ᠡᠵᠡᠨ ᠢᠶᠡᠨ ᠬᠦᠯᠢᠶᠡᠭᠰᠡᠨ ᠨᠣᠬᠠᠢ Эзнээ хүлээсэн нохой
ᠡᠵᠡᠨ ᠢᠶᠡᠨ ᠬᠦᠯᠢᠶᠡᠭᠰᠡᠨ ᠨᠣᠬᠠᠢ
ᠵᠠ᠂ ᠲᠠ ᠪᠦᠬᠦᠨ ᠳ᠋ᠦ᠍ ᠪᠡᠨ ᠣᠳᠣ ᠪᠢ ᠢᠩᠭᠢᠭᠡᠳ ᠶᠠᠭ ᠲᠠᠭᠠᠷᠠᠵᠤ ᠪᠠᠢᠭ᠎ᠠ ᠨᠢᠭᠡ ᠰᠠᠢᠬᠠᠨ ᠤᠴᠠᠷᠠᠯ ᠢ᠋ ᠬᠤᠪᠢᠶᠠᠯᠴᠠᠶ᠎ᠠ᠂ ᠡᠵᠡᠨ ᠡᠴᠡ ᠪᠡᠨ ᠬᠡᠵᠢᠶ᠎ᠡ ᠴᠦ᠍ ᠤᠷᠪᠠᠬᠤ ᠦᠭᠡᠢ ᠭᠡᠳᠡᠭ ᠦᠨᠡᠨ ᠰᠡᠳᠬᠢᠯ ᠢ᠋ ᠣᠳᠣ ᠪᠢ ᠲᠠ ᠪᠦᠬᠦᠨ ᠳ᠋ᠦ᠍ ᠬᠠᠷᠠᠭᠤᠯᠤᠶ᠎ᠠ᠃
ᠶᠠᠭ ᠰᠢᠯᠤᠭᠤᠨ ᠬᠥᠪᠡᠭᠡᠲᠦ ᠴᠠᠭᠠᠨ ᠬᠤᠰᠢᠭᠤᠨ ᠤ᠋ ᠶᠡᠬᠡᠨᠠᠭᠤᠷ ᠰᠤᠮᠤᠨ ᠤ᠋ ᠴᠠᠢᠳᠠᠮ ᠭᠠᠴᠠᠭᠠᠨ ᠤ᠋ ᠠᠷᠤᠬᠤᠳᠳᠤᠭ ᠤ᠋ᠨ ᠵᠠᠮ ᠤ᠋ᠨ ᠠᠭᠤᠯᠵᠠᠷ ᠳᠡᠭᠡᠷ᠎ᠡ ᠣᠳᠣ ᠨᠢᠭᠡ ᠬᠠᠷ᠎ᠠ ᠨᠣᠬᠠᠢ ᠵᠢᠷᠭᠤᠭᠠᠨ ᠰᠠᠷ᠎ᠠ ᠶ᠋ᠢᠨ ᠬᠣᠶᠠᠷ ᠠ᠋ᠴᠠ ᠡᠬᠢᠯᠡᠭᠡᠳ ᠡᠨᠳᠡ ᠬᠠᠷᠠᠭᠳᠠᠵᠤ ᠪᠠᠢᠭᠰᠠᠨ ᠪᠠᠢᠯ᠎ᠠ ᠭᠡᠰᠡᠨ᠂ ᠥᠨᠥᠳᠥᠷ ᠪᠣᠯᠲᠠᠯ᠎ᠠ ᠪᠠᠷᠤᠭ ᠬᠣᠷᠢᠨ ᠬᠣᠨᠣᠭ ᠪᠠᠢᠵᠤ ᠪᠠᠢᠨ᠎ᠠ᠂ ᠡᠵᠡᠨ ᠢ᠋ᠶ᠋ᠡᠨ ᠬᠦᠯᠢᠶᠡᠵᠦ ᠪᠠᠢᠭ᠎ᠠ ᠨᠣᠬᠠᠢ ᠶ᠋ᠢᠨ ᠰᠡᠳᠬᠢᠯ᠁ ᠤᠤᠭᠤᠵᠤ ᠪᠠᠢᠭ᠎ᠠ ᠤᠰᠤᠨ ᠠ᠋ᠴᠠ ᠪᠠᠨ ᠬᠤᠪᠢᠶᠠᠯᠴᠠᠴᠢᠬᠠᠶᠠ᠂ ᠨᠣᠬᠠᠢ ᠭᠡᠳᠡᠭ (ᠠᠮᠢᠲᠠᠨ) ᠬᠥᠮᠦᠨ ᠦ᠌ ᠦᠨᠡᠨᠴᠢ ᠬᠠᠨᠢ ᠭᠡᠳᠡᠭ ᠢ᠋ᠶ᠋ᠡᠷ ᠢ᠋ᠶ᠋ᠡᠨ ᠶᠠᠭ ᠡᠨᠳᠡ ᠡᠴᠡ ᠡᠵᠡᠨ ᠦ᠌ ᠪᠡᠨ ᠲᠡᠷᠭᠡᠨ ᠡᠴᠡ ᠬᠣᠴᠣᠷᠤᠭᠰᠠᠨ ᠶᠤᠮ ᠤᠤ? ᠡᠵᠡᠨ ᠳ᠋ᠦ᠍ ᠪᠡᠨ ᠬᠠᠶᠠᠭᠳᠠᠭᠰᠠᠨ ᠶᠤᠮ ᠤᠤ? ᠶᠠᠮᠠᠷ ᠨᠢᠭᠡᠨ ᠤᠴᠠᠷᠠᠯ ᠢ᠋ᠶ᠋ᠠᠷ ᠡᠨᠳᠡ ᠬᠣᠷᠢᠨ ᠬᠣᠨᠣᠭ ᠬᠦᠯᠢᠶᠡᠭᠰᠡᠭᠡᠷ ᠪᠠᠢᠭ᠎ᠠ᠂ ᠶᠡᠷᠦᠨᠢ ᠡᠳᠦᠷ ᠪᠣᠯᠭᠠᠨ ᠡᠨᠳᠡ ᠡᠴᠡ ᠯᠡ ᠬᠣᠯᠠᠳᠬᠤ ᠦᠭᠡᠢ᠂ ᠡᠨᠳᠡ ᠪᠡᠨ ᠪᠠᠢᠭᠠᠳ ᠯᠠ ᠪᠠᠢᠨ᠎ᠠ᠂ ᠣᠳᠣ ᠪᠢ ᠡᠨᠳᠡ ᠡᠴᠡ ᠳᠠᠭᠠᠭᠤᠯᠤᠭᠠᠳ ᠶᠠᠪᠤᠶ᠎ᠠ ᠭᠡᠰᠡᠨ ᠴᠢᠨᠢ ᠶᠠᠪᠤᠬᠤ ᠦᠭᠡᠢ᠂ ᠡᠨᠳᠡ ᠡᠴᠡ ᠵᠢᠭᠠᠬᠠᠨ ᠶᠠᠪᠤᠴᠢᠬᠠᠭᠠᠳ ᠪᠤᠴᠠᠵᠤ ᠢᠷᠡᠭᠡᠳ ᠡᠨᠳᠡ ᠪᠡᠨ ᠪᠠᠢᠵᠤ ᠪᠠᠢᠨ᠎ᠠ᠂ ᠲᠡᠢᠮᠦ ᠤᠴᠢᠷ ᠠ᠋ᠴᠠ ᠡᠵᠡᠨ ᠨᠢ ᠬᠡᠷᠪᠡ ᠨᠣᠬᠠᠢ ᠪᠠᠨ ᠦᠵᠡᠪᠡᠯ ᠢᠷᠡᠭᠡᠳ ᠠᠪᠤᠭᠠᠰᠠᠢ᠂ ᠪᠠᠰᠠ ᠬᠥᠮᠦᠨ ᠪᠣᠯᠭᠠᠨ ᠡᠵᠡᠨ ᠨᠣᠬᠠᠢ ᠬᠣᠶᠠᠷ ᠤ᠋ᠨ ᠤᠴᠠᠷᠠᠯ ᠳ᠋ᠤ᠌ ᠲᠤᠰᠠᠯᠠᠭᠠᠰᠠᠢ ᠭᠡᠵᠦ ᠬᠦᠰᠡᠶ᠎ᠡ᠂ ᠬᠡᠵᠢᠶ᠎ᠡ ᠴᠦ᠍ ᠡᠵᠡᠨ ᠡᠴᠡ ᠪᠡᠨ ᠤᠷᠪᠠᠬᠤ ᠦᠭᠡᠢ ᠭᠡᠳᠡᠭ ᠰᠠᠢᠬᠠᠨ ᠰᠡᠳᠬᠢᠯ᠁ ᠡᠵᠡᠨ ᠦ᠌ ᠪᠡᠨ ᠭᠡᠷ ᠦ᠋ᠨ ᠤᠬᠢᠶᠠᠳᠠᠰᠤ ᠶ᠋ᠢ ᠳᠣᠯᠢᠶᠠᠵᠤ ᠪᠠᠢᠭᠰᠠᠨ ᠴᠤ᠌ ᠲᠡᠨᠳᠡ ᠡᠴᠡ ᠰᠠᠯᠬᠤ ᠦᠭᠡᠢ ᠭᠡᠳᠡᠭ ᠰᠠᠢᠬᠠᠨ ᠰᠡᠳᠬᠢᠯ᠁
《ᠮᠠᠭᠤ ᠬᠥᠮᠦᠨ ᠶᠠᠪᠤᠭᠰᠠᠨ ᠠ᠋ᠴᠠ ᠰᠠᠢᠨ ᠨᠣᠬᠠᠢ ᠶᠠᠪᠤ》 ᠭᠡᠳᠡᠭ ᠪᠢᠯᠡ᠂ ᠲᠡᠢᠮᠦ ᠴᠤ᠌ ᠤᠳᠬ᠎ᠠ ᠪᠠᠷ ᠢ᠋ᠶ᠋ᠠᠨ ᠡᠵᠡᠨ ᠢ᠋ᠶ᠋ᠡᠨ ᠬᠦᠯᠢᠶᠡᠭᠰᠡᠨ ᠡᠨᠡ ᠨᠣᠬᠠᠢ ᠡᠷᠲᠡᠬᠡᠨ ᠡᠵᠡᠨ ᠲᠡᠢ ᠪᠡᠨ ᠤᠴᠠᠷᠠᠭᠠᠰᠠᠢ ᠭᠡᠳ ᠡᠨᠡ ᠰᠠᠢᠬᠠᠨ ᠤᠴᠠᠷᠠᠯ ᠤ᠋ᠨ ᠲᠥᠯᠥᠭᠡ ᠲᠠ ᠪᠦᠬᠦᠨ ᠬᠥᠮᠦᠨ ᠪᠣᠯᠭᠠᠨ ᠳᠠᠮᠵᠢᠭᠤᠯᠤᠭᠠᠳ ᠦᠭᠭᠦᠭᠡᠰᠢ᠂ ᠪᠠᠰᠠ ᠬᠠᠷᠠᠭᠰᠠᠨ ᠡᠵᠡᠨ ᠨᠢ ᠨᠣᠬᠠᠢ ᠪᠠᠨ ᠢᠷᠡᠭᠡᠳ ᠲᠠᠨᠢᠭᠠᠳ ᠠᠪᠤᠭᠠᠰᠠᠢ ᠭᠡᠵᠦ ᠬᠦᠰᠡᠶ᠎ᠡ᠂ ᠡᠵᠡᠨ ᠳ᠋ᠦ᠍ ᠨᠢ ᠬᠦᠷᠬᠦ ᠡᠷᠢᠯ ᠦ᠋ᠨ ᠬᠢᠨᠢ ᠵᠠᠮ ᠳ᠋ᠤ᠌ ᠬᠥᠮᠦᠨ ᠪᠣᠯᠭᠠᠨ ᠲᠤᠰᠠᠯᠠᠭᠠᠰᠠᠢ ᠭᠡᠵᠦ ᠬᠦᠰᠡᠶ᠎ᠡ᠃
ᠦᠰᠦᠭ ᠠᠮᠢᠯᠠᠭᠤᠯᠤᠭᠴᠢ᠄ ᠲᠦᠮᠡᠨᠴᠡᠴᠡᠭ
ᠦᠰᠦᠭ ᠬᠠᠳᠠᠭ᠍ᠴᠢ᠄ ᠨᠠᠷᠠᠨᠮᠠᠨᠳᠠ