ᠮᠣᠷᠢᠨ ᠤ ᠲᠤᠬᠠᠢ ᠳᠠᠭᠤᠤ ᠨᠤᠭᠤᠳМорины тухай дуунууд Хишиг продакшн Morinii tuhai duunuud Khishig production cover
ᠮᠣᠷᠢᠨ ᠤ ᠲᠤᠬᠠᠢ ᠳᠠᠭᠤᠤ ᠨᠤᠭᠤᠳ
ᠳᠡᠯ ᠰᠡᠭᠦᠯ ᠳ᠋ᠦ᠍ ᠴᠢᠨᠢ ᠰᠠᠯᠬᠢ ᠡᠷᠭᠢᠳᠡᠭ ᠪᠣᠯᠬᠣᠷ
ᠠᠳᠤᠭᠤ ᠴᠢ ᠲᠩᠷᠢ ᠶ᠋ᠢᠨ ᠠᠮᠢᠲᠠᠨ ᠶᠤᠮ ᠪᠢᠯᠡ
ᠳᠡᠷᠭᠡᠳᠡ ᠨᠢ ᠨᠠᠯᠠᠭᠠᠳ ᠵᠣᠭᠰᠣᠬᠤ ᠳ᠋ᠤ᠌
ᠲᠦᠰᠢᠭ ᠲᠡᠢ ᠪᠠᠢᠳᠠᠭ ᠪᠣᠯᠬᠣᠷ
ᠠᠳᠤᠭᠤ ᠴᠢ ᠠᠨᠳᠠ ᠶᠤᠮ ᠪᠢᠯᠡ
ᠣᠲᠣᠷ ᠤ᠋ᠨ ᠠᠳᠤᠭᠤᠨ ᠤ᠋ ᠳᠠᠭᠤᠤ
ᠦᠭᠡ᠄ ᠴ᠂ ᠳᠠᠭᠪᠠᠳᠣᠷᠵᠢ
ᠠᠶ᠎ᠠ᠄ ᠭ᠂ ᠴᠣᠢᠵᠢᠯᠵᠠᠪ
ᠤᠳᠤᠮ ᠡᠴᠡ ᠬᠤᠷᠳᠤᠨ ᠬᠦᠯᠦᠭ ᠦ᠋ᠨ ᠳᠠᠪᠬᠢᠭᠠᠨ ᠳ᠋ᠤ᠌
ᠤᠷᠭ᠎ᠠ ᠶ᠋ᠢᠨ ᠦᠵᠦᠭᠦᠷ ᠲᠦ᠍ ᠰᠠᠯᠬᠢᠨ ᠢᠰᠬᠡᠷᠦᠨ᠎ᠡ
ᠠᠭᠤᠯᠠ ᠶ᠋ᠢᠨ ᠨᠤᠭᠤ ᠶ᠋ᠢᠨ ᠡᠪᠡᠰᠦ ᠨᠢ ᠰᠤᠭᠰᠤᠷᠤᠭᠠᠳ
ᠳᠥᠷᠦᠭᠡᠨ ᠲᠠᠪᠠᠭ ᠱᠦᠷᠭᠦᠭᠡᠨ ᠪᠠᠢᠨ᠎ᠠ
ᠠᠳᠤᠭᠤ ᠮᠢᠨᠢ ᠵᠢᠰᠦ ᠪᠡᠷ ᠢ᠋ᠶ᠋ᠡᠨ ᠰᠠᠢᠬᠠᠨ ᠪᠠᠢᠨ᠎ᠠ ᠳᠠ
ᠠᠳᠤᠭᠤᠴᠢᠨ ᠪᠢ ᠵᠢᠷᠭᠠᠵᠤ ᠶᠠᠪᠤᠨ᠎ᠠ
ᠡᠪᠡᠰᠦ ᠨᠢ ᠬᠠᠯᠢᠭᠤᠷᠠᠵᠤ ᠤᠰᠤ ᠨᠢ ᠬᠠᠷᠠᠵᠠᠯᠠᠭᠠᠳ
ᠠᠭᠤᠯᠠᠰ ᠤ᠋ᠨ ᠳᠤᠮᠳᠠ ᠪᠠᠨ ᠳᠤᠯᠠᠭᠠᠬᠠᠨ ᠪᠠᠢᠨ᠎ᠠ
ᠲᠠᠤᠯᠠᠢ ᠰᠠᠢᠬᠠᠨ ᠵᠣ ᠨᠢ ᠰᠣᠷᠲᠤᠭᠠᠳ
ᠲᠦᠮᠡᠨ ᠠᠭᠲᠠ ᠮᠢᠨᠢ ᠲᠠᠷᠭᠤᠨ ᠪᠠᠢᠨ᠎ᠠ
ᠠᠳᠤᠭᠤ ᠮᠢᠨᠢ ᠵᠢᠰᠦ ᠪᠡᠷ ᠢ᠋ᠶ᠋ᠡᠨ ᠰᠠᠢᠬᠠᠨ ᠪᠠᠢᠨ᠎ᠠ ᠳᠠ
ᠠᠳᠤᠭᠤᠴᠢᠨ ᠪᠢ ᠵᠢᠷᠭᠠᠵᠤ ᠶᠠᠪᠤᠨ᠎ᠠ
ᠶᠡᠬᠡ ᠮᠠᠩᠯᠠᠢ ᠶ᠋ᠢᠨ ᠬᠤᠷᠳᠤ
ᠦᠭᠡ᠄ ᠡ᠊᠂ ᠪᠠᠶᠠᠨᠮᠥ᠋ᠩᠬᠡ
ᠠᠶ᠎ᠠ᠄ ᠴᠠᠩ᠊᠂ ᠡᠷᠳᠡᠨᠢᠪᠠᠲᠤ
ᠮᠣᠷᠢ ᠲᠠᠢ ᠰᠦᠯᠳᠡ ᠲᠡᠢ ᠨᠠᠭᠠᠳᠤᠮ ᠥᠳᠬᠡᠷᠡᠵᠦ ᠠᠷᠭᠤᠮᠠᠭ ᠲᠣᠳᠣᠷᠠᠭᠠᠳ
ᠮᠣᠩᠭᠣᠯ ᠠᠰᠠᠷ ᠲᠤ᠌ ᠠᠢᠷᠠᠭ ᠱᠤᠤᠭᠢᠵᠤ ᠬᠤᠷᠳᠤ ᠶ᠋ᠢ ᠨᠢ ᠱᠠᠭᠰᠢᠯᠳᠤᠨ᠎ᠠ
ᠬᠣᠶᠠᠷ ᠥᠯᠵᠡᠢᠲᠦ ᠠᠭᠤᠯᠠ ᠶ᠋ᠢᠨ ᠳᠠᠢᠴᠢᠨ ᠳᠠᠪᠬᠢᠯᠲᠠ ᠮᠣᠷᠢᠳ ᠨᠢ ᠠ᠋
ᠬᠣᠯᠠ ᠶ᠋ᠢᠨ ᠭᠣᠪᠢ ᠡᠴᠡ ᠪᠠᠨ ᠲᠣᠳᠣᠷᠠᠭᠰᠠᠨ ᠶᠡᠬᠡ ᠮᠠᠩᠯᠠᠢ ᠶ᠋ᠢᠨ ᠬᠦᠯᠦᠭ ᠦ᠋ᠳ ᠠ᠋
ᠡᠷᠳᠡᠮ ᠲᠡᠭᠦᠯᠳᠡᠷ ᠪᠤᠭᠤᠷᠤᠯ ᠤᠶᠠᠭᠠᠴᠢᠳ ᠮᠣᠷᠢᠳ ᠢ᠋ᠶ᠋ᠠᠨ ᠰᠢᠨᠵᠢᠭᠡᠳ
ᠡᠷᠳᠡᠨᠢᠲᠦ ᠬᠦᠯᠦᠭ ᠦ᠋ᠳ ᠠᠢᠷᠠᠭ ᠤ᠋ᠨ ᠲᠦᠷᠦᠭᠦᠨ ᠳ᠋ᠦ᠍ ᠮᠠᠩᠨᠠᠢᠯᠠᠵᠤ ᠬᠤᠷᠳᠤᠯᠠᠭᠰᠠᠨ
ᠶᠡᠬᠡ ᠮᠠᠩᠯᠠᠢ ᠨᠤᠲᠤᠭ ᠤ᠋ᠨ ᠬᠤᠷᠳᠤ ᠬᠤᠷᠠᠭᠠᠭᠰᠠᠨ ᠨᠠᠷᠠ ᠵᠥᠪ ᠤᠶᠠᠭᠠᠨ ᠳᠡᠭᠡᠷ᠎ᠡ
ᠶᠡᠬᠡ ᠠᠳᠤᠭᠤᠨ ᠤ᠋ ᠰᠠᠯᠬᠢ ᠨᠢ ᠪᠤᠶᠠᠨ ᠬᠡᠰᠢᠭ ᠦ᠋ᠨ ᠲᠣᠭᠣᠰᠣ ᠲᠠᠢ ᠰᠢᠪᠰᠢᠭᠰᠡᠨ
ᠶᠡᠬᠡ ᠮᠠᠩᠯᠠᠢ ᠶ᠋ᠢᠨ ᠬᠦᠯᠦᠭ ᠦ᠋ᠳ ᠨᠢ ᠶᠡᠬᠡ ᠭᠣᠪᠢ ᠶ᠋ᠢᠨ ᠬᠤᠷᠳᠤ ᠠ᠋ ᠬᠦ
ᠠᠳᠤᠭᠤᠴᠢᠨ—
ᠮᠣᠩᠭᠣᠯ ᠠᠷᠠᠳ ᠤ᠋ᠨ ᠳᠠᠭᠤᠤ
ᠲᠦᠮᠡᠨ ᠴᠤ᠌ ᠣᠯᠠᠨ ᠠᠳᠤᠭᠤᠨ ᠤ᠋ ᠳᠤᠮᠳᠠ ᠡᠴᠡ ᠪᠠᠨ
ᠲᠥᠭᠥᠷᠢᠭ ᠰᠠᠷ᠎ᠠ ᠲᠠᠢ ᠮᠠᠩᠬᠠᠨ ᠰᠢᠷᠭ᠎ᠠ ᠮᠢᠨᠢ ᠲᠦᠷᠦᠭᠦᠯᠡᠭᠡᠳ ᠢᠷᠡᠨ᠎ᠡ ᠬᠦ
ᠲᠦᠮᠡᠨ ᠴᠤ᠌ ᠣᠯᠠᠨ ᠬᠥᠮᠦᠨ ᠦ᠌ ᠳᠤᠮᠳᠠ ᠡᠴᠡ ᠪᠠᠨ
ᠮᠢᠨᠦ ᠵᠢᠷᠦᠬᠡᠨ ᠦ᠌ ᠭᠠᠭᠴᠠᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ
ᠮᠢᠩᠭᠠᠨ ᠴᠤ᠌ ᠣᠯᠠᠨ ᠠᠳᠤᠭᠤᠨ ᠤ᠋ ᠳᠤᠮᠳᠠ ᠡᠴᠡ ᠪᠠᠨ
ᠮᠠᠩᠨᠤᠭ ᠰᠠᠷ᠎ᠠ ᠲᠠᠢ ᠮᠠᠩᠬᠠᠨ ᠰᠢᠷᠭ᠎ᠠ ᠮᠢᠨᠢ ᠲᠦᠷᠦᠭᠦᠯᠡᠭᠡᠳ ᠢᠷᠡᠨ᠎ᠡ ᠬᠦ
ᠮᠢᠩᠭᠠᠨ ᠴᠤ᠌ ᠣᠯᠠᠨ ᠬᠥᠮᠦᠨ ᠦ᠌ ᠳᠤᠮᠳᠠ ᠡᠴᠡ ᠪᠠᠨ
ᠮᠢᠨᠦ ᠵᠢᠷᠦᠬᠡᠨ ᠦ᠌ ᠭᠠᠭᠴᠠᠬᠠᠨ ᠲᠡᠷᠡ ᠮᠢᠨᠢ ᠲᠣᠷᠮᠣᠢᠵᠤ ᠬᠠᠷᠠᠭᠳᠠᠨ᠎ᠠ ᠬᠦ
ᠤᠷᠭᠠᠴᠢ ᠬᠦᠯᠦᠭ
ᠦᠭᠡ᠄ ᠴ᠂ ᠰᠠᠨᠳᠠᠭᠵᠠᠪ
ᠠᠶ᠎ᠠ᠄ ᠪ᠂ ᠪᠢᠮᠪᠠᠪᠠᠶᠠᠷ
ᠬᠤᠷᠢᠶᠠᠵᠤ ᠲᠠᠭᠤᠭᠰᠠᠨ ᠠᠳᠤᠭᠤᠨ ᠡᠴᠡ
ᠬᠤᠯᠵᠢᠭᠠ ᠲᠠᠲᠠᠬᠤ ᠣᠷᠣᠢ
ᠱᠠᠰᠢᠷ ᠳᠡᠯ ᠢ᠋ᠶ᠋ᠡᠨ ᠬᠡᠢᠰᠬᠡᠨ ᠰᠠᠯᠬᠢ ᠲᠠᠲᠠᠭᠤᠯᠤᠨ ᠬᠤᠷᠳᠤᠯᠠᠬᠤ
ᠱᠠᠭᠢᠭᠤᠯᠤᠭᠠᠳ ᠲᠡᠩᠴᠡᠳᠡᠭ ᠮᠣᠷᠢ ᠮᠢᠨᠢ᠂ ᠮᠣᠷᠢ ᠮᠢᠨᠢ ᠠ᠋ ᠬᠦ
ᠢᠵᠢᠯᠢ ᠪᠡᠨ ᠬᠠᠷᠠᠭᠠᠳ ᠢᠨᠴᠠᠭᠠᠳᠠᠭ
ᠡᠵᠡᠨ ᠢ᠋ᠶ᠋ᠡᠨ ᠬᠠᠷᠠᠭᠠᠳ ᠡᠪᠰᠢᠶᠡᠳᠡᠭ
ᠡᠷᠳᠡᠨᠢᠲᠦ ᠰᠦᠷᠦᠭ ᠦ᠋ᠨ ᠮᠠᠩᠯᠠᠢ
ᠤᠷᠭᠠᠴᠢ ᠬᠤᠷᠳᠤᠨ ᠬᠦᠯᠦᠭ ᠮᠢᠨᠢ ᠵᠠ
ᠬᠤᠯᠠᠨ ᠬᠡᠭᠡᠷ ᠦ᠋ᠨ ᠲᠣᠯᠣᠭᠠᠢ ᠳ᠋ᠠᠭᠠᠨ
ᠬᠤᠢᠪᠢ ᠪᠠᠨ ᠰᠠᠴᠤᠭᠠᠳ ᠲᠠᠲᠠᠬᠤ ᠳ᠋ᠤ᠌
ᠬᠠᠳᠠ ᠲᠠᠢ ᠳᠥᠷᠪᠡᠨ ᠲᠤᠭᠤᠷᠠᠢ ᠨᠢ ᠬᠠᠢᠷ ᠴᠢᠯᠠᠭᠤ ᠶ᠋ᠢ ᠪᠤᠲᠠᠷᠠᠭᠠᠭᠠᠳ
ᠬᠠᠨᠠᠷᠠᠯᠠᠨ ᠰᠠᠭᠤᠳᠠᠭ ᠮᠣᠷᠢ ᠮᠢᠨᠢ᠂ ᠮᠣᠷᠢ ᠮᠢᠨᠢ ᠠ᠋ ᠬᠦ
ᠢᠵᠢᠯᠢ ᠪᠡᠨ ᠬᠠᠷᠠᠭᠠᠳ ᠢᠨᠴᠠᠭᠠᠳᠠᠭ
