ᠡᠮ-ᠯᠦ᠍ ᠰᠢᠶᠦ᠋ᠨЭм -Лү ШүньEm ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮ-ᠯᠦ᠍ ᠰᠢᠶᠦ᠋ᠨЭм -Лү ШүньEm

ᠡᠮ-ᠯᠦ᠍ ᠰᠢᠶᠦ᠋ᠨЭм -Лү ШүньEm

2024-06-27

1013

ᠡᠮ 

        ᠯᠦ᠍ ᠰᠢᠶᠦ᠋ᠨ   
ᠨᠢᠭᠡ  

    ᠨᠠᠮᠤᠷ ᠤ᠋ᠨ ᠨᠢᠭᠡᠨ ᠰᠥᠨᠢ ᠪᠢᠯᠡ᠃ ᠰᠥᠨᠢ ᠳᠦᠯᠢ ᠥᠩᠭᠡᠷᠡᠵᠦ᠂ ᠰᠠᠷᠠ ᠰᠢᠩᠭᠡᠭᠡᠳ ᠨᠠᠷᠠᠨ ᠪᠠᠰᠠ ᠭᠠᠷᠤᠭᠠᠳᠤᠢ ᠲᠤᠯᠠ ᠪᠠᠷᠠᠭᠠᠨ ᠬᠥᠬᠡ ᠣᠭᠲᠠᠷᠭᠤᠢ ᠭᠠᠵᠠᠷ ᠳᠡᠯᠡᠬᠡᠢ ᠶ᠋ᠢ ᠪᠦᠷᠬᠦᠵᠦ᠂ ᠰᠥᠨᠢ ᠲᠣᠭᠣᠷᠢᠳᠠᠭ ᠠᠮᠢᠲᠠᠳ ᠠ᠋ᠴᠠ ᠪᠤᠰᠤᠳ ᠨᠢ ᠴᠥᠮ ᠤᠨᠲᠠᠵᠤ ᠪᠠᠢᠯ᠎ᠠ᠃ ᠬᠤᠸᠠ ᠯᠤᠤ ᠱᠤᠸᠠᠨ᠂ ᠭᠡᠨᠡᠳᠲᠡ ᠥᠨᠳᠡᠢᠵᠦ ᠴᠤ᠌ᠢᠳᠡᠩ ᠵᠤᠷᠠᠵᠤ᠂ ᠲᠣᠰᠣ ᠵᠤᠩᠭᠠᠭ ᠢ᠋ᠶ᠋ᠠᠷ ᠪᠢᠯᠳᠠᠭᠳᠠᠭᠰᠠᠨ ᠳ᠋ᠧᠩ ᠢ᠋ᠶ᠋ᠡᠨ ᠠᠰᠠᠭᠠᠮᠠᠭᠴᠠ ᠴᠠᠢ ᠶ᠋ᠢᠨ ᠮᠤᠬᠤᠯᠠᠭ ᠤ᠋ᠨ ᠬᠣᠶᠠᠷ ᠲᠠᠰᠤᠯᠭ᠎ᠠ ᠭᠡᠷ ᠲᠦ᠍ ᠪᠤᠳᠤᠩᠭᠤᠢ ᠴᠠᠭᠠᠨ ᠭᠡᠷᠡᠯ ᠰᠦᠮᠡᠯᠵᠡᠪᠡ᠃
    《ᠰᠢᠶᠣᠤ ᠱᠤᠸᠠᠨ ᠤ᠋ ᠠᠪᠤ ᠨᠢ ᠶᠠᠪᠤᠬᠤ ᠭᠡᠵᠦ ᠪᠠᠢᠬᠤ ᠶᠤᠮ ᠤᠤ?》 ᠭᠡᠬᠦ ᠬᠥᠭᠰᠢᠨ ᠪᠦᠰᠡᠭᠦᠢ ᠶ᠋ᠢᠨ ᠳᠠᠭᠤᠨ ᠰᠣᠨᠣᠰᠲᠠᠯ᠎ᠠ᠃ ᠳᠣᠲᠣᠷ᠎ᠠ ᠲᠠᠰᠤᠯᠭ᠎ᠠ ᠠ᠋ᠴᠠ ᠨᠢ ᠪᠠᠰᠠ ᠬᠠᠨᠢᠶᠠᠯᠭᠠᠬᠤ ᠳᠠᠭᠤ ᠭᠠᠷᠤᠨ᠎ᠠ᠃
ᠯᠤᠤ ᠱᠤᠸᠠᠨ : 《ᠠ!》 ᠭᠡᠵᠦ ᠬᠠᠷᠢᠭᠤᠯᠬᠤ ᠶ᠋ᠢᠨ ᠵᠡᠷᠭᠡᠴᠡᠭᠡ ᠪᠡᠷ ᠳᠡᠪᠡᠯ ᠢ᠋ᠶ᠋ᠡᠨ ᠲᠣᠪᠴᠢᠯᠠᠵᠤ᠂ 《ᠠᠯᠢ》 ᠭᠡᠵᠦ ᠭᠠᠷ ᠢ᠋ᠶ᠋ᠠᠨ ᠰᠠᠷᠪᠠᠢᠪᠠ᠃ 
    ᠬᠤᠸᠠ ᠳᠠ ᠮᠠ ᠡᠵᠢ ᠳᠡᠷ᠎ᠡ ᠳᠣᠣᠭᠤᠷ ᠢ᠋ᠶ᠋ᠠᠨ ᠰᠣᠢᠯᠠᠵᠤ ᠲᠡᠮᠲᠡᠷᠢᠭᠡᠳ ᠨᠢᠭᠡ ᠪᠣᠭᠣᠳᠠᠯ ᠲᠠᠢ ᠮᠥᠩᠭᠥ ᠠᠪᠴᠤ ᠯᠤᠤ ᠱᠤᠸᠠᠨ ᠳ᠋ᠤ᠌ ᠥᠭᠭᠦᠨ᠎ᠡ᠃ ᠯᠤᠤ ᠱᠤᠸᠠᠨ ᠰᠠᠯᠭᠠᠨᠠᠨ ᠴᠡᠴᠡᠷᠡᠭᠰᠡᠨ ᠭᠠᠷ ᠢ᠋ᠶ᠋ᠠᠷ ᠲᠣᠰᠣᠨ ᠠᠪᠴᠤ ᠡᠪᠦᠷᠯᠡᠭᠡᠳ ᠭᠠᠳᠠᠨ᠎ᠠ ᠠ᠋ᠴᠠ ᠨᠢ ᠪᠠᠰᠠ ᠬᠡᠳᠦ ᠳᠠᠷᠤᠯᠬᠢᠯᠠᠵᠤ ᠳ᠋ᠧᠩᠯᠦ ᠠᠰᠠᠭᠠᠵᠤ ᠳ᠋ᠧᠩ ᠢ᠋ᠶ᠋ᠡᠨ ᠦᠯᠢᠶᠡᠭᠡᠳ ᠳᠣᠲᠣᠷ᠎ᠠ ᠲᠠᠰᠤᠯᠭᠠᠨ ᠳ᠋ᠤ᠌ ᠣᠷᠣᠪᠠ᠃ ᠲᠡᠷᠡ ᠲᠠᠰᠤᠯᠭᠠᠨ ᠳ᠋ᠤ᠌ ᠱᠤᠤᠬᠢᠲᠤᠨᠠᠨ ᠱᠠᠭᠠᠬᠢᠲᠤᠨᠠᠵᠤ ᠪᠠᠢᠭᠰᠠᠨ ᠴᠢᠮᠡᠭᠡ᠂ ᠤᠳᠠᠯ ᠦᠭᠡᠢ ᠬᠠᠨᠢᠶᠠᠳᠤ ᠪᠣᠯᠤᠯ᠎ᠠ᠃ ᠯᠤᠤ ᠱᠤᠸᠠᠨ ᠲᠡᠭᠦᠨ ᠦ᠌ ᠨᠠᠮᠳᠠᠬᠤ ᠶ᠋ᠢ ᠬᠦᠯᠢᠶᠡᠨ ᠪᠠᠢᠵᠤ ᠳᠣᠣᠷ᠎ᠠ ᠳᠠᠭᠤᠨ ᠢ᠋ᠶ᠋ᠠᠷ 《ᠰᠢᠶᠣᠤ ᠱᠤᠸᠠᠨ ᠁ ᠴᠢ ᠪᠣᠰᠬᠤ ᠬᠡᠷᠡᠭ ᠦᠭᠡᠢ᠃ ᠁ ᠮᠤᠬᠤᠯᠠᠭ ᠤ᠋ᠨ ᠶᠠᠪᠤᠳᠠᠯ ᠢ᠋ ᠮᠥᠮᠥ ᠴᠢᠨᠢ ᠡᠪᠯᠡᠭᠦᠯᠬᠦ ᠶᠦᠮ》 ᠭᠡᠪᠡ᠃
    ᠬᠦᠦ ᠨᠢ ᠦᠭᠡ ᠳᠤᠤᠭᠠᠷᠤᠯ ᠦᠭᠡᠢ ᠰᠠᠢᠬᠠᠨ ᠤᠨᠲᠠᠭᠰᠠᠨ ᠬᠣᠢᠨ᠎ᠠ ᠯᠤᠤ ᠱᠤᠸᠠᠨ ᠬᠦᠷᠢᠶᠡᠨ ᠦ᠌ ᠡᠭᠦᠳᠡ ᠪᠡᠷ ᠭᠤᠳᠤᠮᠵᠢᠨ ᠳ᠋ᠤ᠌ ᠭᠠᠷᠤᠯ᠎ᠠ᠃ ᠭᠤᠳᠤᠮᠵᠢᠨ ᠳ᠋ᠤ᠌ ᠵᠠᠮ ᠴᠠᠢᠷᠠᠨ ᠮᠡᠳᠡᠭᠳᠡᠬᠦ ᠡᠴᠡ ᠥᠭᠡᠷ᠎ᠡ ᠶᠠᠭᠤ ᠴᠤ᠌ ᠦᠭᠡᠢ᠂ ᠫᠠᠳ ᠬᠠᠷᠠᠩᠭᠤᠢ ᠪᠠᠢᠪᠠ᠃ ᠳ᠋ᠧᠩᠯᠦ ᠶ᠋ᠢᠨ ᠭᠡᠷᠡᠯ ᠳ᠋ᠦ᠍ ᠡᠭᠡᠯᠵᠢᠯᠡᠨ ᠠᠯᠬᠤᠬᠤ ᠬᠣᠶᠠᠷ ᠬᠥᠯ ᠨᠢ ᠦᠵᠡᠭᠳᠡᠵᠦ ᠪᠠᠢᠯ᠎ᠠ᠃ ᠨᠣᠬᠠᠢ ᠬᠠᠶᠠ ᠲᠠᠭᠠᠷᠠᠯᠳᠤᠭᠰᠠᠨ ᠪᠣᠯᠪᠠᠴᠤ ᠶᠡᠷᠦ ᠬᠤᠴᠠᠭᠰᠠᠨ ᠦᠭᠡᠢ᠃ ᠣᠷᠣᠢ ᠶ᠋ᠢᠨ ᠵᠢᠪᠠᠷ ᠨᠡᠯᠢᠶᠡᠳ ᠬᠦᠢᠲᠡᠨ ᠪᠣᠯᠪᠠᠴᠤ ᠯᠤᠤ ᠱᠤᠸᠠᠨ ᠤ᠋ ᠳᠣᠲᠣᠷ᠎ᠠ ᠶᠡᠬᠡ ᠣᠩᠭᠣᠢᠵᠤ᠂ ᠭᠡᠨᠡᠳᠲᠡ ᠵᠠᠯᠠᠭᠤᠵᠢᠭᠠᠳ ᠬᠥᠮᠦᠨ ᠦ᠌ ᠠᠮᠢ ᠶ᠋ᠢ ᠠᠪᠤᠷᠠᠬᠤ ᠷᠢᠳᠢ ᠰᠢᠳᠢ ᠣᠯᠤᠭᠰᠠᠨ ᠮᠡᠲᠦ ᠰᠠᠨᠠᠭᠳᠠᠵᠤ᠂ ᠬᠥᠯ ᠨᠢ ᠶᠡᠬᠡ ᠬᠥᠩᠭᠡᠷᠡᠭᠰᠡᠨ ᠢ᠋ᠶ᠋ᠡᠷ ᠪᠠᠷᠠᠬᠤ ᠦᠭᠡᠢ ᠵᠠᠮ ᠴᠤ᠌ ᠤᠯᠠᠮ ᠢ᠋ᠶ᠋ᠠᠷ ᠲᠣᠳᠣᠷᠠᠵᠤ᠂ ᠲᠡᠭᠷᠢ ᠴᠤ᠌ ᠤᠯᠠᠮ ᠬᠡᠬᠡᠷᠡᠯ᠎ᠡ᠃
    ᠯᠤᠤ ᠱᠤᠸᠠᠨ ᠢᠩᠭᠢᠵᠦ ᠠᠵᠢᠭ ᠦᠭᠡᠢ ᠶᠠᠪᠤᠭᠰᠠᠭᠠᠷ ᠭᠡᠨᠡᠳᠲᠡ ᠡᠮᠦᠨ᠎ᠡ ᠨᠢ ᠨᠡᠯᠢᠶᠡᠳ ᠬᠣᠯᠠ ᠭᠠᠵᠠᠷ ᠨᠢᠭᠡ ᠴᠢᠭᠲᠠᠨ ᠭᠤᠳᠤᠮᠵᠢ ᠲᠣᠪ ᠲᠣᠳᠣᠷᠬᠠᠢ ᠬᠥᠨᠳᠡᠯᠢᠳᠦᠨ ᠪᠠᠢᠬᠤ ᠶ᠋ᠢ ᠬᠠᠷᠠᠭᠠᠳ ᠶᠡᠬᠡ ᠰᠣᠴᠢᠪᠠ᠃ ᠢᠩᠭᠢᠭᠡᠳ ᠲᠡᠷᠡ ᠬᠡᠳᠦᠨ ᠠᠯᠬᠤᠮ ᠤᠬᠤᠷᠢᠵᠤ ᠬᠠᠭᠠᠯᠭ᠎ᠠ ᠨᠢ ᠲᠦᠭᠵᠢᠭᠡᠲᠡᠢ ᠨᠢᠭᠡ ᠫᠦᠰᠡᠨ ᠦ᠌ ᠰᠠᠷᠠᠪᠴᠢᠨ ᠳᠣᠣᠷ᠎ᠠ ᠰᠢᠷᠭᠤᠵᠤ ᠣᠷᠣᠭᠠᠳ ᠬᠠᠭᠠᠯᠭ᠎ᠠ ᠶ᠋ᠢ ᠲᠦᠰᠢᠨ ᠵᠣᠭᠰᠣᠪᠠ᠃ ᠨᠡᠯᠢᠶᠡᠳ ᠤᠳᠠᠲᠠᠯ᠎ᠠ ᠵᠣᠭᠰᠣᠭᠠᠳ᠂ ᠪᠡᠶ᠎ᠡ ᠨᠢ ᠵᠢᠩᠭᠢᠨᠡᠬᠦ ᠰᠢᠭ ᠰᠠᠨᠠᠭᠳᠠᠯ᠎ᠠ᠃
    《ᠮᠠᠭᠤ ᠵᠥᠨᠥᠭ!》
    《ᠬᠠᠷᠢᠨ ᠬᠡᠴᠡᠭᠦᠦ ᠪᠠᠶᠠᠷᠲᠠᠢ ᠪᠠᠢᠬᠤ ᠨᠢ ᠠ᠋ ᠁》 ᠭᠡᠬᠦ ᠳᠠᠭᠤᠨ ᠰᠣᠨᠣᠰᠲᠠᠯ᠎ᠠ᠃
ᠯᠤᠤ ᠱᠤᠸᠠᠨ ᠪᠠᠰᠠ ᠶᠡᠬᠡ ᠰᠣᠴᠢᠨ ᠬᠠᠷᠠᠵᠤ ᠦᠵᠡᠬᠦᠯ᠎ᠡ ᠡᠮᠦᠨᠡᠭᠦᠷ ᠨᠢ ᠬᠡᠳᠦᠨ ᠬᠥᠮᠦᠨ ᠭᠠᠷᠪᠠ᠃ ᠡᠷᠭᠢᠵᠦ ᠬᠠᠷᠠᠭᠰᠠᠨ ᠨᠢᠭᠡᠨ ᠦ᠌ ᠬᠢᠨᠢ ᠴᠢᠷᠠᠢ ᠳᠡᠮᠡᠢ ᠲᠣᠳᠣ ᠦᠵᠡᠭᠳᠡᠭᠰᠡᠨ ᠦᠭᠡᠢ ᠪᠣᠯᠪᠠᠴᠤ ᠨᠢᠳᠦᠨ ᠳ᠋ᠦ᠍ᠨᠢ ᠥᠭᠶᠥᠭᠡ ᠣᠯᠵᠤ ᠦᠵᠡᠭᠰᠡᠨ ᠥᠯᠥᠨ ᠠᠮᠢᠲᠠᠨ ᠮᠡᠲᠦ ᠬᠣᠪᠳᠣᠭ ᠰᠢᠨᠤᠬᠠᠢ ᠭᠡᠷᠡᠯ ᠭᠢᠯᠠᠯᠵᠠᠨ᠎ᠠ᠃ ᠯᠤᠤ ᠱᠤᠸᠠᠨ ᠤ᠋ ᠳ᠋ᠧᠩᠯᠦ ᠨᠢᠭᠡᠨᠲᠡ ᠤᠨᠲᠠᠷᠠᠵᠠᠢ᠃ ᠡᠪᠦᠷ ᠢ᠋ᠶ᠋ᠡᠨ ᠳᠠᠷᠤᠵᠤ ᠦᠵᠡᠬᠦ ᠳ᠋ᠦ᠍ ᠬᠡᠪ ᠢ᠋ᠶ᠋ᠡᠷ ᠬᠠᠪ ᠬᠠᠲᠠᠭᠤ ᠪᠤᠮᠪᠠᠢᠵᠤ ᠪᠠᠢᠨ᠎ᠠ᠃ ᠬᠣᠶᠠᠷ ᠳᠠᠰᠢ ᠠᠵᠢᠭᠯᠠᠪᠠᠯ ᠨᠡᠯᠢᠶᠡᠳ ᠣᠯᠠᠨ ᠬᠠᠴᠢᠨ ᠵᠢᠭᠲᠡᠢ ᠬᠥᠮᠦᠰ ᠬᠣᠶᠠᠷ ᠭᠤᠷᠪᠠ ᠪᠠᠷ ᠢ᠋ᠶ᠋ᠠᠨ ᠲᠡᠷᠡ ᠬᠠᠪᠢ ᠪᠠᠷ ᠴᠢᠳᠬᠥᠷ ᠮᠡᠲᠦ ᠲᠥᠪᠥᠭᠡᠨᠡᠵᠦ ᠪᠠᠢᠨ᠎ᠠ᠃ ᠯᠠᠪᠯᠠᠨ ᠠᠵᠢᠭᠯᠠᠬᠤ ᠳ᠋ᠤ᠌ ᠪᠠᠰᠠ ᠳᠡᠮᠡᠢ ᠶᠡᠬᠡ ᠰᠣᠨᠢᠨ ᠶᠠᠭᠤᠮ᠎ᠠ ᠭᠡᠵᠦ ᠦᠵᠡᠭᠳᠡᠬᠦ ᠦᠭᠡᠢ᠃
    ᠤᠳᠠᠯ ᠦᠭᠡᠢ᠂ ᠪᠠᠰᠠ ᠬᠡᠳᠦᠨ ᠴᠡᠷᠢᠭ ᠠᠯᠬᠤᠵᠤ ᠪᠠᠢᠬᠤ ᠦᠵᠡᠭᠳᠡᠪᠡ᠃ ᠬᠠᠨᠵᠢᠶᠠᠷ ᠤ᠋ᠨ ᠬᠢᠨᠢ ᠠᠷᠤ ᠥᠪᠥᠷ ᠲᠡᠬᠢ ᠲᠥᠭᠥᠷᠢᠭ ᠴᠠᠭᠠᠨ ᠲᠣᠯᠪᠣ ᠬᠣᠯᠠ ᠠ᠋ᠴᠠ ᠲᠣᠪ ᠲᠣᠳᠣᠷᠬᠠᠢ ᠦᠵᠡᠭᠳᠡᠯ᠎ᠡ᠃ ᠲᠦᠷᠦᠭᠦᠨ ᠳ᠋ᠦ᠍ᠨᠢ ᠶᠠᠪᠤᠭ᠎ᠠ ᠶ᠋ᠢᠨ ᠬᠢᠨᠢ ᠬᠠᠨᠵᠢᠶᠠᠷ ᠤ᠋ᠨ ᠬᠦᠷᠡᠩ ᠤᠯᠠᠭᠠᠨ ᠡᠮᠵᠢᠶᠡᠷᠢ ᠨᠢ ᠬᠦᠷᠲᠡᠯ᠎ᠡ ᠬᠠᠷᠠᠭᠳᠠᠵᠤ ᠪᠠᠢᠯ᠎ᠠ᠃ ᠬᠥᠯ ᠦ᠋ᠨ ᠴᠢᠮᠡᠭᠡ ᠨᠢᠭᠡ ᠵᠡᠷᠭᠡ ᠰᠣᠨᠣᠰᠳᠠᠭᠠᠳ᠂ ᠨᠢᠭᠡ ᠪᠥᠭᠡᠮ ᠬᠥᠮᠦᠰ ᠨᠢᠳᠦ ᠴᠠᠪᠴᠢᠬᠤ ᠶ᠋ᠢᠨ ᠵᠠᠭᠤᠷ᠎ᠠ ᠥᠩᠭᠡᠷᠡᠨ ᠭᠠᠷᠤᠯ᠎ᠠ᠃ ᠥᠨᠥ ᠬᠣᠶᠠᠷ ᠭᠤᠷᠪᠠ ᠪᠠᠷ ᠶᠠᠪᠤᠵᠤ ᠪᠠᠢᠭᠰᠠᠨ ᠬᠥᠮᠦᠰ ᠭᠡᠨᠡᠳᠲᠡ ᠪᠥᠭᠡᠮᠨᠡᠷᠡᠨ ᠬᠤᠷᠠᠵᠤ᠂ ᠮᠥᠷᠡᠨ ᠦ᠌ ᠳᠣᠯᠭᠢᠶᠠᠨ ᠮᠡᠲᠦ ᠤᠷᠤᠭᠰᠢᠯᠠᠭᠰᠠᠭᠠᠷ ᠴᠢᠭᠲᠠᠨ ᠭᠤᠳᠤᠮᠵᠢ ᠶ᠋ᠢᠨ ᠠᠮᠠᠰᠠᠷ ᠲᠤ᠌ ᠬᠦᠷᠦᠮᠡᠭᠴᠡ ᠵᠣᠭᠰᠣᠵᠤ᠂ ᠲᠠᠯ᠎ᠠ ᠲᠣᠭᠣᠷᠢᠭ ᠪᠣᠯᠤᠨ ᠵᠢᠭᠰᠠᠪᠠ᠃
    ᠯᠤᠤ ᠱᠤᠸᠠᠨ ᠳ᠋ᠤ᠌ ᠲᠡᠳᠡᠨ ᠦ᠌ ᠠᠷᠤ ᠯᠠ ᠬᠠᠷᠠᠭᠳᠠᠬᠤ ᠪᠥᠭᠡᠳ ᠬᠦᠵᠦᠭᠦᠦ ᠨᠢ ᠶᠠᠭ ᠦᠯᠦ ᠦᠵᠡᠭᠳᠡᠬᠦ ᠭᠠᠷ ᠢ᠋ᠶ᠋ᠠᠷ ᠪᠠᠵᠠᠭᠤᠯᠤᠭᠰᠠᠨ ᠣᠯᠠᠨ ᠨᠤᠭᠤᠰᠤ ᠮᠡᠲᠦ ᠳᠡᠭᠡᠭᠰᠢ ᠰᠤᠨᠤᠭᠰᠠᠨ ᠪᠠᠢᠪᠠ᠃ ᠲᠦᠷ ᠨᠠᠮ ᠪᠠᠢᠵᠤ ᠠᠪᠤᠭᠠᠳ ᠪᠠᠬᠠᠨ ᠴᠢᠮᠡᠭᠡ ᠭᠠᠷᠴᠤ ᠬᠥᠳᠡᠯᠵᠡᠭᠡᠨ ᠭᠡᠨᠡᠳᠲᠡ 《ᠲᠦᠩ!》 ᠭᠡᠵᠦ ᠴᠢᠮᠡᠭᠡ ᠭᠠᠷᠤᠮᠠᠭᠴᠠ ᠪᠦᠷ ᠬᠣᠢᠰᠢ ᠤᠬᠤᠷᠢᠵᠠᠭᠠᠵᠤ᠂ ᠯᠤᠤ ᠱᠤᠸᠠᠨ ᠤ᠋ ᠵᠣᠭᠰᠣᠵᠤ ᠪᠠᠢᠭ᠎ᠠ ᠣᠷᠣᠨ ᠳ᠋ᠤ᠌ ᠰᠢᠬᠠᠯᠴᠠᠨ ᠣᠷᠣᠵᠤ ᠢᠷᠡᠭᠡᠳ ᠪᠠᠷᠤᠭ ᠲᠡᠭᠦᠨ ᠢ᠋ ᠲᠦᠯᠬᠢᠵᠦ ᠣᠢᠴᠢᠭᠤᠯᠬᠤ ᠳ᠋ᠤ᠌ ᠬᠦᠷᠦᠯ᠎ᠡ᠃
    《ᠬᠦᠢ! ᠮᠥᠩᠭᠥ ᠪᠡᠨ ᠠᠪᠴᠢᠷᠠ᠂ ᠪᠠᠷᠠᠭᠤᠨ ᠵᠡᠭᠦᠨ ᠭᠠᠷ ᠢ᠋ᠶ᠋ᠠᠷ ᠰᠣᠯᠢᠨ᠎ᠠ!》 ᠭᠡᠵᠦ ᠨᠢᠭᠡ ᠬᠠᠪ ᠬᠠᠷ᠎ᠠ ᠬᠥᠮᠦᠨ ᠯᠤᠤ ᠱᠤᠸᠠᠨ ᠤ᠋ ᠡᠮᠦᠨ᠎ᠡ ᠵᠣᠭᠰᠣᠵᠤ ᠬᠤᠷᠴᠠ ᠮᠡᠰᠡ ᠮᠡᠲᠦ ᠭᠢᠯᠠᠯᠵᠠᠭᠰᠠᠨ ᠨᠢᠳᠦ ᠪᠡᠷ ᠬᠠᠷᠠᠬᠤ ᠳ᠋ᠤ᠌ ᠯᠤᠤ ᠱᠤᠸᠠᠨ ᠥᠪᠡᠷ ᠦ᠋ᠨ ᠡᠷᠬᠡ ᠦᠭᠡᠢ ᠰᠦᠷᠳᠡᠭᠳᠡᠨ ᠳᠣᠲᠣᠷ᠎ᠠ ᠨᠢ ᠰᠢᠷ ᠬᠢᠵᠦ ᠠᠪᠤᠭᠠᠳ ᠲᠡᠭᠦᠨ ᠤᠷᠤᠭᠤ ᠣᠴᠢᠪᠠ᠃ ᠲᠡᠷᠡ ᠬᠥᠮᠦᠨ ᠨᠢᠭᠡ ᠭᠠᠷ ᠢ᠋ᠶ᠋ᠠᠨ ᠲᠡᠭᠦᠨ ᠦ᠌ ᠵᠦᠭ ᠰᠠᠷᠪᠠᠢᠵᠤ᠂ ᠨᠢᠭᠡ ᠭᠠᠷ ᠲᠠᠭᠠᠨ ᠤᠯᠠᠭᠠᠨ ᠳᠤᠰᠤᠯᠠᠭᠰᠠᠨ ᠴᠢᠰ ᠤᠯᠠᠭᠠᠨ ᠮᠠᠨᠲᠠᠤ ᠠᠳᠬᠤᠵᠠᠢ᠃
    ᠯᠤᠤ ᠱᠤᠸᠠᠨ᠂ ᠰᠡᠩᠳᠡ ᠮᠡᠩᠳᠡ ᠮᠥᠩᠭᠥ ᠪᠡᠨ ᠭᠠᠷᠭᠠᠵᠤ᠂ ᠰᠠᠯᠭᠠᠨᠠᠨ ᠴᠡᠴᠡᠷᠡᠭᠰᠡᠭᠡᠷ ᠲᠡᠭᠦᠨ ᠳ᠋ᠦ᠍ ᠥᠭᠬᠦ ᠭᠡᠰᠡᠨ ᠪᠣᠯᠪᠠᠴᠤ ᠲᠡᠭᠦᠨ ᠦ᠌ ᠶᠠᠭᠤᠮ᠎ᠠ ᠶ᠋ᠢ ᠲᠣᠰᠴᠤ ᠠᠪᠬᠤ ᠵᠣᠷᠢᠭ ᠬᠦᠷᠦᠭᠰᠡᠨ ᠦᠭᠡᠢ᠃ ᠡᠭᠦᠨ ᠳ᠋ᠦ᠍ ᠲᠡᠷᠡ ᠬᠥᠮᠦᠨ ᠶᠡᠬᠡ ᠤᠴᠠᠭᠠᠷᠯᠠᠵᠤ: 《ᠶᠠᠭᠤᠨ ᠠ᠋ᠴᠠ ᠨᠢ ᠠᠶᠤᠭᠰᠠᠨ ᠶᠤᠮ ᠪᠣᠢ? ᠶᠠᠭᠤᠨ ᠳ᠋ᠤ᠌ ᠠᠪᠬᠤ ᠦᠭᠡᠢ ᠪᠣᠢ?》 ᠭᠡᠵᠦ ᠪᠠᠷᠬᠢᠷᠠᠯ᠎ᠠ᠃ ᠯᠤᠤ ᠱᠤᠸᠠᠨ ᠮᠥᠨ ᠬᠦ᠌ ᠲᠠᠲᠠᠭᠠᠯᠵᠠᠵᠤ ᠪᠠᠢᠲᠠᠯ᠎ᠠ᠂ ᠬᠠᠷ᠎ᠠ ᠬᠥᠮᠦᠨ ᠬᠡᠳᠦᠢᠨ ᠳ᠋ᠧᠩᠯᠦ ᠶ᠋ᠢ ᠨᠢ ᠪᠤᠯᠢᠶᠠᠨ ᠠᠪᠤᠭᠠᠳ ᠪᠦᠷᠬᠦᠭᠦᠯ ᠦ᠋ᠨ ᠴᠠᠭᠠᠰᠤ ᠶ᠋ᠢ ᠤᠷᠠᠵᠤ ᠮᠠᠨᠲᠠᠤ ᠪᠠᠨ ᠪᠣᠭᠣᠵᠤ ᠯᠤᠤ ᠱᠤᠸᠠᠨ ᠳ᠋ᠤ᠌ ᠥᠭᠭᠦᠭᠡᠳ᠂ ᠮᠥᠩᠭᠥ ᠶ᠋ᠢ ᠨᠢ ᠠᠪᠴᠤ ᠪᠠᠷᠢᠯᠬᠢᠯᠠᠨ ᠦᠵᠡᠭᠡᠳ ᠴᠢᠨᠠᠭᠰᠢ ᠡᠷᠭᠢᠵᠦ 《ᠡᠨᠡ ᠦᠬᠦᠭᠰᠡᠨ ᠵᠥᠨᠥᠭ ᠁》 ᠭᠡᠵᠦ ᠳᠦᠳᠦᠨᠡᠭᠰᠡᠭᠡᠷ ᠶᠠᠪᠤᠪᠠ᠃
