠠᠨ ᠵᠦᠢᠯ ᠦ᠋ᠨ ᠮᠥᠩᠭᠥ ᠣᠯᠬᠤ ᠪᠣᠯᠤᠮᠵᠢ ᠨᠥᠬᠥᠴᠡᠯ ᠪᠠᠢᠵᠤ ᠯᠠ ᠪᠠᠢᠭᠰᠠᠨ᠃ ᠪᠤᠯᠠᠭᠳᠠᠭᠰᠠᠨ ᠲᠡᠢᠨ ᠦ᠌ ᠵᠠᠷᠤᠳᠠᠯ᠂ ᠦᠨᠡᠲᠡᠢ ᠮᠣᠩᠭᠣᠯ ᠵᠠᠰᠠᠯ ᠳᠠᠷᠤᠭᠤᠯᠭ᠎ᠠ᠂ ᠠᠪᠳᠠᠷ᠎ᠠ ᠠᠪᠳᠠᠷ᠎ᠠ ᠠᠯᠲᠠ ᠮᠥᠩᠭᠥ ᠭᠡᠬᠦ ᠮᠡᠲᠦ᠃ ᠭᠤᠷᠪᠠᠨ ᠵᠢᠯ ᠦ᠋ᠨ ᠡᠮᠦᠨ᠎ᠡ ᠫᠠᠷᠢᠰ ᠲᠤ᠌ ᠴᠠᠭᠠᠴᠢᠯᠠᠭᠰᠠᠨ ᠨᠢᠭᠡ ᠣᠷᠣᠰ ᠲᠡᠭᠦᠨ ᠳ᠋ᠦ᠍ ᠵᠠᠬᠢᠶ᠎ᠠ ᠢᠷᠡᠭᠦᠯᠵᠡᠢ᠃ ᠡᠨᠡ ᠣᠷᠣᠰ ᠴᠠᠭᠠᠨ ᠤ᠋ ᠬᠢᠨ ᠳ᠋ᠦ᠍ ᠪᠠᠢᠬᠤ ᠳ᠋ᠠᠭᠠᠨ ᠮᠣᠩᠭᠣᠯ ᠳ᠋ᠤ᠌ ᠳᠠᠢᠳᠤᠨ ᠶᠠᠪᠤᠵᠤ ᠪᠠᠢᠭᠰᠠᠨ ᠪᠠ ᠴᠠᠭᠠᠨ ᠴᠡᠷᠢᠭ ᠦ᠋ᠨ ᠲᠣᠯᠣᠭᠠᠢᠯᠠᠭᠴᠢ ᠪᠠᠷᠤᠨ ( Roman von Ungern — Sternberg ᠂1885᠂12᠂ 29 — 1921᠂ 9᠂15 ) ᠵᠠᠩᠵᠤᠨ ᠤ᠋ ᠪᠤᠯᠠᠵᠤ ᠲᠠᠯᠪᠢᠭᠰᠠᠨ ᠲᠣᠭᠠᠯᠠᠰᠢ ᠦᠭᠡᠢ ᠡᠳ᠋ ᠡᠷᠳᠡᠨᠢᠰ᠂ ᠫᠤᠤ ᠵᠡᠪᠰᠡᠭ᠂ ᠰᠤᠮᠤ ᠳᠠᠷᠢ ᠶ᠋ᠢ ᠮᠡᠳᠡᠳᠡᠭ ᠭᠡᠨ᠎ᠡ᠃ ᠲᠡᠭᠡᠭᠡᠳ ᠤᠯᠠᠭᠠᠨ ᠤ᠋ ᠭᠠᠷ ᠲᠤ᠌ ᠣᠷᠣᠭᠤᠯᠬᠤ ᠦᠭᠡᠢ ᠶ᠋ᠢᠨ ᠲᠤᠰᠠᠳᠠ ᠯᠠᠷᠰᠤᠨ ᠢ᠋ ᠠᠷᠤ ᠮᠣᠩᠭᠣᠯ ᠳ᠋ᠤ᠌ ᠪᠠᠢᠭ᠎ᠠ ᠵᠥᠪᠯᠡᠯᠲᠦ ᠶ᠋ᠢᠨ ᠳᠠᠷᠤᠭ᠎ᠠ ᠲᠠᠢ ᠬᠡᠯᠡᠯᠴᠡᠭᠡ ᠬᠢᠬᠦ ᠶ᠋ᠢ ᠬᠦᠰᠡᠵᠡᠢ᠃ ᠬᠡᠯᠡᠯᠴᠡᠭᠡᠷ ᠪᠦᠲᠦᠪᠡᠯ ᠣᠯᠤᠭᠰᠠᠨ ᠣᠯᠵᠠ ᠶ᠋ᠢᠨ ᠠᠷᠪᠠᠨ ᠤ᠋ ᠨᠢᠭᠡ ᠶ᠋ᠢ ᠨᠢ ᠯᠠᠷᠰᠤᠨ ᠳ᠋ᠤ᠌ ᠲᠠᠯᠠᠷᠬᠠᠯ ᠪᠣᠯᠭᠠᠵᠤ᠂ ᠦᠯᠡᠳᠡᠭᠰᠡᠨ ᠢ᠋ ᠨᠢ ᠡᠨᠡ ᠫᠠᠷᠢᠰ ᠲᠤ᠌ ᠠᠮᠢᠳᠤᠷᠠᠳᠠᠭ ᠣᠷᠣᠰ ᠪᠠ ᠤᠯᠠᠭᠠᠨ ᠤ᠋ ᠬᠢᠨ ᠬᠠᠭᠠᠰ ᠬᠠᠭᠠᠰ ᠬᠤᠪᠢᠶᠠᠨ ᠠᠪᠤᠨ᠎ᠠ ᠭᠡᠮᠡᠨ ᠵᠥᠪᠳᠡᠵᠡᠢ᠃ ᠬᠡᠯᠡᠯᠴᠡᠭᠡᠷ ᠨᠢ ᠶᠠᠪᠤᠭᠤᠷᠢ ᠮᠠᠭᠤᠲᠠᠢ ᠪᠠᠢᠵᠤ᠂ ᠬᠠᠮᠤᠭ ᠤ᠋ᠨ ᠰᠡᠭᠦᠯ ᠳ᠋ᠦ᠍ᠨᠢ ᠶᠡᠬᠡ ᠬᠦᠷᠢᠶᠡᠨ ᠦ᠌ ᠬᠢᠨ ᠳ᠋ᠦ᠍ ᠴᠦ᠍ ᠮᠥᠩᠭᠥ ᠬᠡᠷᠡᠭᠲᠡᠢ ᠪᠣᠯᠬᠣᠷ ᠡᠳᠡᠭᠡᠷ ᠡᠳ᠋ ᠡᠷᠳᠡᠨᠢᠰ ᠢ᠋ ᠣᠯᠬᠤ ᠶ᠋ᠢ ᠵᠥᠪᠰᠢᠶᠡᠷᠡᠵᠡᠢ᠃ ᠯᠠᠷᠰᠤᠨ ᠠᠯᠢᠪᠠ ᠪᠠᠲᠤᠯᠠᠭ᠎ᠠ ᠶ᠋ᠢ ᠣᠯᠤᠭᠰᠠᠨ ᠪᠣᠯᠬᠣᠷ ᠰᠡᠳᠬᠢᠯ ᠥᠨᠳᠥᠷ ᠢ᠋ᠶ᠋ᠡᠷ ᠫᠠᠷᠢᠰ ᠤ᠋ᠨ ᠬᠠᠶᠢᠭ ᠲᠤ᠌ ᠵᠠᠬᠢᠶ᠎ᠠ ᠢᠯᠡᠭᠡᠭᠰᠡᠨ ᠪᠣᠯᠪᠠᠴᠤ ᠳᠥᠷᠪᠡᠨ ᠰᠠᠷ᠎ᠠ ᠶ᠋ᠢᠨ ᠬᠢᠨᠢ ᠳᠠᠷᠠᠭ᠎ᠠ ᠥᠪᠡᠷ ᠦ᠋ᠨ ᠪᠢᠴᠢᠭᠰᠡᠨ ᠵᠠᠬᠢᠶ᠎ᠠ ᠪᠠᠨ ᠯᠠ ᠣᠯᠤᠭᠰᠠᠨ ᠪᠥᠭᠡᠳ ᠳᠡᠭᠡᠷ᠎ᠡ ᠨᠢ ( ᠬᠠᠶᠢᠭ ᠳᠡᠭᠡᠷᠡᠬᠢ ᠬᠥᠮᠦᠨ ᠭᠠᠳᠠᠭᠰᠢ ᠪᠠᠨ ᠵᠢᠭᠤᠴᠢᠯᠠᠵᠠᠢ᠃ ᠰᠢᠨ᠎ᠡ ᠬᠠᠶᠢᠭ ᠨᠢ ᠲᠣᠳᠣᠷᠬᠠᠢ ᠦᠭᠡᠢ ) ᠭᠡᠮᠡᠨ ᠪᠢᠴᠢᠭᠡᠰᠦᠲᠡᠢ ᠪᠠᠢᠯ᠎ᠠ᠃
— ᠲᠡᠷᠡ ᠣᠷᠣᠰ ᠨᠥᠬᠥᠷ ᠡᠨᠡ ᠬᠣᠭᠣᠷᠣᠨᠳᠣ ᠨᠠᠰᠤ ᠨᠥᠭᠴᠢᠴᠢᠬᠡᠭᠰᠡᠨ ᠴᠦ᠍ ᠪᠠᠢᠵᠤ ᠮᠡᠳᠡᠨ᠎ᠡ᠃ ᠲᠡᠭᠦᠨ ᠦ᠌ ᠵᠣᠪᠠᠯᠠᠩ ᠲᠠᠢ ᠠᠮᠢᠳᠤᠷᠠᠯ ᠢ᠋ ᠲᠡᠭᠦᠰᠬᠡᠵᠦ ᠮᠡᠳᠡᠬᠦ ᠪᠠᠢᠭᠰᠠᠨ ᠮᠢᠨᠦ ᠵᠠᠬᠢᠳᠠᠯ ᠡᠵᠡᠨ ᠳ᠋ᠡᠭᠡᠨ ᠬᠦᠷᠴᠦ ᠳᠡᠢᠯᠬᠦ ᠦᠭᠡᠢ ᠪᠠᠢᠭᠰᠠᠨ ᠦᠶ᠎ᠡ ᠳ᠋ᠦ᠍ ᠲᠡᠷᠡ ᠧᠦ᠋ᠷᠣᠫᠠ ᠪᠠᠷ ᠲᠡᠨᠦᠭᠦᠴᠢᠯᠡᠨ ᠳᠠᠪᠬᠢᠵᠤ ᠶᠠᠪᠤᠬᠤ ᠳ᠋ᠠᠭᠠᠨ ᠡᠨᠡ ᠬᠦᠰᠡᠯ ᠢ᠋ᠶ᠋ᠡᠨ ᠠᠯᠢ ᠬᠡᠳᠦᠢᠨ ᠣᠷᠬᠢᠭᠰᠠᠨ ᠡᠰᠡᠬᠦ ᠶ᠋ᠢ ᠬᠡᠨ ᠮᠡᠳᠡᠨ᠎ᠡ ᠪᠢᠯᠡ ? ᠭᠡᠵᠦ ᠯᠠᠷᠰᠤᠨ ᠰᠡᠭᠦᠷᠡᠰᠦ ᠠᠯᠲᠠᠨ ᠬᠡᠯᠡᠯ᠎ᠡ᠃
ᠨᠢᠭᠡ ᠦᠳᠡ ᠶ᠋ᠢᠨ ᠬᠣᠢᠨ᠎ᠠ ᠯᠠᠷᠰᠤᠨ ᠪᠢᠳᠡᠨ ᠲᠡᠢ ᠪᠠᠢᠬᠤ ᠳ᠋ᠠᠭᠠᠨ :
