ᠵᠢᠷᠭᠠᠯᠠᠩ ᠠᠴᠠ ᠭᠡᠭᠡᠷᠡᠯ ᠵᠦᠭ – ᠶᠣᠨᠳᠣᠨ ᠤ ᠪᠢᠯᠢᠭ᠌ - ᠪᠠᠭᠠᠲᠤᠷ Жаргалнаас гэгээрэл зүг –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠯᠠᠩ ᠠᠴᠠ ᠭᠡᠭᠡᠷᠡᠯ ᠵᠦᠭ – ᠶᠣᠨᠳᠣᠨ ᠤ ᠪᠢᠯᠢᠭ᠌ - ᠪᠠᠭᠠᠲᠤᠷ Жаргалнаас гэгээрэл зүг –Ёндоны Билиг - Баатар

ᠵᠢᠷᠭᠠᠯᠠᠩ ᠠᠴᠠ ᠭᠡᠭᠡᠷᠡᠯ ᠵᠦᠭ – ᠶᠣᠨᠳᠣᠨ ᠤ ᠪᠢᠯᠢᠭ᠌ - ᠪᠠᠭᠠᠲᠤᠷ Жаргалнаас гэгээрэл зүг –Ёндоны Билиг - Баатар

2024-06-24

390

ᠵᠢᠷᠭᠠᠯᠠᠩ ᠠᠴᠠ ᠭᠡᠭᠡᠷᠡᠯ ᠵᠦᠭ


ᠲᠦᠮᠡᠨ ᠠᠭᠱᠠᠨ ᠤ᠋ ᠵᠢᠷᠭᠠᠯ ᠤ᠋ᠨ ᠵᠣᠯ ᠭᠡᠭᠡᠷᠡᠯ 
ᠵᠠᠭᠤᠷᠲᠤ ᠵᠢᠷᠭᠠᠯ ᠠ᠋ᠴᠠ ᠰᠠᠶ᠎ᠠ ᠵᠢᠸ᠎ᠠ ᠵᠠᠢ 
ᠮᠥᠩᠬᠡ ᠶ᠋ᠢᠨ ᠵᠢᠷᠭᠠᠯ ᠵᠠᠭᠤᠷᠲᠤ ᠶ᠋ᠢᠨ ᠪᠢᠰᠢ 
ᠮᠥᠷᠥᠭᠡᠳᠦᠯ ᠲᠡᠢ ᠵᠢᠷᠭᠠᠯ ᠯᠠ ᠦᠨᠳᠦᠰᠦ ᠲᠡᠢ 
ᠵᠢᠷᠭᠠᠯ ᠤ᠋ᠨ ᠡᠴᠢᠨ᠎ᠡ ᠤᠳᠬ᠎ᠠ ᠶ᠋ᠢᠨ ᠲᠣᠯᠢ 
ᠵᠠᠪᠠᠯ ᠴᠣ ᠦᠭᠡᠢ ᠪᠦᠬᠦᠨ ᠢ᠋ ᠨᠢ ᠲᠣᠯᠢᠳᠠᠮᠤᠢ 
ᠲᠣᠯᠢᠨ ᠳ᠋ᠤ᠌ ᠲᠤᠰᠬᠠᠭᠳᠠᠭᠰᠠᠨ ᠰᠡᠭᠦᠳᠡᠷ ᠪᠦᠬᠦᠨ 
