ᠰᠡᠳᠬᠢᠯ ᠦ᠋ᠨ ᠬᠠᠢᠯᠠᠨ- ᠭ· ᠴᠢᠩᠪᠠᠭᠠᠲᠤᠷСэтгэлийн хайлан-Г·Чинбаатар
ᠭ· ᠴᠢᠩᠪᠠᠭᠠᠲᠤᠷ
ᠲᠠᠯᠢᠢᠭᠴᠢ ᠶ᠋ᠢᠨ ᠮᠢᠨᠢ ᠨᠡᠷ᠎ᠡ ᠶ᠋ᠢ ᠯ· ᠪᠠᠲᠤᠵᠢᠷᠭᠠᠯ ᠬᠡᠮᠡᠨ᠎ᠡ᠃ ᠨᠠᠢᠵᠠ ᠨᠥᠬᠥᠳ ᠨᠢ ᠪᠠᠢᠩᠭᠤ ᠯ· ᠪᠠ᠊ ᠳᠠᠭᠤᠳᠠᠭᠰᠠᠭᠠᠷ ᠪᠠᠢᠵᠤ ᠲᠡᠢᠨ ᠬᠦ᠌ ᠨᠡᠷᠡᠰᠢᠵᠡᠢ᠃ ᠳᠡᠭᠡᠷ᠎ᠡ ᠵᠠᠭᠤᠨ ᠤ᠋ ᠶᠡᠷᠡᠭᠡᠳ ᠣᠨ ᠤ᠋ ᠰᠡᠭᠦᠯᠴᠢ ᠪᠡᠷ ᠪᠡᠰᠦᠲᠡᠢ ᠬᠠᠰᠪᠢᠯᠢᠭ᠌ ᠨᠠᠮᠠᠶ᠋ᠢ ᠴᠡᠪᠡᠷ ᠲᠡᠭᠰᠢ ᠡᠮᠦᠰᠦᠭᠰᠡᠨ᠂ ᠰᠠᠢᠬᠠᠨ ᠪᠡᠶᠡᠷᠬᠡᠦ᠂ ᠲᠣᠮᠣ ᠬᠠᠮᠠᠷ᠂ ᠵᠢᠮᠢᠭᠡᠷ ᠤᠷᠤᠭᠤᠯ ᠲᠠᠢ᠂ ᠬᠥᠭᠵᠢᠯᠲᠡᠢ ᠯᠣᠭᠢᠭᠴᠢ ᠶᠠᠷᠢᠶ᠎ᠠ ᠲᠠᠢ ᠬᠥᠮᠦᠨ ᠯᠦ᠍ᠭᠡ ᠠᠭᠤᠯᠵᠠᠭᠤᠯᠵᠤ
《ᠲᠠᠨ ᠤ᠋ ᠨᠤᠲᠤᠭ ᠤ᠋ᠨ ᠠᠬ᠎ᠠ᠂ ᠢᠷᠠᠭᠤ ᠨᠠᠢᠷᠠᠭᠴᠢ᠂ ᠰᠢᠭᠦᠮᠵᠢᠯᠡᠭᠴᠢ ᠯ· ᠪᠠ᠊》 ᠭᠡᠵᠦ ᠲᠠᠨᠢᠯᠴᠠᠭᠤᠯᠤᠭᠰᠠᠨ ᠠ᠋ᠴᠠ ᠬᠣᠢᠰᠢ ᠨᠠᠰᠤᠨ ᠤ᠋ ᠵᠥᠷᠢᠶ᠎ᠡ ᠶᠡᠬᠡ ᠪᠣᠯᠪᠠᠴᠤ ᠦᠶ᠎ᠡ ᠵᠠᠢ ᠦᠭᠡᠢ ᠰᠠᠢᠬᠠᠨ ᠶᠠᠪᠤᠯᠴᠠᠳᠠᠭ ᠪᠣᠯᠤᠭᠰᠠᠨ ᠶᠤᠮ᠃ ᠬᠠᠶᠠ ᠬᠣᠶᠠᠷ ᠯᠠᠩ ᠤᠤᠭᠤᠴᠢᠬᠠᠭᠠᠳ᠄《ᠮᠢᠨᠦ ᠳᠡᠭᠦᠦ ᠬᠦᠷᠦᠭᠡᠳ ᠢᠷ᠎ᠡ》 ᠭᠡᠬᠦ ᠪᠡᠷ ᠨᠢ ᠪᠢ ᠴᠠᠭᠤᠷᠭᠠᠯᠠᠵᠤ᠄ 《ᠠᠵᠢᠯ ᠶᠡᠬᠡ ᠲᠡᠢ ᠪᠠᠢᠨ᠎ᠠ᠂ ᠳᠠᠷᠠᠭ᠎ᠠ ᠪᠠᠷ᠁》 ᠭᠡᠳᠡᠭ ᠪᠠᠢᠭᠰᠠᠨ ᠢ᠋ᠶ᠋ᠠᠨ ᠣᠳᠣ ᠰᠠᠨᠠᠬᠤ ᠳ᠋ᠤ᠌ ᠬᠠᠷᠠᠮᠰᠠᠬᠤ ᠶᠤᠮ᠃ ᠬᠥᠭᠡᠷᠦᠬᠦᠢ! ᠦᠨᠡᠨ ᠦ᠌ ᠣᠷᠣᠨ ᠳ᠋ᠠᠭᠠᠨ ᠶᠠᠪᠤᠴᠢᠬᠠᠭᠰᠠᠨ ᠬᠣᠢᠨ᠎ᠠ ᠨᠢ ᠯᠡ ᠦᠭᠡᠢᠯᠡᠵᠦ ᠳᠤᠷᠠᠰᠬᠤ ᠪᠠᠨ ᠮᠡᠳᠡᠳᠡᠭ ᠬᠥᠮᠦᠨ ᠬᠠᠷ᠎ᠠ ᠲᠡᠷᠢᠭᠦᠲᠡᠨ ᠦ᠌ ᠠᠷᠠᠨᠰᠢᠨ ᠢ᠋ᠶ᠋ᠠᠷ ᠣᠳᠣ ᠡᠢᠨ ᠬᠦ᠌ ᠭᠡᠭᠡᠨ ᠳᠦᠷᠢ ᠶ᠋ᠢ ᠨᠢ ᠪᠣᠳᠣᠨ ᠪᠣᠳᠣᠨ ᠡᠨᠡ ᠬᠦ᠌ ᠪᠡᠰᠡᠷᠡᠭ ᠳᠤᠷᠠᠰᠤᠮᠵᠢ ᠪᠠᠨ ᠪᠢᠴᠢᠵᠦ ᠪᠠᠢᠨ᠎ᠠ᠃ ᠶᠡᠷᠦ ᠨᠢ ᠪᠤᠷᠬᠠᠨ ᠪᠣᠯᠬᠤ ᠠ᠋ᠴᠠ ᠨᠢ ᠡᠮᠦᠨ᠎ᠡ ᠬᠡᠳᠦᠨ ᠰᠥᠨᠢ ᠳᠠᠷᠠᠭᠠᠯᠠᠨ ᠵᠡᠭᠦᠳᠦᠯᠡᠭᠡᠳ ᠪᠠᠢᠬᠤ ᠪᠠᠷ ᠨᠢ᠄《ᠣᠷᠴᠢᠮ ᠪᠢ ᠯ· ᠪᠠ᠊ ᠶᠢ ᠵᠡᠭᠦᠳᠦᠯᠡᠭᠡᠳ ᠪᠠᠢᠨ᠎ᠠ᠂ ᠶᠠᠭᠠᠬᠢᠵᠤ ᠪᠠᠢᠭ᠎ᠠ ᠪᠣᠯ ᠳᠠ?》 ᠭᠡᠵᠦ ᠠᠪᠠᠭᠠᠢ ᠳ᠋ᠠᠭᠠᠨ ᠶᠠᠷᠢᠵᠤ ᠪᠠᠢᠭᠰᠠᠨ ᠪᠢᠯᠡ᠃ ᠭᠡᠪᠡᠴᠦ ᠰᠡᠭᠦᠯ ᠦ᠋ᠨ ᠦᠶ᠎ᠡ ᠳ᠋ᠦ᠍ ᠠᠬ᠎ᠠ ᠶ᠋ᠢᠨ ᠮᠠᠨᠢ ᠰᠤᠷᠠᠭ ᠲᠠᠰᠤᠷᠠᠵᠤ᠂ ᠨᠠᠢᠵᠠ ᠨᠥᠬᠥᠳ ᠲᠡᠢ ᠪᠡᠨ ᠠᠭᠤᠯᠵᠠᠬᠤ ᠦᠭᠡᠢ᠂ ᠤᠲᠠᠰᠤ ᠴᠤ ᠲᠤᠰᠬᠤ ᠪᠠᠨ ᠪᠠᠢᠴᠢᠬᠠᠭᠰᠠᠨ ᠪᠣᠯᠬᠣᠷ ᠨᠢ ᠠᠭᠤᠯᠵᠠ ᠪᠣᠯᠭᠣᠭᠠᠵᠤ ᠳᠠᠩᠴᠤ ᠴᠢᠳᠠᠭᠰᠠᠨ ᠦᠭᠡᠢ᠃ ᠬᠠᠶᠠ ᠬᠠᠶᠠ《ᠯ· ᠪᠠ᠊ ᠨᠤᠲᠤᠭ ᠲᠠᠭᠠᠨ ᠬᠠᠷᠢᠵᠤ ᠭᠡᠨ᠎ᠡ᠃ ᠪᠡᠶ᠎ᠡ ᠨᠢ ᠠᠨᠠᠢᠬᠠᠨ ᠪᠠᠢᠭ᠎ᠠ ᠭᠡᠨ᠎ᠡ᠃ ᠠᠵᠢᠯᠯᠠᠬᠤ ᠪᠠᠨ ᠪᠠᠢᠴᠢᠬᠠᠵᠤ ᠭᠡᠨ᠎ᠡ》 ᠭᠡᠰᠡᠨ ᠳᠠᠮ ᠤ᠋ᠨ ᠰᠤᠷᠠᠭ ᠯᠠ ᠰᠣᠨᠣᠰᠳᠠᠭᠰᠠᠭᠠᠷ ᠪᠠᠢᠯ᠎ᠠ᠃ ᠲᠡᠭᠡᠵᠦ ᠪᠠᠢᠲᠠᠯ᠎ᠠ ᠨᠢᠭᠡ ᠥᠷᠯᠥᠭᠡ ᠮᠣᠩᠭᠣᠯ ᠲᠤᠰᠬᠠᠢ ᠶ᠋ᠢᠨ ᠵᠢᠷᠤᠮᠲᠤ (ᠡᠳᠦᠭᠡ ᠲᠥᠪ ᠷᠠᠳᠢᠣ᠋ ᠳ᠋ᠤ᠌ ᠠᠵᠢᠯᠯᠠᠵᠤ ᠪᠣᠢ》 ᠤᠲᠠᠰᠤ ᠪᠠᠷ᠄《ᠠᠬ᠎ᠠ ᠠ᠋! ᠪᠠ᠊᠂ ᠪᠠᠭᠰᠢ ᠪᠤᠷᠬᠠᠨ ᠪᠣᠯᠴᠢᠬᠠᠵᠤ ᠭᠡᠨ᠎ᠡ!》 ᠭᠡᠬᠦ ᠪᠡᠷ ᠨᠢ ᠮᠠᠯ ᠭᠠᠢᠬᠠᠵᠤ ᠴᠡᠯ ᠬᠥᠬᠡᠷᠡᠭᠰᠡᠨ ᠪᠢᠯᠡ᠃ ᠦᠭᠡᠢ᠂ ᠲᠦᠷᠦᠭᠦᠬᠡᠨ ᠯᠡ ᠬᠠᠷᠢᠶᠠᠲᠤ ᠡᠮᠨᠡᠯᠭᠡ ᠳ᠋ᠦ᠍ ᠪᠠᠢᠬᠤ ᠳ᠋ᠤᠨᠢ ᠡᠷᠭᠢᠵᠦ ᠦᠵᠡᠬᠦ ᠪᠡᠷ ᠣᠴᠢᠬᠤ ᠳ᠋ᠤ᠌᠄《ᠪᠠ᠊ ᠪᠠᠭᠰᠢ ᠨᠢ ᠤᠳᠠᠬᠤ ᠦᠭᠡᠢ ᠡᠮᠨᠡᠯᠭᠡ ᠡᠴᠡ ᠭᠠᠷᠴᠢᠬᠠᠨ᠎ᠠ᠃ ᠲᠡᠭᠡᠪᠡᠯ ᠰᠤᠨᠧᠲ ᠰᠢᠯᠦᠭ (ᠥᠪᠥᠷ ᠮᠣᠩᠭᠣᠯ ᠳ᠋ᠤ᠌ ᠰᠣᠨᠧᠲ ᠰᠢᠯᠦᠭ ᠪᠢᠴᠢᠳᠡᠭ ᠬᠥᠮᠦᠨ ᠥᠭᠡᠷ᠎ᠡ ᠪᠠᠢᠭ᠎ᠠ ᠪᠣᠯᠪᠠ ᠤᠤ? ᠶᠠᠭᠤᠲᠠᠢ ᠴᠤ ᠯ· ᠪᠠ᠊ ᠭᠤᠸᠠᠢ ᠮᠠᠨᠢ ᠰᠢᠯᠦᠭ ᠦ᠋ᠨ ᠲᠢᠭ ᠬᠡᠯᠪᠡᠷᠢ ᠶ᠋ᠢ ᠭᠦᠢᠴᠡᠳ ᠣᠢᠯᠠᠭᠠᠳᠠᠭ ᠨᠢᠭᠡᠨ ᠪᠠᠢᠭᠰᠠᠨ ᠪᠢᠯᠡ) ᠤᠨ ᠲᠡᠭᠦᠪᠦᠷᠢ ᠪᠡᠨ ᠬᠢᠨ᠎ᠡ᠃ ᠲᠡᠷᠡ ᠦᠶ᠎ᠡ ᠳ᠋ᠦ᠍ ᠳᠡᠭᠦᠦ ᠪᠡᠷᠢ ᠪᠡᠷ ᠢ᠋ᠶ᠋ᠡᠨ ᠨᠣᠮ ᠤ᠋ᠨ ᠦᠰᠦᠭ ᠢ᠋ᠶ᠋ᠡᠨ ᠦᠷᠦᠭᠦᠯᠦᠨᠡ ᠰᠢᠦ》 ᠭᠡᠵᠦ ᠶᠠᠷᠢᠵᠤ ᠪᠠᠢᠭᠰᠠᠨ ᠪᠢᠰᠢ ᠤᠤ! ᠲᠡᠭᠦᠨ ᠡᠴᠡ ᠬᠣᠢᠰᠢ ᠠᠭᠤᠯᠵᠠᠭ᠎ᠠ ᠦᠭᠡᠢ ᠡᠳᠦᠢ ᠤᠳᠠᠴᠢᠬᠠᠯ᠎ᠠ ᠭᠡᠵᠦ ᠤᠤ? ᠴᠢᠬᠢ ᠪᠡᠨ ᠢᠳᠡᠭᠡ ᠶᠠᠳᠠᠨ᠎ᠠ ᠭᠡᠭᠴᠢ ᠶ᠋ᠢ ᠪᠢ ᠲᠡᠭᠡᠵᠦ ᠯᠡ ᠮᠡᠳᠡᠭᠰᠡᠨ ᠶᠦᠮ᠃ ᠲᠡᠢᠮᠦ ᠨᠢᠭᠡ ᠬᠥᠮᠦᠨ ᠲᠡᠭᠡᠭᠡᠳ ᠯᠡ ᠢᠳᠡ ᠰᠠᠢᠬᠠᠨ ᠨᠠᠰᠤᠨ ᠳ᠋ᠠᠭᠠᠨ ᠳᠤᠲᠠᠭᠤ ᠪᠢᠴᠢᠭᠰᠡᠨ ᠰᠢᠯᠦᠭ ᠢ᠋ᠶ᠋ᠡᠨ ᠰᠢᠭ᠌ ᠬᠠᠷᠠᠮᠰᠠᠯ ᠳᠤᠷᠠᠰᠤᠮᠵᠢ ᠦᠯᠡᠳᠡᠭᠡᠭᠡᠳ ᠬᠤᠳᠠᠯ ᠦᠨᠡᠨ᠂ ᠬᠣᠷᠣ ᠢᠷᠣ᠎ᠠ᠂ ᠡᠷᠬᠡ ᠮᠥᠩᠭᠥᠨ ᠳ᠋ᠦ᠍ ᠵᠢᠪᠦᠭᠰᠡᠨ ᠨᠢᠭᠦᠯ ᠦ᠋ᠨ ᠬᠣᠷᠸ᠎ᠠ ᠶ᠋ᠢ ᠲᠡᠪᠴᠢᠨ ᠣᠳᠴᠠᠢ᠃ ᠠᠮᠢᠳᠤ ᠳ᠋ᠠᠭᠠᠨ ᠢᠯᠡᠭᠦᠳᠡᠭᠰᠡᠨ ᠬᠥᠮᠦᠨ ᠰᠢᠭ᠌ ᠬᠠᠪᠴᠢᠭᠤᠯᠵᠤ ᠶᠠᠪᠤᠭᠰᠠᠨ ᠨᠢᠭᠡᠨ ᠢ᠋ᠶ᠋ᠡᠨ ᠨᠢᠳᠦ ᠠᠨᠢᠭᠰᠠᠨ ᠬᠣᠢᠨ᠎ᠠ ᠨᠢ ᠮᠠᠲᠠᠷ ᠤ᠋ᠨ ᠨᠢᠯᠪᠤᠰᠤ ᠤᠨᠠᠭᠠᠨ ᠪᠠᠢᠵᠤ ᠥᠪᠡᠷ ᠢ᠋ᠶ᠋ᠡᠨ ᠣᠷᠣᠨ ᠳ᠋ᠤᠨᠢ ᠶᠠᠪᠤᠴᠢᠬᠠᠮᠠᠷ ᠰᠦᠷᠴᠢᠭᠢᠨᠡᠳᠡᠭ ᠬᠥᠮᠦᠨ ᠵᠥᠩᠳᠡᠭᠡᠨ ᠯᠡ ᠪᠠᠢᠳᠠᠭ ᠪᠣᠯᠪᠠᠴᠤ ᠯ· ᠪᠠ᠊ ᠠᠬ᠎ᠠ ᠶ᠋ᠢ ᠮᠢᠨᠢ ᠦᠭᠡᠢᠯᠡᠵᠦ ᠰᠣᠨᠢᠨ ᠰᠡᠳᠬᠦᠯ ᠳ᠋ᠦ᠍ ᠳᠤᠷᠠᠰᠤᠮᠵᠢ ᠨᠡᠢᠲᠡᠯᠡᠭᠦᠯᠦᠭᠰᠡᠨ ᠬᠥᠮᠦᠨ ᠡᠳᠦᠷ ᠦ᠋ᠨ ᠣᠳᠣ ᠰᠢᠭ᠋ ᠬᠣᠪᠣᠷ ᠪᠠᠢᠭᠰᠠᠨ ᠢ᠋ ᠨᠢ ᠭᠠᠢᠬᠠᠮᠠᠷ! ᠢᠲᠡᠭᠡᠵᠦ ᠰᠠᠨᠠᠵᠤ ᠶᠠᠪᠤᠭᠰᠠᠨ ᠨᠠᠢᠵᠠ ᠨᠥᠬᠥᠳ ᠨᠢ ᠡᠢᠮᠦ ᠯᠡ ᠠᠮᠠᠷᠬᠠᠨ ᠮᠠᠷᠲᠠᠴᠢᠬᠠᠭᠰᠠᠨ ᠬᠡᠷᠡᠭ ᠤᠤ? ᠡᠰᠡᠬᠦᠯ᠎ᠡ᠁ ᠭᠡᠪᠡᠴᠦ ᠮᠢᠨᠦ ᠪᠣᠳᠣᠬᠤ ᠪᠠᠷ ᠲᠡᠢᠮᠦ ᠪᠢᠰᠢ᠃ ᠠᠮᠢᠳᠤ ᠠᠬᠤᠢ ᠴᠠᠭ ᠲᠠᠭᠠᠨ ᠨᠡᠷ᠎ᠡ ᠲᠥᠷᠥ᠂ ᠵᠡᠷᠭᠡ ᠬᠡᠷᠬᠡᠮ᠂ ᠥᠨᠳᠥᠷ ᠮᠠᠯᠠᠭᠠᠢ ᠬᠦᠰᠡᠭᠡ ᠦᠭᠡᠢ ᠶᠠᠪᠤᠭᠰᠠᠨ ᠠᠪᠢᠶᠠᠰᠲᠤ ᠡᠨᠡ ᠬᠥᠮᠦᠨ ᠦ᠌ ᠲᠤᠬᠠᠢ ᠬᠡᠨ ᠴᠦ᠍ ᠭᠡᠳ ᠦᠨᠡᠯᠡᠯᠲᠡ ᠥᠭᠬᠦ ᠡᠴᠡ ᠪᠡᠨ ᠲᠠᠲᠠᠭᠠᠯᠵᠠᠵᠤ ᠪᠠᠢᠭᠰᠠᠨ ᠪᠤᠶᠤ ᠦᠨᠡᠯᠡᠯᠲᠡ ᠥᠭᠴᠦ ᠴᠦ᠍ ᠴᠢᠳᠠᠬᠤ ᠦᠭᠡᠢ ᠪᠠᠢᠭᠰᠠᠨ ᠪᠠᠢᠬ᠎ᠠ᠃ ᠠᠮᠢᠳᠤ ᠳ᠋ᠤᠨᠢ ᠥᠭᠴᠦ ᠪᠠᠶᠠᠷᠯᠠᠭᠤᠯᠵᠤ ᠴᠢᠳᠠᠭ᠎ᠠ ᠦᠭᠡᠢ ᠦᠨᠡᠨᠴᠢ ᠰᠡᠳᠬᠢᠯ ᠦ᠋ᠨ ᠲᠣᠬᠣᠷᠠᠭᠤᠯᠤᠯ᠂ ᠵᠢᠩᠬᠢᠨᠢ ᠶᠣᠰᠣᠨ ᠤ᠋ ᠡᠷᠭᠦᠮᠵᠢᠯᠡᠯ ᠢ᠋ ᠪᠤᠷᠬᠠᠨ ᠪᠣᠯᠤᠭᠰᠠᠨ ᠬᠣᠢᠨ᠎ᠠ ᠨᠢ ᡀᠣ᠌ᠷᠭᠤ ᠪᠣᠯᠭᠠᠨ ᠪᠣᠯᠭᠠᠨ ᠪᠢᠴᠢᠭᠡᠳ ᠴᠦ᠍ ᠶᠠᠭᠠᠬᠢᠬᠤ ᠪᠣᠢ᠃ ᠲᠡᠭᠡᠬᠦ ᠳ᠋ᠦ᠍ ᠯ· ᠪᠠ᠊ ᠭᠤᠸᠠᠢ ᠮᠢᠨᠢ ᠳᠤᠷ᠎ᠠ ᠴᠤ ᠦᠭᠡᠢ ᠭᠡᠵᠦ ᠣᠢᠯᠠᠭᠠᠳᠠᠭ ᠴᠥᠭᠡᠨ ᠨᠠᠢᠵᠠ ᠨᠢ ᠪᠣᠳᠣᠭᠰᠠᠨ ᠪᠠᠢᠬ᠎ᠠ ᠭᠡᠵᠦ ᠪᠢ ᠰᠠᠨᠠᠳᠠᠭ᠃2005 ᠣᠨ ᠤ᠋ ᠡᠪᠦᠯ ᠮᠣᠩᠭᠣᠯ ᠤᠯᠤᠰ ᠤ᠋ᠨ ᠠᠷᠠᠳ ᠤ᠋ᠨ ᠤᠷᠠᠨ ᠵᠣᠬᠢᠶᠠᠯᠴᠢ᠂ ᠰᠣᠶᠣᠯ ᠤ᠋ᠨ ᠭᠠᠪᠢᠶᠠᠲᠤ ᠵᠢᠳᠬᠦᠯᠲᠡᠨ ᠪᠠᠪᠤᠤ ᠶᠢᠨ ᡀᠬᠠᠪᠠᠰᠥ᠋ᠷᠦᠩ ᠭᠤᠸᠠᠢ᠄《ᠬᠥᠭᠡᠷᠦᠬᠦᠢ! ᠥᠪᠥᠢ ᠮᠣᠩᠭᠣᠯ ᠤ᠋ᠨ ᠤᠷᠠᠨ ᠵᠣᠬᠢᠶᠠᠯ ᠳ᠋ᠤ᠌ ᠮᠠᠰᠢ ᠬᠡᠷᠡᠭ ᠲᠡᠢ ᠬᠥᠮᠦᠨ ᠪᠠᠢᠭᠰᠠᠨ ᠰᠠᠨ᠃ ᠣᠷᠣᠰ ᠤ᠋ᠨ ᠤᠷᠠᠨ ᠵᠣᠬᠢᠶᠠᠯ ᠤ᠋ᠨ ᠲᠤᠬᠠᠢ ᠲᠡᠭᠦᠨ ᠰᠢᠭ ᠮᠡᠳᠡᠳᠡᠭ ᠬᠥᠮᠦᠨ ᠥᠪᠥᠷ ᠮᠣᠩᠭᠣᠯ ᠳ᠋ᠤ᠌ ᠥᠭᠡᠷ᠎ᠡ ᠪᠠᠢᠬᠤ ᠦᠭᠡᠢ᠃ ᠳᠠᠩᠴᠤ ᠡᠨᠡ ᠬᠥᠮᠦᠨ ᠢ᠋ ᠲᠠᠨᠢᠭ᠎ᠠ ᠦᠭᠡᠢ ᠳᠡ᠂ ᠶᠠᠭᠠᠬᠢᠶ᠎ᠠ ᠭᠡᠬᠦ ᠪᠣᠢ ᠳᠠ᠃ ᠰᠡᠴᠡᠨ ᠨᠢ ᠶᠠᠪᠤᠵᠤ᠂ ᠲᠡᠨᠡᠭ ᠨᠢ ᠦᠯᠡᠳᠡᠳᠡᠭ ᠬᠣᠷᠸ᠎ᠠ ᠶᠤᠮ ᠳᠠ》 ᠭᠡᠵᠦ ᠳᠤᠷᠠᠰᠴᠤ ᠪᠢᠯᠡ᠃ ᠡᠳᠦᠭᠡ ᠪᠣᠯᠲᠠᠯ᠎ᠠ ᠮᠢᠨᠦ ᠲᠠᠨᠢᠯᠴᠠᠭᠰᠠᠨ ᠬᠥᠮᠦᠰ ᠦ᠋ᠨ ᠳᠣᠲᠣᠷ᠎ᠠ ᠯ· ᠪᠠ᠊ ᠪᠠᠭᠰᠢ ᠮᠢᠨᠢ ᠰᠢᠭ ᠮᠡᠳᠡᠯᠭᠡ ᠲᠡᠢ᠂ ᠴᠡᠴᠡᠨ ᠶᠠᠷᠢᠶ᠎ᠠ ᠲᠠᠢ ᠬᠥᠮᠦᠨ ᠴᠥᠭᠡᠨ ᠰᠠᠨ᠃ ᠨᠡᠪᠲᠡᠷᠡᠭᠦᠯᠭᠡ ᠪᠡᠷ ᠢᠷᠡᠵᠦ ᠶᠠᠷᠢᠯᠴᠠᠯᠭ᠎ᠠ ᠥᠭᠬᠦ ᠳ᠋ᠦ᠍ᠨᠢ ᠤᠷᠤᠰᠤᠮ᠎ᠠ ᠲᠣᠳᠣᠷᠬᠠᠢ᠂ ᠨᠠᠢᠷᠠᠯᠭ᠎ᠠ ᠰᠠᠢᠲᠠᠢ ᠶᠠᠷᠢᠶᠠᠨ ᠳ᠋ᠤᠨᠢ ᠪᠢᠰᠢᠷᠡᠵᠦ᠂ ᠬᠡᠯᠡ ᠪᠡᠨ ᠬᠠᠵᠠᠳᠠᠭ ᠪᠠᠢᠭᠰᠠᠨ ᠰᠠᠨ᠃ ᠢᠯᠠᠩᠭᠤᠶ᠎ᠠ ᠧᠦ᠋ᠷᠣᠫᠠ ᠤᠷᠠᠨ ᠵᠣᠬᠢᠶᠠᠯ ᠪᠠ ᠠᠯᠳᠠᠷᠲᠤ ᠵᠣᠬᠢᠶᠠᠯᠴᠢᠳ ᠤ᠋ᠨ ᠲᠤᠬᠠᠢ ᠭᠣᠢᠳᠠ ᠶᠠᠷᠢᠶᠠᠨ ᠳ᠋ᠤᠷ ᠠᠮᠲᠠᠰᠢᠵᠤ᠂ ᠠᠮᠠ ᠪᠠᠨ ᠠᠩᠭᠠᠢᠨ ᠰᠠᠭᠤᠳᠠᠭ ᠪᠠᠢᠭᠰᠠᠨ ᠶᠤᠮ᠂ ᠫᠦᠱᠺᠢᠨ ᠾᠧᠮᠢᠩᠸᠸᠢ᠂ ᠠᠯᠯᠠᠨ ᠫᠤ᠂ ᠠ᠊᠂ ᠲᠤᠯᠰᠲ᠋ᠤᠢ᠂ ᠠᠨᠳᠧᠷᠰᠸᠨ᠂ ᠱᠦᠺᠰᠢᠨ᠁ ᠵᠡᠷᠭᠡ ᠠᠯᠳᠠᠷᠲᠤ ᠵᠣᠬᠢᠶᠠᠯᠴᠢ; ᠸᠠᠨ ᠭᠣ᠊᠂ ᠳ᠋ᠠᠯᠢ᠂ ᠫᠢᠺᠡᠰᠤ᠁ ᠵᠡᠷᠭᠡ ᠵᠢᠷᠤᠭᠴᠢᠳ᠂ ᠪᠧᠲ᠋ᡁᠣ᠌ᠹᠸᠨ ᠂ ᠮᠤᠽᠠᠷᠲ᠁ ᠵᠡᠷᠭᠡ ᠬᠥᠭᠵᠢᠮ ᠦ᠋ᠨ ᠵᠣᠬᠢᠶᠠᠯᠴᠢ ᠶ᠋ᠢᠨ ᠲᠤᠬᠠᠢ ᠪᠠᠢᠩᠭᠤ ᠶᠠᠷᠢᠬᠤ ᠪᠥᠭᠡᠳ ᠲᠡᠳᠡᠨ ᠦ᠌ ᠠᠵᠠ ᠪᠤᠰᠤ ᠤᠴᠠᠷᠠᠯ᠂ ᠬᠠᠷᠠᠰᠠᠯᠲᠤ ᠲᠡᠭᠦᠰᠬᠡᠯ ᠢ᠋ ᠨᠢ ᠵᠢᠩᠬᠢᠨᠢ ᠤᠷᠠᠨ ᠪᠦᠲᠦᠭᠡᠯᠴᠢ ᠬᠥᠮᠦᠨ ᠦ᠌ ᠠᠮᠢᠳᠤᠷᠠᠯ᠂ ᠬᠤᠪᠢ ᠵᠠᠶᠠᠭ᠎ᠠ ᠲᠡᠢᠮᠦ ᠯᠡ ᠪᠠᠢᠳᠠᠭ ᠮᠡᠲᠦ ᠪᠡᠷ ᠪᠠᠬᠠᠷᠬᠠᠨ ᠶᠠᠷᠢᠳᠠᠭ ᠪᠠᠢᠯ᠎ᠠ᠃ ᠨᠢᠭᠡᠨ ᠦᠶ᠎ᠡ《ᠳᠡᠯᠡᠬᠡᠢ ᠶ᠋ᠢᠨ ᠤᠳᠬ᠎ᠠ ᠵᠣᠬᠢᠶᠠᠯ》 ᠰᠡᠳᠬᠦᠯ ᠦ᠋ᠨ ᠨᠠᠢᠳᠠᠯᠭ᠎ᠠ ᠪᠠᠷ ᠡᠳᠡᠭᠡᠷ ᠬᠥᠮᠦᠰ ᠦ᠋ᠨ ᠲᠤᠬᠠᠢ ᠨᠠᠮᠲᠠᠷᠴᠢᠯᠠᠨ ᠪᠢᠴᠢᠬᠦ ᠶ᠋ᠢᠨ ᠲᠤᠯᠠᠳᠠ ᠬᠥᠬᠡᠬᠣᠲᠠ ᠶ᠋ᠢᠨ ᠨᠣᠮ ᠤ᠋ᠨ ᠳᠡᠯᠭᠡᠭᠦᠷ ᠢ᠋ ᠪᠠᠷᠠᠲᠠᠯ᠎ᠠ ᠨᠣᠮ᠂ ᠰᠡᠳᠬᠦᠯ᠂ ᠳᠦᠷᠰᠦ ᠪᠢᠴᠢᠯᠭᠡ ᠪᠡᠳᠡᠷᠢᠨ ᠪᠠᠷᠢᠵᠤ ᠦᠨᠡᠬᠡᠷ ᠤᠩᠰᠢᠪᠤᠷᠢᠲᠠᠢ ᠭᠣᠢᠳᠠ ᠲᠠᠨᠢᠯᠴᠠᠭᠤᠯᠭ᠎ᠠ ᠶ᠋ᠢᠨ ᠵᠣᠬᠢᠶᠠᠯ ᠪᠢᠴᠢᠵᠦ ᠨᠡᠢᠲᠡᠯᠡᠭᠦᠯᠵᠦ ᠪᠠᠢᠭᠰᠠᠨ ᠪᠢᠯᠡ᠃ ᠠᠮᠢᠳᠤ ᠠᠬᠤᠢ ᠴᠠᠭ ᠲᠠᠭᠠᠨ ᠳᠡᠭᠡᠷᠡᠯᠬᠡᠭᠦᠯᠵᠦ᠂ ᠭᠠᠳᠠᠭᠤᠷᠴᠢᠯᠠᠭᠤᠯᠵᠤ ᠶᠠᠪᠤᠭᠰᠠᠨ ᠲᠡᠳᠡᠭᠡᠷ ᠰᠤᠤᠲᠤ ᠬᠥᠮᠦᠰ ᠨᠢᠭᠡ ᠶᠣᠰᠣᠨ ᠳ᠋ᠠᠭᠠᠨ ᠲᠠᠯᠢᠢᠭᠴᠢ ᠶ᠋ᠢᠨ ᠮᠢᠨᠢ ᠳᠠᠭᠤᠷᠢᠶᠠᠯ᠂ ᠲᠡᠳᠡᠨ ᠰᠢᠭ᠋ ᠶᠠᠪᠤᠵᠤ ᠴᠢᠳᠠᠪᠠᠯ ᠪᠣᠯᠤᠭ᠎ᠠ ᠭᠡᠵᠦ ᠰᠠᠨᠠᠳᠠᠭ ᠪᠠᠢᠭᠰᠠᠨ ᠴᠤ ᠪᠣᠯᠪᠠ ᠤᠤ ᠳᠠ! ᠬᠠᠷᠢᠨ ᠲᠠᠯᠢᠢᠭᠴᠢ ᠶ᠋ᠢᠨ ᠮᠢᠨᠢ ᠠᠮᠢᠳᠤᠷᠠᠯ ᠤ᠋ᠨ ᠲᠡᠭᠦᠰᠬᠡᠯ᠂ ᠲᠣᠬᠢᠶᠠᠯ ᠤᠴᠠᠷᠠᠯ ᠥᠪᠡᠷ ᠦ᠋ᠨ ᠬᠢᠨᠢ ᠰᠢᠳᠦᠨ ᠪᠢᠰᠢᠷᠡᠵᠦ ᠪᠠᠢᠭᠰᠠᠨ ᠰᠤᠤᠲᠤ ᠬᠥᠮᠦᠰ ᠦ᠋ᠨ ᠬᠢ ᠲᠡᠢ ᠶᠠᠭᠠᠬᠢᠬᠤ ᠪᠣᠢ ᠲᠡᠢᠮᠦ ᠠᠳᠠᠯᠢᠬᠠᠨ ᠪᠠᠢᠭᠰᠠᠨ ᠢ᠋ ᠣᠳᠣ ᠡᠷᠭᠢᠴᠡᠭᠦᠯᠬᠦ ᠳ᠋ᠦ᠍ ᠬᠣᠷᠸ᠎ᠠ ᠬᠥᠮᠦᠨ ᠬᠣᠶᠠᠷ ᠲᠤ ᠭᠣᠮᠣᠳᠠᠴᠢᠬᠠᠮᠠᠷ ᠪᠣᠯᠬᠤ ᠶᠤᠮ᠃