ᠡᠵᠡᠨ ᠢ᠋ᠶ᠋ᠡᠨ ᠬᠠᠷᠠᠭᠠᠳ ᠡᠪᠰᠢᠶᠡᠳᠡᠭ
ᠪᠠᠭᠤᠵᠤ ᠮᠣᠷᠳᠠᠬᠤ ᠳ᠋ᠤ᠌ ᠨᠠᠮᠬᠠᠨ
ᠪᠤᠷᠤᠭᠤ ᠵᠥᠪ ᠦᠭᠡᠢ ᠨᠣᠮᠣᠬᠠᠨ
ᠪᠤᠶᠠᠨᠲᠤ ᠰᠦᠷᠦᠭ ᠦ᠋ᠨ ᠮᠠᠩᠯᠠᠢ
ᠤᠷᠭᠠᠴᠢ ᠬᠤᠷᠳᠤᠨ ᠬᠦᠯᠦᠭ ᠮᠢᠨᠢ ᠵᠠ
ᠤᠶᠠᠩᠭᠠᠯᠠᠯ—
ᠵᠢᠷᠤᠬᠠᠢ ᠡᠴᠡ ᠠᠯᠳᠠᠷ ᠤ᠋ᠨ ᠪᠠᠷᠢᠶᠠᠨ ᠳ᠋ᠤ᠌ ᠲᠥᠬᠦᠭᠡᠯᠵᠡᠳᠡᠭ ᠪᠣᠯᠬᠣᠷ
ᠠᠳᠤᠭᠤ ᠴᠢ ᠬᠡᠢᠮᠣᠷᠢ ᠪᠢᠯᠡ
ᠵᠠᠭᠤᠭᠰᠠᠨ ᠠᠮᠠᠭᠠᠢ ᠴᠢᠨᠢ ᠬᠠᠯᠠᠭᠤᠨ ᠪᠠᠢᠳᠠᠭ ᠤᠴᠢᠷ ᠡᠴᠡ
ᠠᠳᠤᠭᠤ ᠴᠢ ᠭᠠᠯ ᠶᠤᠮ ᠪᠢᠯᠡ
ᠵᠠᠭᠤᠯᠲᠠ ᠡᠴᠡ ᠴᠢᠨᠢ ᠭᠠᠵᠠᠷ ᠦᠨᠦᠷᠲᠦᠳᠡᠭ ᠪᠣᠯᠬᠣᠷ
ᠠᠳᠤᠭᠤ ᠴᠢ ᠡᠬᠡ ᠣᠷᠣᠨ ᠶᠤᠮ ᠪᠢᠯᠡ
ᠳᠡᠯ ᠰᠡᠭᠦᠯ ᠳ᠋ᠦ᠍ ᠴᠢᠨᠢ ᠰᠠᠯᠬᠢ ᠡᠷᠭᠢᠳᠡᠭ ᠪᠣᠯᠬᠣᠷ
ᠠᠳᠤᠭᠤ ᠴᠢ ᠲᠩᠷᠢ ᠶ᠋ᠢᠨ ᠠᠮᠢᠲᠠᠨ ᠶᠤᠮ ᠪᠢᠯᠡ
ᠳᠡᠷᠭᠡᠳᠡ ᠨᠢ ᠨᠠᠯᠠᠭᠠᠳ ᠵᠣᠭᠰᠣᠬᠤ ᠳ᠋ᠤ᠌ ᠲᠦᠰᠢᠭ ᠲᠡᠢ ᠪᠠᠢᠳᠠᠭ ᠪᠣᠯᠬᠣᠷ
ᠠᠳᠤᠭᠤ ᠴᠢ ᠠᠭᠲᠠ ᠶᠤᠮ ᠪᠢᠯᠡ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