ᠪᠣᠳᠠᠲᠤ ᠦᠨᠡᠨ ᠦ᠌ ᠴᠡᠭᠡᠯ ᠳ᠋ᠦ᠍ ᠨᠢᠭᠤᠭᠳᠠᠮᠤᠢ
ᠨᠢᠭᠤᠴᠠ ᠶ᠋ᠢᠨ ᠴᠠᠭᠠᠨᠠᠬᠢ ᠰᠠᠶ᠎ᠠ ᠵᠢᠸ᠎ᠠ ᠵᠢᠯ
ᠨᠢᠭᠤᠭᠰᠠᠨ ᠪᠦᠬᠦᠨ ᠢ᠋ᠶ᠋ᠡᠨ ᠲᠡᠭᠦᠰ ᠳᠠᠯᠳᠠᠯᠤᠮᠤᠢ
ᠬᠡᠳᠦᠢ ᠳᠠᠯᠳᠠᠯᠠᠨ ᠨᠢᠭᠤᠴᠠᠯᠠᠬᠤ ᠳᠣᠳᠣᠮ ᠢ᠋ᠶ᠋ᠠᠨ
ᠬᠡᠨ ᠡᠴᠡ ᠴᠦ᠍ ᠡᠷᠲᠡ ᠪᠢᠰᠢᠯᠭᠠᠯ ᠤ᠋ᠨ ᠰᠢᠳᠢ
ᠰᠡᠳᠬᠢᠯ ᠦ᠋ᠨ ᠠᠮᠤᠭᠤᠯᠠᠩ ᠢ᠋ᠶ᠋ᠠᠷ ᠭᠡᠭᠡᠷᠡᠯ ᠳ᠋ᠦ᠍
ᠰᠡᠷᠮᠡᠭᠦᠨ ᠲᠡᠭᠦᠯᠳᠡᠷ ᠲᠤᠢᠯᠪᠤᠷᠢᠲᠠᠢ ᠬᠦᠷᠦᠮᠦᠢ
ᠭᠠᠭᠴᠠᠬᠦ ᠬᠢᠴᠢᠶᠡᠩᠭᠦᠢ ᠨᠢᠭᠦᠯᠡᠰᠦᠩᠭᠦᠢ ᠶ᠋ᠢ ᠯᠡ
ᠭᠠᠷᠤᠨ ᠣᠷᠣᠨ ᠪᠠᠢᠩᠭᠤ ᠨᠢᠮᠪᠠᠢ ᠪᠠᠷᠢᠪᠠᠰᠤ
ᠭᠠᠳᠠᠷ ᠣᠷᠴᠢᠯᠠᠩ ᠤ᠋ᠨ ᠭᠡᠷᠡᠯ ᠮᠣᠩᠭᠣᠯ ᠮᠢᠨᠢ
ᠭᠠᠢᠬᠠᠮᠰᠢᠭᠲᠠᠢ ᠤᠷᠠᠨ ᠢ᠋ᠶ᠋ᠠᠷ ᠲᠠᠨ ᠲᠠᠢ ᠯᠠ
ᠴᠡᠩᠬᠡᠷ ᠨᠠᠷᠠᠨ ᠤ᠋ ᠰᠠᠶ᠎ᠠ ᠵᠢᠸ᠎ᠠ ᠰᠠᠴᠤᠷᠠᠭ
ᠴᠡᠪᠡᠷ ᠲᠤᠩᠭᠠᠯᠠᠭ ᠴᠢᠩᠭᠢᠰ ᠬᠡᠯᠡ ᠪᠡᠷ ᠲᠠᠨᠢ
ᠴᠢᠨᠳᠠᠮᠤᠨᠢᠯᠠᠭᠰᠠᠨ ᠢᠰᠡᠭᠡᠢ ᠭᠡᠷ ᠲᠡᠭᠡᠨ ᠯᠡ
ᠴᠢᠮ᠎ᠠ ᠶ᠋ᠢ ᠬᠠᠨᠢ ᠲᠠᠢ ᠴᠢᠨᠢ ᠯᠡ ᠤᠭᠲᠤᠮᠤᠢ
ᠬᠠᠢᠷ᠎ᠠ ᠲᠠᠯᠠᠷᠬᠠᠯ ᠤ᠋ᠨ ᠵᠢᠷᠭᠠᠯ ᠢ᠋ᠶ᠋ᠠᠷ ᠯᠠ ᠰᠠᠶᠢ
ᠬᠠᠮᠤᠭ ᠲᠩᠷᠢᠯᠢᠭ ᠭᠡᠭᠡᠷᠡᠯ ᠳ᠋ᠦ᠍ ᠭᠢᠯᠠᠰ ᠬᠥᠷᠥᠮᠦᠢ

   2024᠂ 06᠂ 24᠃ 11᠄13 ᠮᠥᠴᠡ᠃