— ᠲᠡᠷᠡ ᠦᠶ᠎ᠡ ᠳ᠋ᠦ᠍ ᠶᠡᠬᠡ ᠬᠦᠷᠢᠶ᠎ᠡ ᠳ᠋ᠦ᠍ ᠠᠮᠢᠳᠤᠷᠠᠵᠤ ᠪᠠᠢᠭᠰᠠᠨ ᠬᠥᠮᠦᠨ ᠪᠣᠯᠭᠠᠨ ᠯᠠ ᠮᠠᠷᠭᠠᠰᠢ ᠴᠣᠬᠣᠮ ᠪᠢ ᠡᠳᠦᠷ ᠦ᠋ᠨ ᠨᠠᠷᠠ ᠲᠠᠢ ᠵᠣᠯᠭᠠᠨ᠎ᠠ ᠤᠤ ? ᠭᠡᠳᠡᠭ ᠢ᠋ᠶ᠋ᠡᠨ ᠮᠡᠳᠡᠬᠦ ᠦᠭᠡᠢ ᠪᠠᠢᠭᠰᠠᠨ ᠶᠤᠮ᠃ ᠪᠠᠷᠤᠭ ᠯᠠ ᠬᠥᠮᠦᠨ ᠪᠣᠯᠭᠠᠨ ᠵᠦᠭ ᠴᠢᠭᠯᠡᠯ ᠢ᠋ᠶ᠋ᠡᠨ ᠠᠯᠲᠠᠨ ᠲᠥᠭᠡᠷᠢᠭᠰᠡᠨ ᠮᠡᠲᠦ ᠪᠣᠯᠵᠤ᠂ ᠮᠥᠩᠭᠥ ᠲᠡᠢ ᠬᠥᠮᠦᠰ ᠪᠦᠷ ᠯᠡ ᠠᠷᠢᠬᠢᠨ ᠳ᠋ᠤ᠌ ᠣᠷᠣᠭᠠᠳ᠂ ᠪᠠᠭᠠᠷ ᠤ᠋ᠨ ᠭᠠᠵᠠᠷ ᠨᠢ 《ᠭᠠᠯᠵᠠᠭᠤ ᠬᠥᠮᠦᠨ ᠦ᠌ ᠡᠮᠨᠡᠯᠭᠡ ᠶ᠋ᠢᠨ ᠬᠣᠷᠢᠶ᠎ᠠ 》ᠪᠣᠯᠤᠭᠠᠳ᠂ 《ᠭᠠᠯᠵᠠᠭᠤᠷᠠᠭᠰᠠᠨ 》ᠬᠥᠮᠦᠰ ᠵᠢᠴᠢ ᠰᠣᠭᠲᠣᠭᠤᠴᠤᠳ ᠳᠦᠭᠦᠷᠡᠩ ᠪᠠᠢᠯ᠎ᠠ᠃ ᠳᠠᠩᠰᠠ ᠲᠣᠭᠠᠴᠠᠭ᠎ᠠ ᠪᠠᠨ ᠬᠢᠵᠦ ᠳᠡᠢᠯᠬᠦ ᠰᠡᠭᠡᠭᠡ ᠲᠡᠢ ᠬᠥᠮᠦᠰ ᠭᠡᠪᠡᠯ ᠵᠥᠪᠬᠡᠨ ᠰᠸᠸᠳ᠋ᠸᠨ ᠦ᠌ ᠱᠠᠰᠢᠨ ᠰᠤᠷᠲᠠᠯᠴᠢᠯᠠᠭᠴᠢ ᠨᠠᠷ ᠯᠠ ᠪᠠᠢᠯ᠎ᠠ᠃ ᠨᠢᠭᠡ ᠡᠳᠦᠷ ᠣᠷᠣᠰ ᠤ᠋ᠳ ᠲᠡᠳᠡᠨ ᠢ᠋ ᠡᠭᠦᠳᠡᠨ ᠦ᠌ ᠭᠠᠳᠠᠨ᠎ᠠ ᠰᠠᠭᠤᠯᠭᠠᠭᠠᠳ᠂ ᠬᠣᠷᠢᠨ ᠳᠥᠷᠪᠡᠨ ᠴᠠᠭ ᠤ᠋ᠨ ᠳᠣᠲᠣᠷ᠎ᠠ ᠠᠳᠠ ᠠ᠋ᠴᠠ ᠵᠠᠢᠯᠠ ᠭᠡᠵᠦ ᠵᠠᠷᠯᠢᠭᠳᠠᠪᠠ᠃ ᠡᠢᠮᠦ ᠪᠣᠯᠤᠮᠵᠢ ᠭᠡᠵᠦ ᠠᠯᠠᠭ᠎ᠠ᠂ ᠬᠡᠴᠢᠨᠡᠭᠡᠨ ᠵᠢᠯ ᠦ᠋ᠨ ᠠᠵᠢᠯ ᠶᠠᠪᠤᠳᠠᠯ ᠢ᠋ᠶ᠋ᠠᠨ ᠭᠠᠭᠴᠠᠬᠠᠨ ᠡᠳᠦᠷ ᠲᠦ᠍ ᠰᠢᠢᠳᠪᠦᠷᠢᠯᠡᠨ᠎ᠡ ᠭᠡᠵᠦ ᠪᠣᠯᠣᠰᠢ ᠦᠭᠡᠢ ᠶ᠋ᠢᠨ ᠳᠡᠭᠡᠷ᠎ᠡ ᠲᠡᠳᠡᠨ ᠦ᠌ ᠳᠣᠲᠣᠷᠠᠬᠢ ᠨᠢᠭᠡ ᠪᠦᠰᠡᠭᠦᠢ ᠬᠦᠨᠳᠦ ᠡᠪᠡᠳᠴᠢᠯᠡᠭᠡᠳ ᠪᠠᠢᠪᠠ᠃ ᠪᠢ ᠣᠷᠣᠰ ᠳᠠᠷᠤᠭ᠎ᠠ ᠲᠠᠢ ᠠᠭᠤᠯᠵᠠᠵᠤ ᠶᠠᠷᠢᠯᠴᠠᠯ᠎ᠠ᠃ ᠡᠬᠢᠨ ᠳ᠋ᠡᠭᠡᠨ ᠥᠴᠦᠬᠡᠨ ᠴᠦ᠍ ᠨᠠᠢᠷ ᠬᠠᠶᠠᠬᠤ ᠮᠠᠶᠢᠭ ᠥᠬᠡᠢ ᠴᠢᠩᠭ᠎ᠠ ᠬᠠᠲᠠᠭᠤ ᠪᠠᠢᠭᠰᠠᠨ ᠴᠤ᠌ ᠴᠠᠭ ᠭᠠᠷᠤᠢ ᠶ᠋ᠢᠨ ᠶᠠᠷᠢᠯᠴᠠᠭᠠᠨ ᠤ᠋ ᠳᠠᠷᠠᠭ᠎ᠠ ᠳᠠᠷᠤᠭ᠎ᠠ ᠠᠪᠤᠭᠠᠢ ᠮᠢᠨᠦ ᠶᠠᠷᠢᠭᠰᠠᠨ ᠢ᠋ ᠲᠡᠮᠳᠡᠭᠯᠡᠨ ᠠᠪᠤᠭᠠᠳ᠂ ᠮᠤᠰᠺᠧᠡ ᠳ᠋ᠦ᠍ ᠴᠠᠬᠢᠯᠭᠠᠨ ᠢ᠋ᠶ᠋ᠠᠷ ᠮᠡᠳᠡᠭᠳᠡᠬᠦ ᠪᠡᠷ ᠪᠣᠯᠪᠠ᠃ ᠢᠩᠭᠢᠭᠡᠳ ᠱᠠᠰᠢᠨ ᠳᠡᠯᠭᠡᠷᠡᠭᠦᠯᠦᠭᠴᠢ ᠨᠠᠷ ᠲᠤ᠌ ᠱᠠᠰᠢᠨ ᠰᠤᠷᠲᠠᠯᠴᠢᠯᠠᠬᠤ ᠥᠷᠲᠡᠭᠡ ᠪᠡᠨ ᠦᠭᠡᠢᠰᠬᠡᠬᠦ ᠰᠠᠷ᠎ᠠ ᠶ᠋ᠢᠨ ᠬᠤᠭᠤᠴᠠᠭ᠎ᠠ ᠣᠯᠵᠤ᠂ ᠪᠢ ᠪᠣᠳᠣᠯ ᠳ᠋ᠠᠭᠠᠨ ᠬᠦᠷᠦᠯ᠎ᠡ᠃ ᠯᠠᠷᠰᠤᠨ ᠠᠪᠤᠭᠠᠢ ᠮᠢᠨᠢ ᠢᠩᠭᠢᠵᠦ ᠯᠡ ᠨᠢᠭᠡ ᠨᠢᠭᠡ ᠪᠡᠷ ᠥᠩᠭᠡᠷᠡᠭᠦᠯᠦᠭᠰᠡᠨ ᠦᠯᠢᠭᠡᠷ ᠢ᠋ᠶ᠋ᠡᠨ ᠵᠠᠯᠭᠠᠭᠰᠠᠭᠠᠷ ᠪᠠᠢᠯ᠎ᠠ᠃
— ᠠ ᠳᠠ ! ᠬᠡᠷᠪᠡ ᠪᠢ ᠨᠤᠲᠤᠭ ᠲᠠᠭᠠᠨ ᠪᠠᠢᠭᠰᠠᠨ ᠶᠤᠮ ᠪᠣᠯ ᠣᠳᠣ ᠦᠨᠡᠬᠡᠷ ᠨᠢᠭᠡ ᠪᠠᠶᠠᠨ ᠪᠣᠯᠴᠢᠬᠠᠭᠰᠠᠨ ᠪᠠᠢᠵᠤ ᠴᠤ᠌ ᠮᠡᠳᠡᠨ᠎ᠡ᠃ ᠭᠡᠬᠦ ᠳ᠋ᠦ᠍ ᠪᠢ ᠡᠨᠡ ᠬᠦ᠌ ᠠᠮᠢᠳᠤᠷᠠᠯ ᠢ᠋ᠶ᠋ᠠᠨ ᠳᠡᠯᠡᠬᠡᠢ ᠶ᠋ᠢ ᠦᠵᠡᠭᠰᠡᠨ ᠦᠭᠡᠢ ᠪᠠᠶᠠᠨ ᠰᠠᠷᠲᠠᠸᠠᠬᠢ ᠪᠠᠷ ᠰᠣᠯᠢᠬᠤ ᠦᠭᠡᠢ ᠰᠢᠦ ᠳᠡ᠃ ᠮᠣᠩᠭᠣᠯ ᠳ᠋ᠠᠬᠢ ᠮᠢᠨᠦ ᠴᠢᠯᠥᠭᠡᠲᠡᠢ ᠠᠮᠢᠳᠤᠷᠠᠯ ᠪᠣᠯ ᠨᠠᠳᠠ ᠳ᠋ᠤ᠌ ᠣᠳᠣ ᠴᠤ᠌ ᠭᠡᠰᠡᠨ ᠵᠠᠭᠤᠨ ᠲᠦᠮᠡᠨ ᠳ᠋ᠣᠯᠯᠠᠷ ᠪᠤᠶᠤ ᠰᠸᠸᠳ᠋ᠸᠨ ᠵᠣᠭᠣᠰ ᠡᠰᠡᠬᠦᠯ᠎ᠡ ᠫᠦᠨᠳ᠋ ᠡᠴᠡ ᠬᠣᠯᠠ ᠢᠯᠡᠭᠦᠦ ᠥᠷᠲᠡᠭ ᠲᠠᠢ ᠳᠠ᠃ ᠮᠥᠨ ᠡᠢᠮᠦ ᠶᠡᠬᠡ ᠮᠥᠩᠭᠥ ᠣᠯᠤᠯ᠎ᠠ ᠭᠡᠳ ᠣᠳᠣ ᠠᠯᠳᠠᠵᠤ ᠶᠠᠪᠤᠭᠤᠯᠤᠭᠰᠠᠨ ᠴᠤ᠌ ᠪᠠᠢᠵᠤ ᠮᠡᠳᠡᠨ᠎ᠡ᠃ ᠮᠢᠨᠦ ᠮᠣᠩᠭᠣᠯ ᠳ᠋ᠠᠬᠢ ᠰᠠᠢᠬᠠᠨ ᠡᠳᠦᠷ ᠬᠣᠨᠣᠭ ᠢ᠋ ᠬᠡᠨ ᠴᠦ᠍ ᠭᠡᠰᠡᠨ ᠠᠪᠴᠤ ᠶᠠᠪᠤᠵᠤ ᠴᠢᠳᠠᠬᠤ ᠦᠭᠡᠢ᠂ ᠪᠠᠶᠠᠨ ᠪᠠᠩᠬᠢᠴᠢᠨ᠂ ᠵᠠᠪᠰᠢᠭᠴᠢ ᠠᠷᠠᠯᠵᠢᠶᠠᠴᠢᠨ ᠪᠤᠶᠤ ᠶᠠᠮᠠᠷ ᠨᠢᠭᠡᠨ ᠵᠠᠰᠠᠭ ᠤ᠋ᠨ ᠣᠷᠳᠣᠨ ᠭᠡᠰᠡᠨ ᠴᠦ᠍ ᠳᠡᠢᠯᠬᠦ ᠦᠭᠡᠢ ᠭᠡᠵᠦ ᠯᠠᠷᠰᠤᠨ ᠬᠠᠮᠤᠭ ᠤ᠋ᠨ ᠰᠡᠭᠦᠯ ᠳ᠋ᠦ᠍ᠨᠢ ᠥᠪᠡᠷ ᠦ᠋ᠨ ᠪᠣᠳᠣᠯ ᠢ᠋ᠶ᠋ᠠᠨ ᠶᠠᠷᠢᠯ᠎ᠠ᠃
ᠦᠨᠡᠨ ᠳᠡ ! ᠲᠡᠭᠦᠨ ᠦ᠌ ᠬᠢ ᠵᠥᠪ᠃ ᠯᠠᠷᠰᠤᠨ ᠲᠠᠢ ᠤᠯᠠᠮ ᠰᠠᠢᠨ ᠲᠠᠨᠢᠯᠴᠠᠵᠤ ᠢᠷᠡᠬᠦ ᠲᠣᠰᠤᠮ ᠲᠡᠭᠦᠨ ᠦ᠌ ᠡᠢᠮᠦᠷᠬᠦᠦ ᠰᠠᠢᠬᠠᠨ ᠮᠥᠷᠲᠡᠭᠡᠨ ᠥᠪᠡᠷ ᠦ᠋ᠨ ᠭᠡᠰᠡᠨ ᠣᠨᠴᠠᠯᠢᠭ ᠲᠠᠢ ᠠᠮᠢᠳᠤᠷᠠᠯ ᠳ᠋ᠤᠨᠢ ᠤᠯᠠᠮ ᠠᠲᠠᠭᠠᠷᠬᠠᠬᠤ ᠮᠡᠲᠦ ᠪᠣᠯᠤᠯ᠎ᠠ᠃ ᠤᠴᠢᠷ ᠨᠢ ᠲᠡᠢᠮᠦ ᠠᠮᠢᠳᠤᠷᠠᠯ ᠪᠢᠳᠡᠨ ᠦ᠌ ᠮᠡᠲᠦ ᠶ᠋ᠢᠨ ᠬᠣᠵᠢᠭᠤ ᠲᠥᠷᠥᠭᠰᠡᠳ ᠲᠦ᠍ ᠠᠪᠴᠤ ᠬᠡᠯᠡᠪᠡᠯ ᠨᠢᠭᠡᠨᠲᠡ ᠳᠡᠯᠡᠬᠡᠢ ᠳᠡᠭᠡᠷ᠎ᠡ ᠠᠯᠠᠭ᠎ᠠ ᠪᠣᠯᠴᠢᠬᠠᠭᠰᠠᠨ ᠶᠤᠮᠰᠠᠨ᠃