    《ᠡᠭᠦᠪᠡᠷ ᠬᠡᠨ ᠢ᠋ ᠡᠮᠨᠡᠭᠦᠯᠬᠦ ᠶᠦᠮ ᠪᠣᠢ?》 ᠭᠡᠬᠦ ᠠᠰᠠᠭᠤᠯᠲᠠ᠂ ᠯᠤᠤ ᠱᠤᠸᠠᠨ ᠤ᠋ ᠴᠢᠬᠢᠨ ᠳ᠋ᠦ᠍ ᠰᠣᠨᠣᠰᠳᠠᠬᠤ ᠮᠡᠲᠦ ᠰᠠᠨᠠᠭᠳᠠᠭᠰᠠᠨ ᠪᠣᠯᠪᠠᠴᠤ ᠶᠡᠷᠦ ᠬᠠᠷᠢᠭᠤᠯᠲᠠ ᠣᠯᠤᠭᠰᠠᠨ ᠦᠭᠡᠢ᠃ ᠠᠷᠪᠠᠨ ᠦᠶ᠎ᠡ ᠭᠠᠭᠴᠠ ᠦᠷ᠎ᠡ ᠪᠡᠷ ᠰᠤᠷᠪᠤᠯᠵᠢ ᠵᠠᠯᠭᠠᠵᠤ ᠢᠷᠡᠭᠰᠡᠨ ᠤᠳᠤᠮᠲᠤ ᠠᠯᠠᠭ ᠦᠷ᠎ᠡ ᠪᠡᠨ ᠲᠡᠪᠡᠷᠢᠵᠦ ᠶᠠᠪᠤᠭ᠎ᠠ ᠮᠡᠲᠦ ᠪᠦᠬᠦ ᠠᠩᠬᠠᠷᠤᠯ ᠨᠢ ᠡᠨᠡ ᠪᠣᠭᠣᠳᠠᠯ ᠳᠡᠭᠡᠷ᠎ᠡ ᠲᠥᠪᠯᠡᠷᠡᠵᠦ ᠥᠭᠡᠷ᠎ᠡ ᠬᠡᠷᠡᠭ ᠦ᠋ᠳ ᠢ᠋ ᠪᠦᠷ ᠲᠠᠭ ᠮᠠᠷᠲᠠᠵᠠᠢ᠃ ᠯᠤᠤ ᠱᠤᠸᠠᠨ ᠣᠳᠣ ᠡᠨᠡ ᠪᠣᠭᠣᠳᠠᠯ ᠳᠣᠲᠣᠷᠠᠬᠢ ᠰᠢᠨ᠎ᠡ ᠠᠮᠢ ᠶ᠋ᠢ ᠭᠡᠷ ᠲᠡᠭᠡᠨ ᠠᠪᠠᠴᠢᠵᠤ ᠴᠠᠭᠯᠠᠰᠢ ᠦᠭᠡᠢ ᠶᠡᠬᠡ ᠵᠣᠯ ᠵᠢᠷᠭᠠᠯ ᠡᠳ᠋ᠯᠡᠬᠦ ᠭᠡᠵᠦ ᠰᠠᠨᠠᠵᠤ ᠪᠠᠢᠨ᠎ᠠ᠃ ᠨᠠᠷᠠᠨ ᠮᠠᠨᠳᠤᠯ᠎ᠠ᠃ ᠲᠡᠭᠦᠨ ᠦ᠌ ᠡᠮᠦᠨ᠎ᠡ᠂ ᠭᠡᠷ ᠲᠦ᠋ᠨᠢ ᠬᠦᠷᠲᠡᠯ᠎ᠡ ᠦᠷᠭᠦᠯᠵᠢᠯᠡᠭᠰᠡᠨ ᠳᠠᠷᠳᠠᠩ ᠴᠠᠭᠠᠨ ᠵᠠᠮ ᠳᠤᠷᠠᠢᠵᠤ ᠦᠵᠡᠭᠳᠡᠪᠡ᠃ ᠥᠨᠥ ᠴᠢᠭᠲᠠᠨ ᠭᠤᠳᠤᠮᠵᠢ ᠶ᠋ᠢᠨ ᠠᠰᠠᠷ ᠤ᠋ᠨ ᠦᠵᠢᠷᠡᠭᠰᠡᠨ ᠫᠠᠢᠰᠠ ᠳᠡᠭᠡᠷᠡᠬᠢ 《ᠬᠦ ᠲᠢᠩ ᠺᠧᠦ 》 ᠭᠡᠰᠡᠨ ᠵᠢᠪᠡᠷᠡᠵᠦ ᠬᠤᠪᠠᠬᠠᠢᠷᠠᠭᠰᠠᠨ ᠳᠥᠷᠪᠡᠨ ᠠᠯᠲᠠᠨ ᠦᠰᠦᠭ ᠠᠷᠤ ᠳ᠋ᠤᠨᠢ ᠬᠠᠷᠠᠭᠳᠠᠭᠰᠠᠭᠠᠷ ᠪᠠᠢᠪᠠ᠃

ᠬᠣᠶᠠᠷ

    ᠯᠤᠤ ᠱᠤᠸᠠᠨ ᠢ᠋ ᠬᠠᠷᠢᠵᠤ ᠢᠷᠡᠬᠦ ᠳ᠋ᠦ᠍ᠨᠢ ᠮᠤᠬᠤᠯᠠᠭ ᠤ᠋ᠨ ᠲᠠᠰᠤᠯᠭ᠎ᠠ ᠨᠤᠭᠤᠳ ᠢ᠋ ᠬᠡᠵᠢᠶᠡᠨᠡᠢ ᠪᠦᠷ ᠭᠢᠯᠠᠢᠲᠠᠯ᠎ᠠ ᠱᠦᠭᠦᠷᠳᠡᠵᠦ ᠴᠡᠪᠡᠷᠯᠡᠭᠡᠳ ᠮᠥᠷᠯᠡᠭᠦᠯᠦᠨ ᠲᠠᠯᠪᠢᠭᠰᠠᠨ ᠴᠠᠢ ᠶ᠋ᠢᠨ ᠰᠢᠷᠡᠭᠡ ᠨᠦ᠍ᠭᠦᠳ ᠢ᠋ ᠭᠦᠯᠳᠡᠭᠡᠨᠡᠲᠡᠯ᠎ᠡ ᠵᠦᠯᠭᠦᠭᠰᠡᠨ ᠪᠠᠢᠵᠠᠢ᠃ ᠭᠡᠪᠡᠴᠦ ᠵᠣᠴᠢᠨ ᠭᠡᠵᠦ ᠨᠢᠭᠡ ᠴᠤ᠌ ᠦᠭᠡᠢ᠃ ᠰᠢᠶᠣᠤ ᠱᠤᠸᠠᠨ ᠭᠠᠭᠴᠠᠭᠠᠷ ᠳᠣᠲᠣᠭᠠᠳᠤ ᠮᠥᠷ ᠦ᠋ᠨ ᠰᠢᠷᠡᠭᠡᠨ ᠦ᠌ ᠡᠮᠦᠨ᠎ᠡ ᠰᠠᠭᠤᠵᠤ ᠬᠣᠭᠣᠯᠠ ᠢᠳᠡᠬᠦ ᠪᠥᠭᠡᠳ ᠬᠥᠯᠥᠰᠥᠨ ᠦ᠌ ᠲᠣᠮᠣ ᠳᠤᠰᠤᠯ ᠤ᠋ᠳ ᠮᠠᠩᠨᠠᠢ ᠳᠡᠭᠡᠭᠦᠷ ᠨᠢ ᠪᠥᠮᠪᠥᠷᠢᠵᠦ᠂ ᠲᠡᠷᠯᠢᠭ ᠨᠢ ᠨᠢᠷᠤᠭᠤᠨ ᠳᠡᠭᠡᠷ᠎ᠡ ᠨᠢ ᠨᠠᠭᠠᠯᠳᠤᠭᠠᠳ ᠬᠣᠶᠠᠷ ᠲᠣᠮᠣ ᠳᠠᠯᠤ ᠨᠢ ᠥᠨᠳᠥᠷ ᠭᠡᠭᠴᠢ ᠭᠣᠵᠣᠢᠵᠤ ᠵᠠᠯᠪᠠᠷᠢᠭᠰᠠᠨ ᠭᠠᠷ ᠮᠡᠲᠦ ᠳᠤᠷᠠᠢᠵᠤ ᠪᠠᠢᠪᠠ᠃ ᠡᠭᠦᠨ ᠢ᠋ ᠦᠵᠡᠭᠰᠡᠨ ᠯᠤᠤ ᠱᠤᠸᠠᠨ ᠤ᠋ ᠲᠡᠨᠢᠢᠭᠰᠡᠨ ᠮᠠᠩᠨᠠᠢ ᠥᠪᠡᠷ ᠦ᠋ᠨ ᠡᠷᠬᠡ ᠦᠭᠡᠢ ᠦᠷᠴᠢᠰᠬᠢᠪᠡ᠃ ᠡᠬᠡᠨᠡᠷ ᠨᠢ ᠭᠠᠯ ᠲᠣᠭᠣᠭᠠᠨ ᠤ᠋ ᠲᠠᠰᠤᠯᠭ᠎ᠠ ᠠ᠋ᠴᠠ ᠪᠠᠨ ᠲᠦᠷᠭᠡᠬᠡᠨ ᠭᠠᠷᠴᠤ ᠢᠷᠡᠭᠡᠳ ᠨᠢᠳᠦ ᠪᠡᠨ ᠪᠦᠯᠲᠡᠢᠯᠭᠡᠵᠦ ᠤᠷᠤᠭᠤᠯ ᠢ᠋ᠶ᠋ᠠᠨ ᠴᠡᠴᠡᠷᠡᠭᠦᠯᠦᠭᠰᠡᠭᠡᠷ:
    《ᠣᠯᠤᠭᠰᠠᠨ ᠤᠤ?》 ᠭᠡᠵᠦ ᠠᠰᠠᠭᠤᠬᠤ ᠳ᠋ᠤᠨᠢ᠂
《ᠣᠯᠤᠯ᠎ᠠ》 ᠭᠡᠵᠦ ᠬᠠᠷᠢᠭᠤᠯᠤᠭᠰᠠᠭᠠᠷ ᠬᠣᠶᠠᠭᠤᠯᠠ ᠭᠠᠯ ᠲᠣᠭᠣᠭᠠᠨ ᠤ᠋ ᠪᠠᠨ ᠲᠠᠰᠤᠯᠭ᠎ᠠ ᠳ᠋ᠤ᠌ ᠣᠷᠣᠵᠤ ᠶᠠᠷᠢᠯᠴᠠᠭᠠᠳ᠂ ᠬᠤᠸᠠ ᠳᠠ ᠮᠠ ᠡᠵᠢ ᠭᠠᠷᠴᠤ ᠤᠳᠠᠯ ᠦᠭᠡᠢ ᠨᠢᠭᠡ ᠬᠡᠰᠡᠭ ᠯᠢᠩᠬᠤ᠎ᠠ ᠶ᠋ᠢᠨ ᠨᠠᠪᠴᠢ ᠠᠪᠴᠢᠷᠠᠵᠤ ᠰᠢᠷᠡᠭᠡᠨ ᠳᠡᠭᠡᠷ᠎ᠡ ᠲᠠᠯᠪᠢᠪᠠ᠃ ᠯᠤᠤ ᠱᠤᠸᠠᠨ ᠳ᠋ᠧᠩᠯᠦ ᠶ᠋ᠢᠨ ᠪᠦᠷᠬᠦᠭᠦᠯ ᠢ᠋ ᠳᠡᠯᠭᠡᠵᠦ ᠥᠨᠥ ᠤᠯᠠᠭᠠᠨ ᠮᠠᠨᠲᠠᠤ ᠪᠠᠨ ᠯᠢᠩᠬᠤ᠎ᠠ ᠶ᠋ᠢᠨ ᠨᠠᠪᠴᠢ ᠪᠠᠷ ᠳᠠᠬᠢᠨ ᠪᠣᠭᠣᠪᠠ᠃ ᠰᠢᠶᠣᠤ ᠱᠤᠸᠠᠨ ᠴᠤ᠌ ᠬᠣᠭᠣᠯᠠ ᠪᠠᠨ ᠢᠳᠡᠵᠦ ᠳᠠᠭᠤᠰᠤᠭᠰᠠᠨ ᠲᠤᠯᠠ ᠡᠵᠢ ᠨᠢ:  
   《ᠰᠢᠶᠣᠤ ᠱᠤᠸᠠᠨ! ᠲᠡᠨᠳᠡ ᠪᠡᠨ ᠰᠠᠭᠤᠵᠤ ᠪᠠᠢ᠂ ᠡᠨᠳᠡ ᠪᠢᠲᠡᠭᠡᠢ ᠢᠷ᠎ᠡ》 ᠭᠡᠵᠦ ᠰᠡᠩᠳᠡ ᠮᠡᠩᠳᠡ ᠬᠡᠯᠡᠭᠡᠳ ᠭᠠᠯ ᠢ᠋ᠶ᠋ᠠᠷ ᠢ᠋ᠶ᠋ᠠᠨ ᠤᠷᠤᠯᠳᠤᠵᠤ ᠪᠠᠢᠲᠠᠯ᠎ᠠ ᠯᠤᠤ ᠱᠤᠸᠠᠨ ᠨᠣᠪ ᠨᠣᠭᠣᠭᠠᠨ ᠪᠣᠭᠣᠳᠠᠯ ᠢ᠋ ᠤᠯᠠᠭᠠᠨ ᠴᠠᠭᠠᠨ ᠬᠤᠸᠠᠷᠲᠠᠢ ᠳ᠋ᠧᠩᠯᠦ ᠲᠡᠢ ᠴᠤ᠌ᠭ ᠵᠤᠤᠬᠠᠨ ᠳ᠋ᠠᠭᠠᠨ ᠴᠢᠬᠢᠵᠦ ᠣᠷᠣᠭᠤᠯᠤᠮᠠᠭᠴᠠ ᠨᠢᠭᠡᠨ ᠵᠤᠷᠪᠤᠰ ᠬᠦᠷᠡᠩ ᠤᠯᠠᠭᠠᠨ ᠭᠠᠯ ᠳᠦᠷᠡᠯᠵᠡᠵᠦ ᠮᠤᠬᠤᠯᠠᠭ ᠤ᠋ᠨ ᠪᠦᠬᠦ ᠲᠠᠰᠤᠯᠭ᠎ᠠ ᠳ᠋ᠤ᠌ ᠬᠠᠴᠢᠨ ᠦᠨᠦᠷ ᠬᠠᠩᠬᠤᠯᠤᠨ᠎ᠠ᠃
    《ᠬᠠ! ᠶᠠᠮᠠᠷ ᠰᠠᠢᠬᠠᠨ ᠦᠨᠦᠷ ᠭᠡᠭᠴᠢ ᠪᠣᠢ! ᠲᠠ ᠨᠠᠷ ᠶᠠᠮᠠᠷ ᠪᠣᠭᠣᠷᠰᠣᠭ ᠢᠳᠡᠵᠦ ᠪᠠᠢᠭ᠎ᠠ ᠶᠤᠮ ᠪᠣᠢ?》 ᠭᠡᠬᠦ ᠳᠠᠭᠤ ᠰᠣᠨᠣᠰᠳᠠᠬᠤ ᠨᠢ᠂ ᠦᠵᠡᠰᠡ ᠪᠥᠭᠲᠥᠷ ᠡᠦ ᠱᠣᠣ ᠶᠧ ᠢᠷᠡᠭᠰᠡᠨ ᠠᠵᠢ᠃ ᠡᠨᠡ ᠬᠥᠮᠦᠨ ᠪᠣᠯ ᠴᠠᠢ ᠶ᠋ᠢᠨ ᠮᠤᠬᠤᠯᠠᠭ ᠲᠤ᠌ ᠡᠳᠦᠷ ᠥᠩᠭᠡᠷᠡᠭᠡᠵᠦ᠂ ᠬᠠᠮᠤᠭ ᠤ᠋ᠨ ᠡᠷᠲᠡ ᠢᠷᠡᠭᠡᠳ ᠬᠠᠮᠤᠭ ᠤ᠋ᠨ ᠣᠷᠣᠢ ᠬᠠᠷᠢᠳᠠᠭ ᠬᠥᠮᠦᠨ ᠶᠦᠮ᠃ ᠡᠳᠦᠭᠡ ᠡᠨᠡ ᠬᠥᠮᠦᠨ ᠪᠠᠰᠠ ᠯᠠ ᠪᠥᠭᠴᠥᠭᠡᠨᠡᠨ ᠢᠷᠡᠵᠦ ᠭᠤᠳᠤᠮᠵᠢᠨ ᠤ᠋ ᠲᠠᠯ᠎ᠠ ᠶ᠋ᠢᠨ ᠪᠤᠯᠤᠩ ᠤ᠋ᠨ ᠰᠠᠨᠳᠠᠯᠢ ᠳᠡᠭᠡᠷ᠎ᠡ ᠰᠠᠭᠤᠮᠠᠭᠴᠠ ᠠᠰᠠᠭᠤᠯᠲᠠ ᠲᠠᠯᠪᠢᠬᠤ ᠨᠢ ᠡᠨᠡ᠃ ᠭᠡᠪᠡᠴᠦ ᠬᠠᠷᠢᠭᠤᠯᠲᠠ ᠭᠡᠵᠦ ᠠᠯᠠᠭ᠎ᠠ᠃ 《ᠬᠠᠭᠤᠷᠤᠭᠰᠠᠨ ᠪᠤᠳᠠᠭᠠᠨ ᠤ᠋ ᠰᠥᠮᠥᠰᠦ ᠶᠦᠮ ᠪᠣᠯᠪᠠ ᠤᠤ?》 ᠭᠡᠰᠡᠨ ᠠᠰᠠᠭᠤᠯᠲᠠ ᠨᠢ ᠮᠥᠨ ᠬᠠᠷᠢᠭᠤᠯᠲᠠ ᠦᠭᠡᠢ ᠬᠠᠶᠠᠭᠳᠠᠪᠠ᠃ ᠯᠤᠤ ᠱᠤᠸᠠᠨ ᠶᠠᠭᠠᠷᠠᠨ ᠭᠠᠷᠴᠤ ᠢᠷᠡᠭᠡᠳ ᠴᠠᠢ ᠪᠦᠷᠢᠵᠦ ᠥᠭᠪᠡ᠃
    《ᠰᠢᠶᠣᠤ ᠱᠤᠸᠠᠨ ᠣᠷᠣᠭᠠᠳ ᠢᠷ᠎ᠡ!》 ᠭᠡᠵᠦ ᠬᠤᠸᠠ ᠳᠠ ᠮᠠ ᠡᠵᠢ ᠰᠢᠶᠣᠤ ᠱᠤᠸᠠᠨ ᠢ᠋ᠶ᠋ᠠᠨ ᠳᠣᠲᠣᠷ᠎ᠠ ᠲᠠᠰᠤᠯᠭᠠᠨ ᠳ᠋ᠠᠭᠠᠨ ᠠᠪᠠᠴᠢᠵᠤ᠂ ᠭᠠᠵᠠᠷ ᠳᠤᠮᠳᠠᠬᠢ ᠰᠠᠨᠳᠠᠯᠢ ᠳᠡᠭᠡᠷ᠎ᠡ ᠪᠡᠨ ᠰᠠᠭᠤᠯᠭᠠᠭᠠᠳ ᠪᠢᠴᠢᠬᠠᠨ ᠲᠠᠪᠠᠭ ᠲᠤ᠌ ᠫᠠᠳ ᠬᠠᠷ᠎ᠠ ᠪᠥᠭᠡᠷᠡᠩᠬᠡᠢ ᠶᠠᠭᠤᠮ᠎ᠠ ᠬᠢᠵᠦ ᠠᠪᠴᠢᠷᠠᠭᠠᠳ:
