《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠵᠢᠷᠭᠤᠳᠤᠭᠠᠷ ᠪᠦᠯᠦᠭ> "Хөх судар" он нөхвөр дэвтэр - Инжинаш <Тавин зургадугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠵᠢᠷᠭᠤᠳᠤᠭᠠᠷ ᠪᠦᠯᠦᠭ> "Хөх судар" он нөхвөр дэвтэр - Инжинаш <Тавин зургадугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠵᠢᠷᠭᠤᠳᠤᠭᠠᠷ ᠪᠦᠯᠦᠭ> "Хөх судар" он нөхвөр дэвтэр - Инжинаш <Тавин зургадугаар бүлэг>

ᠠᠩᠭᠢᠯᠠᠯ:ᠲᠡᠦᠬᠡ ᠰᠣᠶᠣᠯ
2024-06-24

375

《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠨ ᠵᠢᠷᠭᠤᠳᠤᠭᠠᠷ ᠪᠦᠯᠦᠭ

       ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠤᠯᠠᠭᠠᠨ ᠪᠠᠷᠰ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ ᠶ᠋ᠢᠨ ᠬᠣᠶᠠᠳᠤᠭᠠᠷ ᠣᠨ᠃ 

                ᠲᠠᠪᠢᠨ ᠵᠢᠷᠭᠤᠳᠤᠭᠠᠷ ᠪᠦᠯᠦᠭ  
         
           ᠲᠠᠢᠪᠤᠤ ᠮᠤᠬᠤᠯᠢ ᠬᠣᠶᠠᠷᠬᠠᠨ ᠵᠠᠩᠵᠤᠨ ᠢ᠋ ᠪᠠᠲᠤᠯᠠᠭᠰᠠᠨ ᠢ᠋ᠶ᠋ᠠᠷ ᠨᠢᠭᠡᠨ ᠤᠯᠤᠰ ᠢ᠋ ᠪᠠᠭᠴᠠᠯᠠᠨ ᠲᠣᠭᠲᠠᠭᠠᠮᠤᠢ 
           ᠲᠠᠢᠽᠦ ᠬᠤᠸᠠᠩᠳᠢ ᠨᠢᠭᠡᠬᠡᠨ ᠠᠢᠮᠠᠭ ᠢ ᠲᠦᠪᠰᠢᠳᠬᠡᠭᠰᠡᠨ ᠢ᠋ᠶ᠋ᠡᠷ ᠠᠷᠪᠠᠨ ᠠᠢᠮᠠᠭ ᠢ᠋ ᠪᠢᠰᠢᠷᠡᠭᠦᠯᠦᠨ ᠳᠠᠭᠠᠭᠤᠯᠪᠠᠢ 
               ᠠᠷᠪᠠᠨ ᠠᠢᠮᠠᠭ ᠤ᠋ᠳ ᠬᠡᠮᠡᠭᠴᠢ᠂ ᠬᠣᠶᠠᠷ ᠨᠠᠢ᠍ᠮᠠᠨ ᠬᠢᠭᠡᠳ ᠵᠢᠷᠭᠤᠭᠠᠨ ᠵᠡᠷᠯᠢᠭ ᠬᠢᠵᠠᠭᠠᠷ 
               ᠠᠯᠤᠰ ᠪᠦᠬᠦᠢ ᠬᠢᠳᠠᠨ ᠤᠯᠤᠰ ᠪᠠ ᠠᠪᠤᠭᠠᠳᠤᠢ ᠯᠢᠶᠣᠣ ᠳ᠋ᠦᠩ ᠲᠡᠢ ᠪᠤᠶᠤ᠃ 
               ᠠᠯᠲᠠᠲᠤ 《ᠬᠥᠬᠡ ᠰᠣᠲᠣᠷ᠎ᠠ 》ᠠᠰᠠᠷᠠᠭᠰᠠᠨ ᠲᠠᠬᠢᠯᠭ᠎ᠠ ᠪᠠᠷ ᠠᠭᠯᠠᠭ ᠯᠢᠶᠣᠣ ᠶ᠋ᠢ ᠲᠣᠭᠲᠠᠵᠢᠭᠤᠯᠤᠨ 
               ᠠᠯᠠᠯᠳᠤᠯ ᠦᠭᠡᠢ ᠪᠡᠷ ᠯᠢᠶᠣᠣ ᠶ᠋ᠢᠨ ᠦᠷᠡᠰ ᠶᠧ ᠯᠢᠦᠢ ᠯᠢᠦ ᠭᠧ ᠶ᠋ᠢ ᠳᠠᠭᠠᠭᠤᠯᠪᠠ ᠬᠡᠮᠡᠬᠦ ᠪᠣᠯᠠᠢ᠃ 

       ᠲᠡᠨᠳᠡᠴᠡ ᠬᠢᠳᠠᠨ ᠤᠯᠤᠰ ᠤ᠋ᠨ ᠠᠮᠢᠳᠤ ᠪᠠᠷᠢᠭᠳᠠᠭᠰᠠᠨ ᠵᠤᠣᠯ ᠪᠠᠭᠠᠲᠤᠷ᠂ ᠬᠦᠴᠦᠦᠯ ᠳᠣᠭᠰᠢᠨ ᠬᠣᠶᠠᠭᠤᠯᠠ ᠲᠣᠯᠣᠭᠠᠢ ᠪᠠᠨ ᠲᠠᠯᠪᠢᠵᠤ ᠪᠠᠲᠤᠯᠠᠭᠰᠠᠨ ᠳ᠋ᠤᠷ ᠴᠡᠷᠢᠭ ᠦ᠋ᠨ ᠶᠡᠬᠡ ᠵᠢᠨᠦᠩ ᠮᠤᠬᠤᠯᠢ ᠮᠠᠰᠢᠳᠠ ᠪᠠᠶᠠᠷᠯᠠᠨ ᠥᠭᠦᠯᠡᠷᠦᠨ᠄ 
      《ᠦᠨᠡᠮᠴᠢ ᠵᠠᠩᠵᠤᠨ ᠥᠪᠡᠷᠦᠨ ᠤᠯᠤᠰ ᠤ᠋ᠨ ᠡᠷᠳᠡᠨᠢ᠂ ᠴᠢᠭᠴᠢ ᠪᠠᠭᠠᠲᠤᠷ ᠬᠢᠳᠠᠨ ᠤᠯᠤᠰ ᠲᠠᠭᠠᠨ ᠡᠷᠳᠡᠨᠢ᠂ ᠵᠤᠣᠯ ᠪᠠᠭᠠᠲᠤᠷ ᠤ᠋ᠨ ᠵᠣᠬᠢᠴᠠᠯ ᠵᠣᠪᠠᠯᠠᠩ ᠢ᠋ᠶ᠋ᠠᠨ ᠠᠷᠢᠯᠭᠠᠵᠤ᠂ ᠬᠥᠴᠦᠣ᠌ᠯ ᠲᠣᠭᠰᠢᠨ ᠤ᠋ ᠬᠢᠴᠢᠶᠡᠯ ᠬᠡᠪᠴᠢᠶᠡᠨ ᠤᠴᠠᠷᠠᠯ ᠮᠥᠨ᠃ ᠡᠨᠡ ᠬᠣᠶᠠᠷ ᠵᠠᠩᠵᠤᠨ ᠤ᠋ ᠡᠪᠯᠡᠯ ᠦᠨᠡᠬᠡᠷ ᠡᠨᠡ ᠲᠤᠬᠠᠢ ᠶ᠋ᠢᠨ ᠴᠣᠬᠣᠮ ᠬᠡᠪᠴᠢᠶᠡᠨ ᠪᠤᠶᠤ᠃ ᠵᠢᠨᠦᠩ ᠮᠤᠬᠤᠯᠠᠢ ᠳᠤᠷᠠᠲᠠᠶ᠎ᠠ ᠬᠦᠰᠡᠨ ᠪᠠᠲᠤᠯᠠᠰᠤᠭᠠᠢ 》ᠬᠡᠮᠡᠭᠰᠡᠨ ᠳ᠋ᠦ᠍ᠷ ᠲᠠᠢᠽᠦ ᠴᠢᠩᠭᠢᠰ ᠬᠠᠭᠠᠨ ᠰᠠᠢᠰᠢᠶᠠᠨ ᠵᠥᠪᠰᠢᠶᠡᠵᠦ᠂ ᠵᠠᠷᠯᠢᠭ ᠪᠣᠯᠤᠷᠤᠨ : 
      《ᠡᠪᠳᠡᠷᠡᠭᠰᠡᠨ ᠤᠯᠤᠰ ᠢ᠋ᠶ᠋ᠠᠨ ᠡᠢᠨ ᠬᠦ᠌ ᠡᠩᠬᠡᠵᠢᠭᠦᠯᠪᠡᠰᠦ᠂ ᠡᠷᠳᠡᠮᠲᠦ ᠰᠠᠢᠳ ᠪᠤᠶᠤ᠂ ᠪᠦᠷᠢᠯᠦᠭᠰᠡᠨ ᠤᠯᠤᠰ ᠢ᠋ᠶ᠋ᠠᠨ ᠪᠦᠷᠢᠯᠳᠦᠭᠦᠯᠦᠨ ᠪᠦᠲᠦᠭᠡᠪᠡᠰᠦ᠂ ᠪᠣᠳᠣᠯᠭᠠᠲᠠᠢ ᠲᠦᠰᠢᠮᠡᠯ ᠪᠣᠯᠠᠢ 》ᠬᠡᠮᠡᠵᠦ᠂ ᠮᠥᠨ ᠬᠦ᠌ ᠬᠦᠯᠦᠭ ᠨᠣᠶᠠᠨ ᠲᠠᠢᠪᠤᠤ ᠴᠢᠯᠠᠭᠤᠨ᠂ ᠵᠢᠴᠢ ᠬᠦᠩ ᠨᠣᠶᠠᠨ ᠤᠯᠤᠰ ᠤ᠋ᠨ ᠨᠠᠭᠠᠴᠤ ᠠᠵᠢᠨᠠᠢ ᠮᠡᠷᠭᠡᠨ ᠬᠣᠶᠠᠭᠤᠯᠠ ᠳ᠋ᠤᠷ ᠬᠠᠷᠢᠶ᠎ᠠ ᠬᠠᠷᠢᠶᠠᠲᠤ᠂ ᠤᠭ ᠵᠠᠬᠢᠷᠤᠭᠰᠠᠨ ᠵᠠᠩᠵᠤᠨ ᠨᠠᠷ ᠢ᠋ᠶ᠋ᠠᠨ ᠠᠪᠴᠤ᠂ ᠬᠣᠶᠠᠷ ᠬᠥᠮᠦᠨ᠂ ᠨᠡᠢᠲᠡ ᠳᠥᠷᠪᠡᠨ ᠮᠢᠩᠭᠠᠨ ᠴᠡᠷᠢᠭ ᠰᠢᠯᠭᠠᠵᠤ ᠠᠪᠤᠭᠤᠯᠤᠨ᠂ ᠵᠤᠤᠯ ᠪᠠᠭᠠᠲᠤᠷ᠂ ᠬᠦᠴᠦᠦᠯ ᠳᠣᠭᠰᠢᠨ ᠬᠣᠶᠠᠷ ᠵᠠᠩᠵᠤᠨ ᠳ᠋ᠤᠷ ᠥᠪᠡᠷ ᠥᠪᠡᠷ ᠦ᠋ᠨ ᠰᠢᠳᠠᠷ ᠠᠷᠠᠳ ᠲᠠᠪᠢᠭᠠᠳ ᠲᠠᠪᠢᠭᠠᠳ᠂ ᠲᠥᠷᠥᠯ ᠲᠥᠷᠥᠭᠰᠡᠨ ᠤᠷᠤᠭ ᠡᠯᠢᠭᠡᠨ ᠢ᠋ ᠢᠨᠤ ᠳᠠᠭᠠᠭᠤᠯᠤᠨ ᠥᠭᠴᠦ᠂ ᠬᠣᠶᠠᠷ ᠬᠦᠷᠢᠶ᠎ᠡ ᠳ᠋ᠦ᠍ᠷ ᠬᠣᠶᠠᠭᠤᠯᠠ ᠶ᠋ᠢ ᠬᠣᠶᠠᠷ ᠲᠠᠰᠢ ᠰᠠᠯᠭᠠᠨ ᠵᠠᠬᠢᠷᠤᠭᠤᠯᠵᠤ᠂ ᠶᠡᠬᠡ ᠵᠢᠨᠦᠩ ᠥᠪᠡᠷ ᠦ᠋ᠨ ᠭᠠᠷ ᠢ᠋ᠶ᠋ᠠᠷ ᠴᠢᠯᠠᠭᠤᠨ᠂ ᠠᠵᠢᠨᠠᠢ ᠳ᠋ᠤᠷ ᠠᠷᠢᠬᠢ ᠥᠭᠴᠦ ᠪᠡᠯᠡᠭᠯᠡᠭᠡᠳ᠂ ᠳᠠᠷᠤᠢ ᠦᠳᠡᠵᠦ᠂ ᠤᠯᠤᠰ ᠲᠤᠷ ᠡᠭᠡᠬᠦ ᠲᠠᠢᠵᠢ ᠬᠦᠩ ᠵᠣᠴᠢ ᠯᠤᠭ᠎ᠠ ᠬᠠᠮᠲᠤ ᠮᠣᠷᠳᠠᠭᠤᠯᠬᠤᠶ᠎ᠠ᠂ ᠲᠠᠢᠽᠢ ᠬᠦᠩ ᠵᠣᠴᠢ ᠶ᠋ᠢᠨ ᠰᠢᠳᠬᠡᠯ ᠵᠠᠷᠯᠢᠭ ᠤ᠋ᠨ ᠰᠡᠭᠦᠯ ᠳ᠋ᠦ᠍ᠷ ᠢᠨᠦ ᠬᠡᠳᠦᠨ ᠮᠥᠷ ᠦ᠋ᠨ ᠬᠠᠭᠠᠨ ᠡᠵᠡᠨ ᠦ᠌ ᠮᠣᠳᠣᠷ ᠤ᠋ᠨ ᠦᠰᠦᠭ ᠢ᠋ᠶ᠋ᠡᠷ ᠲᠠᠰᠤᠯᠤᠨ ᠴᠣᠬᠣᠯᠠᠭᠰᠠᠨ ᠠᠨᠤ :  
      ᠣᠮᠣᠷᠬᠠᠭ ᠬᠡᠲᠦᠷᠡᠵᠦ ᠣᠷᠴᠢᠯᠠᠬᠤ ᠶ᠋ᠢ ᠠᠯᠳᠠᠭᠠᠳ ᠤᠯᠤᠰ ᠡᠵᠡᠳ ᠢ᠋ ᠤᠷᠠᠬ᠎ᠠ ᠬᠠᠪᠬ᠎ᠠ ᠳ᠋ᠤᠷ ᠤᠨᠠᠭᠠᠵᠤ ᠪᠤᠰᠠᠨᠢᠭᠤᠯᠪᠠ  
        ᠦᠭᠡᠰ ᠬᠡᠲᠦᠷᠡᠵᠦ ᠦᠢᠯᠡᠰ ᠢ᠋ ᠣᠰᠣᠯᠳᠠᠭᠠᠳ ᠦᠬᠦᠭᠰᠡᠨ ᠬᠢᠳᠠᠨ ᠤ᠋ ᠦᠬᠦᠳᠡᠯ ᠶᠠᠰᠤ ᠶ᠋ᠢ ᠴᠦ᠍ ᠬᠡᠭᠡᠪᠡᠢ᠃   
        ᠣᠮᠣᠭ ᠪᠠᠢᠪᠠᠴᠤ ᠤᠬᠠᠮᠵᠢᠯᠠᠯ ᠦᠭᠡᠢ ᠤᠷᠲᠤ ᠤᠳᠠᠭᠠᠨ ᠤᠯᠠᠮᠵᠢᠯᠠᠨ ᠢᠯᠪᠢᠨ ᠵᠠᠰᠠᠬᠤ ᠶ᠋ᠢ ᠡᠰᠡ ᠲᠥᠰᠥᠭᠡᠯᠡᠪᠡ  
        ᠥᠭᠦᠯᠡᠯ ᠢ᠋ ᠵᠣᠭᠰᠣᠭᠠᠨ ᠦᠬᠦᠭᠰᠡᠨ ᠢ᠋ ᠡᠭᠡᠭᠦᠯᠬᠦ ᠶ᠋ᠢ ᠡᠴᠦᠰ ᠲᠦ᠍ᠷ ᠮᠡᠬᠦᠰ ᠪᠢ ᠥᠪᠡᠷ ᠢ᠋ᠶ᠋ᠡᠨ ᠶᠠᠪᠤᠭᠤᠯᠪᠠᠢ᠃ 
ᠬᠡᠮᠡᠭᠰᠡᠨ ᠢ᠋ ᠲᠠᠢᠽᠢ ᠬᠦᠩ ᠵᠣᠴᠢ ᠦᠵᠡᠭᠡᠳ᠂ ᠮᠠᠰᠢᠳᠠ ᠢᠴᠢᠩᠭᠦᠷᠡᠨ ᠭᠤᠲᠤᠵᠤ ᠭᠡᠮᠰᠢᠨ ᠪᠢᠰᠢᠷᠡᠭᠡᠳ᠂ ᠨᠢᠳᠦᠨ ᠳ᠋ᠦ᠍ᠷ ᠨᠢᠯᠪᠤᠰᠤᠨ ᠬᠠᠪᠴᠢᠭᠤᠯᠵᠤ᠂ ᠣᠷᠳᠣᠨ ᠤ᠋ ᠭᠠᠳᠠᠨ᠎ᠠ ᠠ᠋ᠴᠠ ᠮᠥᠷᠭᠥᠵᠦ ᠠᠶᠠᠷᠯᠠᠭᠠᠳ ᠮᠣᠷᠳᠠᠬᠤᠶ᠎ᠠ᠂ ᠵᠢᠨᠦᠩ ᠮᠤᠬᠤᠯᠢ ᠪᠡᠶ᠎ᠡ ᠪᠡᠷ ᠦᠵᠡᠨ ᠮᠣᠷᠳᠠᠭᠤᠯᠵᠤ᠂ ᠮᠤᠷᠤᠢ ᠡᠪᠡᠷ ᠦ᠋ᠨ ᠨᠢᠭᠡᠨ ᠬᠣᠩᠬᠢᠶ᠎ᠠ ᠶ᠋ᠢ ᠥᠭᠴᠦ᠂ ᠴᠢᠬᠢ ᠳ᠋ᠦ᠍ᠷ ᠬᠡᠳᠦᠨ ᠦᠭᠡ ᠬᠡᠯᠡᠵᠦ ᠰᠠᠯᠤᠯᠴᠠᠪᠠ᠃ ᠡᠭᠦᠨ ᠳ᠋ᠦ᠍ᠷ ᠲᠥᠷᠥ ᠶ᠋ᠢᠨ ᠬᠣᠲᠠᠯᠠᠭᠠᠷ ᠶᠣᠰᠣᠯᠠᠨ ᠰᠠᠯᠤᠯᠴᠠᠬᠤᠶ᠎ᠠ᠂ ᠲᠥᠪᠳᠡᠰᠢ ᠦᠭᠡᠢ ᠰᠡᠭᠦᠷᠡᠰᠦᠨ ᠠᠯᠳᠠᠯᠴᠠᠨ᠂《ᠬᠠᠭᠠᠨ ᠤ᠋ ᠴᠠᠭᠠᠵᠠ ᠬᠡᠮᠡᠭᠴᠢ ᠬᠠᠷᠠᠯᠲᠠ ᠦᠭᠡᠢ ᠂ ᠤᠯᠤᠰ ᠤ᠋ᠨ ᠴᠠᠭᠠᠵᠠ ᠬᠡᠮᠡᠭᠴᠢ ᠤᠬᠤᠷᠢᠯᠲᠠ ᠦᠭᠡᠢ 》ᠠᠵᠤᠭᠤ ᠬᠡᠮᠡᠯᠳᠦᠭᠡᠳ ᠠᠶᠠᠷᠯᠠᠨ ᠬᠣᠴᠣᠷᠪᠠᠢ᠃ ᠠᠪᠠᠢ ᠡᠨᠡ ᠦᠨᠡᠬᠡᠷ ᠬᠠᠭᠠᠨ ᠤ᠋ ᠲᠠᠢᠽᠢ ᠰᠤᠷᠭᠠᠭᠤᠯᠢ ᠳ᠋ᠤᠷ ᠣᠷᠣᠪᠠᠰᠤ ᠬᠠᠷᠠᠴᠤᠰ ᠢᠷᠭᠡᠳ ᠦ᠋ᠨ ᠠᠳᠠᠯᠢ ᠪᠠᠷ ᠰᠤᠷᠤᠯᠴᠠᠬᠤ᠂ ᠸᠠᠩ ᠬᠥᠮᠦᠨ ᠴᠠᠭᠠᠵᠠ ᠳ᠋ᠤᠷ ᠬᠠᠯᠳᠠᠪᠠᠰᠤ᠂ ᠰᠤᠯᠠ ᠠᠷᠠᠳ ᠠ᠋ᠴᠠ ᠬᠠᠷᠢᠨᠴᠤ ᠬᠦᠨᠳᠦᠳᠡᠮᠦᠢ᠃  
       ᠲᠡᠨᠳᠡᠴᠡ ᠰᠢᠨ᠎ᠡ ᠲᠦᠪᠰᠢᠳᠬᠡᠭᠰᠡᠨ᠂ ᠬᠠᠭᠤᠴᠢᠨ ᠨᠠᠢ᠍ᠮᠠᠨ ᠤ᠋ ᠬᠡᠷᠡᠭ ᠢ᠋ ᠵᠠᠷᠯᠢᠭ ᠢ᠋ᠶ᠋ᠠᠷ ᠨᠢᠭᠡᠨ ᠨᠢᠭᠡᠨ ᠢ᠋ᠶ᠋ᠡᠷ ᠰᠢᠳᠬᠡᠨ ᠲᠠᠰᠤᠯᠤᠭᠰᠠᠨ ᠠᠨᠤ᠄ 
     《ᠨᠠᠢ᠍ᠮᠠᠨ ᠤ᠋ ᠪᠤᠷᠤᠭᠤᠲᠤ ᠪᠤᠯᠤ ᠪᠠᠷ ᠦᠨᠡᠨ ᠢ᠋ ᠰᠢᠭᠦᠬᠦᠶ᠎ᠡ᠂ ᠴᠠᠯᠴᠢᠵᠤ ᠪᠠᠯᠴᠢᠭᠰᠠᠨ ᠦᠭᠡᠢ ᠪᠡᠷ ᠴᠢᠩ ᠦᠨᠡᠨ ᠢ᠋ ᠢᠯᠡᠷᠬᠡᠢᠯᠡᠨ ᠥᠴᠢᠵᠦ ᠭᠠᠷᠭᠠᠨ᠂ ᠢᠯᠡ ᠪᠠ ᠳᠠᠯᠳᠠ ᠪᠠᠢᠬᠤ ᠬᠣᠶᠠᠷ ᠡᠲᠡᠭᠡᠳ ᠦ᠋ᠨ ᠨᠡᠢᠲᠡ ᠪᠦᠭᠦᠳᠡᠭᠡᠷ ᠢ᠋ ᠭᠡᠭᠡᠬᠡᠨ ᠲᠣᠳᠣᠷᠬᠠᠢ ᠪᠣᠯᠭᠠᠭᠰᠠᠨ ᠤ᠋ ᠲᠤᠯᠠᠳᠠ᠂ ᠬᠡᠷᠡᠭ ᠦ᠋ᠨ ᠴᠢᠬᠤᠯᠠ ᠶ᠋ᠢ ᠣᠯᠤᠭᠰᠠᠨ ᠤ᠋ ᠣᠴᠢᠷ᠎ᠠ᠂ ᠪᠤᠯᠤ ᠶ᠋ᠢᠨ ᠨᠠᠰᠤ ᠪᠠᠰᠠ ᠨᠡᠯᠢᠶᠡᠳ ᠠᠭᠰᠢᠷᠠᠪᠠ᠂ ᠠᠰᠤᠷᠤ ᠬᠠᠲᠠᠭᠤ ᠬᠠᠲᠠᠭᠠᠯᠠᠯ ᠬᠠᠷᠠᠭᠠᠯᠵᠠᠯᠠᠯ ᠢ᠋ ᠳᠠᠭᠠᠭᠠᠨ ᠴᠢᠳᠠᠬᠤ ᠦᠭᠡᠢ ᠪᠣᠯᠭᠤᠵᠠᠢ᠃ ᠲᠡᠢᠨ ᠬᠦ᠌ ᠪᠤᠯᠤ ᠶ᠋ᠢᠨ ᠶᠡᠬᠡ ᠡᠮ᠎ᠡ ᠪᠠᠭ᠎ᠠ ᠭᠡᠷᠭᠡᠢ ᠪᠠ ᠰᠤᠪᠢᠯᠠᠨ ᠵᠠᠷᠤᠭᠳᠠᠬᠤ ᠡᠷ᠎ᠡ ᠡᠮ᠎ᠡ ᠠᠷᠪᠠᠨ ᠲᠠᠪᠤᠨ ᠠᠮᠠᠨ ᠬᠥᠮᠦᠨ ᠥᠭᠴᠦ᠂ ᠳᠠᠪᠬᠤᠷᠯᠠᠨ ᠪᠠᠭᠤᠳᠠᠯᠯᠠᠭᠰᠠᠨ ᠴᠡᠷᠢᠭ ᠦ᠋ᠨ ᠬᠦᠷᠢᠶᠡᠨ ᠦ᠌ ᠳᠤᠮᠳᠠ᠂ ᠬᠡᠳᠦᠨ ᠵᠠᠯᠠᠩ ᠤ᠋ᠨ ᠪᠢᠲᠡᠭᠦᠦ ᠬᠦᠷᠢᠶ᠎ᠡ ᠳ᠋ᠦ᠍ᠷ ᠰᠠᠭᠤᠯᠭᠠᠵᠤ ᠵᠥᠭᠡᠯᠡᠪᠴᠢᠯᠡᠨ ᠬᠣᠷᠢᠵᠤ᠂ ᠬᠡᠲᠦᠷᠬᠡᠶ᠎ᠡ ᠵᠣᠪᠠᠨᠢᠨ ᠵᠦᠳᠡᠬᠦᠢ ᠳ᠋ᠦ᠍ᠷ ᠬᠥᠷᠭᠡᠭᠦᠯᠦᠯ ᠦᠭᠡᠢ ᠲᠡᠵᠢᠭᠡᠨ ᠰᠠᠬᠢᠵᠤ᠂ ᠮᠡᠬᠦᠰ ᠮᠢᠨᠦ ᠦᠨᠡᠩᠭᠦ ᠰᠠᠨᠠᠭᠠᠨ ᠢ᠋ᠶ᠋ᠠᠷ ᠥᠷᠥᠰᠢᠶᠡᠨ ᠡᠨᠡᠷᠢᠬᠦ ᠶ᠋ᠢ ᠦᠵᠡᠭᠦᠯᠦᠨ ᠠᠭᠤᠵᠢᠷᠠᠭᠤᠯᠤᠨ ᠲᠡᠵᠢᠭᠡᠵᠦ᠂ ᠮᠡᠬᠦᠰ ᠮᠢᠨᠦ ᠤᠯᠤᠰ ᠲᠤᠷ ᠡᠭᠡᠭᠰᠡᠨ ᠬᠣᠢᠨ᠎ᠠ ᠨᠢᠭᠡᠨ ᠲᠡᠰᠢ ᠲᠠᠰᠤᠯᠤᠨ ᠰᠢᠳᠬᠡᠵᠦ᠂ ᠨᠠᠮ ᠰᠠᠮ ᠠᠮᠢᠳᠤᠷᠠᠭᠤᠯᠤᠨ ᠦᠯᠡᠳᠡᠭᠡᠬᠦᠢ ᠶ᠋ᠢ ᠬᠦᠯᠢᠶᠡᠯᠭᠡᠭᠲᠦᠨ᠃ ᠵᠢᠴᠢ ᠬᠠᠭᠤᠴᠢᠨ ᠨᠠᠢ᠍ᠮᠠᠨ ᠤ᠋ ᠤᠯᠤᠰ ᠤ᠋ᠨ ᠬᠣᠲᠠᠯᠠᠭᠠᠷ ᠤ᠋ᠨ ᠭᠠᠵᠠᠷ ᠣᠷᠣᠨ ᠪᠠ ᠠᠷᠠᠳ ᠢᠷᠭᠡᠳ ᠲᠣᠷ ᠬᠦᠷᠲᠡᠯ᠎ᠡ᠂ ᠠᠯᠢᠪᠠ ᠵᠦᠢᠯ ᠦ᠋ᠨ ᠦᠯᠦ ᠵᠣᠬᠢᠬᠤ ᠶ᠋ᠢ ᠠᠮᠤᠭᠤᠯᠤᠨ ᠲᠦᠪᠰᠢᠳᠬᠡᠨ᠂ ᠤᠷᠲᠤ ᠤᠳᠠᠭᠠᠨ ᠡᠩᠬᠡ ᠲᠦᠪᠰᠢᠨ᠂ ᠠᠵᠤ ᠲᠥᠷᠥᠨ ᠠᠮᠢᠳᠤᠷᠠᠬᠤ ᠣᠨᠳᠣᠷᠣᠬᠤ ᠠᠰᠢᠳᠠ ᠶ᠋ᠢᠨ ᠲᠣᠭᠲᠠᠨᠢᠯ ᠢ᠋ ᠴᠥᠮ ᠢ᠋ᠶ᠋ᠡᠷ ᠠᠩᠬᠠᠨ ᠤ᠋ ᠡᠵᠡᠨ᠂ ᠬᠦᠩ ᠠᠯᠲᠠᠨᠱᠠᠭ᠎ᠠ ᠶ᠋ᠢᠨ ᠡᠷ᠎ᠡ ᠡᠮ᠎ᠡ ᠳ᠋ᠦ᠍ᠷ ᠲᠤᠰᠢᠶᠠᠨ᠂ ᠣᠷᠣᠨ ᠭᠠᠵᠠᠷ ᠤ᠋ᠨ ᠵᠠᠩ ᠠᠪᠤᠴᠠ ᠪᠠᠷ ᠲᠣᠭᠲᠠᠭᠠᠨ ᠠᠪᠠᠴᠢᠵᠤ᠂ ᠢᠯᠭᠠᠨ ᠰᠠᠯᠭᠠᠨ᠂ ᠡᠬᠢᠴᠢᠯᠡᠨ ᠵᠠᠬᠠᠴᠢᠯᠠᠨ ᠨᠠᠷᠢᠪᠴᠢᠯᠠᠨ ᠪᠠᠢᠴᠠᠭᠠᠵᠤ᠂ ᠬᠢᠴᠢᠶᠡᠨ ᠬᠡᠯᠡᠯᠴᠡᠭᠦᠯᠵᠦ ᠲᠣᠭᠲᠠᠭᠠᠭᠳᠠᠬᠤᠢ᠃ ᠬᠡᠷᠪᠡ ᠤᠯᠤᠰ ᠠᠢᠮᠠᠭ ᠤ᠋ᠨ ᠲᠡᠢᠨ ᠴᠡᠷᠢᠭ ᠦ᠋ᠨ ᠶᠡᠬᠡ ᠦᠢᠯᠡ ᠪᠣᠢ ᠪᠥᠭᠡᠰᠦ᠂ ᠬᠠᠭᠠᠨ ᠤ᠋ ᠳᠡᠭᠦᠦ ᠴᠢᠨ ᠸᠠᠩ ᠴᠸᠡᠭᠰᠢᠶᠠᠡᠭ ᠪᠦᠬᠦ ᠪᠡᠯᠭᠦᠳᠡᠢ ᠶ᠋ᠢ ᠬᠠᠪᠰᠤᠷᠤᠭᠤᠯᠤᠨ ᠥᠭᠴᠦ᠂ ᠬᠦᠨᠳᠦ ᠴᠢᠬᠤᠯᠠ ᠪᠠᠢᠯᠳᠤᠵᠤ ᠲᠤᠯᠬᠤ ᠲᠦᠷᠭᠡᠨ ᠳᠠᠪᠴᠢᠭᠤ ᠦᠢᠯᠡᠰ ᠲᠣᠷ ᠬᠦᠴᠦᠨ ᠨᠡᠢᠯᠡᠵᠦ᠂ ᠬᠠᠮᠲᠤ ᠬᠠᠮᠵᠢᠨ ᠪᠠᠢᠯᠳᠤᠭᠲᠤᠨ᠃ ᠳᠦᠷᠭᠡᠨ᠎ᠡ ᠲᠣᠭᠲᠠᠨᠢᠪᠠᠰᠤ ᠸᠠᠩ ᠤ᠋ᠨ ᠣᠷᠳᠣᠨ ᠬᠥᠮᠦᠨ ᠠᠮᠠ ᠶ᠋ᠢ ᠨᠡᠭᠦᠯᠭᠡᠨ ᠢᠷᠡᠭᠦᠯᠬᠦ ᠬᠡᠷᠡᠭ ᠦᠭᠡᠢ᠃ ᠬᠡᠷᠪᠡᠷ ᠨᠢᠭᠡᠨ ᠣᠨ ᠪᠤᠯᠬᠤᠢ ᠳ᠋ᠤᠷ ᠬᠦᠷᠪᠡᠰᠦ᠂ ᠸᠠᠩ ᠤ᠋ᠨ ᠣᠷᠳᠣᠨ ᠤ᠋ ᠬᠣᠲᠠᠯᠠᠭᠠᠷ ᠢ᠋ ᠳᠡᠪᠰᠢᠭᠦᠯᠦᠨ ᠢᠷᠡᠭᠦᠯᠵᠦ᠂ ᠨᠠᠮ ᠠᠭᠠᠵᠢᠮ ᠢ᠋ᠶ᠋ᠠᠷ ᠲᠣᠭᠲᠠᠭᠠᠨ ᠵᠠᠰᠠᠭᠯᠠᠭᠲᠤᠨ᠃ ᠵᠢᠴᠢ ᠰᠢᠨ᠎ᠡ ᠨᠠᠢ᠍ᠮᠠᠨ ᠤ᠋ ᠬᠦᠩ ᠠᠯᠲᠠᠨᠱᠠᠭ᠎ᠠ ᠶ᠋ᠢᠨ ᠨᠤᠲᠤᠭ ᠤᠰᠤᠨ ᠤ᠋ ᠲᠤᠰ ᠲᠤᠰᠢᠶᠠᠯ ᠤ᠋ᠨ ᠵᠠᠰᠠᠭ ᠪᠠ ᠴᠡᠷᠢᠭ ᠦ᠋ᠨ ᠣᠷᠣ ᠰᠠᠭᠤᠷᠢᠨ ᠢ᠋ ᠲᠡᠭᠦᠨᠦ ᠳᠡᠭᠦᠦ ᠮᠥᠩᠭᠥᠨ ᠲᠣᠯᠢ ᠮᠥᠨ ᠥᠰᠴᠦ ᠬᠥᠮᠦᠵᠢᠨ ᠡᠷ᠎ᠡ ᠶ᠋ᠢᠨ ᠴᠡᠭᠡᠯ ᠳ᠋ᠦ᠍ᠷ ᠲᠤᠯᠤᠭᠰᠠᠨ ᠤ᠋ ᠲᠤᠯᠠᠳᠠ᠂ ᠵᠠᠷᠯᠢᠭ ᠪᠠᠭᠤᠯᠭᠠᠨ ᠲᠡᠭᠦᠨ ᠦ᠌ ᠠᠬ᠎ᠠ ᠬᠦᠩ ᠠᠯᠲᠠᠨᠱᠠᠭ᠎ᠠ ᠶ᠋ᠢᠨ ᠲᠤᠰᠢᠶᠠᠯ ᠤ᠋ᠨ ᠬᠡᠷᠡᠭ ᠢ᠋ ᠲᠦᠷ ᠢ᠋ᠶ᠋ᠡᠷ ᠲᠥᠯᠥᠭᠡᠯᠡᠨ ᠰᠢᠳᠬᠡᠭᠦᠯᠵᠦ ᠲᠡᠭᠦᠨᠦ ᠮᠠᠲᠠᠯ ᠴᠢᠳᠠᠯ ᠤ᠋ᠨ ᠬᠢᠷᠢ ᠶ᠋ᠢ ᠢᠯᠡᠳᠬᠡᠭᠦᠯᠦᠨ᠂ ᠨᠤᠲᠤᠭ ᠤᠰᠤᠨ ᠤ᠋ ᠤᠯᠤᠰ ᠲᠥᠷᠥ ᠶ᠋ᠢ ᠢᠨᠦ ᠬᠢᠴᠢᠶᠡᠯᠭᠡᠨ ᠰᠠᠬᠢᠭᠤᠯᠵᠤ᠂ ᠵᠠᠰᠠᠭ ᠴᠠᠭᠠᠵᠠ ᠳ᠋ᠤᠷ ᠠᠨᠤ ᠳᠠᠳᠬᠠᠵᠤ ᠪᠣᠯᠪᠠᠰᠤᠷᠠᠭᠤᠯᠤᠭᠲᠤᠨ᠃ ᠵᠢᠴᠢ ᠤᠷᠭᠤᠵᠤ ᠪᠣᠷᠣᠭᠤᠯᠤᠬ᠍ᠰᠠᠨ᠂ ᠠᠪᠠᠭ᠎ᠠ ᠡᠴᠢᠭᠡ ᠪᠡᠨ ᠠᠯᠠᠭᠰᠠᠨ ᠶᠠᠯᠠᠲᠤ ᠴᠢᠦᠢ ᠴᠦ ᠯᠢᠦᠢ ᠶ᠋ᠢᠨ ᠨᠣᠴᠣᠭᠳᠠᠵᠤ ᠪᠠᠷᠢᠭᠳᠠᠭᠰᠠᠨ ᠶᠠᠯᠢᠶ᠎ᠠ ᠦᠭᠡᠢ ᠭᠡᠷ ᠦ᠋ᠨ ᠠᠮᠠᠨ ᠤ᠋ ᠶᠡᠬᠡ ᠡᠮ᠎ᠡ᠂ ᠪᠠᠭ᠎ᠠ ᠲᠠᠲᠠᠪᠤᠷᠢ ᠨᠠᠷ ᠲᠤᠷ ᠲᠤᠬᠠᠢᠲᠤ ᠶᠡᠬᠡ ᠶᠠᠯ᠎ᠠ ᠦᠭᠡᠢ ᠪᠥᠭᠡᠳ ᠲᠡᠭᠦᠨᠦ ᠡᠷ᠎ᠡ ᠶ᠋ᠢᠨ ᠶᠠᠯ᠎ᠠ ᠶ᠋ᠢ ᠲᠡᠭᠦᠨ ᠯᠦ᠍ᠭᠡ ᠬᠡᠯᠡᠯᠴᠡᠬᠦ ᠬᠤᠪᠢᠶᠠᠷᠢ ᠦᠭᠡᠢ ᠶ᠋ᠢᠨ ᠲᠤᠯᠠ ᠲᠡᠭᠦᠨᠦ ᠶᠡᠬᠡ ᠡᠮ᠎ᠡ ᠪᠠᠭ᠎ᠠ ᠲᠠᠲᠠᠪᠤᠷᠢ ᠶ᠋ᠢ ᠲᠡᠭᠦᠨ ᠦ᠌ ᠨᠢᠯᠬ᠎ᠠ ᠨᠢᠷᠠᠢ᠂ ᠥᠬᠢᠨ ᠨᠤᠭᠥᠳ ᠯᠦ᠍ᠭᠡ ᠠᠷᠪᠠᠭᠠᠳ ᠠᠮᠠᠨ ᠤ᠋ ᠵᠠᠷᠤᠴᠠ ᠪᠣᠭᠣᠯ ᠪᠠ ᠠᠷᠪᠠᠭᠠᠳ ᠲᠡᠮᠡᠭᠡᠨ ᠠᠴᠢᠶ᠎ᠠ ᠶ᠋ᠢᠨ ᠠᠮᠢᠲᠠᠢ ᠬᠦᠨᠡᠰᠦ ᠲᠡᠢ ᠥᠭᠴᠦ᠂ ᠴᠢᠦᠢ ᠴᠦ ᠯᠢᠦᠢ ᠶ᠋ᠢᠨ ᠬᠣᠶᠠᠷ ᠥᠬᠢᠨ ᠂ ᠪᠠᠷᠠᠭᠤᠨ ᠲᠠᠩᠭᠤᠳ ᠤᠯᠤᠰ ᠤ᠋ᠨ ᠡᠵᠡᠨ ᠦ᠌ ᠤᠷᠲᠤᠨ᠎ᠠ ᠪᠣᠢ ᠶ᠋ᠢᠨ ᠲᠤᠯᠠ ᠲᠠᠩᠭᠤᠳ ᠤ᠋ᠨ ᠨᠤᠲᠤᠭ ᠲᠤᠷ ᠣᠢᠷ᠎ᠠ ᠨᠤᠳᠤᠭᠲᠤ ᠬᠠᠭᠤᠴᠢᠨ ᠰᠠᠢᠳ᠂ ᠳᠡᠭᠡᠳᠦ ᠲᠠᠢᠹᠦ᠋ ᠲᠦᠰᠢᠮᠡᠯ᠂ ᠮᠡᠩᠬᠡᠯᠢᠭ ᠦ᠋ᠨ ᠭᠤᠷᠪᠠᠳᠤᠭᠠᠷ ᠬᠥᠪᠡᠭᠦᠨ ᠥᠳᠥ᠂ ᠳᠥᠷᠪᠡᠳᠦᠭᠡᠷ ᠬᠥᠪᠡᠭᠦᠨ ᠰᠣᠳᠣ ᠠᠬ᠎ᠠ ᠳᠡᠭᠦᠦ ᠬᠣᠶᠠᠭᠤᠯᠠ ᠳ᠋ᠤᠷ ᠲᠠᠪᠢᠨ ᠴᠡᠷᠢᠭ ᠲᠡᠢ ᠥᠭᠴᠦ ᠬᠥᠷᠭᠡᠭᠦᠯᠦᠨ ᠢᠯᠡᠭᠡᠵᠦ᠂ ᠠᠯᠭᠤᠷ ᠢ᠋ᠶ᠋ᠠᠷ ᠡᠷ᠎ᠡ ᠪᠡᠨ ᠴᠢᠦᠢ ᠴᠦ ᠯᠢᠦᠢ ᠶ᠋ᠢ ᠰᠡᠷᠭᠦᠭᠡᠨ ᠰᠡᠩᠬᠡᠷᠡᠭᠦᠯᠵᠦ᠂ ᠭᠡᠮᠰᠢᠨ ᠤᠬᠠᠭᠤᠯᠵᠤ᠂ ᠶᠠᠯ᠎ᠠ ᠪᠠᠨ ᠬᠦᠯᠢᠶᠡᠨ ᠳᠠᠭᠠᠷ᠎ᠠ ᠢᠷᠡᠭᠦᠯᠦᠭᠲᠦᠨ᠃ ᠮᠡᠬᠦᠰ ᠮᠢᠨᠦ ᠮᠣᠩᠭᠣᠯ ᠤᠯᠤᠰ ᠤ᠋ᠨ ᠳᠠᠭᠠᠭᠰᠠᠨ ᠲᠦᠰᠢᠭᠰᠡᠨ ᠢ᠋ ᠦᠯᠦ ᠠᠯᠠᠬᠤ ᠴᠠᠭᠠᠵᠠ ᠬᠠᠤᠯᠢ ᠲᠣᠭᠲᠠᠭᠠᠭᠰᠠᠭᠠᠷ ᠭᠤᠴᠢᠨ ᠣᠨ ᠭᠠᠷᠴᠤ ᠬᠠᠳᠠᠩᠰᠢᠭᠰᠠᠨ ᠢ᠋ ᠵᠠᠬ᠎ᠠ ᠬᠢᠵᠠᠭᠠᠷ ᠵᠠᠯᠭᠠᠯᠳᠤᠭᠰᠠᠨ ᠤᠯᠤᠰ ᠠᠢᠮᠠᠭ ᠤ᠋ᠳ ᠴᠥᠮ ᠢ᠋ᠶ᠋ᠡᠷ ᠮᠡᠳᠡᠯᠴᠡᠬᠦ ᠪᠢᠰᠢᠦ ? ᠡᠨᠡ ᠢᠨᠦ ᠲᠤᠬᠠᠢᠯᠠᠨ ᠮᠡᠬᠦᠰ ᠮᠢᠨᠦ ᠶᠣᠰᠣᠲᠤ ᠶᠡᠬᠡ ᠤᠯᠤᠰ ᠤ᠋ᠨ ᠳᠠᠷᠤᠭᠳᠠᠭᠰᠠᠨ ᠪᠤᠰᠠᠨᠢᠭᠰᠠᠨ ᠠᠢᠮᠠᠭ ᠤᠯᠤᠰ ᠤ᠋ᠳ᠂ ᠲᠡᠢᠨ ᠳᠠᠢᠰᠤᠨ ᠤ᠋ ᠭᠡᠷ ᠦ᠋ᠨ ᠠᠮᠠ᠂ ᠡᠮ᠎ᠡ ᠦᠷ᠎ᠡ ᠨᠢᠯᠬ᠎ᠠ ᠨᠢᠷᠠᠢ ᠶ᠋ᠢ ᠭᠤᠲᠤᠭᠠᠨ ᠦᠯᠦ ᠬᠢᠬᠠᠬᠤ ᠲᠥᠪ ᠴᠢᠬᠡ ᠵᠠᠰᠠᠭ ᠵᠠᠷᠯᠠᠯ ᠢ᠋ ᠣᠯᠠᠨ᠎ᠠ ᠲᠦᠭᠡᠮᠡᠯ ᠮᠡᠳᠡᠭᠦᠯᠬᠦ ᠶ᠋ᠢ ᠢᠯᠡᠳᠬᠡᠬᠦ ᠶ᠋ᠢᠨ ᠤᠴᠢᠷ᠂ ᠠᠭᠤᠳᠠᠮ ᠥᠷᠥᠰᠢᠶᠡᠯ ᠢ᠋ ᠦᠵᠡᠭᠦᠯᠦᠭᠲᠦᠨ᠃ ᠵᠢᠴᠢ ᠬᠠᠭᠤᠴᠢᠨ ᠶᠡᠬᠡ ᠳ᠋ᠠᠢ ᠯᠢᠶᠣᠣ ᠤᠯᠤᠰ ᠤ᠋ᠨ ᠲᠠᠬᠢᠯᠭ᠎ᠠ ᠶ᠋ᠢ ᠬᠡᠳᠦᠢᠪᠡᠷ ᠳᠡᠭᠡᠷ᠎ᠡ ᠢᠨᠦ ᠬᠦᠩ ᠠᠯᠲᠠᠨᠱᠠᠭ᠎ᠠ ᠳᠠᠭᠠᠭᠠᠴᠢᠯᠠᠨ ᠵᠠᠬᠢᠷᠴᠤ ᠪᠣᠢ ᠪᠣᠯᠪᠠᠴᠤ᠂ ᠲᠠᠢᠬᠤ ᠲᠠᠪᠢᠭᠯᠠᠬᠤ ᠶᠣᠰᠣᠯᠠᠯ ᠢ᠋ ᠭᠦᠢᠴᠡᠳᠬᠡᠨ ᠮᠥᠷᠭᠥᠬᠦ ᠰᠥᠭᠥᠳᠬᠦ᠂ ᠴᠠᠢ ᠰᠠᠷᠬᠤᠳ ᠤ᠋ᠨ ᠰᠠᠴᠤᠯᠢ ᠶ᠋ᠢᠨ ᠵᠦᠢᠯ ᠢ᠋ ᠳᠤᠰᠤᠭᠠᠨ ᠡᠷᠭᠦᠬᠦᠢ ᠳ᠋ᠦ᠍ᠷ ᠳᠣᠣᠷᠠᠲᠤ ᠲᠠᠢᠹᠦ᠋ ᠲᠦᠰᠢᠮᠡᠯ᠂ ᠨᠠᠢ᠍ᠮᠠᠨ ᠤ᠋ ᠰᠠᠢᠳ ᠴᠢᠦᠢ ᠱᠢ ᠯᠢ ᠳᠡᠭᠦᠨᠦ ᠡᠴᠢᠭᠡ ᠴᠢᠦᠢ ᠰᠢᠦᠸᠠᠢ ᠡᠤ᠂ ᠤᠭ ᠠ᠋ᠴᠠ ᠶᠡᠬᠡ ᠳ᠋ᠠᠢ ᠯᠢᠶᠣᠣ ᠤᠯᠤᠰ ᠤ᠋ᠨ ᠶᠡᠬᠡ ᠵᠠᠩᠵᠤᠨ ᠰᠠᠢᠨ ᠰᠠᠢᠳ ᠲᠤᠯᠠ ᠡᠳᠦᠭᠡ ᠲᠦᠷ ᠴᠢᠦᠢ ᠱᠢ ᠯᠢ ᠪᠡᠷ ᠶᠣᠰᠣᠯᠠᠯ ᠢ᠋ ᠭᠦᠢᠴᠡᠳᠬᠡᠯᠭᠡᠨ ᠳᠠᠬᠢᠭᠤᠯᠵᠤ ᠪᠠᠢᠭᠲᠤᠨ᠃ ᠡᠳᠦᠭᠡ ᠬᠡᠷᠪᠡ ᠬᠢᠳᠠᠨ ᠤᠯᠤᠰ ᠤ᠋ᠨ ᠶᠧ ᠯᠢᠦᠢ ᠠᠢᠮᠠᠭ ᠣᠪᠣᠭ ᠤ᠋ᠨ ᠠᠬ᠎ᠠ ᠲᠡᠭᠦᠨᠡᠷ ᠢ᠋ ᠬᠤᠷᠢᠶᠠᠮᠵᠢᠯᠠᠨ ᠣᠯᠤᠭᠰᠠᠨ ᠴᠠᠭᠳᠠ᠂ ᠲᠡᠳᠡᠨ ᠦ᠌ ᠨᠢᠭᠡᠨ ᠢ᠋ ᠢᠨᠦ ᠰᠣᠩᠭᠣᠨ ᠰᠢᠯᠭᠠᠵᠤ ᠵᠠᠯᠭᠠᠮᠵᠢᠯᠠᠭᠤᠯᠤᠨ ᠲᠠᠬᠢᠭᠤᠯᠤᠭᠲᠤᠨ᠃ ᠵᠢᠴᠢ ᠬᠠᠭᠤᠴᠢᠨ ᠪᠠ ᠰᠢᠨ᠎ᠡ ᠨᠠᠢ᠍ᠮᠠᠨ ᠤ᠋ ᠲᠠᠬᠢᠯᠭ᠎ᠠ ᠶ᠋ᠢ ᠬᠦᠩ ᠠᠯᠲᠠᠨᠱᠠᠭ᠎ᠠ ᠲᠤᠰ ᠤᠭᠰᠠᠭ᠎ᠠ ᠠᠨᠤ ᠪᠣᠢ ᠶ᠋ᠢᠨ ᠲᠤᠯᠠ ᠨᠠᠷᠢᠪᠴᠢᠯᠠᠨ ᠲᠣᠭᠠᠴᠢᠬᠤ ᠬᠡᠷᠡᠭ ᠦᠭᠡᠢ ᠃ ᠭᠠᠭᠴᠠ ᠬᠦᠩ ᠠᠯᠲᠠᠨᠱᠠᠭ᠎ᠠ ᠶ᠋ᠢᠨ ᠲᠥᠷᠥᠭᠰᠡᠨ ᠡᠴᠢᠭᠡ ᠲᠠᠢᠶᠠᠩ ᠬᠠᠭᠠᠨ ᠪᠣᠯᠣᠢ ᠶ᠋ᠢ ᠮᠥᠨ ᠬᠦ᠌ ᠬᠠᠭᠠᠨ ᠤ᠋ ᠬᠤᠪᠢᠶᠠᠷᠢ ᠰᠠᠭᠤᠷᠢ ᠶ᠋ᠢᠨ ᠳᠦᠷᠢᠮ ᠢ᠋ᠶ᠋ᠡᠷ ᠳᠦᠷᠢᠮᠯᠡᠨ ᠪᠦᠲᠦᠭᠡᠵᠦ᠂ ᠴᠢᠬᠡᠴᠢ ᠴᠠᠬᠢᠷᠠᠭ ᠢᠡᠭᠽᠦ᠋ᠡᠭ ᠬᠡᠮᠡᠬᠦ ᠴᠣᠯᠠ ᠡᠷᠭᠦᠮᠵᠢᠯᠡᠨ ᠬᠥᠰᠢᠶ᠎ᠡ ᠴᠢᠯᠠᠭᠤ ᠪᠠ ᠨᠡᠷ᠎ᠡ ᠶ᠋ᠢᠨ ᠰᠠᠬᠢᠭᠤᠯᠰᠤᠨ ᠰᠠᠭᠤᠷᠢ ᠳ᠋ᠤᠷ ᠨᠡᠮᠡᠵᠦ ᠰᠡᠢᠯᠦᠭᠦᠯᠦᠨ ᠳᠠᠭᠢᠭ᠍ᠳᠤᠨ᠃ ᠵᠢᠴᠢ ᠡᠨᠡ ᠤᠳᠠᠭ᠎ᠠ ᠶ᠋ᠢᠨ ᠬᠠᠭᠤᠴᠢᠨ ᠨᠠᠢ᠍ᠮᠠᠨ ᠢ᠋ ᠨᠢᠭᠡᠳᠬᠡᠨ ᠲᠦᠪᠰᠢᠳᠬᠡᠬᠦᠶ᠎ᠡ ᠬᠠᠮᠲᠤᠪᠠᠷ ᠬᠤᠷᠢᠶᠠᠮᠵᠢᠯᠠᠭᠳᠠᠨ ᠳᠠᠭᠠᠭᠰᠠᠨ ᠪᠠᠭ᠎ᠠ ᠠᠢᠮᠠᠭ ᠤ᠋ᠳ ᠤ᠋ᠨ ᠵᠢᠷᠭᠤᠭᠠᠨ ᠬᠣᠰᠢᠭᠤ ᠠ᠋ᠴᠠ ᠡᠷᠢᠶᠡᠨ ᠰᠢᠯᠪᠢᠲᠦ ᠠᠢᠮᠠᠭ ᠤ᠋ᠨ ᠡᠵᠡᠨ ᠡᠭᠡᠮᠡᠭᠲᠦ ᠪᠠ ᠵᠢᠴᠢ ᠲᠠᠩᠨᠤ ᠠᠢᠮᠠᠭ ᠤ᠋ᠨ ᠡᠵᠡᠨ ᠮᠠᠩᠯᠠᠢ ᠡᠷᠳᠡᠨᠢ ᠬᠣᠶᠠᠭᠤᠯᠠ ᠨᠥᠭᠦᠭᠡ ᠳᠥᠷᠪᠡᠨ ᠠᠢᠮᠠᠭ ᠤ᠋ᠳ ᠢ᠋ ᠲᠡᠷᠢᠭᠦᠯᠡᠨ ᠲᠠᠩᠭᠠᠷᠢᠭ ᠨᠡᠢᠯᠡᠵᠦ᠂ ᠴᠠᠭᠠᠵᠠ ᠢᠳᠡᠯᠴᠡᠨ ᠤᠳᠤᠷᠢᠳᠤᠨ ᠳᠠᠭᠠᠭᠤᠯᠤᠭᠰᠠᠨ ᠤ᠋ ᠲᠤᠯᠠᠳᠠ᠂ ᠡᠬᠡᠮᠡᠭᠲᠦ ᠪᠠ ᠮᠠᠩᠯᠠᠢ ᠡᠷᠳᠡᠨᠢ ᠬᠣᠶᠠᠭᠤᠯᠠ ᠶ᠋ᠢ ᠶᠡᠬᠡ ᠭᠠᠪᠢᠶᠠᠲᠤ ᠪᠡᠢᠯᠡ ᠪᠥᠭᠡᠳ ᠠᠢᠮᠠᠭ ᠲᠠᠭᠠᠨ ᠡᠵᠡᠨ ᠵᠢᠴᠢ ᠦᠯᠡᠭᠰᠡᠨ ᠳᠥᠷᠪᠡᠨ ᠠᠢᠮᠠᠭ ᠤ᠋ᠨ ᠡᠵᠡᠨ᠂ ᠠᠯᠠᠭ ᠳᠡᠷ᠎ᠡ ᠠᠢᠮᠠᠭ ᠤ᠋ᠨ ᠡᠵᠡᠨ ᠪᠦᠷᠭᠦᠳ᠂ ᠢᠳᠡᠪᠢᠯᠢᠭ ᠠᠢᠮᠠᠭ ᠤ᠋ᠨ ᠡᠵᠡᠨ ᠭᠠᠢᠯᠵᠤ᠂ ᠵᠡᠷᠯᠢᠭ ᠠᠢᠮᠠᠭ ᠤ᠋ᠨ ᠡᠵᠡᠨ ᠰᠢᠷ᠎ᠠ᠂ ᠵᠢᠴᠢ ᠣᠷᠢᠶᠠᠩ ᠠᠢᠮᠠᠭ ᠤ᠋ᠨ ᠡᠵᠡᠨ ᠨᠣᠰᠠᠬᠠᠢ᠂ ᠡᠨᠡ ᠳᠥᠷᠪᠡᠭᠦᠯᠡ ᠶ᠋ᠢ ᠨᠢᠭᠡᠨ ᠠᠳᠠᠯᠢ ᠪᠠᠷ ᠳᠥᠷᠪᠡᠨ ᠶᠡᠬᠡ ᠵᠢᠳᠬᠦᠯᠳᠦ ᠬᠦᠩ ᠦ᠋ᠨ ᠴᠣᠯᠠ ᠡᠷᠭᠦᠮᠵᠢᠯᠡᠨ ᠠᠢᠮᠠᠭ ᠠᠢᠮᠠᠭ ᠲᠠᠭᠠᠨ ᠡᠵᠡᠳ ᠮᠥᠨ ᠦᠶ᠎ᠡ ᠤᠯᠠᠷᠢᠨ ᠵᠠᠯᠭᠠᠮᠵᠢᠯᠠᠬᠤ ᠪᠠᠷ ᠲᠣᠭᠲᠠᠭᠠᠨ ᠵᠢᠯ ᠦ᠋ᠨ ᠶᠣᠰᠣᠲᠤ ᠠᠯᠪᠠᠨ ᠢ᠋ ᠤᠷᠢᠳᠠ ᠶ᠋ᠢᠨ ᠴᠡᠷᠢᠭ ᠢ᠋ᠶ᠋ᠡᠷ ᠳᠠᠢᠯᠠᠵᠤ ᠳᠠᠭᠠᠭᠤᠯᠤᠭᠰᠠᠨ ᠠᠢᠮᠠᠭ ᠤ᠋ᠳ ᠠ᠋ᠴᠠ ᠭᠤᠷᠪᠠᠭᠠᠳ ᠵᠡᠷᠭᠡ ᠬᠥᠩᠭᠡᠯᠡᠨ᠂ ᠬᠤᠷᠢᠶᠠᠩᠭᠤᠢ ᠶᠢᠰᠦᠨ ᠴᠠᠭᠠᠨ ᠤ᠋ ᠠᠯᠪᠠᠨ ᠢ᠋ᠶ᠋ᠠᠷ ᠲᠣᠭᠲᠠᠭᠠᠵᠤ᠂ ᠢᠯᠪᠢᠨ ᠳᠤᠭᠤᠨᠢᠭᠤᠯᠵᠤ᠂ ᠪᠠᠰᠠ ᠬᠢᠳᠠᠨ ᠤ᠋ ᠪᠠᠢᠯᠳᠤᠭᠠᠨ ᠤ᠋ ᠣᠯᠵᠠ᠂ ᠨᠠᠢ᠍ᠮᠠᠨ ᠤ᠋ ᠪᠠᠢᠯᠳᠤᠭᠠᠨ ᠤ᠋ ᠣᠯᠵᠠ ᠠ᠋ᠴᠠ ᠴᠥᠮ ᠨᠢᠭᠡᠨ ᠬᠤᠪᠢ ᠬᠠᠭᠠᠰᠯᠠᠨ ᠭᠠᠷᠭᠠᠵᠤ᠂ ᠵᠢᠷᠭᠤᠭᠠᠨ ᠠᠢᠮᠠ᠊ᠭ ᠤ᠋ᠨ ᠡᠵᠡᠳ ᠪᠠ ᠵᠠᠩᠵᠤᠨ ᠴᠡᠷᠢᠭ ᠦ᠋ᠳ ᠲᠣᠷ ᠢᠨᠤ ᠲᠦᠭᠡᠭᠡᠨ ᠬᠦᠨᠳᠦᠳᠡ ᠱᠠᠩᠨᠠᠵᠤ᠂ ᠪᠠᠶᠠᠷᠯᠠᠯᠴᠠᠲᠠᠯ᠎ᠠ ᠬᠦᠷᠲᠡᠭᠡᠨ᠂ ᠲᠡᠷᠭᠡ ᠪᠡᠷ ᠲᠡᠭᠡᠭᠡᠯᠭᠡᠨ᠂ ᠲᠡᠮᠡᠭᠡ ᠪᠡᠷ ᠠᠴᠢᠭᠤᠯᠤᠨ ᠠᠢᠮᠠᠭ ᠠᠢᠮᠠᠭ ᠲᠤᠷ ᠠᠨᠤ ᠡᠭᠡᠭᠦᠯᠵᠦ᠂ ᠬᠣᠵᠢᠮ ᠤ᠋ᠨ ᠵᠠᠷᠯᠢᠭ ᠵᠠᠷᠯᠠᠯ ᠢ᠋ ᠬᠢᠴᠢᠶᠡᠯᠭᠡᠨ ᠬᠦᠯᠢᠶᠡᠯᠭᠡᠭᠲᠦᠨ᠃ ᠬᠣᠢᠴᠢ ᠡᠳᠦᠷ ᠬᠣᠢᠲᠤ ᠵᠦᠭ ᠲᠦ᠍ᠷ ᠴᠥᠯᠡᠭᠳᠡᠭᠰᠡᠨ ᠲᠠᠢᠽᠢ ᠬᠦᠩ ᠵᠣᠴᠢ ᠪᠠᠷ ᠵᠠᠬᠢᠶ᠎ᠠ ᠶ᠋ᠢ ᠢᠯᠡᠭᠦᠦ ᠪᠠᠬᠠᠨ ᠴᠢᠬᠢ ᠲᠠᠯᠪᠢᠨ ᠴᠢᠩᠨᠠᠵᠤ᠂ ᠴᠢᠬᠤᠯᠠ ᠬᠡᠪᠴᠢᠶᠡᠨ ᠳ᠋ᠦ᠍ᠷ ᠴᠢᠳᠠᠯ ᠤ᠋ᠨ ᠴᠢᠨᠡᠭᠡ ᠪᠡᠷ ᠬᠠᠷᠢᠯᠴᠠᠨ ᠲᠤᠰᠠᠯᠠᠯᠴᠠᠨ ᠲᠡᠳᠬᠦᠯᠴᠡᠵᠦ᠂ ᠵᠢᠳᠬᠦᠨ ᠶᠠᠪᠤᠭᠲᠤᠨ 》 ᠬᠡᠮᠡᠵᠦ᠂ ᠬᠣᠯᠠ ᠣᠢᠷ᠎ᠠ ᠶ᠋ᠢᠨ ᠶᠡᠬᠡ ᠪᠠᠭ᠎ᠠ ᠶ᠋ᠢ ᠠᠩᠭᠢ ᠠᠩᠭᠢ ᠪᠠᠷ ᠲᠠᠰᠤᠯᠤᠨ ᠰᠢᠳᠬᠡᠵᠦ᠂ ᠵᠠᠷᠯᠢᠭ ᠪᠠᠭᠤᠯᠭᠠᠨ ᠲᠣᠭᠲᠠᠭᠠᠨ ᠳᠠᠭᠤᠰᠤᠭᠰᠠᠨ ᠳ᠋ᠤᠷ ᠳᠣᠲᠣᠭᠠᠳᠤ ᠭᠠᠳᠠᠭᠠᠳᠤ ᠪᠠ ᠬᠣᠯᠠ ᠣᠢᠷ᠎ᠠ ᠵᠡᠭᠦᠨ ᠪᠠᠷᠠᠭᠤᠨ ᠤ᠋ ᠵᠠᠭᠤᠨ ᠲᠦᠰᠢᠮᠡᠳ ᠮᠢᠩᠭᠠᠨ ᠰᠠᠢᠳ ᠴᠤᠭᠭᠠᠷ 《 ᠲᠦᠮᠡᠨ ᠨᠠᠰᠤᠲᠤ ᠂ ᠲᠦᠮᠡᠨ ᠨᠠᠰᠤᠲᠤ᠂ ᠲᠦᠭ ᠲᠦᠮᠡᠨ ᠨᠠᠰᠤᠲᠤ !》ᠭᠡᠮᠡᠨ ᠳᠠᠭᠤᠳᠠᠯᠴᠠᠨ ᠮᠥᠷᠭᠥᠪᠡᠢ᠃ 
       ᠵᠠᠭᠤᠨ ᠨᠣᠶᠠᠳ ᠮᠢᠩᠭᠠᠨ ᠰᠠᠢᠳ ᠪᠠᠶᠠᠰᠬᠤᠯᠠᠩ ᠤ᠋ᠨ ᠬᠤᠷᠢᠮ ᠳ᠋ᠤᠷ ᠶᠡᠬᠡᠯ᠎ᠡ ᠬᠦᠷᠲᠡᠯᠴᠡᠭᠡᠳ ᠰᠠᠶᠢ ᠲᠠᠷᠬᠠᠯᠴᠠᠨ ᠪᠠᠭᠤᠵᠤ ᠢᠷᠡᠲᠡᠯ᠎ᠡ᠂ ᠭᠡᠨᠡᠳᠲᠡ ᠰᠣᠨᠣᠰᠪᠠᠰᠤ ᠴᠡᠷᠢᠭ ᠦ᠋ᠨ ᠶᠡᠬᠡ ᠵᠢᠨᠦᠩ ᠦ᠋ᠨ ᠠᠷᠰᠯᠠᠩᠲᠤ ᠶᠡᠬᠡ ᠲᠠᠭᠲᠤ ᠳ᠋ᠤᠷ ᠵᠠᠬ᠎ᠠ ᠬᠢᠵᠠᠭᠠᠷ ᠤ᠋ᠨ ᠴᠢᠬᠤᠯᠠ ᠴᠡᠷᠢᠭ ᠦ᠋ᠨ ᠬᠡᠷᠡᠭ ᠮᠡᠳᠡᠭᠦᠯᠬᠦ ᠲᠡᠮᠳᠡᠭ ᠳᠣᠬᠢᠶᠠᠨ ᠤ᠋ ᠬᠡᠩᠭᠡᠷᠭᠡ ᠪᠢᠰᠬᠢᠭᠦᠷ ᠦ᠋ᠨ ᠳᠠᠭᠤᠨ ᠭᠠᠷᠴᠤ᠂ ᠵᠢᠨᠦᠩ ᠢ᠋ ᠲᠠᠭᠲᠤ ᠳ᠋ᠤᠷ ᠵᠠᠯᠠᠬᠤᠢ ᠳ᠋ᠤᠷ ᠵᠢᠨᠦᠩ ᠮᠤᠬᠤᠯᠢ ᠶᠠᠭᠠᠷᠠᠨ ᠶᠡᠬᠡ ᠬᠦᠷᠢᠶᠡᠨ ᠦ᠌ ᠬᠣᠢᠲᠤ ᠡᠭᠦᠳᠡ ᠪᠡᠷ ᠮᠣᠷᠢᠯᠠᠨ ᠣᠷᠣᠲᠠᠯ᠎ᠠ᠂ ᠫᠤᠤ ᠶ᠋ᠢᠨ ᠳᠠᠭᠤᠨ ᠭᠤᠷᠪᠠᠨᠲᠠ ᠳᠠᠭᠤᠷᠢᠰᠤᠨ᠂ ᠴᠡᠷᠢᠭ ᠦ᠋ᠨ ᠶᠡᠬᠡ ᠵᠢᠨᠦᠩ ᠨᠣᠶᠠᠨ ᠴᠠᠴᠠᠷ ᠤ᠋ᠨ ᠬᠣᠢᠲᠤ ᠳᠡᠭᠲᠡᠷ ᠢ᠋ᠶ᠋ᠡᠷ ᠭᠠᠷᠴᠤ ᠮᠣᠷᠢᠨ ᠠ᠋ᠴᠠ ᠪᠠᠭᠤᠵᠤ᠂ ᠬᠣᠢᠲᠤ ᠬᠠᠯᠬᠠᠪᠴᠢ ᠪᠠᠷ ᠲᠣᠭᠣᠷᠢᠨ ᠭᠠᠷᠴᠤ ᠪᠠᠷᠰ ᠤ᠋ᠨ ᠠᠷᠠᠰᠤᠨ ᠶᠡᠬᠡ ᠢᠰᠡᠷᠢ ᠳ᠋ᠦ᠍ᠷ ᠰᠠᠭᠤᠵᠤ᠂ ᠶᠡᠬᠡ ᠲᠠᠭᠲᠤ ᠶ᠋ᠢᠨ ᠡᠮᠦᠨᠡᠲᠦ ᠠᠷᠪᠠᠨ ᠨᠠᠢ᠍ᠮᠠᠨ ᠪᠠᠷᠰ ᠤ᠋ᠨ ᠠᠷᠠᠰᠤᠨ ᠶᠡᠬᠡ ᠬᠠᠯᠬᠠᠪᠴᠢ ᠬᠥᠰᠢᠭᠡ ᠶ᠋ᠢ ᠬᠣᠶᠠᠷ ᠳᠠᠰᠢ ᠤᠶᠠᠭᠤᠯᠵᠤ᠂ ᠬᠦᠯᠦᠭ ᠨᠣᠶᠠᠨ ᠶᠡᠬᠡ ᠲᠠᠢᠪᠤᠤ ᠴᠡᠷᠢᠭ ᠦ᠋ᠨ ᠡᠵᠡᠨ ᠵᠢᠨᠦᠩ ᠮᠤᠬᠤᠯᠢ ᠶ᠋ᠢᠨ ᠪᠡᠶ᠎ᠡ ᠢᠯᠡᠷᠡᠨ ᠵᠠᠭᠤᠨ ᠪᠠᠭᠠᠲᠤᠷ ᠤ᠋ᠳ ᠬᠦᠷᠢᠶ᠎ᠡ ᠬᠦᠷᠴᠢᠭᠢᠨᠡᠨ᠂ ᠲᠠᠯᠠᠪᠤᠷ ᠲᠠᠴᠢᠭᠢᠨᠠᠲᠠᠯ᠎ᠠ ᠬᠠᠰᠬᠢᠷᠤᠨ᠂ ᠴᠡᠷᠢᠭ ᠦ᠋ᠨ ᠮᠡᠳᠡᠭᠡ ᠶ᠋ᠢ ᠮᠡᠳᠡᠭᠦᠯᠦᠷ᠎ᠡ ᠢᠷᠡᠭᠰᠡᠨ ᠵᠠᠬ᠎ᠠ ᠬᠢᠵᠠᠭᠠᠷ ᠤ᠋ᠨ ᠬᠤᠶᠠᠭ ᠢ᠋ ᠲᠠᠭᠲᠤ ᠳ᠋ᠤᠷ ᠠᠪᠠᠷᠢᠭᠤᠯᠤᠨ ᠰᠥᠭᠥᠳᠬᠡᠪᠡ᠃ ᠮᠡᠳᠡᠭᠡᠨ ᠦ᠌ ᠬᠤᠶᠠᠭ ᠶᠠᠭᠠᠷᠠᠨ ᠳᠥᠷᠪᠡᠨ ᠵᠡᠷᠭᠡ ᠮᠥᠷᠭᠥᠵᠦ᠂ ᠵᠠᠬ᠎ᠠ ᠬᠢᠵᠠᠭᠠᠷ ᠤ᠋ᠨ ᠮᠡᠳᠡᠭᠡ ᠴᠢᠮᠡᠭᠡ ᠶ᠋ᠢ ᠨᠡᠢᠭᠡᠮᠯᠡᠨ ᠵᠠᠬᠢᠷᠬᠤ ᠪᠠᠷᠠᠭᠤᠨ ᠡᠲᠡᠭᠡᠳ ᠦ᠋ᠨ ᠳᠡᠭᠡᠳᠦ ᠲᠠᠢᠹᠦ᠋ ᠲᠦᠰᠢᠮᠡᠯ ᠪᠥᠭᠡᠳ ᠴᠡᠷᠢᠭ ᠦ᠋ᠨ ᠬᠦᠷᠢᠶᠡᠨ ᠦ᠌ ᠲᠡᠷᠢᠭᠦᠨ ᠮᠥᠷ ᠦ᠋ᠨ ᠤᠷᠤᠭ ᠰᠠᠢᠳ ᠳᠠᠷᠰᠣᠨᠰᠤᠭ᠍ᠴᠢ ᠶ᠋ᠢᠨ ᠪᠠᠷᠢᠭᠰᠠᠨ ᠪᠢᠴᠢᠭ ᠬᠢᠭᠡᠳ ᠴᠡᠷᠢᠭ ᠦ᠋ᠨ ᠡᠲᠡᠭᠡᠳ ᠦ᠋ᠨ ᠠᠢᠯᠠᠳᠬᠠᠭᠰᠠᠨ ᠪᠣᠳᠣᠷᠣᠣᠯ ᠨᠤᠭᠤᠯᠪᠤᠷᠢ ᠪᠢᠴᠢᠭ ᠢ᠋ ᠲᠣᠯᠣᠭᠠᠢ ᠳᠡᠭᠡᠷ᠎ᠡ ᠪᠡᠨ ᠲᠤᠯᠵᠤ ᠳᠣᠲᠣᠭᠰᠢ ᠬᠠᠨᠳᠤᠵᠤ ᠰᠥᠭᠥᠳᠪᠡ᠃ ᠴᠡᠷᠢᠭ ᠦ᠋ᠨ ᠵᠢᠨᠦᠩ ᠦ᠋ᠨ ᠬᠠᠵᠠᠭᠤ ᠠ᠋ᠴᠠ ᠳᠡᠭᠡᠳᠦ ᠲᠠᠢᠹᠦ᠋ ᠲᠦᠰᠢᠮᠡᠯ ᠪᠥᠭᠡᠳ ᠪᠦᠬᠦ ᠴᠡᠷᠢᠭ ᠦ᠋ᠨ ᠱᠠᠩ ᠬᠣᠣᠷ ᠤ᠋ᠨ ᠲᠣᠪᠴᠢᠶ᠎ᠠ ᠶ᠋ᠢ ᠪᠠᠷᠢᠭᠴᠢ ᠬᠡᠯᠲᠡᠰ ᠦ᠋ᠨ ᠰᠠᠢᠳ ᠳ᠋ᠢᠰᠡᠩ᠂ ᠵᠢᠨᠦᠩ ᠮᠤᠬᠤᠯᠢ ᠶ᠋ᠢᠨ ᠬᠠᠵᠠᠭᠤ ᠠ᠋ᠴᠠ ᠤᠷᠤᠭᠰᠢ ᠳᠠᠪᠰᠢᠨ ᠬᠣᠶᠠᠷ ᠪᠢᠴᠢᠭ ᠢ᠋ ᠲᠣᠰᠴᠤ ᠠᠪᠤᠭᠠᠳ ᠵᠢᠨᠦᠩ ᠦ᠋ᠨ ᠰᠢᠷᠡᠭᠡᠨ᠎ᠡ ᠰᠥᠭᠥᠳᠴᠦ ᠡᠷᠭᠦᠨ ᠪᠠᠷᠢᠪᠠ᠃ ᠡᠨᠡ ᠴᠡᠷᠢᠭ ᠦ᠋ᠨ ᠮᠡᠳᠡᠭᠡ ᠳ᠋ᠦ᠍ᠷ ᠠᠯᠢ ᠵᠦᠭ ᠠᠯᠢ ᠡᠲᠡᠭᠡᠳ ᠡᠴᠡ ᠢᠷᠡᠭᠰᠡᠨ ᠳᠠᠢᠰᠤᠨ ᠢ᠋ ᠵᠢᠭᠠᠭᠰᠠᠨ ᠪᠣᠢ ? ᠬᠡᠮᠡᠪᠡᠰᠦ : ᠤᠭ ᠠ᠋ᠴᠠ ᠪᠠᠷᠠᠭᠤᠨ ᠲᠠᠩᠭᠤᠳ ᠤᠯᠤᠰ ᠤ᠋ᠨ ᠡᠮᠦᠨᠡᠲᠦ ᠲᠠᠪᠤᠨ ᠵᠧᠦ ᠶ᠋ᠢ ᠲᠤᠭᠤᠷᠪᠢᠭᠰᠠᠨ ᠶᠦᠸᠠᠢ ᠸᠠᠩ ᠯᠢ ᠠᠨ ᠴᠢᠤᠸᠠᠨ ᠡᠨᠡ ᠦᠶ᠎ᠡ ᠳ᠋ᠦ᠍ᠷ ᠳᠡᠭᠦᠨᠦ ᠡᠵᠡᠨ ᠯᠢ ᠼᠦᠨ ᠢᠦ ᠶ᠋ᠢᠨ ᠰᠠᠭᠤᠷᠢᠨ ᠢ᠋ ᠪᠤᠯᠢᠶᠠᠬᠤ ᠨᠢᠭᠡᠳᠦᠯ ᠵᠥᠪᠯᠡᠯ ᠨᠠᠢ᠍ᠮᠠᠨ ᠶᠢᠰᠦᠨ ᠬᠤᠪᠢ ᠪᠣᠯᠵᠤ᠂ ᠳᠥᠷᠪᠡᠨ ᠵᠦᠭ ᠨᠠᠢ᠍ᠮᠠᠨ ᠵᠣᠪᠬᠢᠰ ᠤ᠋ᠨ ᠵᠠᠩᠵᠤᠨ ᠨᠠᠷ ᠢ᠋ ᠮᠥᠨ ᠶᠡᠬᠡ ᠬᠠᠭᠠᠰ ᠣᠷᠣᠭᠤᠯᠤᠨ ᠠᠪᠴᠤ᠂ ᠡᠳᠦᠷ ᠰᠥᠨᠢ ᠦᠭᠡᠢ ᠳᠣᠲᠣᠷ᠎ᠠ ᠲᠦᠭᠰᠢᠨ ᠪᠣᠳᠣᠯᠬᠢᠯᠠᠨ ᠪᠥᠬᠥᠶ᠎ᠡ᠂ ᠪᠠᠰᠠ ᠴᠢᠪᠬᠢᠲᠡᠯ᠎ᠡ ᠨᠠᠢ᠍ᠮᠠᠨ ᠤ᠋ ᠴᠢᠦᠢ ᠴᠦ ᠯᠢᠦᠢ ᠶ᠋ᠢᠨ ᠬᠠᠭᠤᠷᠮᠠᠭ ᠵᠠᠷᠯᠢᠭ ᠢ᠋ᠶ᠋ᠠᠷ ᠬᠥᠳᠡᠯᠭᠡᠭᠰᠡᠨ ᠲᠠᠩᠭᠤᠳ ᠤ᠋ᠨ ᠪᠠᠷᠠᠭᠤᠨ ᠵᠠᠬ᠎ᠠ ᠶ᠋ᠢᠨ ᠰᠢ ᠯᠢᠶᠠᠩ ᠤ᠋ᠨ ᠳᠥᠷᠪᠡᠨ ᠲᠦᠮᠡᠨ ᠳᠣᠭᠰᠢᠨ ᠬᠣᠲᠣᠩ ᠤ᠋ᠳ ᠤ᠋ᠨ ᠴᠡᠷᠢᠭ ᠢ᠋ ᠨᠠᠢ᠍ᠮᠠᠨ ᠤ᠋ ᠰᠢᠶᠠᠨ ᠹᠧᠩ ᠰᠠᠢᠬᠠᠨ ᠭᠦᠦᠷ ᠵᠢᠶᠦ᠋ᠨ ᠵᠣ᠌ ᠳ᠋ᠤᠷ ᠮᠡᠬᠡᠯᠡᠭᠳᠡᠨ᠂ ᠯᠢ ᠠᠨ ᠴᠢᠤᠸᠠᠨ ᠢ ᠡᠷᠢᠨ ᠬᠢᠵᠠᠭᠠᠷ ᠲᠤᠷ ᠬᠦᠷᠴᠦ ᠢᠷᠡᠭᠰᠡᠨ ᠳ᠋ᠦ᠍ᠷ ᠠᠩᠬᠠᠨ ᠳ᠋ᠤᠷ ᠶᠡᠬᠡᠯ᠎ᠡ ᠰᠣᠴᠢᠨ᠂ ᠬᠣᠢᠨ᠎ᠠ ᠤᠴᠢᠷ ᠢ᠋ ᠰᠣᠨᠣᠰᠤᠮᠠᠭᠴᠠ ᠶ᠋ᠢᠨ ᠯᠤᠸᠠᠨ ᠵᠢᠶᠦ᠋ᠨ ᠵᠣ᠌ ᠬᠡᠳᠦᠢᠨ ᠤᠬᠠᠵᠤ ᠮᠡᠳᠡᠭᠡᠳ᠂ 《ᠡᠨᠡ ᠲᠣᠪ ᠲᠣᠳᠣᠷᠬᠠᠢ᠂ ᠰᠠᠷᠯᠢᠭ᠋ ᠤ᠋ᠨ ᠰᠠᠢᠬᠠᠨ ᠭᠦᠦᠷ ᠱᠠᠪᠢ ᠬᠡᠦᠬᠡᠨ ᠳᠡᠭᠦᠦ ᠶ᠋ᠢᠨ ᠡᠳᠦᠭᠰᠡᠨ ᠬᠡᠷᠡᠭ᠂ ᠨᠢᠳᠤᠨᠤᠨ ᠮᠢᠨᠦ ᠪᠠᠭᠰᠢ ᠴᠢᠦ ᠰᠢᠶᠠᠨ ᠬᠦ᠂ ᠲᠡᠭᠦᠨ ᠢ᠋ ᠠᠭᠤᠯᠠᠨ ᠠ᠋ᠴᠠ ᠪᠠᠭᠤᠯᠭᠠᠪᠠ᠃ ᠨᠠᠮᠠᠶ᠋ᠢ ᠨᠠᠢᠷᠠᠯᠳᠤᠨ ᠶᠠᠪᠤ ᠭᠡᠮᠡᠨ ᠪᠢᠴᠢᠭ ᠢᠷᠡᠭᠰᠡᠨ ᠪᠥᠯᠥᠭᠡ᠃ ᠡᠭᠦᠨ ᠢ᠋ ᠣᠳᠣ ᠴᠤᠬᠤᠮᠬᠠᠨ ᠲᠠᠰᠢᠶ᠎ᠠ ᠳ᠋ᠤᠷ ᠲᠠᠰᠢᠶ᠎ᠠ ᠪᠠᠷ ᠨᠡᠢᠯᠡᠭᠦᠯᠦᠨ᠂ ᠳᠡᠭᠦᠦ ᠼᠦᠨ ᠰᠢᠦᠢ ᠪᠡᠷ ᠣᠭᠲᠤᠭᠤᠯᠤᠨ ᠠᠪᠤᠭᠤᠯᠵᠤ᠂ ᠡᠮᠦᠨ᠎ᠡ ᠵᠠᠬ᠎ᠠ ᠳ᠋ᠤᠷ ᠪᠠᠭᠤᠯᠭᠠᠨ ᠲᠣᠭᠲᠠᠭᠠᠨ ᠪᠠᠶᠠᠷᠯᠠᠭᠤᠯᠤᠨ ᠲᠥᠷᠥ ᠶ᠋ᠢᠨ ᠵᠢᠨ᠂ ᠪᠢᠩ ᠬᠣᠶᠠᠷ ᠹᠧᠢ ᠶ᠋ᠢᠨ ᠴᠢᠬᠤᠯᠳᠠᠪᠠᠰᠤ ᠲᠠᠲᠠᠵᠤ ᠬᠡᠷᠡᠭᠯᠡᠬᠦ ᠵᠠᠮ ᠢ᠋ ᠲᠠᠰᠤᠯᠤᠭᠠᠳ᠂ ᠪᠢᠳᠡ ᠬᠡᠷᠡᠭᠯᠡᠬᠦ ᠴᠠᠭ ᠲᠠᠭᠠᠨ ᠭᠡᠨᠡᠳᠲᠡ ᠠᠪᠴᠤ ᠣᠷᠣᠪᠠᠰᠤ ᠣᠯᠠᠨ ᠤ᠋ ᠨᠢᠳᠦ ᠰᠡᠳᠬᠢᠯ ᠢ᠋ ᠰᠣᠴᠢᠭᠠᠨ ᠴᠢᠳᠠᠭᠠᠳ᠂ ᠡᠨᠡ ᠳᠥᠷᠪᠡᠨ ᠲᠦᠮᠡᠨ ᠦ᠌ ᠨᠢᠳᠦ ᠰᠡᠳᠬᠢᠯ ᠢ᠋ ᠡᠮᠢᠶᠡᠯᠭᠡᠬᠦᠢ ᠳ᠋ᠦ᠍ᠷ ᠡᠷᠬᠡᠪᠰᠢ ᠪᠠᠰᠠ ᠮᠣᠬᠣᠰᠢ ᠦᠭᠡᠢ ᠮᠤᠬᠤᠯᠢ ᠵᠢᠨᠦᠩ ᠡᠴᠡ ᠮᠣᠩᠭᠣᠯ ᠤ᠋ᠨ ᠴᠡᠷᠢᠭ ᠢ᠋ ᠴᠥᠭᠡᠨ ᠳ᠋ᠡᠭᠡᠨ ᠨᠢᠭᠡᠨ ᠲᠦᠮᠡᠨ ᠢ᠋ ᠵᠢᠭᠡᠯᠡᠨ ᠢᠷᠡᠵᠦ᠂ ᠰᠦᠷ ᠪᠣᠯᠭᠠᠬᠤ ᠬᠡᠷᠡᠭᠲᠡᠢ 》ᠭᠡᠮᠡᠨ ᠡᠴᠢᠭᠡ ᠯᠢ ᠠᠨ ᠴᠢᠤᠸᠠᠨ ᠤ᠋ ᠴᠢᠬᠢᠨ ᠦ᠌ ᠳᠡᠷᠭᠡᠳᠡ《ᠡᠢᠮᠦ ᠲᠡᠢᠮᠦ ᠪᠣᠯᠪᠠᠰᠤ ᠮᠣᠩᠭᠣᠯ ᠤ᠋ᠨ ᠴᠡᠷᠢᠭ ᠢ᠋ ᠢᠷᠡᠭᠦᠯᠵᠦ᠂ ᠰᠠᠨᠠᠭᠠᠨ ᠳ᠋ᠤᠷ ᠦᠭᠡᠢ ᠭᠠᠵᠠᠷ ᠠ᠋ᠴᠠ ᠪᠤᠰᠤ ᠬᠤᠪᠢᠰᠤᠯ ᠭᠠᠷᠬᠤ ᠶ᠋ᠢ ᠪᠠᠷᠲᠠᠭᠠᠪᠠᠷ ᠳᠠᠷᠤᠩᠭᠤᠢᠯᠠᠵᠤ ᠶᠡᠬᠡ ᠦᠢᠯᠡ ᠶ᠋ᠢ ᠪᠦᠲᠦᠭᠡᠵᠦ ᠪᠣᠯᠤᠮᠤᠢ 》ᠬᠡᠮᠡᠭᠰᠡᠨ ᠳ᠋ᠦ᠍ᠷ ᠶᠦᠸᠠᠢ ᠸᠠᠩ ᠯᠢ ᠠᠨ ᠴᠢᠤᠸᠠᠨ᠂ ᠭᠡᠳᠡᠰᠦ ᠪᠡᠨ ᠳᠡᠯᠪᠡᠷᠡᠲᠡᠯ᠎ᠡ ᠪᠠᠶᠠᠷᠯᠠᠭᠠᠳ : 《 ᠮᠢᠨᠦ ᠡᠨᠡ ᠶᠡᠬᠡ ᠰᠠᠭᠤᠷᠢᠨ ᠪᠦᠲᠦᠭᠰᠡᠨ ᠬᠣᠢᠨ᠎ᠠ ᠬᠡᠦᠬᠡᠨ ᠢ᠋ᠶ᠋ᠡᠨ ᠤᠯᠤᠰ ᠤ᠋ᠨ ᠵᠠᠰᠠᠭ ᠢ᠋ ᠲᠡᠳᠬᠦᠬᠦ ᠶᠡᠬᠡ ᠭᠦᠩᠵᠦ ᠡᠷᠭᠦᠮᠵᠢᠯᠡᠰᠦᠭᠡᠢ 》ᠭᠡᠮᠡᠨ ᠳᠠᠷᠤᠢ ᠶ᠋ᠢᠨ ᠯᠤᠸᠠᠨ ᠵᠢᠶᠦ᠋ᠨ ᠵᠣ᠌ ᠶ᠋ᠢᠨ ᠠᠷᠭ᠎ᠠ ᠶ᠋ᠢ ᠬᠡᠷᠡᠭᠯᠡᠨ᠂ ᠮᠣᠩᠭᠣᠯ ᠠ᠋ᠴᠠ ᠴᠡᠷᠢᠭ ᠭᠤᠶᠤᠴᠢᠯᠠᠨ ᠵᠢᠭᠡᠯᠡᠬᠦ ᠰᠢᠯᠲᠠᠭ ᠢ᠋ᠶ᠋ᠠᠨ ᠡᠮᠦᠨ᠎ᠡ ᠬᠢᠵᠠᠭᠠᠷ ᠤ᠋ᠨ ᠰᠧ ᠴᠤᠸᠠᠨ ᠤ᠋ ᠰᠠᠮᠠᠭᠤᠨ ᠳᠡᠭᠳᠡᠭᠰᠡᠨ ᠢ᠋ ᠳᠠᠷᠤᠩᠭᠤᠢᠯᠠᠬᠤ ᠠᠪᠤᠷᠠᠯ ᠤ᠋ᠨ ᠴᠡᠷᠢᠭ ᠭᠤᠶᠤᠮᠤᠢ ᠭᠡᠮᠡᠨ ᠨᠡᠷ᠎ᠡ ᠭᠠᠷᠭᠠᠵᠤ᠂ ᠱᠠᠨ ᠰᠢ᠂ ᠾᠧ ᠪᠧᠢ ᠶ᠋ᠢᠨ ᠨᠠᠷᠢᠨ ᠵᠥᠭᠡᠯᠡᠨ᠂ ᠪᠥᠰ ᠲᠣᠷᠭᠠᠮᠰᠤᠭ ᠪᠠ ᠲᠡᠮᠦᠷ ᠭᠠᠤᠯᠢ ᠶ᠋ᠢᠨ ᠵᠦᠢᠯ ᠢ᠋ ᠵᠠᠭᠤᠨ ᠠᠴᠢᠶ᠎ᠠ ᠪᠡᠯᠡᠳᠬᠡᠨ᠂ ᠵᠠᠯᠭᠠᠮᠵᠢᠯᠠᠬᠤ ᠬᠥᠪᠡᠭᠦᠨ ᠯᠢ ᠼᠦᠨ ᠰᠢᠦᠢ ᠶ᠋ᠢ ᠠᠢᠯᠠᠳᠬᠠᠯ ᠪᠢᠴᠢᠭ ᠦ᠋ᠨ ᠲᠡᠷᠢᠭᠦᠨ ᠳ᠋ᠦ᠍ᠷ ᠲᠠᠯᠪᠢᠵᠤ᠂ ᠳᠥᠷᠪᠡᠨ ᠮᠢᠩᠭᠠᠨ ᠴᠡᠷᠢᠭ ᠥᠭᠴᠦ᠂ ᠲᠠᠩᠭᠤᠳ ᠤᠯᠤᠰ ᠤ᠋ᠨ ᠵᠡᠭᠦᠨ ᠬᠣᠢᠲᠤ ᠵᠢᠷᠯᠤᠭ ᠬᠣᠲᠠ ᠪᠠ ᠯᠢ ᠰᠢ ᠯᠢ ᠬᠣᠷᠣᠭ᠎ᠠ ᠳ᠋ᠤᠷ ᠴᠡᠷᠢᠭ ᠪᠠᠭᠤᠳᠠᠯᠯᠠᠭᠠᠳ᠂ ᠠᠢᠯᠠᠳᠬᠠᠯ ᠤ᠋ᠨ ᠪᠢᠴᠢᠭ ᠪᠠ ᠪᠠᠷᠢᠬᠤ ᠵᠠᠭᠤᠨ ᠠᠴᠢᠶ᠎ᠠ ᠪᠡᠯᠡᠭ ᠦ᠋ᠨ ᠵᠦᠢᠯ ᠲᠡᠢ ᠵᠢᠷᠯᠤᠭ ᠬᠣᠲᠠ ᠶ᠋ᠢᠨ ᠳᠠᠷᠤᠭ᠎ᠠ ᠮᠣᠵᠢ ᠶ᠋ᠢᠨ ᠡᠵᠡᠨ ᠠᠬᠠᠢ ᠨᠣᠶᠠᠨ ᠳ᠋ᠤᠷ ᠲᠤᠰᠢᠶᠠᠨ ᠤᠷᠢᠳᠠ ᠲᠠᠪᠢᠨ ᠴᠡᠷᠢᠭ ᠳᠠᠭᠠᠭᠤᠯᠤᠨ ᠥᠭᠴᠦ᠂ ᠮᠣᠩᠭᠣᠯ ᠤᠯᠤᠰ ᠤ᠋ᠨ ᠵᠠᠬ᠎ᠠ ᠳ᠋ᠤᠷ ᠣᠷᠣᠵᠤ᠂ ᠮᠣᠩᠭᠣᠯ ᠤ᠋ᠨ ᠬᠢᠵᠠᠭᠠᠷ ᠤ᠋ᠨ ᠬᠠᠷᠠᠭᠤᠯ ᠴᠡᠷᠢᠭ ᠦ᠋ᠨ ᠬᠦᠷᠢᠶ᠎ᠡ ᠳ᠋ᠦ᠍ᠷ ᠤᠴᠢᠷ ᠢ᠋ᠶ᠋ᠠᠨ ᠮᠡᠳᠡᠭᠦᠯᠵᠦ᠂ ᠲᠤᠬᠠᠢ ᠲᠤᠰᠢᠶᠠᠯ ᠤ᠋ᠨ ᠶᠡᠬᠡ ᠸᠠᠩ ᠤ᠋ᠨ ᠤᠷᠤᠭ ᠳᠠᠷᠰᠤᠨᠰᠤᠭᠴᠢ ᠳ᠋ᠤᠷ ᠮᠡᠳᠡᠭᠦᠯᠵᠦ᠂ ᠨᠢᠭᠡᠨ ᠳᠡᠭᠡᠭᠦᠷ ᠠᠬᠠᠢ ᠨᠣᠶᠠᠨ ᠢ᠋ ᠬᠤᠷᠢᠮᠯᠠᠨ ᠬᠦᠨᠳᠦᠯᠡᠵᠦ᠂ ᠨᠢᠭᠡᠨ ᠳᠡᠭᠡᠭᠦᠷ ᠬᠡᠳᠦᠨ ᠳᠡᠰ ᠦ᠋ᠨ ᠨᠤᠭᠤᠯᠪᠤᠷᠢ ᠪᠠ ᠮᠡᠳᠡᠭᠦᠯᠦᠯ ᠦ᠋ᠨ ᠪᠢᠴᠢᠭ ᠦ᠋ᠳ ᠢ᠋ ᠤᠷᠤᠭᠰᠢᠨᠠᠨ ᠳᠣᠪᠲᠣᠯᠭᠠᠨ ᠮᠡᠳᠡᠭᠦᠯᠵᠦ ᠢᠷᠡᠭᠰᠡᠨ ᠠᠵᠤᠭᠤ᠃
       ᠲᠡᠭᠦᠨᠴᠡ ᠮᠣᠩᠭᠣᠯ ᠤ᠋ᠨ ᠶᠡᠬᠡ ᠵᠢᠨᠦᠩ ᠮᠤᠬᠤᠯᠢ᠂ ᠲᠠᠩᠭᠤᠳ ᠤ᠋ᠨ ᠶᠦᠸᠠᠢ ᠸᠠᠩ ᠤ᠋ᠨ ᠪᠢᠴᠢᠭ ᠭᠡᠭᠡᠳ ᠠᠬᠠᠢ ᠨᠣᠶᠠᠨ ᠤ᠋ ᠮᠡᠳᠡᠭᠡ᠂ ᠪᠠᠰᠠ ᠳᠠᠷᠰᠤᠨᠰᠤᠭᠴᠢ ᠶ᠋ᠢᠨ ᠮᠡᠳᠡᠭᠦᠯᠦᠯ ᠢ᠋ ᠠᠪᠴᠤ ᠦᠵᠡᠭᠡᠳ᠂ ᠲᠠᠩᠭᠤᠳ ᠤᠯᠤᠰ ᠤ᠋ᠨ ᠢᠯᠡ ᠪᠠ ᠳᠠᠯᠳᠠ᠂ ᠦᠨᠡᠨ ᠪᠠ ᠬᠤᠳᠠᠯ ᠲᠠᠢ ᠴᠥᠮ ᠢᠯᠡᠷᠬᠡᠶ᠎ᠡ ᠮᠡᠳᠡᠭᠡᠳ᠂ ᠮᠡᠳᠡᠭᠡᠨ ᠦ᠌ ᠬᠤᠶᠠᠭ ᠤ᠋ᠨ ᠳᠣᠪᠲᠣᠯᠤᠭᠰᠠᠨ ᠠᠨᠤ ᠰᠠᠭᠠᠲᠠᠭᠰᠠᠨ ᠦᠭᠡᠢ ᠭᠡᠮᠡᠨ ᠬᠦᠨᠳᠦᠳᠡ ᠱᠠᠩᠨᠠᠨ ᠬᠥᠬᠢᠭᠦᠯᠵᠦ ᠪᠠᠭᠤᠯᠭᠠᠭᠠᠳ᠂ ᠲᠠᠩᠭᠤᠳ ᠤᠯᠤᠰ ᠤ᠋ᠨ ᠪᠣᠳᠣᠷᠣᠣᠯ ᠪᠢᠴᠢᠭ ᠢ᠋ ᠠᠪᠴᠤ᠂ ᠲᠥᠷᠥ ᠳ᠋ᠦ᠍ᠷ ᠭᠠᠷᠴᠤ ᠬᠠᠭᠠᠨ ᠳ᠋ᠤᠷ ᠲᠣᠳᠣᠷᠬᠠᠢᠯᠠᠨ ᠠᠢᠯᠠᠳᠬᠠᠨ ᠥᠭᠦᠯᠡᠷᠦᠨ : 
      《ᠦᠨᠡᠨ ᠪᠠ ᠬᠤᠳᠠᠯ᠂ ᠢᠯᠡ ᠪᠠ ᠳᠠᠯᠳᠠ ᠪᠣᠯᠪᠠᠴᠤ ᠵᠡᠷᠭᠡᠯᠡᠳᠡᠭᠡ ᠤᠯᠤᠰ ᠤ᠋ᠨ ᠭᠠᠮᠰᠢᠭ ᠲᠤᠷ ᠲᠤᠰᠠᠯᠠᠨ ᠳᠠᠢᠰᠤᠨ ᠠ᠋ᠴᠠ ᠠᠪᠤᠷᠠᠬᠤ ᠠᠨᠤ ᠮᠠᠨ ᠤ᠋ ᠮᠣᠩᠭᠣᠯ ᠤᠯᠤᠰ ᠤ᠋ᠨ ᠤᠭ ᠬᠢᠴᠢᠶᠡᠯᠭᠡ ᠮᠥᠨ᠃ ᠨᠡᠩ ᠪᠠᠰᠠ ᠡᠨᠡ ᠤᠳᠠᠭ᠎ᠠ ᠶ᠋ᠢᠨ ᠭᠤᠶᠤᠳᠠᠯ ᠢ᠋ ᠴᠠᠭ ᠮᠥᠴᠡ ᠰᠠᠭᠠᠲᠠᠭᠤᠯᠤᠯ ᠦᠭᠡᠢ ᠴᠠᠬᠢᠷᠠᠭ ᠰᠠᠢᠨ ᠵᠠᠩᠵᠤᠨ ᠴᠡᠷᠢᠭ ᠢ ᠰᠣᠩᠭᠣᠨ ᠳᠣᠪᠲᠣᠯᠭᠠᠪᠠᠰᠤ᠂ ᠬᠣᠢᠴᠢ ᠡᠳᠦᠷ ᠲᠠᠩᠭᠤᠳ ᠤᠯᠤᠰ ᠢ᠋ ᠬᠤᠷᠢᠶᠠᠮᠵᠢᠯᠠᠨ᠂ ᠰᠢ ᠯᠢᠶᠠᠩ ᠠᠢᠮᠠᠭ ᠢ᠋ ᠲᠣᠬᠣᠨᠢᠭᠤᠯᠬᠤᠶ᠎ᠠ᠂ ᠮᠠᠨ ᠤ᠋ ᠮᠣᠩᠭᠣᠯ ᠤᠯᠤᠰ ᠣᠯᠠᠨ ᠤᠳᠠᠭ᠎ᠠ ᠠᠪᠤᠷᠠᠨ ᠲᠤᠰᠠᠯᠠᠭᠰᠠᠨ ᠲᠥᠪ ᠶᠣᠰᠣᠨ ᠢ᠋ ᠬᠡᠯᠡᠵᠦ ᠲᠦᠮᠡᠨ ᠤᠯᠤᠰ ᠢ ᠪᠢᠰᠢᠷᠡᠭᠦᠯᠬᠦᠢ ᠳ᠋ᠦ᠍ᠷ ᠶᠡᠬᠡᠳᠡ ᠲᠤᠰᠠᠲᠠᠢ᠃ ᠰᠠᠢᠳ ᠮᠢᠨᠦ ᠰᠣᠨᠣᠰᠤᠭᠰᠠᠨ ᠨᠠᠷᠢᠨ ᠮᠡᠳᠡᠭᠡ ᠪᠡᠷ ᠪᠣᠯᠪᠠᠰᠤ ᠲᠠᠩᠭᠤᠳ ᠤ᠋ᠨ ᠡᠵᠡᠨ ᠦ᠌ ᠥᠩᠭᠡ ᠳᠡᠷᠡᠰᠦᠨ ᠦ᠌ ᠡᠪᠡᠳᠴᠢᠨ ᠦ᠌ ᠡᠳᠦᠷ ᠬᠣᠨᠣᠭ ᠠᠨᠤ ᠭᠦᠢᠴᠡᠵᠦ᠂ ᠡᠳᠦᠭᠡ ᠮᠠᠨᠠᠭᠠᠷ ᠤ᠋ᠨ ᠬᠣᠭᠣᠷᠣᠨᠳᠣ ᠪᠣᠯᠵᠤᠬᠤᠢ᠃ ᠭᠠᠳᠠᠭᠠᠳᠤ ᠠᠯᠳᠠᠷᠰᠢᠯ ᠳ᠋ᠤᠷ ᠪᠣᠯᠪᠠᠰᠤ ᠶᠦᠸᠡᠢ ᠸᠠᠩ ᠯᠢ ᠠᠨ ᠴᠢᠦᠸᠠᠨ ᠢ᠋ ᠰᠠᠭᠤᠷᠢᠨ ᠢ᠋ ᠵᠠᠯᠭᠠᠮᠵᠢᠯᠠᠬᠤ ᠳᠠ ᠲᠠᠢᠽᠢ ᠡᠷᠭᠦᠮᠵᠢᠯᠡᠪᠡ ᠬᠡᠮᠡᠮᠦᠢ᠃ ᠳᠣᠲᠣᠭᠠᠳᠤ ᠦᠨᠡᠨ ᠢ᠋ ᠬᠡᠯᠡᠪᠡᠰᠦ ᠯᠢ ᠠᠨ ᠴᠢᠦᠸᠠᠨ ᠤ᠋ ᠳᠣᠲᠣᠭᠠᠳᠤ ᠭᠠᠳᠠᠭᠠᠳᠤ ᠶ᠋ᠢᠨ ᠪᠡᠯᠡᠳᠬᠡᠯ ᠨᠡᠯᠢᠶᠡᠳ ᠪᠦᠷᠢᠳᠴᠦ᠂ ᠡᠨᠡ ᠨᠠᠮᠤᠷ ᠢ᠋ᠶ᠋ᠠᠷ ᠰᠠᠮᠠᠭᠤᠨ ᠳᠡᠭᠳᠡᠮᠡᠷ ᠪᠣᠯᠵᠤᠬᠤᠢ᠃ ᠰᠠᠢᠳ ᠪᠥᠭᠡᠲᠡᠯ᠎ᠡ ᠡᠵᠡᠨ ᠦ᠌ ᠪᠡᠨ ᠲᠥᠷᠥ ᠶ᠋ᠢ ᠪᠤᠯᠢᠶᠠᠨ ᠡᠵᠡᠯᠡᠪᠡᠰᠦ ᠲᠡᠭᠦᠨ ᠦ᠌ ᠤᠯᠤᠰ ᠢ᠋ ᠳᠠᠢᠯᠠᠵᠤ ᠬᠤᠷᠢᠶᠠᠮᠵᠢᠯᠠᠬᠤ ᠲᠡᠷᠢᠭᠦᠨ ᠨᠢᠭᠡᠨ ᠲᠣᠳᠣᠷᠬᠠᠢ ᠶᠡᠬᠡ ᠶᠠᠯ᠎ᠠ ᠪᠣᠯᠠᠢ᠃ ᠲᠡᠷᠡ ᠬᠡᠷᠪᠡ ᠶᠣᠰᠣᠨ ᠢ᠋ᠶ᠋ᠠᠷ ᠬᠠᠪᠬᠠᠯᠠᠨ ᠴᠢᠳᠠᠪᠠᠰᠤ ᠮᠠᠨ ᠤ᠋ ᠤᠯᠤᠰ ᠤ᠋ᠨ ᠭᠠᠮᠰᠢᠭ ᠲᠤᠷ ᠲᠤᠰᠠᠯᠠᠭᠰᠠᠨ ᠶᠡᠬᠡ ᠵᠢᠷᠤᠮ ᠪᠣᠢ ᠠᠲᠠᠯ᠎ᠠ ᠬᠡᠷᠪᠡ ᠶᠣᠰᠣᠨ ᠦᠭᠡᠢ ᠪᠡᠷ ᠰᠠᠭᠤᠷᠢᠨ ᠢ᠋ ᠪᠤᠯᠢᠶᠠᠪᠠᠰᠤ᠂ ᠴᠠᠭ ᠳᠣᠲᠣᠷ᠎ᠠ ᠴᠢᠷᠠᠢ ᠬᠤᠪᠢᠯᠤᠨ ᠶᠡᠬᠡ ᠶᠣᠰᠣ ᠪᠠᠷ ᠶᠠᠯ᠎ᠠ ᠠᠰᠠᠭᠤᠵᠤ᠂ ᠲᠡᠭᠦᠨ ᠦ᠌ ᠪᠤᠷᠤᠭᠤ ᠶ᠋ᠢ ᠪᠠᠷᠢᠨ ᠬᠣᠢᠴᠢ ᠡᠳᠦᠷ ᠳᠠᠢᠯᠠᠵᠤ ᠬᠤᠷᠢᠶᠠᠮᠵᠢᠯᠠᠬᠤᠶ᠎ᠠ᠂ ᠮᠠᠨ ᠤ᠋ ᠴᠡᠷᠢᠭ ᠥᠷᠥᠰᠢᠶᠡᠯ ᠵᠢᠷᠤᠮᠲᠤ ᠴᠡᠷᠢᠭ ᠪᠣᠯᠤᠮᠤᠢ᠃ ᠲᠡᠳᠡ ᠬᠡᠷᠪᠡ ᠤᠷᠠᠨ ᠬᠠᠭᠤᠷᠮᠠᠴᠢ ᠪᠠᠷ ᠪᠢᠳᠡᠨ ᠢ᠋ ᠮᠡᠬᠡᠯᠡᠵᠦ᠂ ᠪᠢᠳᠡᠨ ᠦ᠌ ᠰᠦᠷ ᠢ᠋ ᠬᠡᠷᠡᠭᠯᠡᠰᠦᠭᠡᠢ ᠬᠡᠮᠡᠭᠰᠡᠨ ᠪᠥᠭᠡᠰᠦ ᠪᠢᠳᠡ ᠲᠡᠭᠦᠨ ᠳ᠋ᠦ᠍ᠷ ᠮᠡᠬᠡᠯᠡᠭᠳᠡᠭᠰᠡᠨ ᠮᠡᠲᠦ ᠶᠡᠬᠡ ᠴᠡᠷᠢᠭ ᠢ᠋ ᠠᠪᠤᠨ ᠬᠦᠷᠴᠦ ᠲᠡᠳᠡᠨ ᠦ᠌ ᠶᠣᠰᠣ ᠠᠯᠲᠠᠨ ᠵᠢᠷᠤᠮ ᠢ᠋ ᠲᠡᠷᠰᠯᠡᠬᠦ ᠪᠤᠷᠤᠭᠤ ᠶ᠋ᠢ ᠪᠠᠷᠢᠵᠤ ᠶᠠᠯ᠎ᠠ ᠠᠰᠠᠭᠤᠬᠤ ᠴᠡᠷᠢᠭ ᠢ᠋ᠶ᠋ᠡᠨ ᠪᠠᠢᠭᠤᠯᠤᠨ ᠪᠡᠯᠡᠳᠬᠡᠰᠦᠭᠡᠢ 》ᠡᠨᠡ ᠦᠶ᠎ᠡ ᠳ᠋ᠦ᠍ᠷ ᠴᠢᠪ ᠭᠡᠮᠡᠨ ᠳᠡᠳ᠋ ᠲᠠᠢᠽᠢ ᠴᠢᠨ ᠸᠠᠩ ᠴᠠᠭᠠᠲᠠᠢ᠂ ᠬᠠᠭᠠᠨ ᠤ᠋ ᠳᠡᠷᠭᠡᠳᠡ ᠰᠠᠬᠢᠨ ᠬᠠᠮᠠᠭᠠᠯᠠᠬᠤ ᠵᠢᠰᠢᠶ᠎ᠠ ᠲᠤᠯᠠ ᠵᠢᠨᠦᠩ ᠳᠠᠷᠤᠢ ᠥᠭᠦᠯᠡᠷᠦᠨ:
      《ᠡᠨᠡ ᠬᠡᠷᠡᠭ ᠦ᠋ᠨ ᠨᠠᠷᠢᠨ ᠨᠢᠭᠲᠠ ᠪᠠ ᠢᠯᠡᠷᠬᠡᠢ ᠲᠣᠳᠣᠷᠬᠠᠢ ᠶ᠋ᠢ ᠲᠡᠩᠨᠡᠭᠦᠯᠦᠨ ᠴᠢᠳᠠᠬᠤ ᠠᠨᠤ᠂ ᠲᠠᠢᠽᠢ ᠴᠢᠨ ᠸᠠᠩ ᠴᠢᠮᠠᠴᠠ ᠥᠪᠡᠷ᠎ᠡ ᠬᠥᠮᠦᠨ ᠦᠭᠡᠢ᠂ ᠵᠡᠷᠭᠡᠯᠡᠳᠡᠭᠡ ᠤᠯᠤᠰ ᠤ᠋ᠨ ᠵᠢᠭᠤᠷᠭᠠᠨ ᠵᠣᠳᠣᠭᠠᠨ ᠳ᠋ᠤᠷ ᠬᠠᠭᠠᠨ ᠡᠵᠡᠨ᠂ ᠲᠠᠢᠽᠢ ᠬᠥᠪᠡᠭᠦᠨ ᠢ᠋ᠶ᠋ᠡᠨ ᠢᠯᠡᠭᠡᠬᠦ ᠡᠴᠡ ᠥᠪᠡᠷ᠎ᠡ ᠣᠨᠳᠣᠣ ᠶᠠᠮᠪᠠᠷ ᠶᠡᠬᠡ ᠬᠥᠮᠦᠨ ᠢ᠋ ᠢᠯᠡᠭᠡᠬᠦ ᠠᠵᠠᠢ ? ᠨᠡᠷ᠎ᠡ ᠶᠡᠬᠡ ᠪᠥᠭᠡᠳ ᠤᠴᠢᠷ ᠪᠠᠰᠠᠴᠤ ᠬᠦᠨᠳᠦ᠃ ᠲᠠᠢᠽᠢ ᠸᠠᠩ ᠴᠢᠷᠮᠠᠢᠨ ᠵᠢᠳᠬᠦᠪᠡᠰᠦ ᠵᠣᠬᠢᠮᠤᠢ 》ᠬᠡᠮᠡᠭᠰᠡᠨ ᠳ᠋ᠦ᠍ᠷ ᠲᠠᠢᠽᠢ ᠴᠠᠭᠠᠲᠠᠢ ᠳᠤᠷᠠᠲᠠᠶ᠎ᠠ ᠪᠡᠶᠡᠰᠦᠨ ᠬᠦᠯᠢᠶᠡᠵᠦ ᠥᠴᠢᠷᠦᠨ : 
      《ᠵᠢᠨᠦᠩ ᠦ᠋ᠨ ᠵᠢᠯᠣᠭᠣᠳᠤᠭᠰᠠᠨ ᠵᠢᠳᠬᠦᠯᠳᠦ ᠦᠢᠯᠡ ᠶ᠋ᠢ ᠵᠢᠷᠦᠬᠡᠨ ᠳ᠋ᠡᠭᠡᠨ ᠬᠠᠳᠠᠭᠠᠯᠠᠵᠤ᠂ ᠵᠢᠳᠬᠦᠵᠦ ᠪᠦᠲᠦᠭᠡᠰᠦᠭᠡᠢ !》ᠬᠡᠮᠡᠭᠰᠡᠨ ᠳ᠋ᠦ᠍ᠷ᠂ ᠲᠠᠢᠽᠦ ᠴᠢᠩᠭᠢᠰ ᠬᠠᠭᠠᠨ ᠳᠡᠭᠡᠷ᠎ᠡ ᠡᠴᠡ ᠲᠠᠭᠠᠯᠠᠨ ᠪᠡᠶᠡᠰᠴᠦ ᠵᠠᠷᠯᠢᠭ ᠪᠣᠯᠤᠷᠤᠨ : 
      《ᠵᠢᠪᠬᠤᠯᠠᠩᠲᠤ ᠵᠢᠨᠦᠩ ᠦ᠋ᠨ ᠵᠢᠭᠠᠯᠲᠠ ᠶ᠋ᠢ ᠵᠢᠷᠦᠬᠡ ᠳ᠋ᠡᠭᠡᠨ ᠬᠠᠳᠠᠭᠠᠯᠠᠵᠤ ᠲᠡᠮᠳᠡᠭᠯᠡᠨ ᠠᠪ᠂ ᠵᠢᠯᠣᠭᠣᠳᠤᠯᠳᠤ ᠵᠢᠨᠦᠩ ᠦ᠋ᠨ ᠵᠢᠱ᠌ᠢᠯᠲᠡ ᠶ᠋ᠢ ᠵᠡᠪᠡ ᠳ᠋ᠡᠭᠡᠨ ᠪᠢᠴᠢᠵᠦ ᠤᠢᠯᠠᠨ ᠤᠬᠠᠭᠳᠠᠬᠤᠢ᠃ ᠴᠢᠷᠮᠠᠢᠨ ᠴᠢᠳᠠᠪᠠᠰᠤ ᠴᠠᠭᠠᠲᠠᠢ ᠲᠠᠢᠽᠢ ᠶ᠋ᠢᠨ ᠴᠢᠬᠤᠯᠠ ᠭᠠᠪᠢᠶ᠎ᠠ ᠮᠥᠨ᠂ ᠴᠠᠯᠠᠭᠠᠢᠷᠠᠨ ᠣᠰᠣᠯᠳᠠᠪᠠᠰᠤ ᠴᠥᠯᠡᠭᠳᠡᠭᠰᠡᠨ ᠠᠬ᠎ᠠ ᠪᠠᠨ ᠡᠰᠡ ᠦᠵᠡᠪᠡ ᠤᠤ ? 》ᠬᠡᠮᠡᠭᠰᠡᠨ᠎ᠡ᠂ ᠲᠠᠢᠪᠤᠤ ᠵᠢᠨᠦᠩ ᠬᠢᠭᠡᠳ ᠲᠠᠢᠽᠢ ᠴᠢᠨ ᠸᠠᠩ ᠬᠣᠶᠠᠭᠤᠯᠠ ᠴᠤᠭᠭᠠᠷ ᠰᠣᠴᠢᠨ ᠪᠢᠰᠢᠷᠡᠵᠦ᠂ ᠬᠠᠮᠲᠤ ᠮᠥᠷᠭᠥᠭᠡᠳ ᠲᠥᠷᠥ ᠡᠴᠡ ᠪᠠᠭᠤᠵᠤ ᠢᠷᠡᠮᠡᠭᠴᠡ ᠴᠠᠩ ᠬᠡᠩᠭᠡᠷᠭᠡ ᠴᠣᠬᠢᠭᠤᠯᠤᠨ᠂ ᠴᠠᠭᠠᠲᠠᠢ ᠲᠠᠢᠽᠢ ᠴᠢᠨ ᠸᠠᠩ ᠳ᠋ᠤᠷ ᠴᠠᠭᠠᠵᠠᠨ ᠤ᠋ ᠨᠡᠷ᠎ᠡ ᠶ᠋ᠢᠨ ᠵᠡᠪᠡ ᠠᠷᠪᠠᠨ ᠢ᠋ ᠲᠤᠰᠢᠶᠠᠨ᠂ ᠠᠷᠪᠠᠨ ᠪᠠᠭ᠎ᠠ ᠪᠠᠷᠰ ᠤ᠋ᠨ ᠵᠠᠩᠵᠤᠨ ᠢ᠋ ᠠᠮᠠᠯᠠᠨ ᠥᠭᠭᠦᠭᠡᠳ᠂ ᠨᠢᠭᠡᠨ ᠲᠦᠮᠡᠨ ᠴᠡᠷᠢᠭ ᠢ᠋ ᠭᠤᠷᠪᠠᠨ ᠵᠠᠮ ᠢ᠋ᠶ᠋ᠠᠷ ᠬᠤᠪᠢᠶᠠᠨ᠂ ᠪᠦᠭᠦᠳᠡ ᠶ᠋ᠢᠨ ᠳᠠᠷᠤᠭ᠎ᠠ ᠶ᠋ᠢᠨ ᠶᠤᠸᠠᠨᠱᠤᠸᠠᠢ ᠶ᠋ᠢᠨ ᠲᠠᠮᠠᠭ᠎ᠠ ᠴᠠᠴᠤᠭ ᠢ᠋ ᠲᠤᠰᠢᠶᠠᠨ ᠥᠭᠴᠦ᠂ ᠴᠠᠭ ᠮᠥᠴᠡ ᠰᠠᠭᠠᠲᠠᠯ ᠦᠭᠡᠢ ᠤᠯᠤᠰ ᠤ᠋ᠨ ᠵᠠᠬ᠎ᠠ ᠳ᠋ᠤᠷ ᠳᠣᠪᠲᠣᠯᠤᠨ ᠬᠦᠷᠴᠦ᠂ 《ᠡᠶ᠎ᠡ ᠪᠠ ᠡᠪᠳᠡᠷᠡᠯ ᠦ᠋ᠨ ᠡᠪ ᠢ᠋ ᠦᠵᠡᠵᠦ᠂ ᠵᠣᠬᠢᠰ ᠢ᠋ᠶ᠋ᠠᠷ ᠵᠣᠬᠢᠴᠠᠭᠤᠯᠤᠨ ᠡᠷᠬᠡ ᠪᠡᠷ ᠠᠪᠠᠴᠢᠵᠤ ᠡᠷᠳᠡᠮ ᠢ᠋ᠶ᠋ᠡᠷ ᠡᠭᠡᠭᠦᠯ᠂ ᠡᠪᠯᠡᠨ ᠴᠢᠳᠠᠪᠠᠰᠤ ᠡᠷᠬᠡ ᠦᠭᠡᠢ ᠡᠷᠭᠦᠮᠵᠢᠯᠡᠯ ᠪᠣᠢ᠃ ᠡᠪᠳᠡᠷᠡᠭᠦᠯᠦᠨ ᠳᠠᠷᠤᠭᠳᠠᠪᠠᠰᠤ ᠡᠷᠬᠡᠪᠰᠢ ᠪᠠᠰᠠ ᠶᠠᠯ᠎ᠠ ᠬᠡᠯᠡᠯᠴᠡᠮᠦᠢ 》ᠭᠡᠮᠡᠨ᠂ ᠠᠷᠢᠬᠢ ᠪᠠᠷᠢᠨ ᠪᠡᠯᠡᠭᠯᠡᠵᠦ᠂ ᠫᠤᠤ ᠲᠠᠯᠪᠢᠨ ᠮᠣᠷᠳᠠᠭᠤᠯᠪᠠᠢ᠃ ᠴᠠᠭᠠᠲᠠᠢ ᠲᠠᠢᠽᠢ ᠬᠠᠭᠠᠰ ᠪᠠᠶᠠᠷᠯᠠᠨ ᠬᠠᠭᠠᠰ ᠡᠮᠢᠶᠡᠨ᠂ ᠵᠣᠴᠢ ᠲᠠᠢᠽᠢ ᠶ᠋ᠢᠨ ᠵᠣᠪᠠᠭᠤᠷᠢ ᠶ᠋ᠢ ᠰᠠᠨᠠᠭᠠᠯᠵᠠᠨ᠂ ᠵᠣᠭᠰᠣᠯ ᠦᠭᠡᠢ ᠵᠣᠷᠢᠵᠤ ᠮᠣᠷᠳᠠᠨ ᠭᠠᠷᠬᠤᠶ᠎ᠠ᠂ ᠵᠣᠷᠢᠭᠯᠠᠨ ᠮᠣᠷᠢᠯᠠᠬᠤ ᠶᠠᠪᠤᠭᠤᠷᠢ ᠶ᠋ᠢᠨ ᠵᠠᠩᠵᠤᠨ ᠴᠡᠷᠢᠭ ᠦ᠋ᠳ ᠲᠤᠯᠠ ᠵᠣᠪᠠᠭᠤᠷᠢ ᠤᠷᠰᠢᠭ ᠣᠭᠲᠣ ᠦᠭᠡᠢ᠂ ᠵᠣᠭᠰᠣᠭᠠᠪᠠᠷ ᠬᠠᠨ ᠬᠥᠪᠡᠭᠦᠨ ᠦ᠌ ᠬᠠᠰ ᠣᠷᠣᠢᠲᠤ ᠲᠤᠭ ᠨᠢᠭᠡᠨᠲᠡ ᠬᠥᠳᠡᠯᠦᠮᠡᠭᠴᠡ ᠬᠠᠷᠢᠶᠠᠲᠤ ᠲᠤᠭ ᠤ᠋ᠨ ᠬᠠᠮᠤᠭ ᠵᠠᠩᠵᠤᠨ ᠴᠡᠷᠢᠭ ᠦ᠋ᠳ ᠬᠠᠢᠷᠰᠤᠲᠤ ᠯᠤᠤ ᠶ᠋ᠢᠨ ᠦᠷᠭᠦᠯᠵᠢᠯᠡᠯ ᠮᠡᠲᠦ ᠵᠠᠯᠭᠠᠯᠳᠤᠭᠠᠪᠠᠷ ᠢᠯᠪᠠᠯᠵᠠᠨ ᠵᠢᠷᠪᠢᠭᠢᠨᠡᠨ ᠮᠤᠷᠤᠢ ᠰᠠᠷᠤᠢ ᠮᠤᠰᠬᠢᠨ ᠡᠷᠭᠦᠵᠦ᠂ ᠮᠥᠩᠭᠥᠨ ᠤᠰᠤᠨ ᠤ᠋ ᠮᠥᠷᠡᠨ ᠭᠣᠣᠯ ᠤᠷᠤᠰᠬᠤ ᠠᠳᠠᠯᠢ ᠮᠣᠷᠳᠠᠨ ᠡᠴᠢᠪᠡ᠃ ᠳᠠᠭᠠᠯᠳᠤᠭ᠎ᠠ ᠵᠢᠨᠦᠩ ᠪᠠᠰᠠ ᠬᠣᠶᠠᠷ ᠴᠠᠭᠠᠵᠠᠨ ᠤ᠋ ᠵᠡᠪᠡ ᠰᠤᠭᠤᠯᠵᠤ᠂ ᠬᠣᠶᠠᠷ ᠶᠡᠬᠡ ᠲᠡᠷᠢᠭᠦᠯᠡᠭᠴᠢ ᠵᠠᠩᠵᠤᠨ ᠢ᠋ ᠵᠠᠷᠯᠠᠵᠤ᠂ ᠲᠠᠭᠲᠤ ᠳ᠋ᠤᠷ ᠠᠪᠠᠷᠢᠭᠤᠯᠪᠠ᠃ ᠣᠯᠠᠨ ᠬᠥᠮᠦᠨ ᠦᠵᠡᠪᠡᠰᠦ ᠤᠷᠤᠭ ᠲᠠᠪᠤᠨᠠᠩ ᠬᠦᠩ ᠵᠡᠯᠮ᠎ᠡ ᠨᠣᠶᠠᠨ ᠬᠢᠭᠡᠳ ᠵᠢᠷᠭᠤᠭᠠᠨ ᠰᠠᠢᠰᠢᠶᠠᠯ ᠤ᠋ᠨ ᠶᠡᠬᠡ ᠰᠠᠢᠳ ᠳᠠᠢᠪᠠᠩ ᠵᠡᠪᠡ ᠨᠣᠶᠠᠨ ᠬᠣᠶᠠᠭᠤᠯᠠ ᠶ᠋ᠢ ᠵᠢᠨᠦᠩ ᠳᠡᠷᠭᠡᠳᠡ ᠪᠡᠨ ᠣᠢᠷ᠎ᠠ ᠳᠠᠭᠤᠳᠠᠨ ᠠᠪᠠᠴᠢᠵᠤ᠂ ᠴᠢᠬᠢᠨ ᠤ ᠳᠡᠷᠭᠡᠳᠡ ᠰᠡᠮᠡᠬᠡᠷ ᠡᠢᠮᠦ ᠲᠡᠢᠮᠦ ᠪᠣᠯ ᠭᠡᠮᠡᠨ ᠰᠤᠷᠭᠠᠵᠤ ᠬᠥᠮᠦᠨ ᠪᠦᠷᠢ ᠳ᠋ᠦ᠍ᠷ ᠬᠣᠶᠠᠷ ᠮᠢᠩᠭᠠᠨ ᠴᠡᠷᠢᠭ ᠥᠭᠴᠦ᠂ ᠴᠢᠦᠢ ᠴᠦ ᠯᠢᠦᠢ ᠶ᠋ᠢᠨ ᠭᠡᠷ ᠦ᠋ᠨ ᠠᠮᠠᠨ ᠢ᠋ ᠬᠦᠷᠭᠡᠵᠦ ᠥᠭᠬᠦ ᠥᠳᠥ ᠰᠣᠳᠣ ᠠᠬ᠎ᠠ ᠳᠡᠭᠦᠦ ᠬᠣᠶᠠᠭᠤᠯᠠ ᠶ᠋ᠢᠨ ᠬᠣᠢᠨ᠎ᠠ ᠡᠴᠡ ᠮᠥᠨ ᠬᠦ᠌ ᠲᠠᠩᠭᠤᠳ ᠤᠯᠤᠰ ᠲᠤᠷ ᠪᠠᠷᠠᠭᠤᠨ ᠵᠠᠮ ᠢ᠋ᠶ᠋ᠠᠷ ᠮᠣᠷᠳᠠᠭᠤᠯᠪᠠ᠃ ᠡᠨᠡ ᠬᠣᠶᠠᠷ ᠠᠩᠭᠢ ᠶ᠋ᠢᠨ ᠪᠠᠷᠠᠭᠤᠨ ᠵᠠᠮ ᠤ᠋ᠨ ᠴᠡᠷᠢᠭ ᠢ᠋ ᠶᠠᠭᠤᠨ ᠤ᠋ ᠤᠴᠢᠷ ᠮᠣᠷᠳᠠᠭᠤᠯᠪᠠ ? ᠬᠡᠮᠡᠪᠡᠰᠦ : ᠲᠠᠩᠭᠤᠳ ᠤᠯᠤᠰ ᠤ᠋ᠨ ᠠᠬᠠᠢ ᠨᠣᠶᠠᠨ ᠤ᠋ ᠥᠪᠡᠷᠦᠨ ᠨᠢᠭᠤᠴᠠ ᠨᠠᠢᠷ ᠢ᠋ᠶ᠋ᠠᠷ ᠵᠢᠨᠦᠩ ᠮᠤᠬᠤᠯᠢ ᠳ᠋ᠤᠷ ᠢᠯᠡᠭᠡᠭᠰᠡᠨ ᠪᠢᠴᠢᠭ ᠲᠣᠷ ᠲᠡᠳᠡᠨ ᠦ᠌ ᠡᠵᠡᠨ ᠯᠢ ᠼᠦᠨ ᠢᠦ ᠶ᠋ᠢᠨ ᠥᠩᠭᠡ ᠳᠡᠷᠡᠰᠦᠨ ᠦ᠌ ᠡᠪᠡᠳᠴᠢᠨ ᠨᠢᠭᠡᠨᠲᠡ ᠡᠳᠦᠷ ᠬᠣᠨᠣᠭ ᠲᠤᠷ ᠲᠤᠯᠵᠤ ᠦᠬᠦᠬᠦ ᠰᠢᠬᠠᠭᠰᠠᠨ ᠤ᠋ ᠲᠤᠯᠠᠳᠠ᠂ ᠶᠦᠸᠠᠢ ᠸᠠᠩ ᠯᠢ ᠠᠨ ᠴᠢᠤᠸᠠᠨ ᠡᠷᠲᠡᠬᠡᠨ ᠭᠠᠷ ᠬᠥᠳᠡᠯᠦᠨ᠂ ᠰᠠᠭᠤᠷᠢᠨ ᠢ᠋ ᠪᠤᠯᠢᠶᠠᠨ ᠡᠰᠡ ᠡᠵᠡᠯᠡᠪᠡᠰᠦ ᠯᠢ ᠼᠦᠨ ᠢᠦ ᠦᠬᠦᠮᠡᠭᠴᠡ ᠬᠡᠷᠪᠡ ᠲᠡᠭᠦᠨ ᠦ᠌ ᠪᠠᠰᠠ ᠨᠢᠭᠡᠨ ᠣᠢᠷ᠎ᠠ ᠰᠠᠯᠠᠭᠠᠨ ᠤ᠋ ᠦᠷ᠎ᠡ ᠬᠥᠪᠡᠭᠦᠳ ᠨᠠᠷ ᠢ᠋ ᠡᠵᠡᠨ ᠪᠠᠢᠭᠤᠯᠪᠠᠰᠤ᠂ ᠪᠠᠰᠠ ᠥᠪᠡᠷ᠎ᠡ ᠨᠢᠭᠡᠨ ᠢᠯᠡᠭᠦᠴᠡ ᠰᠠᠯᠠᠭᠠᠨ ᠭᠠᠷᠴᠤ᠂ ᠶᠠᠷᠰᠢᠭ ᠰᠠᠮᠠᠭᠤᠨ ᠤᠯᠠᠮ ᠶᠡᠬᠡᠳᠬᠦ ᠡᠴᠡ ᠡᠮᠢᠶᠡᠨ᠂ ᠯᠢ ᠠᠨ ᠴᠢᠤᠸᠠᠨ ᠮᠠᠭᠤ ᠨᠡᠷ᠎ᠡ ᠡᠴᠡ ᠠᠶᠤᠬᠤ ᠦᠭᠡᠢ ᠪᠡᠷ ᠥᠪᠡᠷᠦᠨ ᠪᠡᠶ᠎ᠡ ᠮᠥᠨ ᠦᠶ᠎ᠡ ᠬᠥᠪᠡᠭᠦᠨ ᠭᠡᠮᠡᠨ ᠬᠥᠩᠭᠡᠮᠰᠦᠭᠯᠡᠨ ᠪᠠᠢᠬᠤ ᠳ᠋ᠠᠭᠠᠨ ᠰᠢᠯᠲᠠᠭᠯᠠᠨ᠂ ᠬᠣᠯᠠ ᠠᠭᠯᠠᠭ ᠲᠤᠷ ᠪᠣᠯᠪᠠᠰᠤ ᠬᠠᠭᠠᠨ ᠤ᠋ ᠨᠢᠭᠤᠴᠠ ᠵᠠᠷᠯᠢᠭ᠂ ᠶᠦᠸᠠᠢ ᠸᠠᠩ ᠯᠢ ᠠᠨ ᠴᠢᠤᠸᠠᠨ ᠢ᠋ ᠵᠣᠭᠰᠣᠭᠠᠪᠠᠷ ᠰᠠᠭᠤᠷᠢᠨ ᠢ᠋ ᠵᠠᠯᠭᠠᠮᠵᠢᠯᠠᠬᠤ ᠳᠠ ᠬᠤᠸᠠᠩ ᠲᠠᠢᠽᠢ ᠡᠷᠭᠦᠮᠵᠢᠯᠡᠨ ᠠᠮᠢᠳᠤ ᠪᠠᠷ ᠰᠠᠭᠤᠷᠢᠨ ᠢ᠋ ᠶᠡᠭᠦᠯᠡᠨ ᠰᠠᠭᠤᠯᠭᠠᠮᠤᠢ ᠭᠡᠮᠡᠨ ᠬᠠᠭᠤᠷᠮᠠᠭ ᠢ᠋ᠶ᠋ᠠᠷ ᠠᠯᠳᠠᠷᠰᠢᠭᠤᠯᠤᠨ᠂ ᠣᠢᠷ᠎ᠠ ᠰᠢᠳᠠᠷ ᠲᠠᠭᠠᠨ ᠪᠣᠯᠪᠠᠰᠤ ᠳᠣᠲᠣᠷ᠎ᠠ ᠭᠠᠳᠠᠨ᠎ᠠ ᠢᠯᠡ ᠳᠠᠯᠳᠠ ᠳ᠋ᠤᠷ ᠨᠢᠭᠡᠨᠲᠡ ᠰᠦᠯᠪᠡᠭᠡᠯᠡᠯ ᠵᠥᠪᠯᠡᠯ ᠨᠢᠭᠡᠳᠴᠦ ᠨᠡᠢᠯᠡᠭᠡᠳ᠂ ᠡᠨᠡ ᠨᠠᠮᠤᠷ ᠤ᠋ᠨ ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ᠂ ᠨᠢᠭᠡᠨᠲᠡ ᠭᠠᠷ ᠬᠥᠳᠡᠯᠬᠦ ᠪᠡᠷ ᠪᠣᠯᠵᠣᠭ᠎ᠠ ᠨᠢᠭᠡᠨᠲᠡ ᠲᠣᠭᠲᠠᠭᠰᠠᠨ ᠢ᠋ ᠵᠢᠨᠦᠩ ᠮᠤᠬᠤᠯᠢ ᠣᠯᠵᠤ ᠰᠣᠨᠣᠰᠤᠭᠰᠠᠨ ᠲᠤᠯᠠ ᠮᠡᠷᠭᠡᠨ ᠤᠬᠠᠭᠠᠨᠲᠤ ᠤᠷᠤᠭ ᠨᠣᠶᠠᠨ ᠰᠡᠴᠡᠨ  ᠬᠦᠩ ᠵᠠᠯᠮ᠎ᠠ ᠪᠠ ᠵᠡᠪᠡ ᠬᠣᠶᠠᠭᠤᠯᠠ ᠶ᠋ᠢᠨ ᠴᠢᠬᠢᠨ ᠦ᠌ ᠳᠣᠣᠷ᠎ᠠ ᠰᠤᠷᠭᠠᠵᠤ ᠬᠡᠯᠡᠭᠰᠡᠨ ᠢᠨᠦ : 
      《ᠲᠠᠨ ᠤ᠋ ᠬᠣᠶᠠᠭᠤᠯᠠ ᠳᠠᠷᠤᠢ ᠡᠨᠡ ᠴᠢᠦᠢ ᠴᠦ ᠯᠢᠦᠢ ᠶ᠋ᠢᠨ ᠭᠡᠷ ᠦ᠋ᠨ ᠠᠮᠠᠨ ᠢ᠋ ᠬᠦᠷᠭᠡᠭᠰᠡᠨ ᠢ᠋ᠶ᠋ᠡᠷ ᠢᠲᠡᠭᠡᠮᠵᠢ ᠪᠣᠯᠭᠠᠨ ᠵᠢᠨ᠂ ᠪᠢᠩ ᠬᠣᠶᠠᠷ ᠹᠧᠢ ᠡᠴᠡ ᠲᠡᠮᠳᠡᠭ ᠵᠡᠪᠡ ᠶ᠋ᠢ ᠠᠪᠴᠤ᠂ ᠬᠣᠲᠠ ᠶ᠋ᠢᠨ ᠳᠣᠲᠣᠷ᠎ᠠ ᠪᠠᠭᠤᠭᠠᠳ᠂ ᠢᠯᠡ ᠳ᠋ᠦ᠍ᠷ ᠯᠢ ᠼᠦᠨ ᠢᠦ ᠶ᠋ᠢ ᠬᠠᠮᠠᠭᠠᠯᠠᠨ ᠰᠠᠬᠢᠵᠤ᠂ ᠳᠠᠯᠳᠠ ᠳ᠋ᠤᠷ ᠯᠢ ᠠᠨ ᠴᠢᠤᠸᠠᠨ ᠯᠤᠭ᠎ᠠ ᠨᠠᠢᠷᠠᠯᠳᠤᠨ ᠶᠠᠪᠤᠯᠴᠠᠵᠤ᠂ ᠯᠢ ᠠᠨ ᠴᠢᠤᠸᠠᠨ ᠬᠡᠷᠪᠡᠷ ᠦᠨᠡᠬᠡᠷ ᠰᠠᠭᠤᠷᠢᠨ ᠢ᠋ ᠪᠤᠯᠢᠶᠠᠨ ᠡᠵᠡᠯᠡᠬᠦᠯ᠎ᠡ ᠴᠢᠳᠠᠪᠠᠰᠤ ᠯᠢ ᠼᠦᠨ ᠢᠦ ᠶ᠋ᠢᠨ ᠨᠢᠭᠡᠨ ᠭᠡᠷ ᠢ᠋ ᠬᠠᠮᠠᠭᠠᠯᠠᠨ ᠠᠪᠤᠨ ᠭᠠᠷᠴᠤ ᠢᠷᠡᠨ᠂ ᠮᠠᠨ ᠤ᠋ ᠬᠠᠭᠠᠨ ᠳ᠋ᠤᠷ ᠵᠠᠭᠠᠯᠳᠤᠬᠤ ᠪᠣᠳᠣᠷᠣᠣᠯ ᠪᠢᠴᠢᠭ ᠡᠷᠭᠦᠭᠦᠯ᠃ ᠡᠭᠦᠨ ᠢ᠋ ᠬᠡᠷᠪᠡ ᠴᠢᠳᠠᠬᠤ ᠦᠭᠡᠢ ᠪᠣᠯᠤᠭᠠᠳ ᠯᠢ ᠼᠦᠨ ᠢᠦ ᠶ᠋ᠢᠨ ᠡᠪᠡᠳᠴᠢᠨ ᠬᠦᠨᠳᠦᠷᠡᠭᠡᠳ ᠦᠬᠦᠬᠦ ᠪᠤᠶᠤ ᠡᠰᠡᠬᠦᠯ᠎ᠡ ᠯᠢ ᠠᠨ ᠴᠢᠣᠸᠠᠨ ᠴᠢᠩᠳᠠᠯᠠᠨ ᠬᠣᠷᠢᠵᠤ ᠰᠠᠬᠢᠭᠤᠯᠬᠤ ᠪᠠ ᠡᠰᠡᠬᠦᠯ᠎ᠡ ᠰᠢᠭᠤᠳ ᠠᠯᠠᠨ ᠲᠠᠰᠤᠯᠵᠤ᠂ ᠯᠢ ᠼᠦᠨ ᠢᠦ ᠭᠠᠷ ᠲᠤᠷ ᠣᠷᠣᠬᠤ ᠦᠭᠡᠢ ᠪᠥᠭᠡᠰᠦ ᠲᠡᠭᠦᠨ ᠦ᠌ ᠶᠡᠬᠡ ᠡᠮ᠎ᠡ ᠪᠠᠭ᠎ᠠ ᠹᠧᠢ᠂ ᠣᠢᠷ᠎ᠠ ᠬᠡᠦᠬᠡᠳ ᠤᠷᠤᠭ ᠰᠠᠢᠳ ᠠᠯᠢᠨ ᠢ᠋ ᠪᠣᠯᠪᠠᠴᠤ ᠨᠢᠭᠡᠨ ᠬᠣᠶᠠᠷ ᠢ᠋ ᠬᠠᠮᠠᠭᠠᠯᠠᠨ ