ᠭᠡᠷᠡᠯ ᠦᠨ ᠴᠢᠳᠠᠪᠤᠷᠢ-ᠪᠤᠯᠴᠠᠭᠠᠷ2-06Булцгар - _ Гэрлийн чадвар _ 2-р бүлгийн 6-р анги ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠡᠯ ᠦᠨ ᠴᠢᠳᠠᠪᠤᠷᠢ-ᠪᠤᠯᠴᠠᠭᠠᠷ2-06Булцгар - _ Гэрлийн чадвар _ 2-р бүлгийн 6-р анги

ᠭᠡᠷᠡᠯ ᠦᠨ ᠴᠢᠳᠠᠪᠤᠷᠢ-ᠪᠤᠯᠴᠠᠭᠠᠷ2-06Булцгар - _ Гэрлийн чадвар _ 2-р бүлгийн 6-р анги

2024-06-26

1450

ᠭᠡᠷᠡᠯ ᠦᠨ ᠴᠢᠳᠠᠪᠤᠷᠢ-ᠪᠤᠯᠴᠠᠭᠠᠷ2-06

ᠭᠡᠷᠡᠯ ᠦ᠋ᠨ ᠴᠢᠳᠠᠪᠤᠷᠢ 
ᠷᠦᠪᠢ᠄ ᠶᠦᠨᠢ! ᠶᠦᠨᠢ!
ᠲᠤᠤᠨᠢ᠄ ᠬᠡᠳᠦᠭᠦᠯᠡ ᠪᠡᠨ ᠶᠠᠭᠠᠬᠢᠵᠤ ᠠᠷᠤ ᠠ᠋ᠴᠠ ᠨᠢ ᠶᠠᠪᠤᠬᠤ ᠪᠣᠢ?
ᠪᠤᠺᠠ᠄ ᠠᠷᠤ ᠠ᠋ᠴᠠ ᠨᠢ ᠣᠷᠣᠬᠤ ᠶ᠋ᠢᠨ ᠲᠤᠯᠠ ᠱᠤᠩᠪᠠᠭᠴᠢ ᠣᠩᠭᠣᠴᠠ ᠬᠡᠷᠡᠭᠲᠡᠢ᠂ ᠪᠠᠰᠠ ᠲᠥᠯᠥᠪᠯᠡᠭᠡ᠂ ᠦ᠂ ᠡᠪᠦᠭᠡ ᠣᠩᠭᠣᠴᠠ ᠬᠢᠬᠦ ᠳ᠋ᠦ᠍ ᠪᠡᠨ ᠬᠠᠮᠤᠭ ᠤ᠋ᠨ ᠰᠠᠢᠨ᠂ ᠡᠪᠦᠭᠡ? ᠡᠪᠦᠭᠡ?
ᠡᠪᠦᠭᠡ᠄ ᠠ? ᠶᠠᠭᠠᠬᠢᠭᠰᠠᠨ?
ᠪᠤᠺᠠ᠄ ᠱᠤᠩᠪᠠᠭᠴᠢ ᠣᠩᠭᠣᠴᠠ ᠪᠦᠲᠦᠭᠡᠬᠦ ᠳ᠋ᠦ᠍ ᠲᠠᠨ ᠠ᠋ᠴᠠ ᠥᠭᠡᠷ᠎ᠡ ᠲᠤᠷᠰᠢᠯᠭ᠎ᠠ ᠲᠠᠢ ᠮᠤᠨᠳᠠᠭ ᠬᠥᠮᠦᠨ ᠪᠠᠢᠬᠤ ᠦᠭᠡᠢ᠂ ᠲᠠ ᠪᠢᠳᠡᠨ ᠳ᠋ᠦ᠍ ᠶᠠᠭᠤ ᠬᠢᠬᠦ ᠶ᠋ᠢ ᠮᠢᠨᠢ ᠬᠡᠯᠡᠵᠦ ᠥᠭᠭᠦᠭᠡᠴᠢ!
ᠡᠪᠦᠭᠡ᠄ ᠠ᠂ ᠪᠢ ᠤᠤ? ᠠ?
ᠡᠰᠡᠷᠭᠦ ᠰᠢᠳᠢᠲᠡᠨ᠄ ᠶᠠᠭᠤᠨ ᠱᠤᠩᠪᠠᠭᠴᠢ ᠣᠩᠭᠣᠴᠠ ᠪᠦᠲᠦᠭᠡᠬᠦ ᠪᠣᠢ? ᠤᠷᠲᠤ ᠪᠠᠨ ᠪᠠᠢᠭ᠎ᠠ ᠬᠡᠳᠦᠨ ᠪᠠᠽᠠᠭᠠᠨ ᠤ᠋ ᠤᠴᠢᠷ ᠢ᠋ ᠣᠯᠤᠭᠠᠳ ᠴᠤ᠌ ᠠᠵᠢᠯ ᠢ᠋ᠶ᠋ᠠᠨ ᠪᠦᠲᠦᠭᠡᠵᠦ ᠴᠦ᠍ ᠴᠢᠳᠠᠬᠤ ᠦᠭᠡᠢ ᠪᠠᠢᠬᠤ ᠳ᠋ᠤ᠌ ᠯᠠ᠂ ᠶᠠ ᠶᠠ ᠶᠠ᠃
ᠡᠪᠦᠭᠡ᠄ ᠠ ᠵᠠ᠂ ᠷᠦᠪᠢ ᠴᠢ ᠲᠡᠷᠡ ᠨᠥᠭᠦᠭᠡ ᠮᠣᠳᠣᠨ ᠳᠡᠭᠡᠷ᠎ᠡ ᠣᠷᠭᠣᠭᠠᠳ ᠪᠠᠢᠭᠰᠠᠨ ᠨᠢᠯᠴᠠᠩᠬᠠᠢ ᠵᠦᠢᠯ ᠢ᠋ᠶ᠋ᠡᠨ ᠨᠢᠭᠡ ᠣᠯᠤᠭᠠᠳ ᠢᠷᠡᠭᠡᠴᠢ᠂ ᠪᠤᠺᠠ ᠠᠢᠰᠤᠤ ᠬᠣᠶᠠᠷ ᠪᠣᠯᠬᠤ ᠪᠠᠷ ᠳᠣᠲᠣᠷᠠᠬᠢ ᠨᠢ ᠬᠣᠭᠣᠰᠣᠨ ᠲᠣᠮᠣ ᠮᠣᠳᠣ ᠣᠯᠤᠭᠠᠳ ᠢᠷ᠎ᠡ᠂ ᠰᠠᠨᠢ ᠤᠶᠠᠬᠤ ᠵᠦᠢᠯ ᠠᠪᠴᠢᠷᠠ᠂  ᠲᠤᠤᠨᠢ ᠴᠢ ᠬᠠᠷᠢᠨ ᠲᠣᠮᠣ ᠨᠠᠪᠴᠢ ᠨᠤᠭᠤᠳ ᠲᠡᠭᠦᠭᠡᠳ ᠢᠷ᠎ᠡ᠂ ᠵᠠ ᠶᠠᠪᠤᠵᠠᠭ᠎ᠠ ᠶᠠᠪᠤᠵᠠᠭ᠎ᠠ᠂  ᠬᠢᠵᠡᠭᠡ!
ᠷᠦᠪᠢ ᠯᠡ ᠵᠠ᠂ ᠶᠠᠪᠤᠵᠠᠭᠠᠶ᠎ᠠ᠂ ᠨᠠᠢᠵᠠ ᠨᠤᠭᠤᠳ ᠠ᠋᠃
ᠡᠪᠦᠭᠡ᠄ ᠶᠣ ᠵᠠ᠂ ᠶᠠᠭᠠᠬᠢᠬᠤ ᠪᠣᠢ? ᠵᠠ᠂ ᠵᠦᠭᠡᠷ ᠵᠦᠭᠡᠷ᠂ ᠬᠡᠳᠦᠨ ᠶᠠᠭᠤᠮ᠎ᠠ ᠡᠪᠯᠡᠭᠦᠯᠦᠭᠡᠳ ᠯᠡ ᠬᠢᠴᠢᠬᠡᠶ᠎ᠡ᠂ ᠲᠡᠭᠡᠭᠡᠳ ᠪᠣᠯᠬᠤ ᠪᠠᠢᠯᠭᠦᠢ ᠳᠡ᠂ ᠬᠠᠷᠢᠨ ᠴᠤ᠌ ᠬᠠᠴᠢᠨ ᠶᠠᠭᠤᠮ᠎ᠠ ᠬᠢᠵᠦ  ᠲᠡᠳᠡᠨ ᠎ᠢ  ᠨᠢᠭᠡ ᠴᠢᠳᠠᠬᠤ ᠎ᠪᠠᠨ ᠰᠠᠢᠨ ᠮᠡᠳᠡᠶ᠎ᠡ᠃
ᠶᠦᠨᠢ᠄ ᠪᠢ ᠬᠠᠮᠢᠭ᠎ᠠ ᠪᠠᠢᠨ᠎ᠠ? ᠦᠨᠡᠬᠡᠷ ᠵᠢᠭᠠᠰᠤᠨ ᠳ᠋ᠤ᠌ ᠢᠳᠡᠭᠦᠯᠴᠢᠬᠡᠵᠦ ᠪᠠᠢᠭ᠎ᠠ ᠶᠤᠮ ᠭᠡᠵᠦ ᠤᠤ? ᠡᠵᠢ ᠠ᠋ ᠠᠪᠤ ᠠ᠋᠂ ᠪᠢ ᠠᠶᠤᠭᠠᠳ ᠪᠠᠢᠨ᠎ᠠ᠃
ᠡᠪᠦᠭᠡ᠄ ᠵᠠ ᠨᠠᠭᠠᠳᠤ ᠨᠢᠳᠦ ᠪᠡᠨ ᠪᠦᠯᠲᠡᠢᠯᠭᠡᠭᠡᠳ ᠮᠢᠨᠦ ᠶᠠᠭᠤ ᠪᠦᠲᠦᠭᠡᠬᠦ ᠶ᠋ᠢ ᠰᠠᠢᠨ ᠬᠠᠷᠠᠵᠠᠭ᠎ᠠ᠂ ᠪᠠᠷᠠᠪᠠ᠂ ᠢᠩᠭᠢᠭᠡᠳ ᠪᠣᠯᠤᠯ᠎ᠠ᠃ ᠵᠠ ᠶᠠᠮᠠᠷ ᠪᠣᠢ ᠳᠠ?
ᠲᠤᠤᠨᠢ᠄ ᠶᠠᠩᠵᠤ ᠲᠠᠢ᠂ ᠶᠠᠩᠵᠤ ᠲᠠᠢ᠃
ᠪᠤᠺᠠ᠄ ᠪᠢ ᠲᠠᠨ ᠢ᠋ ᠴᠢᠳᠠᠨ᠎ᠠ ᠭᠡᠵᠦ ᠶᠠᠭ ᠮᠡᠳᠡᠭᠡᠳ ᠪᠠᠢᠭᠰᠠᠨ ᠶᠤᠮ ᠠ᠋᠃
ᠰᠢᠳᠢᠲᠡᠨ᠄ ᠶᠦᠨᠢ᠂ ᠶᠦᠨᠢ?
ᠶᠦᠨᠢ᠄ ᠡᠵᠢ ᠠ᠋᠂ ᠡᠨᠡ ᠲᠠ ᠤᠤ?
ᠰᠢᠳᠢᠲᠡᠨ᠄ ᠶᠦᠨᠢ᠂ ᠶᠦᠨᠢ?
ᠶᠦᠨᠢ᠄ ᠲᠠ ᠬᠡᠨ ᠪᠣᠢ?
ᠰᠢᠳᠢᠲᠡᠨ᠄ ᠪᠢ ᠴᠢᠨᠦ ᠳᠥᠷᠪᠡᠨ ᠴᠢᠯᠠᠭᠤ ᠠᠰᠢᠭᠯᠠᠵᠤ ᠪᠣᠢ ᠪᠣᠯᠭᠠᠭᠰᠠᠨ ᠰᠤᠪᠤᠳ ᠤ᠋ᠨ ᠵᠡᠭᠦᠯᠳᠡᠨ ᠳᠣᠲᠣᠷ᠎ᠠ ᠪᠠᠢᠭ᠎ᠠ᠂ ᠣᠳᠣᠬᠠᠨ ᠳ᠋ᠤ᠌ ᠪᠠᠨ ᠬᠦᠴᠦ ᠮᠢᠨᠢ ᠰᠤᠯᠠ ᠪᠠᠢᠭ᠎ᠠ ᠤᠴᠢᠷ ᠵᠥᠪᠬᠡᠨ ᠳᠠᠭᠤ ᠬᠣᠭᠣᠯᠠᠢ ᠪᠠᠨ ᠯᠠ ᠰᠣᠨᠣᠰᠬᠠᠵᠤ ᠴᠢᠳᠠᠬᠤ ᠪᠠᠷ ᠪᠠᠢᠨ᠎ᠠ᠃ ᠶᠦᠨᠢ ᠨᠠᠮ᠎ᠠ ᠶ᠋ᠢ ᠰᠠᠢᠨ ᠰᠣᠨᠣᠰᠤᠭᠠᠷᠠᠢ! ᠴᠢ ᠭᠡᠷᠡᠯ ᠦ᠋ᠨ ᠴᠢᠳᠠᠪᠤᠷᠢ ᠪᠠᠨ ᠨᠡᠭᠡᠭᠡᠬᠦ ᠬᠡᠷᠡᠭᠲᠡᠢ ᠪᠠᠢᠨ᠎ᠠ᠂ ᠲᠡᠭᠡᠵᠦ ᠪᠠᠢᠵᠤ ᠬᠣᠶᠠᠭᠤᠯᠠ ᠪᠠᠨ ᠡᠨᠡ ᠬᠠᠷᠠᠩᠭᠤᠢ ᠢᠷᠣᠭᠠᠷ ᠠ᠋ᠴᠠ ᠭᠠᠷᠴᠤ ᠴᠢᠳᠠᠨ᠎ᠠ᠃
ᠶᠦᠨᠢ: ᠪᠢ ᠶᠠᠭᠠᠬᠢᠵᠤ ᠨᠡᠭᠡᠭᠡᠬᠦ ᠪᠡᠨ ᠮᠡᠳᠡᠬᠦ ᠦᠭᠡᠢ ᠰᠢᠲᠠ᠃
ᠰᠢᠳᠢᠲᠡᠨ᠄ ᠣᠳᠣ ᠥᠪᠡᠷ ᠦ᠋ᠨ ᠢ᠋ᠶ᠋ᠡᠨ ᠬᠠᠮᠤᠭ ᠤ᠋ᠨ ᠨᠠᠨᠳᠢᠨ᠂ ᠴᠢᠮ᠎ᠠ ᠶ᠋ᠢ ᠠᠵᠠ ᠵᠢᠷᠭᠠᠯ ᠲᠠᠢ ᠪᠣᠯᠭᠠᠳᠠᠭ ᠲᠡᠷᠡ ᠳᠤᠷᠠᠰᠤᠮᠵᠢ ᠪᠠᠨ ᠰᠠᠢᠨ ᠲᠥᠰᠥᠪᠯᠡ᠂ ᠲᠡᠭᠡᠵᠦ ᠪᠠᠢᠵᠤ ᠭᠡᠷᠡᠯ ᠦ᠋ᠨ ᠬᠦᠴᠦ ᠴᠢᠨᠦ ᠳᠣᠲᠣᠷ᠎ᠠ ᠬᠤᠷᠠᠮᠳᠤᠯᠠᠭᠳᠠᠵᠤ ᠴᠢᠨᠦ ᠬᠦᠴᠦᠨ ᠦ᠌ ᠲᠠᠪᠤᠳᠠᠬᠢ ᠬᠠᠭᠠᠯᠭ᠎ᠠ ᠶ᠋ᠢ ᠨᠡᠭᠡᠭᠡᠵᠦ ᠰᠡᠷᠭᠦᠭᠡᠬᠦ ᠪᠣᠯᠤᠨ᠎ᠠ᠃
ᠶᠦᠨᠢ᠄ ᠠᠵᠠ ᠵᠢᠷᠭᠠᠯ ᠲᠠᠢ ᠪᠣᠳᠣᠯ᠂ ᠠᠵᠠ ᠵᠢᠷᠭᠠᠯ ᠲᠠᠢ ᠪᠣᠳᠣᠯ᠃
ᠡᠪᠦᠭᠡ᠄ ᠵᠠ ᠬᠡᠦᠬᠡᠳ ᠦ᠋ᠳ ᠠ᠋᠂ ᠪᠡᠯᠡᠨ ᠪᠣᠯᠬᠤ ᠪᠠᠷ ᠢ᠋ᠶ᠋ᠠᠨ ᠣᠯᠣᠰᠣᠨ ᠠ᠋ᠴᠠ ᠬᠣᠶᠠᠷ ᠤᠳᠠᠭ᠎ᠠ ᠲᠠᠲᠠᠵᠤ ᠨᠠᠳᠠ ᠳᠣᠬᠢᠶ᠎ᠠ ᠮᠡᠳᠡᠭᠳᠡᠭᠡᠷᠡᠢ! ᠪᠢ ᠲᠠ ᠨᠠᠷ ᠢ᠋ ᠪᠤᠴᠠᠭᠠᠭᠠᠳ ᠲᠠᠲᠠᠶ᠎ᠠ᠃ ᠪᠢ ᠲᠠ ᠨᠠᠷ ᠢ᠋ ᠲᠠᠲᠠᠯ᠎ᠠ ᠤᠤ? ᠲᠡᠢᠮᠦ⁈ ᠲᠠᠲᠠᠵᠤ ᠬᠠᠷᠠᠭᠳᠠᠭᠠᠴᠢ᠃
ᠪᠦᠭᠦᠳᠡᠭᠡᠷ ᠄ ᠠ!᠁᠁
ᠰᠠᠨᠢ᠄ ᠭᠦᠦᠭ᠂ ᠶᠦᠨᠢ
ᠪᠦᠭᠦᠳᠡᠭᠡᠷ᠄ ᠶᠦᠨᠢ
ᠷᠦᠪᠢ᠄ ᠶᠦᠨᠢ
ᠡᠪᠦᠭᠡ᠄ ᠶᠣ ᠶᠣ᠂ ᠠ᠋ ᠦ ᠦ᠂ ᠲᠥᠯᠥᠪᠯᠡᠭᠡ ᠪᠠᠷᠤᠭ ᠪᠦᠲᠦᠵᠦ ᠪᠠᠢᠬᠤ ᠳ᠋ᠤ᠌᠃
ᠷᠦᠪᠢ᠄ ᠶᠦᠨᠢ ᠴᠢ ᠶᠠᠭᠠᠬᠢᠵᠤ ᠠᠪᠤᠷᠭᠤ ᠵᠢᠭᠠᠰᠤᠨ ᠤ᠋ ᠠᠮᠠᠨ ᠠ᠋ᠴᠠ ᠭᠠᠷᠴᠤ ᠴᠢᠳᠠᠪᠠ? ᠠ
ᠶᠦᠨᠢ᠄ ᠠᠩᠬᠠᠨ ᠤ᠋ ᠰᠢᠳᠢᠲᠡᠨ ᠨᠠᠳᠠ ᠲᠠᠪᠤᠳᠠᠬᠢ ᠬᠦᠴᠦ ᠶ᠋ᠢ ᠨᠡᠭᠡᠭᠡᠬᠦ ᠳ᠋ᠦ᠍ ᠲᠤᠰᠠᠯᠠᠭᠠᠳ᠂ᠲᠡᠨᠳᠡ ᠡᠴᠡ ᠭᠡᠷᠡᠯ ᠦ᠋ᠨ ᠴᠢᠳᠠᠪᠤᠷᠢ ᠪᠠᠷ ᠢ᠋ᠶ᠋ᠠᠨ ᠭᠠᠷᠴᠤ ᠢᠷᠡᠭᠰᠡᠨ᠃
ᠪᠤᠺᠠ᠄ ᠠ᠂ ᠠᠩᠬᠠᠨ ᠤ᠋ ᠰᠢᠳᠢᠲᠡᠨ? ᠭᠦᠦᠭ
   ᠦᠰᠦᠭ ᠢ᠋ ᠨᠢ ᠾᠦᠩ ᠸᠧᠢ ᠠᠮᠢᠯᠠᠭᠤᠯᠵᠤ᠂ ᠬᠥᠳᠡᠯᠭᠡᠭᠡᠨᠲᠦ ᠵᠢᠷᠤᠭ ᠲᠤ᠌ ᠨᠢ ᠬᠠᠲᠠᠪᠠ᠃ ᠱᠤᠳᠤᠷᠭᠤ᠂ ᠮᠥᠴᠢᠷ ᠬᠢᠨᠠᠪᠠ᠃