    《ᠢᠳᠡᠴᠢᠬᠡ᠂ - ᠡᠪᠡᠳᠴᠢᠨ ᠴᠢᠨᠢ ᠡᠳᠡᠭᠡᠬᠦ ᠶᠦᠮ》 ᠭᠡᠵᠦ ᠠᠶᠠᠷᠬᠠᠨ ᠬᠡᠯᠡᠪᠡ᠃
    ᠰᠢᠶᠣᠤ ᠱᠤᠸᠠᠨ ᠲᠡᠷᠡ ᠬᠠᠷ᠎ᠠ ᠶᠠᠭᠤᠮ᠎ᠠ ᠶ᠋ᠢ ᠠᠪᠴᠤ ᠪᠠᠬᠠᠨ ᠰᠢᠨᠵᠢᠭᠡᠳ ᠠᠮᠢ ᠪᠠᠨ ᠭᠠᠷ ᠲᠠᠭᠠᠨ ᠠᠳᠬᠤᠭᠰᠠᠨ ᠮᠡᠲᠦ ᠠᠢᠬᠤᠪᠲᠤᠷ ᠶᠡᠬᠡ ᠭᠠᠢᠬᠠᠪᠠ᠃ ᠢᠩᠭᠢᠭᠡᠳ ᠮᠠᠰᠢ ᠪᠣᠯᠭᠣᠮᠵᠢᠲᠠᠢ ᠪᠠᠷ ᠳᠤᠮᠳᠠᠭᠤᠷ ᠨᠢ ᠬᠠᠭᠠᠯᠤᠮᠠᠭᠴᠠ ᠰᠢᠲᠠᠩᠬᠠᠢ ᠬᠠᠯᠢᠰᠤᠨ ᠳᠣᠲᠣᠷ᠎ᠠ ᠠ᠋ᠴᠠ ᠨᠢ ᠨᠢᠭᠡᠨ ᠵᠤᠷᠪᠤᠰ ᠴᠠᠭᠠᠨ ᠠᠭᠤᠷ ᠪᠤᠷᠭᠢᠵᠤ ᠭᠠᠷᠤᠭᠠᠳ ᠤᠳᠠᠯ ᠦᠭᠡᠢ ᠵᠠᠮᠬᠠᠷᠠᠯ᠎ᠠ᠃ ᠦᠵᠡᠰᠡ᠂ ᠴᠠᠭᠠᠨ ᠭᠤᠯᠢᠷ ᠤ᠋ᠨ ᠮᠠᠨᠲᠠᠤ ᠶ᠋ᠢᠨ ᠬᠣᠶᠠᠷ ᠲᠠᠯ᠎ᠠ ᠪᠠᠢᠯ᠎ᠠ᠃ ᠭᠱᠠᠨ ᠵᠠᠭᠤᠷ᠎ᠠ ᠲᠡᠷᠡ ᠨᠢ ᠪᠦᠷ ᠭᠡᠳᠡᠰᠦᠨ ᠳ᠋ᠦ᠍ ᠣᠷᠣᠵᠤ ᠠᠮᠲᠠ ᠶ᠋ᠢ ᠨᠢ ᠴᠤ᠌ ᠪᠦᠷ ᠮᠠᠷᠲᠠᠭᠠᠳ ᠬᠣᠭᠣᠰᠣᠨ ᠲᠠᠪᠠᠭ ᠡᠮᠦᠨ᠎ᠡ ᠨᠢ ᠬᠡᠪᠲᠡᠨ᠎ᠡ᠃ ᠠᠪᠤ ᠨᠢ ᠨᠢᠭᠡ ᠲᠠᠯ᠎ᠠ ᠳ᠋ᠤᠨᠢ ᠵᠣᠭᠰᠣᠵᠤ᠂ ᠡᠵᠢ ᠨᠢ ᠪᠠᠰᠠ ᠨᠢᠭᠡ ᠲᠠᠯ᠎ᠠ ᠳ᠋ᠤᠨᠢ ᠵᠣᠭᠰᠣᠭᠠᠳ᠂ ᠲᠡᠭᠦᠨ ᠦ᠌ ᠪᠡᠶ᠎ᠡ ᠳ᠋ᠦ᠍ᠨᠢ ᠶᠠᠮᠠᠷ ᠨᠢᠭᠡᠨ ᠶᠠᠭᠤᠮ᠎ᠠ ᠶ᠋ᠢ ᠰᠢᠩᠭᠡᠬᠡᠨ ᠣᠷᠣᠭᠤᠯᠵᠤ ᠪᠠᠰᠠ ᠶᠠᠮᠠᠷ ᠨᠢᠭᠡᠨ ᠵᠦᠢᠯ ᠢ᠋ ᠲᠡᠳᠡᠨ ᠭᠠᠷᠭᠠᠬᠤ ᠮᠡᠲᠦ ᠬᠠᠷᠠᠵᠤ ᠪᠠᠢᠪᠠ᠃ ᠢᠩᠭᠢᠵᠦ ᠪᠠᠢᠲᠠᠯ᠎ᠠ ᠰᠢᠶᠣᠤ ᠱᠤᠸᠠᠨ ᠤ᠋ ᠵᠢᠷᠦᠬᠡ ᠨᠢ ᠲᠦᠭᠰᠢᠵᠦ᠂ ᠥᠷᠥᠴᠡ ᠪᠡᠨ ᠳᠠᠷᠤᠭᠠᠳ ᠪᠠᠰᠠ ᠨᠢᠭᠡ ᠪᠦᠯᠦᠭ ᠬᠠᠨᠢᠶᠠᠯᠭᠠᠪᠠ᠃
    《ᠲᠦᠷ ᠳᠤᠭᠬᠢᠭᠡᠳ ᠠᠪ᠂ - ᠤᠳᠠᠬᠤ ᠦᠭᠡᠢ ᠡᠳᠡᠭᠡᠬᠦ ᠶᠦᠮ》
ᠰᠢᠶᠣᠤ ᠱᠤᠸᠠᠨ᠂ ᠡᠵᠢ ᠶ᠋ᠢᠨ ᠢ᠋ᠶ᠋ᠡᠨ ᠦᠭᠡ ᠪᠡᠷ ᠬᠠᠨᠢᠶᠠᠯᠭᠠᠭᠰᠠᠭᠠᠷ ᠬᠡᠪᠲᠡᠯ᠎ᠡ᠃ ᠬᠤᠸᠠ ᠳᠠ ᠮᠠ ᠡᠵᠢ ᠠᠮᠢᠰᠬᠤᠭ᠎ᠠ ᠨᠢ ᠠᠭᠤᠵᠢᠷᠠᠬᠤ ᠶ᠋ᠢ ᠬᠦᠯᠢᠶᠡᠵᠦ ᠪᠠᠢᠭᠠᠳ ᠳᠠᠯᠠᠨ ᠨᠥᠬᠥᠭᠡᠰᠦ ᠲᠡᠢ ᠳᠠᠪᠬᠤᠷ ᠬᠥᠨᠵᠢᠯᠡ ᠨᠥᠮᠥᠷᠭᠡᠪᠡ᠃

ᠭᠤᠷᠪᠠ

    ᠮᠤᠬᠤᠯᠠᠭ ᠤ᠋ᠨ ᠥᠷᠥᠭᠡᠨ ᠳ᠋ᠦ᠍ ᠮᠠᠰᠢ ᠣᠯᠠᠨ ᠬᠥᠮᠦᠨ ᠰᠠᠭᠤᠵᠤ᠂ ᠯᠤᠤ ᠱᠤᠸᠠᠨ ᠪᠠᠰᠠ ᠶᠡᠬᠡᠯ᠎ᠡ ᠶᠠᠭᠠᠷᠠᠵᠤ ᠴᠦᠯᠬᠦᠭᠡᠷ ᠲᠣᠮᠣ ᠭᠠᠤᠯᠢᠨ ᠳᠡᠪᠦᠷ᠎ᠡ ᠪᠠᠷᠢᠵᠤ ᠵᠣᠴᠢᠳ ᠲᠤ᠌ ᠨᠢᠭᠡ ᠨᠢᠭᠡ ᠪᠡᠷ ᠤᠰᠤ ᠨᠡᠮᠡᠵᠦ ᠥᠭᠬᠦ ᠪᠥᠭᠡᠳ ᠬᠣᠶᠠᠷ ᠨᠢᠳᠦᠨ ᠦ᠌ ᠬᠢᠨᠢ ᠤᠬᠤᠷᠬᠠᠢ ᠬᠠᠷ᠎ᠠ ᠵᠢᠷᠤᠭᠠᠰᠤ ᠪᠠᠷ ᠬᠦᠷᠢᠶᠡᠯᠡᠭᠳᠡᠭᠰᠡᠨ ᠪᠠᠢᠯ᠎ᠠ᠃
《ᠯᠤᠤ ᠱᠤᠸᠠᠨ᠂ ᠪᠡᠶ᠎ᠡ ᠴᠢᠨᠢ ᠠᠶᠠᠭᠦᠢ ᠪᠠᠢᠨ᠎ᠠ ᠤᠤ?ᠴᠢ ᠡᠪᠡᠳᠴᠢᠯᠡᠭᠰᠡᠨ ᠤᠤ?》 ᠭᠡᠵᠦ ᠪᠤᠭᠤᠷᠤᠯ ᠰᠠᠬᠠᠯ ᠲᠠᠢ ᠨᠢᠭᠡ ᠬᠥᠮᠦᠨ ᠠᠰᠠᠭᠤᠭᠰᠠᠨ ᠳ᠋ᠤ᠌ ᠯᠤᠤ ᠱᠤᠸᠠᠨ : 《ᠵᠦᠭᠡᠷ ᠵᠦᠭᠡᠷ》 ᠭᠡᠵᠦ ᠬᠠᠷᠢᠭᠤᠯᠤᠯ᠎ᠠ᠃
《ᠵᠦᠭᠡᠷ ᠠ᠋? ᠬᠥᠭᠵᠢᠯᠲᠡᠢ ᠴᠤ᠌ᠪᠣᠭᠣ ᠯᠠ ᠪᠠᠢᠭ᠎ᠠ ᠬᠥᠮᠦᠨ ᠶᠦᠮᠰᠡᠨ᠂ ᠶᠡᠷᠦ ᠨᠢ ᠡᠢᠮᠦ ᠁》 ᠭᠡᠵᠦ ᠪᠤᠭᠤᠷᠤᠯ ᠰᠠᠬᠠᠯᠲᠤ ᠴᠢᠨᠠᠭᠰᠢ ᠬᠡᠯᠡᠬᠦ ᠭᠡᠰᠡᠨ ᠢ᠋ᠶ᠋ᠡᠨ ᠪᠣᠯᠢᠪᠠ᠃
    《ᠯᠤᠤ ᠱᠤᠸᠠᠨ ᠵᠠᠪ ᠦᠭᠡᠢ ᠪᠠᠢᠬᠤ ᠶᠤᠮ᠂ ᠬᠡᠷᠪᠡ ᠬᠦᠦ ᠨᠢ ᠁》 ᠭᠡᠵᠦ ᠪᠥᠭᠲᠥᠷ ᠡᠦ ᠱᠣᠣ ᠶᠧ ᠶ᠋ᠢ ᠶᠠᠷᠢᠵᠤ ᠳᠠᠭᠤᠰᠬᠤ ᠶ᠋ᠢᠨ ᠤᠷᠢᠳ᠂ ᠬᠠᠷ᠎ᠠ ᠴᠠᠮᠴᠠ ᠶ᠋ᠢᠨ ᠡᠩᠭᠡᠷ ᠦ᠋ᠨ ᠲᠣᠪᠴᠢ ᠶ᠋ᠢ ᠲᠠᠯᠪᠢᠭᠰᠠᠨ᠂ ᠳᠠᠪᠤᠰᠠᠩ ᠢ᠋ᠶ᠋ᠠᠷ ᠢ᠋ᠶ᠋ᠠᠨ ᠥᠷᠭᠡᠨ ᠬᠠᠷ᠎ᠠ ᠪᠦᠰᠡ ᠬᠠᠮᠢᠶ᠎ᠠ ᠦᠭᠡᠢ ᠣᠷᠢᠶᠠᠭᠰᠠᠨ ᠬᠥᠨᠳᠡᠯᠡᠨ ᠮᠢᠬᠠᠨ ᠰᠢᠷᠬᠡᠭ ᠲᠡᠢ ᠬᠥᠮᠦᠨ ᠬᠠᠲᠠᠪᠴᠢ ᠠᠯᠬᠤᠨ ᠣᠷᠣᠵᠤ ᠢᠷᠡᠮᠡᠭᠴᠡ ᠯᠤᠤ ᠱᠤᠸᠠᠨ ᠤ᠋ ᠵᠦᠭ:
    《ᠢᠳᠡᠭᠦᠯᠪᠡ ᠤᠤ? ᠭᠠᠢᠭᠤᠢ ᠤᠤ? ᠯᠤᠤ ᠱᠤᠸᠠᠨ ᠴᠢ ᠬᠤᠪᠢ ᠲᠠᠢ ᠬᠥᠮᠦᠨ! ᠨᠠᠳᠠ ᠰᠢᠭ᠋ ᠰᠤᠷᠠᠭ ᠴᠢᠮᠡᠭᠡ ᠰᠠᠢᠨ ᠰᠣᠨᠣᠰᠳᠠᠭ ᠬᠥᠮᠦᠨ ᠪᠠᠢᠭᠰᠠᠨ ᠦᠭᠡᠢ ᠪᠣᠯ ᠁》 ᠭᠡᠵᠦ ᠶᠡᠬᠡ ᠳᠠᠭᠤᠨ ᠢ᠋ᠶ᠋ᠠᠷ ᠬᠡᠯᠡᠬᠦ ᠳ᠋ᠦ᠍ ᠯᠤᠤ ᠱᠤᠸᠠᠨ ᠨᠢᠭᠡ ᠭᠠᠷ ᠢ᠋ᠶ᠋ᠠᠷ ᠢ᠋ᠶ᠋ᠠᠨ ᠳᠡᠪᠦᠷ᠎ᠡ ᠪᠡᠨ ᠠᠳᠬᠤᠵᠤ᠂ ᠨᠥᠭᠦᠭᠡ ᠭᠠᠷ ᠢ᠋ᠶ᠋ᠠᠨ ᠳᠣᠷᠣᠭᠰᠢ ᠰᠣᠭᠣᠢᠲᠠᠯ᠎ᠠ ᠲᠠᠯᠪᠢᠵᠤ ᠢᠨᠢᠶᠡᠮᠰᠦᠭᠯᠡᠨ ᠰᠣᠨᠣᠰᠤᠨ᠎ᠠ᠃ ᠭᠡᠷ ᠳᠦᠭᠦᠷᠡᠩ ᠬᠥᠮᠦᠰ ᠴᠤ᠌ ᠲᠡᠭᠦᠨ ᠦ᠌ ᠦᠭᠡ ᠶ᠋ᠢ ᠪᠦᠷ ᠰᠣᠨᠣᠰᠤᠨ᠎ᠠ᠃ ᠬᠤᠸᠠ ᠳᠠ ᠮᠠ ᠡᠵᠢ ᠪᠠᠰᠠ ᠤᠬᠤᠷᠬᠠᠢ ᠨᠢ ᠰᠢᠷᠭᠢᠭᠰᠡᠨ ᠨᠢᠳᠦ ᠪᠡᠷ ᠢ᠋ᠶ᠋ᠡᠨ ᠢᠨᠢᠶᠡᠮᠰᠦᠭᠯᠡᠵᠦ᠂ ᠴᠠᠢ ᠴᠤ᠌ᠮᠣ ᠭᠠᠷᠭᠠᠵᠤ ᠨᠢᠭᠡ ᠮᠥᠬᠥᠯᠢᠭ ᠨᠠᠩᠭᠢᠶᠠᠳ ᠠᠷᠤᠷ᠎ᠠ ᠬᠢᠭᠰᠡᠨ ᠳ᠋ᠦ᠍ ᠯᠤᠤ ᠱᠤᠸᠠᠨ ᠤᠰᠤ ᠬᠢᠵᠦ ᠥᠭᠪᠡ᠃
    《ᠯᠠᠪ ᠡᠳᠡᠭᠡᠬᠦ ᠶᠦᠮ! ᠡᠨᠡ ᠭᠡᠭᠴᠢ ᠥᠭᠡᠷ᠎ᠡ ᠶᠠᠭᠤᠮ᠎ᠠ ᠲᠠᠢ ᠲᠠᠭᠠᠷᠠᠬᠤ ᠦᠭᠡᠢ᠂ ᠬᠠᠯᠠᠭᠤᠨ ᠢ᠋ᠶ᠋ᠠᠷ ᠨᠢ ᠠᠪᠴᠢᠷᠠᠵᠤ ᠬᠠᠯᠠᠭᠤᠨ ᠢ᠋ᠶ᠋ᠠᠷ ᠨᠢ ᠢᠳᠡᠭᠦᠯᠦᠭᠰᠡᠨ ᠰᠢᠦ ᠳᠡ 》 ᠭᠡᠵᠦ ᠬᠥᠨᠳᠡᠯᠡᠨ ᠮᠢᠬᠠᠨ ᠰᠢᠷᠬᠡᠭᠲᠦ ᠬᠥᠮᠦᠨ ᠶᠡᠬᠡ ᠳᠠᠭᠤ ᠪᠠᠷ ᠶᠠᠷᠢᠭᠰᠠᠭᠠᠷ ᠯᠠ ᠪᠠᠢᠪᠠ᠃