ᠲᠠᠯᠢᠢᠭᠴᠢ ᠮᠠᠨᠢ ᠪᠢᠳᠡᠨ ᠲᠡᠢ ᠬᠠᠮᠲᠤ ᠳᠡᠯᠡᠬᠡᠢ ᠶ᠋ᠢᠨ ᠢᠷᠠᠭᠤ ᠨᠠᠢᠷᠠᠭ ᠤ᠋ᠨ ᠡᠳᠦᠷ ᠢ᠋ ᠲᠡᠮᠳᠡᠭᠯᠡᠨ ᠦᠳᠡᠰᠢᠯᠡᠭᠡ ᠬᠢᠬᠦ᠂ ᠭᠠᠷᠠᠭ ᠤ᠋ᠨ ᠰᠡᠭᠦᠯᠴᠢ ᠪᠡᠷ ᠣᠯᠠᠨ ᠵᠠᠯᠠᠭᠤᠴᠤᠳ ᠤ᠋ᠨ ᠬᠠᠮᠲᠤ ᠪᠠᠷᠢᠯᠳᠤᠬᠤ᠂ ᠳᠡᠭᠡᠰᠦ ᠲᠠᠲᠠᠬᠤ ᠵᠡᠷᠭᠡ ᠪᠡᠶ᠎ᠡ ᠶ᠋ᠢᠨ ᠲᠠᠮᠢᠷ ᠤ᠋ᠨ ᠠᠵᠢᠯᠯᠠᠭ᠎ᠠ ᠵᠣᠬᠢᠶᠠᠨ ᠪᠠᠢᠭᠤᠯᠬᠤ᠁ ᠭᠡᠬᠦᠴᠢᠯᠡᠨ ᠮᠠᠰᠢ ᠬᠥᠭᠵᠢᠯ ᠲᠡᠢ ᠵᠦᠢᠯ ᠢ᠋ ᠰᠠᠨᠠᠭᠠᠴᠢᠯᠠᠳᠠᠭ ᠠᠬ᠎ᠠ ᠪᠠᠢᠭᠰᠠᠨ ᠶᠤᠮ᠃ ᠮᠣᠩᠭᠣᠯ ᠤᠯᠤᠰ ᠤ᠋ᠨ ᠪᠠᠪᠤᠤ ᡀᠬᠠᠰᠥ᠋ᠷᠦᠩ ᠂ ᠰᠠᠩᠵᠠᠢ ᠶ᠋ᠢᠨ ᠫᠦᠷᠪᠦ᠁ ᠵᠡᠷᠭᠡ ᠵᠣᠬᠢᠶᠠᠯᠴᠢᠳ ᠲᠠᠢ ᠳᠣᠲᠣᠨᠣ ᠨᠥᠬᠥᠷᠯᠡᠵᠦ᠂ ᠺᠢᠷᠢᠯ ᠡᠴᠡ ᠬᠥᠷᠪᠡᠭᠦᠯᠬᠦ᠂ ᠬᠢᠲᠠᠳ ᠬᠡᠯᠡᠨ ᠡᠴᠡ ᠳᠡᠯᠡᠬᠡᠢ ᠶ᠋ᠢᠨ ᠰᠣᠩᠭᠣᠳᠠᠭ ᠪᠦᠲᠦᠭᠡᠯ ᠢ᠋ ᠣᠷᠴᠢᠭᠤᠯᠬᠤ ᠠᠵᠢᠯ ᠳ᠋ᠤ᠌ ᠮᠠᠬᠠᠷᠠᠨ ᠵᠢᠳᠬᠦᠵᠦ ᠪᠠᠢᠯ᠎ᠠ᠃《ᠭᠥᠭᠯᠡᠬᠦ ᠶ᠋ᠢᠨ ᠤᠷᠰᠢᠭ ᠬᠥᠭᠵᠢᠬᠦ ᠳ᠋ᠦ᠍ ᠰᠠᠭᠠᠳ》 ᠬᠡᠮᠡᠬᠦ ᠰᠢᠭᠦᠮᠵᠢ ᠶ᠋ᠢᠨ ᠵᠣᠬᠢᠶᠠᠯ ᠪᠢᠴᠢᠵᠦ᠂ ᠠᠯᠳᠠᠷ ᠨᠡᠷ᠎ᠡ ᠶ᠋ᠢᠨ ᠲᠤᠯᠠᠳᠠ ᠦᠬᠦᠯᠳᠡᠵᠦ ᠪᠠᠢᠭ᠎ᠠ ᠤᠷᠠᠨ ᠵᠣᠬᠢᠶᠠᠯᠴᠢᠳ ᠤ᠋ᠨ ᠤᠷᠤᠭᠤ ᠲᠠᠢ ᠪᠠᠢᠳᠠᠯ ᠮᠣᠩᠭᠣᠯ ᠤᠷᠠᠨ ᠵᠣᠬᠢᠶᠠᠯ ᠳ᠋ᠤ᠌ ᠰᠠᠢᠨ ᠢ᠋ᠶ᠋ᠠᠷ ᠨᠥᠯᠥᠭᠡᠯᠡᠬᠦ ᠦᠭᠡᠢ ᠭᠡᠳᠡᠭ ᠢ᠋ ᠬᠠᠲᠠᠭᠤᠬᠠᠨ ᠵᠢᠮᠡᠯᠡᠵᠦ᠂ ᠴᠥᠭᠡᠨ ᠪᠤᠰᠤ ᠬᠥᠮᠦᠨ ᠡᠴᠡ ᠥᠷᠭᠡᠰᠦ ᠲᠡᠢ ᠦᠭᠡ ᠰᠣᠨᠣᠰᠴᠤ ᠪᠠᠢᠯ᠎ᠠ᠃ ᠥᠪᠡᠷ ᠢ᠋ ᠪᠡᠨ ᠳᠠᠭᠠᠷᠢᠭᠰᠠᠨ ᠬᠠᠷᠢᠶᠠᠯ ᠭᠦᠳᠬᠡᠯ ᠳ᠋ᠦ᠍ ᠶᠡᠷᠦ ᠡᠴᠡ ᠪᠡᠨ ᠰᠡᠳᠬᠢᠯ ᠢ᠋ᠶ᠋ᠡᠷ ᠤᠨᠠᠵᠤ ᠪᠠᠢᠭ᠎ᠠ ᠦᠭᠡᠢ ᠴᠦ᠍ ᠭᠡᠰᠡᠨ ᠶᠠᠭᠠᠬᠢᠬᠤ ᠶ᠋ᠢᠨ ᠠᠷᠭ᠎ᠠ ᠦᠭᠡᠢ ᠰᠢᠨᠠᠯᠭᠠᠯ ᠠᠪᠴᠢᠷᠠᠭᠰᠠᠨ ᠣᠯᠠᠨ ᠤᠴᠢᠷ ᠲᠠᠯᠢᠢᠭᠴᠢ ᠶ᠋ᠢ ᠮᠠᠨᠢ ᠠᠷᠢᠬᠢ ᠲᠠᠢ ᠨᠥᠬᠥᠷᠯᠡᠭᠦᠯᠦᠭᠰᠡᠨ ᠪᠣᠯᠤᠮᠵᠢ ᠲᠠᠢ ᠶ᠋ᠢ ᠴᠤ ᠦᠭᠡᠢᠰᠬᠡᠬᠦ ᠶ᠋ᠢᠨ ᠠᠷᠭ᠎ᠠ ᠦᠭᠡᠢ᠃ ᠨᠢᠭᠡ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠪᠢ ᠯ· ᠪᠠ᠊ ᠠᠬ᠎ᠠ ᠶ᠋ᠢᠨ ᠳ᠋ᠡᠭᠡᠨ ᠵᠣᠯᠭᠠᠬᠤ ᠪᠠᠷ ᠣᠴᠢᠭᠠᠳ ᠬᠣᠶᠠᠭᠤᠯᠠ ᠪᠠᠨ ᠠᠷᠢᠬᠢ ᠰᠢᠮᠡᠵᠦ᠂ ᠰᠢᠯᠦᠭ ᠵᠣᠬᠢᠶᠠᠯ ᠤᠩᠰᠢᠵᠤ᠂ ᠳᠣᠲᠣᠭᠠᠳᠤ ᠭᠠᠳᠠᠭᠠᠳᠤ ᠶ᠋ᠢᠨ ᠨᠣᠮ ᠵᠣᠬᠢᠶᠠᠯ ᠬᠥᠭᠡᠷᠦᠨ ᠬᠠᠭᠠᠰ ᠰᠥᠨᠢ ᠰᠠᠭᠤᠭᠰᠠᠨ ᠰᠠᠨ᠃ ᠬᠡᠨ ᠳ᠋ᠦ᠍ ᠴᠦ᠍ ᠴᠤᠬᠤᠢᠯᠭᠠᠳᠠᠭ ᠦᠭᠡᠢ ᠰᠡᠳᠬᠢᠯ ᠦ᠋ᠨ ᠰᠢᠨᠠᠯᠭᠠᠯ ᠲᠠᠢ ᠪᠠᠢᠭᠰᠠᠨ ᠪᠣᠯᠤᠭᠠᠳ ᠲᠡᠷᠡ ᠤᠤ᠂ ᠡᠰᠡᠬᠦᠯ᠎ᠡ ᠦᠨᠡᠬᠡᠷ ᠤᠷᠠᠨ ᠪᠦᠲᠦᠭᠡᠯ ᠦ᠋ᠨ ᠡᠮᠵᠡᠭ ᠮᠡᠳᠡᠷᠡᠮᠵᠢ ᠪᠦᠬᠦᠢ ᠪᠢᠴᠢᠯᠭᠡ ᠳ᠋ᠦ᠍ ᠳᠣᠭᠳᠣᠯᠤᠭᠠᠳ ᠲᠡᠷᠡ ᠤᠤ᠂ ᠨᠠᠳᠠ ᠰᠢᠯᠦᠭ ᠤᠩᠰᠢᠵᠤ ᠪᠠᠢᠭᠠᠳ ᠤᠬᠢᠯᠠᠵᠤ᠂ ᠰᠠᠨᠠᠭ᠎ᠠ ᠠᠯᠳᠠᠵᠤ ᠪᠠᠢᠭᠰᠠᠨ ᠢ᠋ ᠨᠢ ᠲᠣᠳᠣ ᠰᠠᠨᠠᠵᠤ ᠪᠠᠢᠨ᠎ᠠ᠃ ᠰᠥᠨᠢ ᠳᠤᠮᠳᠠ ᠥᠩᠭᠡᠷᠡᠭᠡᠳ ᠥᠪᠥᠷ ᠮᠣᠩᠭᠣᠯ ᠤ᠋ᠨ ᠦᠨᠳᠦᠰᠦᠲᠡᠨ ᠦ᠌ ᠳᠡᠭᠡᠳᠦ ᠵᠡᠷᠭᠡ ᠶ᠋ᠢᠨ ᠲᠤᠰᠬᠠᠢ ᠮᠡᠷᠭᠡᠵᠢᠯ ᠦ᠋ᠨ ᠰᠤᠷᠭᠠᠭᠤᠯᠢ ᠶ᠋ᠢᠨ ᠪᠠᠷᠠᠭᠤᠨ ᠬᠠᠭᠠᠯᠭ᠎ᠠ ᠬᠦᠷᠲᠡᠯ᠎ᠡ ᠨᠠᠮᠠᠶ᠋ᠢ ᠦᠳᠡᠭᠡᠳ《ᠮᠢᠨᠦ ᠳᠡᠭᠦᠦ》 ᠭᠡᠵᠦ ᠬᠠᠴᠠᠷ ᠳᠡᠭᠡᠷ᠎ᠡ ᠦᠨᠦᠰᠦᠭᠡᠳ ᠶᠠᠪᠤᠭᠤᠯᠵᠤ ᠪᠠᠢᠭᠰᠠᠨ ᠪᠢᠯᠡ᠃ ᠲᠡᠭᠦᠨ ᠡᠴᠡ ᠬᠣᠢᠰᠢ ᠳᠠᠬᠢᠵᠤ ᠲᠡᠭᠡᠵᠦ ᠲᠠᠪᠠ ᠲᠤᠬᠠᠲᠠᠢ ᠶᠠᠷᠢᠵᠤ ᠴᠢᠳᠠᠭ᠎ᠠ ᠦᠭᠡᠢ᠂ ᠳᠠᠬᠢᠵᠤ ᠰᠢᠨ᠎ᠡ ᠵᠢᠯ ᠦ᠋ᠨ ᠵᠣᠯᠭᠠᠯᠲᠠ ᠬᠢᠵᠦ ᠠᠮᠵᠢᠯ ᠦᠭᠡᠢ ᠮᠠᠭᠤ ᠠᠬ᠎ᠠ ᠮᠢᠨᠢ ᠪᠤᠷᠬᠠᠨ ᠪᠣᠯᠴᠢᠬᠠᠭᠰᠠᠨ ᠶᠤᠮ᠃
ᠣᠨ ᠵᠢᠯ ᠤᠷᠤᠰᠤᠨ ᠥᠩᠭᠡᠷᠡᠭᠰᠡᠭᠡᠷ᠁ ᠣᠨ ᠵᠢᠯ ᠦ᠋ᠨ ᠰᠢᠷᠭᠠᠯ ᠲᠣᠭᠣᠰᠣᠨ ᠳᠤᠮᠳᠠ ᠤᠨᠤᠵᠤ ᠠᠯᠳᠠᠵᠤ᠂ ᠤᠢᠰᠴᠤ ᠭᠠᠭᠴᠠᠭᠠᠷᠳᠠᠵᠤ ᠶᠠᠪᠤᠬᠤ ᠳ᠋ᠤ᠌ ᠰᠠᠨᠠᠭ᠎ᠠ ᠰᠡᠳᠬᠢᠯ ᠨᠡᠢᠯᠡᠳᠡᠭ ᠪᠠᠢᠭᠰᠠᠨ ᠬᠥᠮᠦᠰ ᠮᠠᠨᠢ ᠳᠡᠩᠳᠡᠭᠦᠦ ᠡᠷᠢᠭᠳᠡᠨ᠎ᠡ᠃ ᠪᠣᠷᠣ ᠭᠡᠳᠡᠰᠦ᠂ ᠠᠯᠳᠠᠷ ᠵᠡᠷᠭᠡ ᠶ᠋ᠢᠨ ᠲᠥᠯᠥᠭᠡ ᠠᠮᠢ ᠪᠠᠨ ᠬᠥᠭᠡᠭᠡᠵᠦ ᠳᠣᠪᠣ ᠪᠠᠨ ᠰᠢᠷᠠᠯᠠᠭᠤᠯᠵᠤ ᠳᠡᠷᠭᠡᠳᠡ ᠡᠴᠡ ᠮᠢᠨᠢ ᠵᠠᠢᠳᠠᠨ ᠬᠣᠯᠠᠳᠠᠭᠰᠠᠨ ᠬᠥᠮᠦᠰ ᠪᠣᠢ᠃ ᠣᠷᠴᠢᠯᠠᠩ ᠤ᠋ᠨ ᠵᠢᠮ᠎ᠡ ᠪᠡᠷ ᠣᠳᠣ ᠪᠣᠯᠤᠨ ᠬᠠᠯᠢᠵᠤ᠂ ᠡᠭᠦᠷᠢᠳᠡ ᠶ᠋ᠢᠨ ᠦᠭᠡᠢᠯᠡᠯ ᠪᠣᠯᠤᠨ ᠵᠢᠷᠦᠬᠡᠨ ᠳ᠋ᠦ᠍ ᠬᠠᠳᠠᠩᠰᠢᠭᠰᠠᠨ ᠬᠥᠮᠦᠰ ᠴᠤ᠌ ᠪᠣᠢ ᠯ· ᠪᠠ᠊ ᠭᠤᠸᠠᠢ ᠮᠠᠨᠢ ᠨᠢᠭᠡᠨ ᠨᠠᠢᠵᠠ ᠶ᠋ᠢᠨ ᠢ᠋ᠶ᠋ᠡᠨ ᠭᠡᠭᠡᠨ ᠳᠤᠷᠠᠰᠬᠠᠯ ᠳ᠋ᠤ᠌ ᠵᠣᠷᠢᠭᠤᠯᠵᠤ《ᠠᠮᠢᠳᠤ ᠳ᠋ᠠᠭᠠᠨ ᠪᠡᠶ᠎ᠡ ᠪᠡᠶ᠎ᠡ ᠪᠡᠨ ᠬᠠᠢᠷᠠᠯᠠ》 ᠭᠡᠰᠡᠨ ᠳᠤᠷᠠᠰᠤᠮᠵᠢ ᠶ᠋ᠢᠨ ᠵᠣᠬᠢᠶᠠᠯ ᠪᠢᠴᠢᠵᠦ ᠪᠠᠢᠭᠰᠠᠨ ᠶᠤᠮ᠃ ᠬᠠᠷᠢᠨ ᠢᠩᠭᠢᠵᠦ ᠪᠢᠴᠢᠵᠦ᠂ ᠳᠣᠲᠣᠨᠣ ᠨᠠᠢᠵᠠ ᠶ᠋ᠢᠨ ᠢ᠋ᠶ᠋ᠡᠨ ᠬᠣᠢᠨ᠎ᠠ ᠠ᠋ᠴᠠ ᠰᠡᠳᠬᠢᠯ ᠦ᠋ᠨ ᠬᠠᠢᠯᠠᠨ ᠪᠣᠯᠵᠤ ᠶᠠᠪᠤᠭᠰᠠᠨ ᠯ· ᠪᠡ᠊ ᠮᠠᠨᠢ ᠦᠨᠡᠬᠡᠷ ᠥᠪᠡᠷ ᠢ᠋ᠶ᠋ᠡᠨ ᠬᠠᠢᠷ᠎ᠠ ᠪᠠᠷ ᠳᠤᠲᠠᠵᠤ ᠶᠠᠪᠤᠭᠰᠠᠨ ᠤ᠋ ᠨᠢᠭᠡᠨ ᠪᠠᠢᠵᠠᠢ ᠭᠡᠳᠡᠭ ᠢ᠋ ᠬᠣᠵᠢᠭᠤᠬᠠᠨ ᠤᠬᠠᠭᠠᠷᠠᠵᠤ ᠪᠠᠢᠨ᠎ᠠ᠃ ᠮᠠᠭᠤ ᠠᠬ᠎ᠠ ᠶ᠋ᠢ ᠮᠢᠨᠢ 《ᠠᠷᠢᠬᠢᠴᠢᠨ》 ᠭᠡᠮᠡᠨ ᠠᠲᠠᠯᠠᠳᠠᠭ ᠬᠥᠮᠦᠨ ᠵᠥᠩᠳᠡᠭᠡᠨ ᠪᠠᠢᠭᠰᠠᠨ᠃ ᠲᠡᠢᠮᠦ ᠠ᠋᠂ ᠲᠡᠷᠡ ᠮᠠᠨᠢ ᠠᠷᠢᠬᠢ ᠤᠤᠭᠤᠳᠠᠭ ᠪᠠᠢᠭᠰᠠᠨ ᠨᠢ ᠦᠨᠡᠨ᠃ ᠭᠡᠪᠡᠴᠦ ᠠᠷᠢᠬᠢ ᠤᠤᠭᠤᠭ᠎ᠠ ᠦᠭᠡᠢ᠂ ᠠᠯᠳᠠᠭ᠎ᠠ ᠭᠠᠷᠭᠠᠭ᠎ᠠ ᠦᠭᠡᠢ《ᠬᠣᠨᠢ ᠰᠢᠭ᠋ ᠨᠣᠮᠣᠬᠠᠨ᠂ ᠯᠠᠮᠠ ᠰᠢᠭ᠋ ᠴᠡᠪᠡᠷᠬᠡᠨ》 ᠯᠤᠲᠤ ᠬᠥᠮᠦᠰ ᠮᠠᠨᠢ ᠥᠪᠡᠷᠰᠡᠳ ᠢ᠋ᠶ᠋ᠡᠨ ᠶᠠᠭᠤ ᠪᠦᠲᠦᠭᠡᠵᠦ᠂ ᠶᠠᠭᠤ ᠲᠤᠭᠤᠷᠪᠢᠵᠤ ᠴᠢᠳᠠᠭᠰᠠᠨ ᠪᠢᠯᠡ ᠭᠡᠳᠡᠭ ᠢ᠋ ᠠᠰᠠᠭᠤᠮᠠᠷ ᠪᠠᠢᠨ᠎ᠠ᠃ ᠥᠪᠡᠷ ᠢ᠋ ᠪᠡᠨ ᠮᠤᠨᠳᠠᠭ ᠶᠠᠪᠤᠵᠤ ᠪᠠᠢᠨ᠎ᠠ ᠭᠡᠵᠦ ᠵᠡᠭᠦᠳᠦᠯᠡᠳᠡᠭ ᠬᠥᠮᠦᠰ ᠠᠯᠪᠠᠨ ᠪᠠᠢᠭᠤᠯᠭ᠎ᠠ ᠶ᠋ᠢᠨ ᠵᠢᠵᠢᠭ ᠨᠣᠶᠠᠨ ᠪᠣᠯᠤᠭᠰᠠᠨ ᠢ᠋ᠶ᠋ᠠᠨ᠂ ᠠᠯᠳᠠᠷ ᠴᠣᠯᠠ ᠶ᠋ᠢᠨ ᠡᠷᠭᠦᠮᠵᠢᠯᠡᠯ ᠬᠦᠷᠲᠡᠭᠰᠡᠨ ᠢ᠋ᠶ᠋ᠡᠨ᠂ ᠮᠡᠷᠭᠡᠵᠢᠯ ᠦ᠋ᠨ ᠴᠣᠯᠠ ᠮᠢᠨᠳᠠᠭ ᠣᠯᠤᠭᠰᠠᠨ ᠢ᠋ᠶ᠋ᠠᠨ᠂ ᠮᠣᠩᠭᠣᠯ ᠢ᠋ᠶ᠋ᠠᠷ ᠢ᠋ᠶ᠋ᠠᠨ ᠥᠭᠡᠳᠡᠲᠡᠢᠬᠡᠨ ᠶᠠᠷᠢᠵᠤ ᠴᠤ᠌ ᠴᠢᠳᠠᠬᠤ ᠦᠭᠡᠢ ᠠᠲᠠᠯ᠎ᠠ ᠲᠣᠮᠣ ᠨᠠᠢᠷᠠᠭᠤᠯᠤᠭᠴᠢ᠂ ᠨᠡᠷᠡᠲᠦ ᠣᠷᠴᠢᠭᠤᠯᠤᠭᠴᠢ ᠪᠣᠯᠤᠭᠰᠠᠨ ᠰᠢᠪᠰᠢᠭ ᠢ᠋ᠶ᠋ᠡᠨ ᠠᠪᠢᠶᠠᠰ ᠡᠷᠳᠡᠮ ᠦ᠋ᠨ ᠠᠯᠢ ᠠᠯᠢᠨ ᠢ᠋ ᠨᠢ ᠠᠪᠴᠤ ᠲᠥᠷᠥᠭᠡᠳ ᠴᠠᠭ ᠤ᠋ᠨ ᠮᠠᠭᠤ ᠲᠠᠢ ᠴᠠᠪᠴᠢᠯᠳᠤᠨ ᠡᠷᠡᠰᠳᠡᠭᠰᠡᠨ ᠴᠥᠭᠡᠨ ᠬᠥᠮᠦᠨ ᠦ᠌ ᠡᠮᠦᠨ᠎ᠡ ᠭᠠᠪᠢᠶ᠎ᠠ ᠪᠣᠯᠭᠠᠨ ᠮᠠᠵᠤᠤᠯᠠᠬᠤ ᠠ᠋ᠴᠠ ᠪᠠᠨ ᠢᠴᠢᠵᠦ ᠪᠣᠯᠤᠮᠠᠷ!《ᠠᠯᠳᠠᠭ᠎ᠠ ᠦᠭᠡᠢ》 ᠪᠠᠢᠬᠤ ᠨᠢ《ᠪᠦᠲᠦᠭᠡᠯ ᠲᠡᠢ》 ᠭᠡᠰᠡᠨ ᠦ᠌ ᠨᠥᠭᠦᠭᠡ ᠨᠡᠷ᠎ᠡ ᠪᠢᠰᠢ᠂《ᠠᠯᠳᠠᠭ᠎ᠠ ᠲᠠᠢ》 ᠭᠡᠳᠡᠭ ᠨᠢ《ᠪᠦᠲᠦᠭᠡᠯ ᠦᠭᠡᠢ》 ᠭᠡᠳᠡᠭ ᠦ᠋ᠨ ᠨᠥᠭᠦᠭᠡ ᠨᠡᠷ᠎ᠡ ᠴᠤ ᠪᠢᠰᠢ᠃ ᠶᠠᠮᠠᠷ ᠴᠤ ᠪᠦᠲᠦᠭᠡᠯ ᠦᠭᠡᠢ᠂ ᠴᠢᠳᠠᠪᠤᠷᠢ ᠦᠭᠡᠢ ᠬᠥᠮᠦᠨ ᠥᠪᠡᠷ ᠢ᠋ ᠪᠡᠨ ᠪᠤᠯᠢᠬᠠᠢᠯᠠᠬᠤ ᠭᠡᠵᠦ ᠴᠢᠳᠠᠪᠤᠷᠢ ᠲᠠᠢ᠂ ᠮᠡᠳᠡᠯᠭᠡ ᠲᠡᠢ ᠨᠢᠭᠡ ᠪᠡᠨ ᠠᠲᠠᠯᠠᠵᠤ᠂ ᠮᠠᠭᠤ ᠶ᠋ᠢ ᠨᠢ ᠮᠠᠯᠲᠠᠵᠤ ᠰᠠᠨᠠᠭ᠎ᠠ ᠪᠠᠨ ᠴᠠᠳᠬᠠᠳᠠᠭ ᠨᠢ ᠬᠣᠷᠸ᠎ᠠ ᠶ᠋ᠢᠨ ᠶᠣᠰᠣ᠃ ᠥᠴᠦᠬᠡᠨ ᠬᠥᠮᠦᠰ ᠦ᠋ᠨ ᠡᠢᠮᠦ ᠠᠪᠤᠷᠢ ᠳᠡᠩᠳᠡᠭᠦᠦ ᠭᠠᠵᠠᠷ ᠠᠪᠤᠭᠰᠠᠨ ᠣᠷᠴᠢᠯᠠᠩ ᠢ᠋ ᠯ· ᠪᠠ᠊ ᠮᠠᠨᠢ ᠭᠣᠯᠣᠭᠠᠳ ᠪᠤᠷᠬᠠᠨ ᠤ᠋ ᠣᠷᠣᠨ ᠳ᠋ᠤ᠌ ᠶᠠᠪᠤᠭᠰᠠᠨ ᠪᠠᠢᠬ᠎ᠠ ᠭᠡᠳᠡᠭ ᠲᠦ᠍ ᠳᠡᠭᠦᠦ ᠨᠢ ᠢᠲᠡᠭᠡᠵᠦ ᠰᠠᠭᠤᠨᠠᠮ! ᠲᠠᠨ ᠤ᠋ ᠬᠣᠢᠨ᠎ᠠ ᠠ᠋ᠴᠠ ᠬᠥᠮᠦᠰ ᠲᠠᠭ ᠳᠤᠭᠤᠢ ᠪᠠᠢᠵᠠᠭᠠᠨ᠎ᠠ᠃ ᠤᠯᠠᠭᠠᠨ ᠲᠣᠭᠣᠰᠣᠲᠤ ᠳ᠋ᠤ᠌ ᠪᠠᠢᠬᠤ ᠳ᠋ᠤ᠌ ᠲᠠᠨᠢ ᠠᠳᠠᠯᠠᠵᠤ ᠳᠠᠭᠠᠷᠢᠵᠤ ᠪᠠᠢᠭᠰᠠᠨ ᠬᠥᠮᠦᠰ ᠠᠲᠠᠭᠠᠷᠬᠠᠬᠤ ᠨᠢᠭᠡᠨ ᠬᠥᠮᠦᠨ ᠨᠢ ᠦᠭᠡᠢ ᠪᠣᠯᠤᠭᠰᠠᠨ ᠳ᠋ᠤ᠌ ᠰᠠᠨᠠᠭ᠎ᠠ ᠲᠠᠢᠪᠤᠰᠢᠷᠠᠭᠰᠠᠨ ᠤ᠋ ᠬᠢ ᠪᠠ ᠲᠠᠨ ᠤ᠋ ᠦᠯᠡᠳᠡᠭᠰᠡᠨ ᠪᠦᠲᠦᠭᠡᠯ ᠢ᠋ ᠦᠨᠡᠯᠡᠨ ᠶᠠᠷᠢᠪᠠᠰᠤ ᠥᠪᠡᠷᠰᠡᠳ ᠦ᠋ᠨ ᠬᠢᠨᠢ ᠥᠴᠦᠬᠡᠨ ᠵᠦᠢᠯ ᠥᠩᠭᠡ ᠪᠡᠨ ᠠᠯᠳᠠᠬᠤ ᠠ᠋ᠴᠠ ᠪᠣᠯᠭᠣᠮᠵᠢᠯᠠᠭᠰᠠᠨ ᠤ᠋ ᠬᠢ ᠪᠤᠶᠤ᠃ ᠭᠡᠪᠡᠴᠦ ᠲᠡᠳᠡ ᠪᠦᠭᠦᠳᠡᠭᠡᠷ ᠢ᠋ᠶ᠋ᠡᠨ ᠲᠠᠨ ᠤ᠋ ᠬᠣᠢᠨ᠎ᠠ ᠠ᠋ᠴᠠ ᠪᠤᠷᠬᠠᠨ ᠤ᠋ ᠡᠮᠦᠨ᠎ᠡ ᠣᠴᠢᠬᠤ ᠪᠣᠯᠤᠨ᠎ᠠ᠂ ᠪᠤᠷᠬᠠᠨ ᠤ᠋ ᠭᠣᠣᠯᠴᠢ ᠰᠢᠭᠦᠯᠲᠡ ᠳ᠋ᠦ᠍ ᠣᠨᠣᠭᠳᠠᠬᠤ ᠶ᠋ᠢᠨ ᠴᠠᠭ ᠲᠤ᠌ ᠤᠯᠠᠭᠠᠨ ᠲᠣᠭᠣᠰᠣᠲᠤ ᠳ᠋ᠤ᠌ ᠪᠠᠢᠬᠤ ᠳ᠋ᠠᠭᠠᠨ
ᠰᠠᠢᠨ ᠬᠥᠮᠦᠨ᠂ ᠰᠠᠢᠬᠠᠨ ᠬᠥᠮᠦᠨ ᠢ᠋ ᠬᠠᠪᠴᠢᠵᠤ ᠭᠠᠳᠠᠭᠤᠷᠬᠠᠵᠤ ᠶᠠᠪᠤᠭᠰᠠᠨ ᠤ᠋ ᠪᠠᠨ ᠰᠢᠢᠳᠬᠡᠯ ᠢ᠋ ᠲᠡᠳᠡ ᠠᠮᠰᠠᠬᠤ ᠪᠣᠯᠤᠨ᠎ᠠ᠃
ᠥᠨᠥᠳᠥᠷ ᠪᠣᠯ2008 ᠣᠨ ᠤ᠋7 ᠳ᠋ᠤᠭᠠᠷ ᠰᠠᠷ᠎ᠠ ᠶ᠋ᠢᠨ11 ᠦ᠌ ᠡᠳᠦᠷ᠃ ᠲᠠᠨ ᠤ᠋ ᠲᠤᠬᠠᠢ ᠳᠤᠷᠠᠰᠤᠮᠵᠢ ᠪᠢᠴᠢᠬᠦ ᠰᠠᠨ ᠭᠡᠵᠦ ᠪᠤᠷᠬᠠᠨ ᠪᠣᠯᠤᠭᠰᠠᠨ ᠠ᠋ᠴᠠ ᠴᠢᠨᠢ ᠬᠣᠢᠰᠢ ᠪᠣᠳᠣᠭᠰᠠᠭᠠᠷ ᠶᠠᠪᠤᠭᠠᠳ ᠥᠨᠥᠳᠥᠷ ᠪᠣᠯᠴᠢᠬᠠᠯ᠎ᠠ! ᠡᠨᠡ ᠵᠣᠬᠢᠶᠠᠯ ᠢ᠋ᠶ᠋ᠠᠨ ᠶᠠᠭᠠᠬᠢᠭᠰᠠᠨ ᠴᠤ᠌ ᠪᠢᠴᠢᠵᠦ ᠪᠠᠷᠠᠭᠠᠬᠤ ᠬᠡᠷᠡᠭᠲᠡᠢ ᠭᠡᠵᠦ ᠪᠣᠳᠣᠨ ᠨᠣᠢᠷ ᠬᠤᠯᠵᠢᠭᠰᠠᠨ ᠥᠴᠥᠭᠡᠳᠦᠷ ᠰᠥᠨᠢ ᠶ᠋ᠢᠨ ᠰᠢᠢᠳᠦᠯ ᠢ᠋ᠶ᠋ᠡᠷ ᠥᠴᠦᠬᠡᠨ ᠳᠡᠭᠦᠦ ᠶ᠋ᠢᠨ ᠲᠠᠨᠢ《ᠰᠡᠳᠬᠢᠯ ᠦ᠋ᠨ ᠬᠠᠢᠯᠠᠨ》 ᠥᠨᠥᠳᠥᠷ ᠪᠡᠶᠡᠯᠡᠯ ᠢ᠋ᠶ᠋ᠡᠨ ᠣᠯᠵᠤ ᠪᠠᠢᠨ᠎ᠠ᠃ ᠲᠠᠨ ᠤ᠋ ᠦᠯᠡᠳᠡᠭᠡᠭᠰᠡᠨ ᠨᠣᠮ ᠵᠣᠬᠢᠶᠠᠯ ᠣᠯᠠᠨ ᠪᠣᠢ ᠶ᠋ᠢ ᠪᠢ ᠮᠡᠳᠡᠨ᠎ᠡ᠃ ᠭᠡᠪᠡᠴᠦ ᠬᠡᠵᠢᠶ᠎ᠡ᠂ ᠬᠡᠨ ᠲᠡᠷᠡ ᠪᠦᠬᠦᠨ ᠢ᠋ ᠡᠮᠬᠢᠯᠡᠨ ᠲᠢᠭᠯᠡᠵᠦ᠂ ᠨᠠᠢᠷᠠᠭᠤᠯᠤᠨ ᠲᠠᠭᠠᠪᠤᠷᠢᠯᠠᠵᠤ ᠨᠡᠢᠲᠡ ᠬᠥᠮᠦᠰ ᠦ᠋ᠨ ᠬᠦᠷᠲᠡᠭᠡᠯ ᠪᠣᠯᠭᠠᠳᠠᠭ ᠪᠣᠯ ᠠ᠋ ᠭᠡᠳᠡᠭ ᠢ᠋ ᠮᠤᠩᠬᠠᠭ ᠪᠢ ᠪᠡᠷ ᠲᠠᠭᠠᠪᠤᠷᠢᠯᠠᠵᠤ ᠡᠰᠡ ᠴᠢᠳᠠᠨ᠎ᠠ᠃ ᠡᠢᠨ ᠬᠦ᠌ ᠦᠶ᠎ᠡ ᠵᠠᠢ ᠦᠭᠡᠢ ᠨᠥᠬᠥᠷᠯᠡᠵᠦ ᠶᠠᠪᠤᠭᠰᠠᠨ ᠤᠬᠠᠭᠠᠨᠲᠤ ᠠᠬ᠎ᠠ ᠶ᠋ᠢᠨ ᠢ᠋ᠶ᠋ᠡᠨ ᠭᠡᠭᠡᠨ ᠳᠤᠷᠠᠰᠬᠠᠯ ᠳ᠋ᠤ᠌ ᠵᠣᠷᠢᠭᠤᠯᠤᠨ ᠥᠪᠡᠷ ᠦ᠋ᠨ ᠬᠢᠨᠢ ᠰᠢᠲᠦᠨ ᠪᠢᠰᠢᠷᠡᠵᠦ᠂ ᠪᠠᠢᠩᠭᠤ ᠶᠠᠷᠢᠳᠠᠭ ᠠᠭᠰᠠᠨ ᠠᠮᠧᠷᠢᠺᠠ ᠶ᠋ᠢᠨ ᠠᠯᠳᠠᠷᠲᠤ ᠵᠣᠬᠢᠶᠠᠯᠴᠢ ᠾᠸᠮᠢᠩᠸᠸᠢ ᠶ᠋ᠢᠨ ᠲᠤᠬᠠᠢ ᠪᠢᠴᠢᠭᠰᠡᠨ《ᠵᠢᠩᠬᠢᠨᠢ ᠡᠷ᠎ᠡ ᠬᠥᠮᠦᠨ ᠦ᠌ ᠪᠠᠬᠠᠷᠬᠠᠯ》 ᠵᠣᠬᠢᠶᠠᠯ ᠢ᠋ ᠨᠢ ᠳᠠᠭᠠᠯᠳᠤᠭᠤᠯᠤᠨ ᠨᠡᠢᠲᠡᠯᠡᠵᠦ ᠤᠩᠰᠢᠭᠴᠢ ᠲᠠ ᠪᠦᠬᠦᠨ᠎ᠡ ᠲᠣᠯᠢᠯᠠᠭᠤᠯᠵᠤ ᠪᠠᠢᠨ ; (ᠳᠠᠭᠠᠯᠳᠤᠭᠤᠯᠤᠭᠰᠠᠨ ᠵᠣᠬᠢᠶᠠᠯ ᠢ᠋ ᠲᠣᠪᠴᠢᠯᠠᠪᠠ - ᠨᠠᠢᠷᠠᠭᠤᠯᠤᠭᠴᠢ)᠃
ᠦᠰᠦᠭ ᠠᠮᠢᠯᠠᠭᠤᠯᠤᠭᠴᠢ᠄ ᠢᠳᠰᠢᠩᠬᠣᠷᠯᠣ᠂ ᠪᠠᠶᠠᠨᠴᠡᠴᠡᠭ ᠂ ᠭᠡᠷᠡᠯ ᠂ ᠰᠤᠳᠤᠯᠲᠤ᠂ ᠨᠠᠷᠠᠨᠲᠤᠶᠠᠭ᠎ᠠ
ᠬᠢᠨᠠᠭᠴᠢ ᠪᠠᠭᠰᠢ᠄ ᠣᠳᠬᠠᠨᠰᠣ᠎ᠠ᠂ ᠰᠡᠬᠡᠭᠡᠷᠡᠯ