    《ᠦᠨᠡᠬᠡᠷ ᠲᠡᠢᠮᠦ ᠰᠢᠦ᠂ ᠬᠡᠷᠪᠡ ᠺᠠᠩ ᠠᠪᠠᠭ᠎ᠠ ᠨᠢ ᠬᠠᠢᠷ᠎ᠠ ᠬᠠᠯᠠᠮᠵᠢ ᠦᠵᠡᠭᠦᠯᠦᠭᠰᠡᠨ ᠦᠭᠡᠢ ᠪᠣᠯ ᠶᠠᠭᠠᠬᠢᠵᠤ ᠢᠩᠭᠢᠵᠦ ᠴᠢᠳᠠᠬᠤ ᠁》 ᠭᠡᠵᠦ ᠬᠤᠸᠠ ᠳᠠ ᠮᠠ ᠡᠵᠢ ᠲᠡᠭᠦᠨ ᠳ᠋ᠦ᠍ ᠰᠡᠳᠬᠢᠯ ᠬᠥᠳᠡᠯᠦᠭᠰᠡᠨ ᠪᠠᠢᠳᠠᠯ ᠢ᠋ᠶ᠋ᠠᠷ ᠲᠠᠯᠠᠷᠬᠠᠵᠤ ᠪᠠᠢᠯ᠎ᠠ᠃
    《ᠡᠳᠡᠭᠡᠬᠦ ᠶᠦᠮ᠂ ᠡᠳᠡᠭᠡᠬᠦ ᠶᠦᠮ᠂ ᠢᠩᠭᠢᠵᠦ ᠬᠠᠯᠠᠭᠤᠨ ᠳᠡᠭᠡᠷ᠎ᠡ ᠨᠢ ᠢᠳᠡᠭᠦᠯᠦᠭᠰᠡᠨ ᠶᠦᠮ ᠴᠢᠨᠢ᠂ ᠬᠥᠮᠦᠨ ᠦ᠌ ᠴᠢᠰᠤᠲᠠᠢ ᠮᠠᠨᠲᠠᠤ ᠶᠠᠮᠠᠷ ᠵᠡᠷᠭᠡ ᠶ᠋ᠢᠨ ᠠᠭᠤᠰᠬᠢᠨ ᠤ᠋ ᠰᠦᠷᠢᠶ᠎ᠡ ᠶ᠋ᠢ ᠪᠦᠷ ᠡᠳᠡᠭᠡᠭᠡᠬᠦ ᠶᠦᠮ!》 ᠭᠡᠪᠡ᠃
    ᠬᠤᠸᠠ ᠳᠠ ᠮᠠ ᠡᠵᠢ 《ᠠᠭᠤᠰᠬᠢᠨ ᠰᠦᠷᠢᠶ᠎ᠡ》 ᠭᠡᠰᠡᠨ ᠦᠭᠡ ᠶ᠋ᠢ ᠰᠣᠨᠣᠰᠤᠮᠠᠭᠴᠠ ᠴᠢᠷᠠᠢ ᠨᠢ ᠪᠠᠬᠠᠨ ᠪᠠᠷᠤᠢᠵᠤ ᠤᠷᠮ᠎ᠠ ᠦᠭᠡᠢ ᠮᠡᠲᠦ ᠪᠣᠯᠪᠠ᠃ ᠭᠡᠪᠡᠴᠦ ᠳᠣᠣᠷ᠎ᠠ ᠪᠠᠨ ᠢᠨᠢᠶᠡᠮᠰᠦᠭᠯᠡᠬᠦ ᠴᠢᠷᠠᠢ ᠭᠠᠷᠭᠠᠵᠤ ᠠᠷᠭ᠎ᠠ ᠪᠠᠨ ᠪᠠᠷᠠᠭᠰᠠᠨ ᠪᠠᠢᠳᠠᠯ ᠲᠠᠢ ᠪᠣᠯᠤᠭᠠᠳ ᠭᠠᠷᠪᠠ᠃ ᠭᠡᠲᠡᠯ᠎ᠡ ᠺᠠᠩ ᠠᠪᠠᠭ᠎ᠠ ᠲᠡᠭᠦᠨ ᠢ᠋ ᠳᠡᠮᠡᠢ ᠬᠠᠢᠬᠤᠷᠤᠭᠰᠠᠨ ᠴᠤ᠌ ᠦᠭᠡᠢ᠂ ᠮᠥᠨ ᠬᠦ᠌ ᠬᠣᠭᠣᠯᠠᠢ ᠪᠠᠨ ᠰᠢᠬᠠᠵᠤ ᠶᠡᠬᠡ ᠳᠠᠭᠤᠨ ᠢ᠋ᠶ᠋ᠠᠷ ᠶᠠᠷᠢᠭᠰᠠᠭᠠᠷ ᠪᠠᠢᠭᠠᠳ ᠤᠨᠲᠠᠵᠤ ᠪᠠᠢᠭᠰᠠᠨ ᠰᠢᠶᠣᠤ ᠱᠤᠸᠠᠨ ᠢ᠋ ᠪᠠᠰᠠ ᠰᠡᠷᠢᠭᠡᠭᠡᠳ ᠬᠠᠨᠢᠶᠠᠳᠤ ᠶ᠋ᠢ ᠨᠢ ᠬᠥᠳᠡᠯᠭᠡᠪᠡ᠃
    《ᠦᠵᠡᠰᠡ᠂ ᠲᠠᠨ ᠤ᠋ ᠰᠢᠶᠣᠤ ᠱᠤᠸᠠᠨ ᠴᠢᠨᠢ ᠡᠢᠮᠦ ᠶᠡᠬᠡ ᠬᠤᠪᠢ ᠲᠠᠢ ᠠᠵᠢ᠃ ᠡᠨᠡ ᠡᠪᠡᠳᠴᠢᠨ ᠵᠠᠪᠠᠯ ᠬᠣᠭ ᠦᠭᠡᠢ ᠡᠳᠡᠭᠡᠬᠦ ᠶᠦᠮ᠃ ᠯᠤᠤ ᠱᠤᠸᠠᠨ ᠡᠳᠦᠷ ᠲᠤᠷᠰᠢ ᠪᠠᠶᠠᠷᠲᠠᠢ ᠪᠠᠢᠭ᠎ᠠ ᠶ᠋ᠢ ᠨᠢ ᠦᠵᠡᠬᠦ ᠦᠭᠡᠢ ᠤᠤ》 ᠭᠡᠵᠦ ᠪᠤᠭᠤᠷᠤᠯ ᠰᠠᠬᠠᠯᠲᠤ ᠶᠠᠷᠢᠭᠰᠠᠭᠠᠷ ᠺᠠᠩ ᠠᠪᠠᠭ᠎ᠠ ᠶ᠋ᠢᠨ ᠳᠡᠷᠭᠡᠳᠡ ᠣᠴᠢᠵᠤ ᠳᠣᠣᠷ᠎ᠠ ᠳᠠᠭᠤᠨ ᠢ᠋ᠶ᠋ᠠᠷ: 《ᠺᠠᠩ ᠠᠪᠠᠭ᠎ᠠ ᠠ᠋ - ᠰᠣᠨᠣᠰᠬᠤᠯ᠎ᠠ ᠥᠨᠥᠳᠥᠷ ᠦ᠋ᠨ ᠰᠢᠢᠳᠬᠡᠭᠰᠡᠨ ᠲᠡᠷᠡ ᠶᠠᠯᠠᠲᠠᠨ ᠴᠢᠨᠢ ᠰᠢᠶᠠ ᠣᠪᠣᠭᠲᠤ ᠶ᠋ᠢᠨ ᠬᠡᠦᠬᠡᠳ ᠶᠦᠮ ᠭᠡᠨ᠎ᠡ᠃ ᠲᠡᠷᠡ ᠴᠢᠨᠢ ᠬᠡᠨ ᠦ᠌ ᠬᠢᠨᠢ ᠬᠦᠦ ᠪᠣᠢ? ᠶᠠᠮᠠᠷ ᠬᠡᠷᠡᠭ ᠢ᠋ᠶ᠋ᠡᠷ ᠪᠣᠢ?》 ᠭᠡᠰᠡᠨ ᠳ᠋ᠦ᠍᠂
    《ᠬᠡᠨ? ᠰᠢᠶᠠ ᠰᠧ ᠨᠠᠢ ᠨᠠᠢ ᠶ᠋ᠢᠨ ᠬᠦᠦ ᠪᠢᠰᠢ ᠤᠤ᠂ ᠲᠡᠷᠡ ᠮᠠᠭᠤ ᠴᠢᠰᠤ!》 ᠭᠡᠵᠦ ᠺᠠᠩ ᠠᠪᠠᠭ᠎ᠠ᠂ ᠬᠥᠮᠦᠰ ᠪᠦᠷ ᠲᠡᠭᠦᠨ ᠦ᠌ ᠦᠭᠡ ᠶ᠋ᠢ ᠰᠣᠨᠢᠷᠬᠠᠯᠲᠠᠢ ᠰᠣᠨᠣᠰᠴᠤ ᠪᠠᠢᠭ᠎ᠠ ᠶ᠋ᠢ ᠦᠵᠡᠭᠡᠳ ᠨᠡᠩ ᠪᠠᠶᠠᠷᠯᠠᠵᠤ᠂ ᠮᠢᠬᠠᠨ ᠰᠢᠷᠬᠡᠭ ᠨᠢ ᠬᠡᠰᠡᠭ ᠬᠡᠰᠡᠭ ᠢ᠋ᠶ᠋ᠡᠷ ᠲᠠᠰᠤᠷᠬᠠᠢᠳᠠᠵᠤ ᠤᠯᠠᠮ ᠶᠡᠬᠡ ᠳᠠᠭᠤ ᠪᠠᠷ: 《ᠡᠨᠡ ᠮᠠᠭᠤ ᠴᠢᠰᠤ ᠦᠨᠡᠬᠡᠷ ᠠᠮᠢᠳᠤ ᠶᠠᠪᠤᠬᠤ ᠳᠤᠷ᠎ᠠ ᠦᠭᠡᠢ ᠪᠠᠢᠨ᠎ᠠ᠃ ᠪᠢ ᠡᠨᠡ ᠤᠳᠠᠭ᠎ᠠ ᠬᠠᠷᠢᠨ ᠶᠠᠭᠤ ᠴᠤ᠌ ᠣᠯᠤᠭᠰᠠᠨ ᠦᠭᠡᠢ᠂ ᠬᠠᠭᠤᠯᠵᠤ ᠠᠪᠤᠭᠰᠠᠨ ᠬᠤᠪᠴᠠᠰᠤ ᠶ᠋ᠢ ᠨᠢ ᠴᠥᠮ ᠱᠣᠷᠣᠩ ᠮᠠᠨᠠᠭᠴᠢ ᠤᠯᠠᠭᠠᠨ ᠨᠢᠳᠦᠨ ᠠ ᠶ᠋ᠢ ᠠᠪᠴᠢᠬᠠᠯ᠎ᠠ᠃ - ᠲᠡᠷᠢᠭᠦᠨ ᠳ᠋ᠦ᠍ᠨᠢ ᠮᠠᠨ ᠤ᠋ ᠱᠤᠸᠠᠨ ᠠᠪᠠᠭ᠎ᠠ ᠬᠤᠪᠢ ᠲᠠᠭᠠᠷᠠᠵᠠᠢ᠃ ᠬᠣᠶᠠᠳᠤᠭᠠᠷ ᠲᠤᠨᠢ ᠰᠢᠶᠠ ᠰᠠᠨ ᠶᠧ ᠬᠣᠷᠢᠨ ᠲᠠᠪᠤᠨ ᠯᠠᠩ ᠴᠠᠰᠤ ᠴᠠᠭᠠᠨ ᠮᠥᠩᠭᠥ ᠪᠡᠷ ᠱᠠᠩᠨᠠᠭᠳᠠᠪᠠ᠃         ᠲᠡᠷᠡ ᠨᠢ ᠰᠣᠬᠣᠷ ᠵᠣᠭᠣᠰ ᠤ᠋ᠨ ᠬᠣᠷᠣᠭᠳᠠᠯ ᠴᠤ᠌ ᠦᠭᠡᠢ ᠪᠡᠷ ᠴᠥᠮ ᠲᠡᠭᠦᠨ ᠦ᠌ ᠡᠪᠦᠷ ᠲᠦ᠍ ᠣᠷᠣᠯ᠎ᠠ》 ᠭᠡᠪᠡ᠃
    ᠰᠢᠶᠣᠤ ᠱᠤᠸᠠᠨ ᠪᠢᠴᠢᠬᠠᠨ ᠲᠠᠰᠤᠯᠭᠠᠨ ᠠ᠋ᠴᠠ ᠪᠠᠨ ᠭᠡᠯᠳᠦᠷᠢᠬᠢᠯᠡᠨ ᠭᠠᠷᠴᠤ ᠢᠷᠡᠭᠡᠳ ᠬᠣᠶᠠᠷ ᠭᠠᠷ ᠢ᠋ᠶ᠋ᠠᠷ ᠢ᠋ᠶ᠋ᠠᠨ ᠥᠷᠥᠴᠡ ᠪᠡᠨ ᠳᠠᠷᠤᠵᠤ ᠪᠦᠭᠰᠢᠨ ᠬᠠᠨᠢᠶᠠᠭᠰᠠᠭᠠᠷ᠂ ᠲᠣᠭᠣᠭᠠᠨ ᠠ᠋ᠴᠠ ᠪᠠᠨ ᠨᠢᠭᠡ ᠠᠶᠠᠭ᠎ᠠ ᠬᠦᠢᠲᠡᠨ ᠪᠤᠳᠠᠭ᠎ᠠ ᠠᠶᠠᠭᠠᠯᠠᠵᠤ ᠳᠡᠭᠡᠷ᠎ᠡ ᠨᠢ ᠪᠤᠴᠠᠯᠤᠭᠰᠠᠨ ᠤᠰᠤ ᠬᠢᠭᠡᠳ ᠢᠳᠡᠯ᠎ᠡ᠃ ᠬᠤᠸᠠ ᠳᠠ ᠮᠠ ᠡᠵᠢ ᠲᠡᠭᠦᠨ ᠦ᠌ ᠳᠡᠷᠭᠡᠳᠡ ᠢᠷᠡᠭᠡᠳ ᠨᠠᠮ ᠳᠠᠭᠤ ᠪᠠᠷ: 《ᠰᠢᠶᠣᠤ ᠱᠤᠸᠠᠨ᠂ ᠪᠠᠬᠠᠨ ᠭᠠᠢᠭᠤᠢ ᠪᠠᠢᠨ᠎ᠠ ᠤᠤ? ᠮᠥᠨ ᠯᠡ ᠥᠯᠥᠰᠴᠦ ᠪᠠᠢᠨ᠎ᠠ ᠤᠤ?》 ᠭᠡᠵᠦ ᠠᠰᠠᠭᠤᠯ᠎ᠠ᠃
    《ᠡᠳᠡᠭᠡᠬᠦ ᠶᠦᠮ᠂ ᠯᠠᠪ ᠡᠳᠡᠭᠡᠬᠦ ᠶᠦᠮ!》 ᠭᠡᠵᠦ ᠺᠠᠩ ᠠᠪᠠᠭ᠎ᠠ ᠰᠢᠶᠣᠤ ᠱᠤᠸᠠᠨ ᠢ᠋ ᠬᠠᠷᠠᠵᠤ ᠠᠪᠤᠭᠠᠳ ᠮᠥᠨ ᠬᠦ᠌ ᠣᠯᠠᠨ ᠤ᠋ ᠵᠦᠭ ᠬᠠᠨᠳᠤᠵᠤ: 《ᠰᠢᠶᠠ ᠰᠠᠨ ᠶᠧ ᠦᠨᠡᠬᠡᠷ ᠰᠣᠷᠭᠣᠭ ᠬᠥᠮᠦᠨ᠂ ᠬᠡᠷᠪᠡ ᠲᠡᠷᠡ ᠵᠠᠪᠳᠤᠵᠤ ᠵᠠᠭᠠᠯᠳᠤᠭᠰᠠᠨ ᠦᠭᠡᠢ ᠪᠣᠯ ᠭᠡᠷ ᠢ᠋ᠶ᠋ᠡᠷ ᠢ᠋ᠶ᠋ᠡᠨ ᠬᠦᠢᠰᠦ ᠲᠡᠮᠲᠡᠷᠢᠭᠳᠡᠬᠦ ᠪᠣᠯᠤᠨ᠎ᠠ᠃ ᠣᠳᠣ ᠶᠠᠮᠠᠷ ᠪᠠᠢᠨ᠎ᠠ ᠪᠣᠢ? ᠮᠥᠩᠭᠥ! - ᠡᠨᠡ ᠵᠢᠭᠠᠯ ᠦᠨᠡᠬᠡᠷ ᠬᠥᠮᠦᠨ ᠦ᠌ ᠵᠤᠯᠵᠠᠭ᠎ᠠ ᠪᠢᠰᠢ᠂ ᠱᠣᠷᠣᠩ ᠳ᠋ᠤ᠌ ᠬᠣᠷᠢᠭᠳᠠᠵᠤ ᠪᠠᠢᠬᠤ ᠳ᠋ᠠᠭᠠᠨ ᠪᠠᠰᠠ ᠱᠣᠷᠣᠩ ᠤ᠋ᠨ ᠲᠦᠷᠦᠭᠦᠦ ᠳ᠋ᠦ᠍ ᠤᠷᠪᠠᠬᠤ ᠶ᠋ᠢ ᠵᠢᠭᠠᠳᠠᠭ ᠭᠡᠨ᠎ᠡ᠃ 》
    《ᠬᠦᠢ! ᠴᠢᠩᠭᠢᠵᠦ ᠶᠠᠭᠠᠬᠢᠵᠤ ᠪᠣᠯᠳᠠᠭ ᠶᠤᠮ?》 ᠭᠡᠵᠦ ᠳᠣᠲᠣᠭᠠᠳᠤ ᠮᠥᠷ ᠲᠦ᠍ ᠰᠠᠭᠤᠭ᠎ᠠ ᠬᠣᠷᠢ ᠭᠠᠷᠤᠢ ᠨᠠᠰᠤᠨ ᠤ᠋ ᠨᠢᠭᠡ ᠬᠥᠮᠦᠨ ᠬᠢᠯᠢᠩᠨᠡᠭᠰᠡᠨ ᠪᠠᠢᠳᠠᠯ ᠲᠠᠢ ᠶᠠᠷᠢᠵᠤ ᠰᠠᠭᠤᠨ᠎ᠠ᠃
    《ᠤᠯᠠᠭᠠᠨ ᠨᠢᠳᠦᠨ ᠠ ᠶ᠋ᠢ ᠲᠡᠭᠦᠨ ᠦ᠌ ᠴᠤ᠌ᠬᠣᠮ ᠪᠠᠢᠳᠠᠯ ᠢ᠋ ᠨᠢ ᠮᠡᠳᠡᠬᠦ ᠪᠡᠷ ᠣᠴᠢᠭᠰᠠᠨ ᠳ᠋ᠤ᠌ ᠬᠠᠷᠢᠨ ᠲᠡᠭᠦᠨ ᠢ᠋ ᠪᠡᠶ᠎ᠡ ᠳ᠋ᠡᠭᠡᠨ ᠲᠠᠲᠠᠬᠤ ᠭᠡᠵᠦ: 〈ᠳᠠᠢᠴᠢᠩ ᠤᠯᠤᠰ ᠤ᠋ᠨ ᠲᠥᠷᠥ ᠪᠣᠯ ᠮᠠᠨ ᠤ᠋ ᠣᠯᠠᠨ ᠨᠡᠢᠲᠡ ᠶ᠋ᠢᠨ ᠶᠦᠮ 〉 ᠭᠡᠵᠦ ᠭᠡᠨ᠎ᠡ᠂ ᠡᠨᠡ ᠴᠢᠨᠢ ᠦᠭᠡ ᠤᠤ? ᠤᠯᠠᠭᠠᠨ ᠨᠢᠳᠦᠨ ᠠ ᠶ᠋ᠢ ᠤᠭ ᠠ᠋ᠴᠠ ᠲᠡᠭᠦᠨ ᠦ᠌ ᠭᠡᠷ ᠲᠦ᠍ ᠭᠠᠭᠴᠠ ᠡᠵᠢ ᠪᠠᠢᠬᠤ ᠶ᠋ᠢ ᠮᠡᠳᠡᠳᠡᠭ ᠪᠣᠯᠪᠠᠴᠤ ᠲᠡᠭᠦᠨ ᠢ᠋ ᠬᠠᠷᠢᠨ ᠲᠡᠢᠮᠦ ᠤᠯᠠᠭᠠᠨ ᠨᠢᠴᠦᠭᠦᠨ ᠶᠠᠳᠠᠭᠤ ᠭᠡᠳᠡᠭ ᠢ᠋ ᠮᠡᠳᠡᠭᠰᠡᠨ ᠦᠭᠡᠢ᠂ ᠴᠢᠩᠭᠢᠭᠡᠳ ᠣᠳᠣ ᠳᠤᠰᠤᠯ ᠲᠣᠰᠣ ᠴᠤ᠌ ᠰᠢᠬᠠᠵᠤ ᠣᠯᠤᠭᠰᠠᠨ ᠦᠭᠡᠢ ᠳ᠋ᠡᠭᠡᠨ ᠴᠡᠭᠡᠵᠢ ᠪᠡᠨ ᠳᠡᠯᠪᠡᠷᠡᠲᠡᠯ᠎ᠡ ᠠᠭᠤᠷᠯᠠᠵᠠᠢ᠃ ᠲᠡᠷᠡ ᠬᠠᠷᠢᠨ ᠪᠠᠷᠰ ᠤ᠋ᠨ ᠲᠣᠯᠣᠭᠠᠢ ᠶ᠋ᠢ ᠮᠠᠭᠠᠵᠢᠵᠤ ᠥᠭᠬᠦ ᠭᠡᠵᠦ ᠪᠠᠢᠭᠠᠳ ᠬᠣᠶᠠᠷ ᠠᠯᠠᠭᠠᠳᠠᠭᠤᠯᠵᠤ ᠭᠡᠨ᠎ᠡ!》
    《ᠠ ᠶ᠋ᠢ ᠠᠬ᠎ᠠ ᠪᠣᠯ ᠨᠢᠳᠤᠷᠭᠠᠨ ᠤ᠋ ᠡᠷᠳᠡᠮ ᠲᠡᠢ ᠶᠦᠮ ᠴᠢᠨᠢ᠂ ᠬᠣᠶᠠᠷ ᠠᠯᠠᠭ᠎ᠠ ᠨᠢ ᠲᠡᠭᠦᠨ ᠳ᠋ᠡᠭᠡᠨ ᠵᠥᠪ ᠪᠠᠢᠯᠭᠦᠢ ᠳᠡ 》 ᠭᠡᠵᠦ ᠪᠤᠯᠤᠩ ᠳ᠋ᠤ᠌ ᠰᠠᠭᠤᠭ᠎ᠠ ᠪᠥᠭᠲᠥᠷ ᠭᠡᠨᠡᠳᠲᠡ ᠪᠠᠶᠠᠷᠲᠠᠢ ᠶᠠᠷᠢᠯ᠎ᠠ᠃
    《ᠡᠨᠡ ᠮᠣᠨᠳᠢ ᠵᠣᠳᠣᠭᠳᠠᠬᠤ ᠠ᠋ᠴᠠ ᠠᠶᠤᠬᠤ ᠦᠭᠡᠢ᠂ ᠬᠠᠷᠢᠨ ᠬᠥᠭᠡᠷᠦᠬᠦᠢ ᠳᠡ ᠭᠡᠵᠦ ᠪᠠᠢᠯ᠎ᠠ ᠭᠡᠨ᠎ᠡ᠃ 》
    ᠪᠤᠭᠤᠷᠤᠯ ᠰᠠᠬᠠᠯᠲᠤ: 《ᠡᠨᠡ ᠠᠳᠤᠭᠤᠰᠤ ᠶ᠋ᠢ ᠵᠣᠳᠣᠬᠤ ᠳ᠋ᠤ᠌ ᠬᠥᠭᠡᠷᠦᠬᠦᠢᠯᠡᠬᠦ ᠶᠠᠭᠤ ᠪᠠᠢᠬᠤ ᠪᠣᠢ!》 ᠭᠡᠬᠦ ᠳ᠋ᠦ᠍᠂
    ᠺᠠᠩ ᠠᠪᠠᠭ᠎ᠠ ᠲᠡᠭᠦᠨ ᠢ᠋ ᠲᠣᠭᠣᠮᠰᠠᠷᠯᠠᠬᠤ ᠦᠭᠡᠢ ᠪᠠᠢᠳᠠᠯ ᠲᠠᠢ ᠬᠦᠢᠲᠡᠨ ᠢ᠋ᠶ᠋ᠡᠷ ᠢᠨᠢᠶᠡᠨ: 《ᠴᠢ ᠮᠢᠨᠦ ᠦᠭᠡ ᠶ᠋ᠢ ᠣᠢᠯᠠᠭᠠᠭᠰᠠᠨ ᠦᠭᠡᠢ ᠰᠢᠪ ᠳᠡ᠂ ᠲᠡᠷᠡ ᠴᠢᠨᠢ ᠰᠠᠨᠠᠭᠠᠨ ᠳ᠋ᠠᠭᠠᠨ ᠠ ᠶ᠋ᠢ ᠶ᠋ᠢ ᠬᠥᠭᠡᠷᠦᠬᠦᠢ ᠭᠡᠵᠦ ᠰᠢᠦ》 ᠭᠡᠪᠡ᠃
    ᠰᠣᠨᠣᠰᠴᠤ ᠪᠠᠢᠭᠰᠠᠨ ᠬᠥᠮᠦᠰ ᠦ᠋ᠨ ᠨᠢᠳᠦᠨ ᠦ᠌ ᠬᠠᠷᠠᠴᠠ ᠭᠡᠨᠡᠳᠲᠡ ᠭᠥᠯᠢᠷᠡᠬᠦ ᠲᠥᠯᠥᠪᠲᠡᠢ ᠪᠣᠯᠵᠤ᠂ ᠦᠭᠡ ᠪᠡᠨ ᠪᠠᠰᠠ ᠵᠣᠭᠰᠣᠪᠠ᠃ ᠰᠢᠶᠣᠤ ᠱᠤᠸᠠᠨ ᠬᠣᠭᠣᠯᠠ ᠪᠠᠨ ᠢᠳᠡᠵᠦ ᠳᠠᠭᠤᠰᠪᠠ᠃ ᠪᠦᠬᠦ ᠪᠡᠶ᠎ᠡ ᠡᠴᠡ ᠨᠢ ᠬᠥᠯᠥᠰᠥ ᠠᠰᠬᠠᠷᠠᠵᠤ ᠲᠣᠯᠣᠭᠠᠢ ᠠ᠋ᠴᠠ ᠨᠢ ᠠᠭᠤᠷ ᠪᠠᠭᠠᠭᠢᠵᠤ ᠪᠠᠢᠯ᠎ᠠ᠃
    《ᠠ ᠶ᠋ᠢ ᠬᠥᠭᠡᠷᠦᠬᠦᠢ ᠭᠡᠨ᠎ᠡ - ᠰᠣᠯᠢᠶᠠᠷᠠᠵᠤ ᠪᠠᠢᠨ᠎ᠠ᠂ ᠶᠠᠭ ᠰᠣᠯᠢᠶᠠᠷᠠᠵᠤ ᠪᠠᠢᠨ᠎ᠠ》 ᠭᠡᠵᠦ ᠪᠤᠭᠤᠷᠤᠯ ᠰᠠᠬᠠᠯᠲᠤ ᠭᠡᠨᠡᠳᠲᠡ ᠤᠬᠠᠭ᠎ᠠ ᠣᠷᠣᠭᠰᠠᠨ ᠮᠡᠲᠦ ᠬᠡᠯᠡᠪᠡ᠃
    《ᠰᠣᠯᠢᠶᠠᠷᠠᠵᠤ ᠪᠠᠢᠨ᠎ᠠ》 ᠭᠡᠵᠦ ᠬᠣᠷᠢ ᠭᠠᠷᠤᠢ ᠨᠠᠰᠤᠨ ᠤ᠋ ᠬᠥᠮᠦᠨ ᠴᠤ᠌ ᠭᠡᠨᠡᠳᠲᠡ ᠤᠬᠠᠭ᠎ᠠ ᠣᠷᠣᠭᠰᠠᠨ ᠮᠡᠲᠦ ᠬᠡᠯᠡᠪᠡ᠃
    ᠮᠤᠬᠤᠯᠠᠭ ᠲᠤ᠌ ᠰᠠᠭᠤᠵᠤ ᠪᠠᠢᠭᠰᠠᠨ ᠵᠣᠴᠢᠳ ᠳᠠᠬᠢᠨ ᠨᠡᠮᠡᠷᠢ ᠣᠷᠣᠭᠰᠠᠨ ᠮᠡᠲᠦ ᠢᠨᠢᠶᠡᠯᠴᠡᠵᠦ ᠶᠠᠷᠢᠯᠴᠠᠵᠤ ᠡᠬᠢᠯᠡᠪᠡ᠃ ᠰᠢᠶᠣᠤ ᠱᠤᠸᠠᠨ ᠪᠠᠰᠠ ᠡᠨᠡ ᠦᠢᠮᠡᠭᠡᠨ ᠲᠡᠢ ᠳᠠᠭᠤ ᠨᠡᠢᠯᠡᠭᠦᠯᠵᠦ ᠪᠦᠭᠰᠢᠨ ᠬᠠᠨᠢᠶᠠᠯᠭᠠᠵᠤ ᠪᠠᠢᠯ᠎ᠠ᠃ ᠺᠠᠩ ᠠᠪᠠᠭ᠎ᠠ ᠳᠡᠷᠭᠡᠳᠡ ᠨᠢ ᠣᠴᠢᠵᠤ ᠮᠥᠷᠥ ᠶ᠋ᠢ ᠨᠢ ᠠᠯᠠᠭᠠᠳᠠᠵᠤ:
    《ᠰᠢᠶᠣᠤ ᠱᠤᠸᠠᠨ᠂ ᠡᠳᠡᠭᠡᠬᠦ ᠶᠦᠮ - ᠪᠤᠤ ᠢᠩᠭᠢᠵᠦ ᠬᠠᠨᠢᠶᠠ᠂ ᠡᠳᠡᠭᠡᠬᠦ ᠶᠦᠮ -》 ᠭᠡᠪᠡ᠃
    ᠪᠥᠭᠲᠥᠷ ᠡᠦ ᠱᠣᠣ ᠶᠧ : 《ᠰᠣᠯᠢᠶᠠᠷᠠᠵᠤ ᠪᠠᠢᠨ᠎ᠠ》 ᠭᠡᠵᠦ ᠲᠣᠯᠣᠭᠠᠢ ᠪᠠᠨ ᠳᠣᠬᠢᠯᠵᠠᠭᠰᠠᠭᠠᠷ ᠬᠡᠯᠡᠪᠡ᠃

ᠳᠥᠷᠪᠡ

    ᠪᠠᠷᠠᠭᠤᠨ ᠲᠡᠭᠦᠷᠭᠡ ᠶ᠋ᠢᠨ ᠬᠣᠲᠠ ᠶ᠋ᠢᠨ ᠬᠡᠷᠡᠮ ᠢ᠋ ᠨᠠᠭᠠᠯᠳᠤᠵᠤ ᠪᠠᠢᠭ᠎ᠠ ᠬᠡᠰᠡᠭ ᠭᠠᠵᠠᠷ ᠪᠣᠯ ᠠᠯᠪᠠᠨ ᠤ᠋ ᠭᠠᠵᠠᠷ ᠶᠤᠮ᠃ ᠳᠤᠮᠳᠠᠭᠤᠷ ᠨᠢ ᠭᠠᠷᠤᠭᠰᠠᠨ ᠮᠤᠷᠤᠢ ᠰᠠᠷᠤᠢ ᠴᠤᠪᠤᠭ᠎ᠠ ᠨᠢ ᠲᠦᠳᠡ ᠵᠠᠮ ᠢ᠋ ᠡᠷᠢᠭᠰᠡᠨ ᠤᠯᠤᠰ ᠤ᠋ᠨ ᠭᠤᠲᠤᠯ ᠤ᠋ᠨ ᠤᠯᠠ ᠪᠠᠷ ᠪᠣᠢ ᠪᠣᠯᠤᠭᠰᠠᠨ ᠪᠥᠭᠡᠳ ᠡᠨᠡ ᠨᠢ ᠶᠠᠪᠤᠨ ᠶᠠᠪᠤᠭᠰᠠᠭᠠᠷ ᠬᠠᠷᠢᠨ ᠨᠢᠭᠡ ᠠᠶᠠᠨᠳᠠᠭᠠᠨ ᠪᠦᠲᠦᠭᠰᠡᠨ ᠵᠠᠭᠠᠭ ᠪᠣᠯᠵᠠᠢ᠃ ᠵᠠᠮ ᠤ᠋ᠨ ᠵᠡᠭᠦᠨ ᠭᠠᠷ ᠲᠠᠯ᠎ᠠ ᠳ᠋ᠤᠨᠢ ᠴᠠᠭᠠᠵᠠ ᠪᠠᠷ ᠠᠪᠠᠴᠢᠭᠳᠠᠭᠰᠠᠳ ᠪᠠ ᠭᠢᠨᠳᠠᠨ ᠳ᠋ᠤ᠌ ᠦᠬᠦᠭᠰᠡᠳ ᠦ᠋ᠨ ᠪᠤᠯᠠᠰᠢ ᠶ᠋ᠢ᠂ ᠪᠠᠷᠠᠭᠤᠨ ᠭᠠᠷ ᠲᠠᠯ᠎ᠠ ᠳ᠋ᠤᠨᠢ ᠦᠭᠡᠢᠭᠦᠴᠦᠳ ᠦ᠋ᠨ ᠪᠤᠯᠠᠰᠢ ᠶ᠋ᠢ ᠪᠠᠶᠠᠴᠤᠳ ᠤ᠋ᠨ ᠨᠠᠰᠤᠨ ᠤ᠋ ᠪᠠᠶᠠᠷ ᠲᠤ᠌ ᠪᠡᠯᠡᠳᠬᠡᠳᠡᠭ ᠮᠠᠨᠲᠠᠤ ᠶ᠋ᠢᠨ ᠣᠪᠣᠭ᠎ᠠ ᠰᠢᠭ᠋ ᠶᠠᠭᠰᠢᠷᠠᠲᠠᠯ᠎ᠠ ᠣᠪᠣᠭᠠᠯᠠᠵᠠᠢ᠃
    ᠡᠨᠡ ᠵᠢᠯ ᠦ᠋ᠨ ᠬᠠᠩᠰᠢ ᠶ᠋ᠢᠨ ᠦᠶ᠎ᠡ ᠪᠡᠷ ᠣᠨᠴᠣᠭᠣᠢ ᠵᠢᠬᠡᠭᠦᠨ᠂ ᠤᠳᠠ ᠤᠯᠢᠶᠠᠰᠤ ᠳᠥᠩᠭᠡᠵᠢ ᠲᠠᠯ᠎ᠠ ᠪᠣᠷᠣᠭᠠᠨ ᠤ᠋ ᠴᠢᠨᠡᠭᠡᠬᠡᠨ ᠨᠠᠬᠢᠶᠠᠯᠠᠭᠰᠠᠨ ᠪᠠᠢᠯ᠎ᠠ᠃ ᠦᠷ ᠴᠠᠢᠮᠠᠭᠴᠠ᠂ ᠬᠤᠸᠠ ᠳᠠ ᠮᠠ ᠡᠵᠢ ᠪᠠᠷᠠᠭᠤᠨ ᠭᠠᠷ ᠲᠠᠯ᠎ᠠ ᠶ᠋ᠢᠨ ᠰᠢᠨᠡᠬᠡᠨ ᠪᠤᠯᠠᠰᠢᠨ ᠤ᠋ ᠡᠮᠦᠨ᠎ᠡ ᠳᠥᠷᠪᠡᠨ ᠲᠠᠪᠠᠭ ᠵᠠᠭᠤᠰᠢ ᠨᠢᠭᠡ ᠠᠶᠠᠭ᠎ᠠ ᠪᠤᠳᠠᠭ᠎ᠠ ᠦᠷᠦᠭᠡᠳ᠂ ᠨᠢᠭᠡ ᠵᠡᠷᠭᠡ ᠤᠬᠢᠯᠠᠪᠠ᠃ ᠴᠠᠭᠠᠰᠤ ᠰᠢᠲᠠᠭᠠᠵᠤ ᠳᠠᠭᠤᠰᠤᠭᠠᠳ ᠲᠣᠪ ᠳᠤᠭᠤᠢ ᠪᠠᠬᠠᠨ ᠰᠠᠭᠤᠵᠤ ᠶᠠᠮᠠᠷ ᠨᠢᠭᠡᠨ ᠵᠦᠢᠯ ᠢ᠋ ᠬᠦᠯᠢᠶᠡᠬᠦ ᠮᠡᠲᠦ ᠪᠣᠯᠪᠠᠴᠤ ᠥᠪᠡᠷ ᠢ᠋ᠶ᠋ᠡᠨ ᠪᠠᠰᠠ ᠦᠯᠦ ᠮᠡᠳᠡᠨ᠎ᠡ᠃ ᠵᠥᠭᠡᠯᠡᠨ ᠰᠠᠯᠬᠢᠨ ᠳ᠋ᠤ᠌ ᠰᠡᠷᠪᠡᠯᠵᠡᠨ ᠬᠡᠢᠰᠦᠭᠰᠡᠨ ᠰᠠᠨᠴᠢᠭ ᠤ᠋ᠨ ᠦᠰᠦ ᠨᠢ ᠨᠢᠳᠤᠨᠤᠨ ᠠ᠋ᠴᠠ ᠬᠣᠯᠠ ᠢᠯᠡᠭᠦᠦ ᠴᠠᠢᠵᠠᠢ᠃
    ᠴᠤᠪᠤᠭ᠎ᠠ ᠵᠠᠮ ᠢ᠋ᠶ᠋ᠠᠷ ᠪᠠᠰᠠ ᠬᠠᠭᠠᠰ ᠪᠤᠭᠤᠷᠤᠯᠲᠤᠭᠰᠠᠨ ᠲᠣᠯᠣᠭᠠᠢ ᠲᠠᠢ᠂ ᠬᠠᠭᠤᠴᠢᠨ ᠬᠤᠪᠴᠠᠰᠤ ᠲᠠᠢ ᠨᠢᠭᠡᠨ ᠪᠦᠰᠡᠭᠦᠢ᠂ ᠬᠠᠭᠤᠴᠢᠨ ᠤᠯᠠᠭᠠᠨ ᠲᠣᠭᠣᠷᠢᠭ ᠰᠠᠭᠰᠤ ᠲᠣᠬᠣᠢᠯᠠᠵᠤ᠂ ᠭᠤᠷᠪᠠ ᠠᠯᠬᠤᠨ ᠨᠢᠭᠡ ᠠᠮᠠᠷᠠᠭᠰᠠᠭᠠᠷ ᠠᠢᠰᠤᠢ᠃ ᠲᠡᠷᠡ ᠪᠦᠰᠡᠭᠦᠢ ᠬᠤᠸᠠ ᠳᠠ ᠮᠠ ᠡᠵᠢ ᠶ᠋ᠢᠨ ᠭᠠᠵᠠᠷ ᠰᠠᠭᠤᠭᠠᠳ ᠲᠡᠭᠦᠨ ᠢ᠋ ᠬᠠᠷᠠᠵᠤ ᠪᠠᠢᠬᠤ ᠶ᠋ᠢ ᠭᠡᠨᠡᠳᠲᠡ ᠦᠵᠡᠭᠡᠳ ᠪᠠᠬᠠᠨ ᠲᠦᠳᠡᠭᠡᠯᠵᠡᠵᠦ᠂ ᠵᠢᠪᠡᠬᠡᠢ ᠴᠠᠭᠠᠨ ᠴᠢᠷᠠᠢ ᠳᠡᠭᠡᠷ᠎ᠡ ᠨᠢ ᠢᠴᠢᠵᠦ ᠰᠢᠷᠪᠡᠭᠡᠲᠦᠬᠦ ᠪᠠᠢᠳᠠᠯ ᠢᠯᠡᠷᠡᠭᠰᠡᠨ ᠪᠣᠯᠪᠠᠴᠤ ᠠᠷᠭ᠎ᠠ ᠪᠤᠶᠤ ᠨᠢᠭᠤᠷ ᠢ᠋ᠶ᠋ᠠᠨ ᠰᠢᠷᠢᠯᠡᠨ ᠵᠡᠭᠦᠨ ᠭᠠᠷ ᠲᠠᠯ᠎ᠠ ᠶ᠋ᠢᠨ ᠨᠢᠭᠡᠨ ᠰᠢᠨᠡᠬᠡᠨ ᠪᠤᠯᠠᠰᠢᠨ ᠤ᠋ ᠳᠡᠷᠭᠡᠳᠡ ᠠᠯᠬᠤᠵᠤ ᠣᠴᠢᠭᠠᠳ ᠰᠠᠭᠰᠤ ᠪᠠᠨ ᠲᠠᠯᠪᠢᠪᠠ᠃
    ᠲᠡᠷᠡ ᠪᠤᠯᠠᠰᠢ᠂ ᠰᠢᠶᠣᠤ ᠱᠤᠸᠠᠨ ᠤ᠋ ᠪᠤᠯᠠᠰᠢ ᠲᠠᠢ ᠨᠢᠭᠡᠨ ᠱᠤᠭᠤᠮ ᠳᠡᠭᠡᠷ᠎ᠡ ᠵᠡᠷᠭᠡᠴᠡᠵᠦ᠂ ᠵᠥᠪᠬᠡᠨ ᠨᠢᠭᠡ ᠴᠤᠪᠤᠭ᠎ᠠ ᠵᠠᠮ ᠢ᠋ ᠬᠠᠪᠴᠢᠵᠤ ᠪᠠᠢᠨ᠎ᠠ᠃ ᠬᠤᠸᠠ ᠳᠠ ᠮᠠ ᠡᠵᠢ ᠲᠡᠭᠦᠨ ᠢ᠋ ᠳᠥᠷᠪᠡᠨ ᠲᠠᠪᠠᠭ ᠵᠠᠭᠤᠰᠢ᠂ ᠨᠢᠭᠡ ᠠᠶᠠᠭ᠎ᠠ ᠪᠤᠳᠠᠭ᠎ᠠ ᠪᠠᠨ ᠥᠷᠥᠭᠡᠳ ᠨᠢᠭᠡ ᠪᠦᠯᠦᠭ ᠤᠬᠢᠯᠠᠵᠤ ᠴᠠᠭᠠᠰᠤᠨ ᠵᠣᠭᠣᠰ ᠢ᠋ᠶ᠋ᠠᠨ ᠰᠢᠲᠠᠭᠠᠬᠤ ᠶ᠋ᠢ ᠦᠵᠡᠭᠡᠳ 《ᠡᠨᠡ ᠪᠤᠯᠠᠰᠢᠨ ᠳᠣᠲᠣᠷ᠎ᠠ ᠪᠠᠰᠠ ᠬᠦᠦ ᠨᠢ ᠪᠠᠢᠨ᠎ᠠ》 ᠭᠡᠵᠦ ᠰᠡᠮᠡᠬᠡᠷ ᠪᠣᠳᠣᠨ᠎ᠠ᠃ ᠲᠡᠷᠡ ᠪᠦᠰᠡᠭᠦᠢ ᠡᠰᠢ ᠲᠡᠰᠢ ᠪᠠᠬᠠᠨ ᠠᠵᠢᠭᠯᠠᠭᠠᠳ᠂ ᠬᠥᠯ ᠭᠠᠷ ᠨᠢ ᠭᠡᠨᠡᠳᠲᠡ ᠴᠡᠴᠡᠷᠡᠵᠦ ᠬᠠᠢᠪᠠᠩ ᠳᠠᠢᠪᠠᠩ ᠬᠢᠵᠦ ᠬᠡᠳᠦᠨ ᠠᠯᠬᠤᠮ ᠤᠬᠤᠷᠢᠭᠠᠳ ᠨᠢᠳᠦ ᠪᠡᠨ ᠪᠦᠯᠲᠡᠢᠯᠭᠡᠵᠦ ᠪᠠᠬᠠᠨ ᠠᠶᠤᠭᠰᠠᠨ ᠪᠠᠢᠳᠠᠯ ᠭᠠᠷᠭᠠᠨ᠎ᠠ᠃
ᠬᠤᠸᠠ ᠳᠠ ᠮᠠ ᠡᠵᠢ᠂ ᠡᠨᠡ ᠪᠠᠢᠳᠠᠯ ᠢ᠋ ᠦᠵᠡᠭᠡᠳ ᠲᠡᠭᠦᠨ ᠢ᠋ ᠬᠡᠲᠦᠷᠬᠡᠢ ᠵᠣᠪᠠᠵᠤ ᠰᠣᠯᠢᠶᠠᠷᠠᠬᠤ ᠠ᠋ᠴᠠ ᠪᠣᠯᠭᠣᠮᠵᠢᠯᠠᠨ ᠲᠡᠰᠬᠡᠯ ᠦᠭᠡᠢ ᠪᠣᠰᠴᠤ ᠵᠣᠭᠰᠣᠭᠠᠳ ᠴᠤᠪᠤᠭ᠎ᠠ ᠵᠠᠮ ᠢ᠋ ᠣᠭᠲᠣᠯᠵᠤ ᠳᠡᠷᠭᠡᠳᠡ ᠨᠢ ᠣᠴᠢᠭᠠᠳ ᠳᠣᠣᠷ᠎ᠠ ᠳᠠᠭᠤᠨ ᠢ᠋ᠶ᠋ᠠᠷ: 《ᠨᠠᠰᠤᠲᠠᠢ ᠡᠵᠢ ᠲᠠ ᠪᠤᠤ ᠶᠡᠬᠡ ᠵᠣᠪᠠ᠂ ᠬᠠᠷᠢᠵᠠᠭᠠᠶ᠎ᠠ ᠣᠳᠣ》 ᠭᠡᠪᠡ᠃
    ᠲᠡᠷᠡ ᠬᠥᠮᠦᠨ ᠲᠣᠯᠣᠭᠠᠢ ᠪᠠᠨ ᠳᠣᠬᠢᠭᠰᠠᠨ ᠪᠣᠯᠪᠠᠴᠤ ᠨᠢᠳᠦ ᠪᠡᠨ ᠮᠥᠨ ᠪᠦᠯᠲᠡᠢᠯᠭᠡᠵᠦ ᠳᠣᠣᠷ᠎ᠠ ᠳᠠᠭᠤ ᠪᠠᠷ ᠡᠭᠡᠷᠡᠵᠦ ᠲᠡᠬᠡᠳᠡᠭᠰᠡᠭᠡᠷ: 《ᠴᠢ ᠦᠵᠡ - ᠡᠨᠡ ᠴᠢᠨᠢ ᠶᠠᠭᠤ ᠭᠡᠭᠴᠢ ᠪᠣᠢ?》 ᠭᠡᠪᠡ᠃
    ᠬᠤᠸᠠ ᠳᠠ ᠮᠠ ᠡᠵᠢ ᠲᠡᠭᠦᠨ ᠦ᠌ ᠬᠤᠷᠤᠭᠤ ᠪᠠᠷ ᠵᠢᠭᠠᠭᠰᠠᠨ ᠴᠢᠭ ᠲᠦ᠍ ᠬᠠᠷᠠᠬᠤᠯ᠎ᠠ ᠬᠠᠷᠠᠴᠠ ᠨᠢ ᠡᠮᠦᠨᠡᠬᠢ ᠲᠡᠷᠡ ᠪᠤᠯᠠᠰᠢᠨ ᠳᠡᠭᠡᠷ᠎ᠡ ᠲᠣᠰᠤᠯ᠎ᠠ᠃ ᠡᠨᠡ ᠪᠤᠯᠠᠰᠢᠨ ᠤ᠋ ᠳᠡᠭᠡᠷᠡᠬᠢ ᠡᠪᠡᠰᠦᠨ ᠦ᠌ ᠦᠨᠳᠦᠰᠦ ᠨᠢ ᠭᠦᠢᠴᠡᠳ ᠡᠳᠡᠭᠡᠷᠡᠭᠡᠳᠦᠢ ᠲᠤᠯᠠ ᠬᠡᠰᠡᠭ ᠬᠡᠰᠡᠭ ᠰᠢᠷ᠎ᠠ ᠰᠢᠷᠣᠢ ᠨᠤᠭᠤᠳ ᠠᠷᠵᠠᠢᠵᠤ ᠮᠠᠰᠢ ᠦᠵᠡᠮᠵᠢ ᠦᠭᠡᠢ ᠪᠠᠢᠪᠠ᠃ ᠭᠡᠲᠡᠯ᠎ᠡ ᠳᠠᠬᠢᠨ ᠯᠠᠪᠳᠠᠭᠤᠯᠠᠨ ᠦᠵᠡᠭᠡᠳ ᠶᠡᠬᠡ ᠯᠡ ᠰᠣᠴᠢᠪᠠ᠃ ᠤᠴᠢᠷ ᠨᠢ᠂ ᠤᠯᠠᠭᠠᠨ ᠴᠠᠭᠠᠨ ᠨᠢ ᠢᠯᠭᠠᠷᠠᠭᠰᠠᠨ ᠰᠠᠢᠬᠠᠨ ᠴᠡᠴᠡᠭ ᠦ᠋ᠨ ᠴᠠᠭᠠᠷᠢᠭ ᠲᠡᠷᠡ ᠪᠤᠯᠠᠰᠢᠨ ᠤ᠋ ᠱᠣᠪᠣᠭᠣᠷ ᠣᠷᠣᠢ ᠶ᠋ᠢ ᠪᠦᠰᠡᠯᠡᠭᠰᠡᠨ ᠪᠠᠢᠪᠠ᠃
     ᠲᠡᠳᠡᠨ ᠦ᠌ ᠨᠢᠳᠦᠨ ᠦ᠌ ᠭᠠᠯ ᠮᠠᠭᠤᠳᠠᠭᠰᠠᠨ ᠪᠣᠯᠪᠠᠴᠤ ᠡᠨᠡ ᠤᠯᠠᠭᠠᠨ ᠴᠠᠭᠠᠨ ᠴᠡᠴᠡᠭ ᠦ᠋ᠳ ᠨᠢᠳᠦᠨ ᠳ᠋ᠦ᠍ᠨᠢ ᠲᠣᠳᠣ ᠬᠠᠷᠠᠭᠳᠠᠨ᠎ᠠ᠂ ᠴᠡᠴᠡᠭ ᠨᠢ ᠲᠡᠳᠦᠢ ᠠᠷᠪᠢᠨ ᠪᠢᠰᠢ ᠪᠥᠭᠡᠳ ᠴᠤ᠌ᠭ ᠰᠦᠯᠳᠡ ᠮᠠᠭᠤᠲᠠᠢ ᠪᠣᠯᠪᠠᠴᠤ ᠲᠥᠪ ᠲᠥᠭᠥᠷᠢᠭ ᠴᠠᠭᠠᠷᠢᠭ ᠪᠣᠯᠵᠤ ᠮᠠᠰᠢ ᠵᠢᠭᠳᠡ ᠴᠡᠪᠡᠷᠬᠡᠨ ᠪᠠᠢᠯ᠎ᠠ᠃ ᠬᠤᠸᠠ ᠳᠠ ᠮᠠ ᠡᠵᠢ ᠬᠦᠦ ᠶ᠋ᠢᠨ ᠢ᠋ᠶ᠋ᠡᠨ ᠪᠠ ᠪᠤᠰᠤᠳ ᠤ᠋ᠨ ᠪᠤᠯᠠᠰᠢ ᠶ᠋ᠢ ᠶᠠᠭᠠᠷᠠᠨ ᠠᠵᠢᠭᠯᠠᠪᠠᠯ ᠬᠠᠷᠢᠨ ᠬᠥᠬᠡᠪᠲᠦᠷ ᠴᠠᠭᠠᠨ ᠥᠩᠭᠡᠲᠡᠢ ᠬᠡᠳᠦᠨ ᠪᠢᠴᠢᠬᠠᠨ ᠥᠯᠴᠢᠷ ᠴᠡᠴᠡᠭ ᠦ᠋ᠳ ᠡᠨᠳᠡ ᠲᠡᠨᠳᠡ ᠳᠡᠯᠭᠡᠷᠡᠭᠰᠡᠨ ᠬᠠᠷᠠᠭᠳᠠᠨ᠎ᠠ᠃ ᠡᠭᠦᠨ ᠢ᠋ ᠦᠵᠡᠭᠡᠳ ᠳᠣᠲᠣᠷ᠎ᠠ ᠨᠢ ᠡᠪ ᠦᠭᠡᠢ ᠣᠷᠬᠢᠵᠤ ᠨᠠᠷᠢᠪᠴᠢᠯᠠᠨ ᠠᠵᠢᠭᠯᠠᠬᠤ ᠳᠤᠷ᠎ᠠ ᠦᠭᠡᠢ ᠪᠣᠯᠪᠠ᠃ ᠲᠡᠷᠡ ᠪᠦᠰᠡᠭᠦᠢ ᠪᠠᠰᠠ ᠣᠷᠣᠭᠰᠢ ᠪᠠᠨ ᠬᠡᠳᠦ ᠠᠯᠬᠤᠨ ᠣᠴᠢᠵᠤ ᠠᠵᠢᠭᠯᠠᠭᠠᠳ: 《ᠡᠨᠡ ᠴᠡᠴᠡᠭ ᠦ᠋ᠳ ᠦᠨᠳᠦᠰᠦ ᠦᠭᠡᠢ᠂ ᠥᠪᠡᠷ ᠢ᠋ᠶ᠋ᠡᠨ ᠳᠡᠯᠭᠡᠷᠡᠭᠰᠡᠨ ᠶᠠᠩᠵᠤ ᠦᠭᠡᠢ᠃ - ᠡᠨᠳᠡ ᠬᠡᠨ ᠢᠷᠡᠬᠦ ᠪᠣᠢ? ᠬᠡᠦᠬᠡᠳ ᠢᠷᠡᠵᠦ ᠨᠠᠭᠠᠳᠬᠤ ᠦᠭᠡᠢ᠃ - ᠲᠥᠷᠥᠯ ᠰᠠᠳᠤᠨ ᠴᠤ᠌ ᠬᠡᠳᠦᠢᠨ ᠢᠷᠡᠬᠦ ᠪᠡᠨ ᠪᠣᠯᠢᠭᠰᠠᠨ᠃ - ᠴᠤ᠌ᠬᠣᠮ ᠶᠠᠭᠤ ᠭᠡᠭᠴᠢ ᠨᠢ ᠡᠨᠡ ᠪᠣᠢ?》 ᠭᠡᠵᠦ ᠪᠣᠳᠣᠵᠤ ᠪᠠᠢᠭᠠᠳ ᠭᠡᠨᠡᠳᠲᠡ ᠨᠢᠯᠪᠤᠰᠤ ᠤᠨᠠᠭᠠᠵᠤ ᠶᠡᠬᠡ ᠳᠠᠭᠤᠨ ᠢ᠋ᠶ᠋ᠠᠷ:
    《ᠢᠦᠢ ᠡᠯ ᠮᠢᠨᠢ ᠠ᠋᠂ ᠲᠡᠳᠡ ᠴᠢᠮᠠᠶ᠋ᠢ ᠬᠢᠯᠢᠰ ᠮᠤᠰᠬᠢᠵᠡᠢ᠃ ᠴᠢ ᠲᠡᠭᠦᠨ ᠢ᠋ ᠮᠠᠷᠲᠠᠬᠤ ᠦᠭᠡᠢ ᠭᠤᠨᠢᠭᠯᠠᠵᠤ ᠲᠡᠰᠬᠦ ᠦᠭᠡᠢ ᠳ᠋ᠡᠭᠡᠨ ᠡᠨᠡ ᠡᠳᠦᠷ ᠣᠨᠴᠣᠭᠣᠢᠯᠠᠨ ᠨᠠᠳᠠ ᠨᠢᠭᠡ ᠲᠡᠮᠳᠡᠭ ᠮᠡᠳᠡᠭᠳᠡᠪᠡ ᠤᠤ?》 ᠭᠡᠪᠡ᠃ ᠴᠢᠩᠭᠢᠭᠡᠳ ᠳᠥᠷᠪᠡᠨ ᠲᠡᠰᠢ ᠠᠵᠢᠭᠯᠠᠵᠤ ᠭᠠᠭᠴᠠᠬᠠᠨ ᠬᠠᠷ᠎ᠠ ᠬᠡᠷᠢᠶ᠎ᠡ ᠬᠤᠪᠠᠬᠠᠢ ᠮᠣᠳᠣᠨ ᠳᠡᠭᠡᠷ᠎ᠡ ᠰᠠᠭᠤᠵᠤ ᠪᠠᠢᠬᠤ ᠶ᠋ᠢ ᠦᠵᠡᠭᠡᠳ 《ᠪᠢ ᠮᠡᠳᠡᠯ᠎ᠡ᠃ - ᠢᠦᠢ ᠡᠯ ᠮᠢᠨᠢ ᠠ᠋᠂ ᠬᠥᠭᠡᠷᠦᠬᠦᠢ ᠴᠢᠮᠠᠶ᠋ᠢ ᠲᠡᠳᠡ ᠦᠭᠡᠢ ᠬᠢᠯ᠎ᠡ ᠰᠢᠦ᠃ ᠬᠣᠵᠢᠮ ᠲᠡᠳᠡ ᠡᠨᠡ ᠨᠢᠭᠦᠯ ᠢ᠋ᠶ᠋ᠡᠨ ᠶᠠᠭᠠᠬᠢᠪᠠᠴᠤ ᠠᠮᠰᠠᠬᠤ ᠶᠤᠮ ᠠ᠋᠃ ᠲᠡᠭᠷᠢ ᠮᠡᠳᠡᠭ᠃ ᠴᠢ ᠨᠢᠭᠡᠨᠲᠡ ᠨᠢᠳᠦ ᠠᠨᠢᠵᠠᠢ᠃ - ᠴᠢ ᠦᠨᠡᠬᠡᠷ ᠡᠨᠳᠡ ᠪᠠᠢᠵᠤ ᠮᠢᠨᠦ ᠳᠠᠭᠤ ᠶ᠋ᠢ ᠰᠣᠨᠣᠰᠴᠤ ᠪᠠᠢᠪᠠᠯ - ᠲᠡᠷᠡ ᠬᠡᠷᠢᠶ᠎ᠡ ᠶ᠋ᠢ ᠪᠤᠯᠠᠰᠢᠨ ᠳᠡᠭᠡᠷ᠎ᠡ ᠪᠡᠨ ᠢᠷᠡᠭᠦᠯᠵᠦ ᠨᠠᠳᠠ ᠦᠵᠡᠭᠦᠯ》 ᠭᠡᠪᠡ᠃
     ᠵᠢᠪᠠᠷ ᠨᠠᠮᠳᠠᠭᠠᠳ ᠬᠤᠪᠠᠬᠠᠢ ᠡᠪᠡᠰᠦ ᠨᠦ᠍ᠭᠦᠳ ᠵᠡᠰ ᠤᠲᠠᠰᠤ ᠮᠡᠲᠦ ᠭᠣᠵᠤᠢᠯᠴᠠᠨ᠎ᠠ᠃ ᠨᠢᠭᠡ ᠵᠤᠷᠪᠤᠰ ᠴᠡᠴᠡᠷᠬᠢᠯᠡᠭᠰᠡᠨ ᠠᠪᠢᠶ᠎ᠠ᠂ ᠬᠥᠨᠳᠡᠢ ᠣᠭᠲᠠᠷᠭᠤᠢ ᠳ᠋ᠤ᠌ ᠵᠢᠩᠭᠢᠨᠡᠭᠰᠡᠭᠡᠷ ᠤᠯᠠᠮ ᠢ᠋ᠶ᠋ᠠᠷ ᠨᠠᠷᠢᠰᠴᠤ ᠠᠯᠠᠭ᠎ᠠ ᠪᠣᠯᠤᠯ᠎ᠠ᠃ ᠡᠷᠭᠢᠨ ᠲᠣᠭᠣᠷᠢᠨ ᠦᠬᠦᠭᠰᠡᠨ ᠮᠡᠲᠦ ᠴᠢᠮᠡᠭᠡ ᠠᠨᠢᠷ ᠦᠭᠡᠢ ᠪᠣᠯᠪᠠ᠃ ᠬᠤᠪᠠᠬᠠᠢ ᠡᠪᠡᠰᠦᠨ ᠳᠣᠲᠣᠷ᠎ᠠ ᠬᠣᠶᠠᠷ ᠡᠮᠡᠭᠡᠨ ᠲᠡᠷᠢᠭᠦᠨ ᠢ᠋ᠶ᠋ᠡᠨ ᠡᠷᠭᠦᠵᠦ ᠬᠡᠷᠢᠶ᠎ᠡ ᠶ᠋ᠢ ᠠᠵᠢᠭᠯᠠᠨ ᠵᠣᠭᠰᠣᠬᠤ ᠳ᠋ᠤ᠌ ᠲᠡᠷᠡ ᠬᠡᠷᠢᠶ᠎ᠡ ᠮᠥᠨ ᠬᠦ᠌ ᠮᠣᠳᠣᠨ ᠤ᠋ ᠬᠤᠪᠠᠬᠠᠢ ᠰᠠᠯᠠᠭ᠎ᠠ ᠨᠤᠭᠤᠳ ᠤ᠋ᠨ ᠳᠤᠮᠳᠠ ᠰᠢᠷᠠᠮᠤ ᠪᠠᠷ ᠴᠢᠳᠬᠤᠭᠰᠠᠨ ᠮᠡᠲᠦ ᠬᠦᠵᠦᠭᠦᠦ ᠪᠡᠨ ᠠᠲᠤᠷᠢᠭᠤᠯᠵᠤ ᠬᠥᠳᠡᠯᠦᠯ ᠦᠭᠡᠢ ᠰᠠᠭᠤᠨ᠎ᠠ᠃ 
    ᠪᠠᠬᠠᠨ ᠤᠳᠠᠬᠤ ᠳ᠋ᠤ᠌᠂ ᠪᠤᠯᠠᠰᠢᠨ ᠳᠡᠭᠡᠷ᠎ᠡ ᠢᠷᠡᠬᠦ ᠬᠥᠮᠦᠰ ᠤᠯᠠᠮ ᠢ᠋ᠶ᠋ᠠᠷ ᠣᠯᠠᠰᠢᠷᠠᠵᠤ᠂ ᠡᠪᠦᠭᠡᠳ ᠬᠡᠦᠬᠡᠳ ᠪᠤᠯᠠᠰᠢ ᠨᠤᠭᠤᠳ ᠤ᠋ᠨ ᠳᠤᠮᠳᠠᠭᠤᠷ ᠦᠵᠡᠭᠳᠡᠭᠰᠡᠭᠡᠷ ᠪᠠᠢᠯ᠎ᠠ᠃ ᠬᠤᠸᠠ ᠳᠠ ᠮᠠ ᠡᠵᠢ ᠬᠡᠷᠬᠢᠭᠰᠡᠨ ᠢ᠋ ᠪᠤᠤ ᠮᠡᠳᠡ᠂ ᠶᠠᠭ ᠬᠦᠨᠳᠦ ᠠᠴᠢᠶ᠎ᠠ ᠪᠠᠨ ᠪᠠᠭᠤᠯᠭᠠᠭᠰᠠᠨ ᠮᠡᠲᠦ ᠬᠥᠩᠭᠡᠷᠡᠨ 《ᠣᠳᠣ ᠬᠠᠷᠢᠵᠠᠭᠠᠶ᠎ᠠ》 ᠭᠡᠵᠦ ᠢᠳᠬᠠᠵᠤ ᠪᠠᠢᠯ᠎ᠠ᠃
     ᠲᠡᠷᠡ ᠪᠦᠰᠡᠭᠦᠢ ᠰᠠᠨᠠᠭ᠎ᠠ ᠠᠯᠳᠠᠵᠤ᠂ ᠨᠣᠭᠣᠭ᠎ᠠ ᠪᠤᠳᠠᠭ᠎ᠠ ᠪᠠᠨ ᠤᠷᠮ᠎ᠠ ᠦᠭᠡᠢ ᠬᠣᠷᠢᠶᠠᠨ ᠠᠪᠴᠤ᠂ ᠪᠠᠬᠠᠨ ᠲᠦᠳᠡᠭᠡᠯᠵᠡᠰᠬᠢᠭᠡᠳ ᠠᠮᠠᠨ ᠳ᠋ᠠᠭᠠᠨ ᠪᠠᠰᠠ: 《ᠴᠣᠬᠣᠮ ᠶᠠᠭᠤ ᠭᠡᠭᠴᠢ ᠨᠢ ᠡᠨᠡ ᠪᠣᠢ? ᠁》 ᠭᠡᠵᠦ ᠳᠦᠳᠦᠨᠡᠭᠰᠡᠭᠡᠷ ᠭᠤᠨᠢᠷᠠᠨ ᠪᠤᠴᠠᠯ᠎ᠠ᠃
     ᠲᠡᠳᠡ ᠬᠣᠶᠠᠷ ᠢ᠋ ᠬᠣᠷᠢ ᠭᠤᠴᠢᠨ ᠠᠯᠬᠤᠮ ᠶᠠᠪᠤᠭᠠᠳᠤᠢ ᠪᠠᠢᠬᠤ ᠳ᠋ᠤ᠌ ᠭᠡᠨᠡᠳᠲᠡ ᠠᠷᠤ ᠳ᠋ᠤᠨᠢ 《ᠭᠤᠸᠠᠳ》 ᠭᠡᠬᠦ ᠳᠠᠭᠤ ᠭᠠᠷᠤᠯ᠎ᠠ᠃ ᠡᠷᠭᠢᠵᠦ ᠬᠠᠷᠠᠬᠤᠯ᠎ᠠ ᠥᠨᠥ ᠬᠡᠷᠢᠶ᠎ᠡ ᠵᠢᠭᠦᠷ ᠢ᠋ᠶ᠋ᠡᠨ ᠳᠡᠯᠭᠡᠨ᠂ ᠬᠣᠶᠠᠷ ᠬᠥᠯ ᠢ᠋ᠶ᠋ᠡᠨ ᠬᠣᠢᠰᠢ ᠲᠡᠢᠷᠦᠮᠡᠭᠴᠡ ᠠᠯᠤᠰ ᠤ᠋ᠨ ᠣᠭᠲᠠᠷᠭᠤᠢ ᠶ᠋ᠢ ᠴᠢᠭᠯᠡᠨ ᠬᠠᠷᠪᠤᠭᠰᠠᠨ ᠰᠤᠮᠤ ᠮᠡᠲᠦ ᠨᠢᠰᠦᠨ ᠣᠳᠤᠯ᠎ᠠ᠃

                1919 ᠣᠨ ᠤ᠋ ᠳᠥᠷᠪᠡᠳᠦᠭᠡᠷ ᠰᠠᠷ᠎ᠠ

     ᠦᠰᠦᠭ ᠠᠮᠢᠯᠠᠭᠤᠯᠤᠭᠴᠢ᠄ ᠨᠤᠮᠤᠴᠢᠨ ᠪᠢᠯᠢᠭ 
     ᠬᠢᠨᠠᠭᠴᠢ᠄ ᠨᠡᠭᠦᠳᠡᠯ᠂ ᠭᠡᠷᠡᠯ ᠂ ᠣᠳᠬᠠᠨᠰᠣ᠎ᠠ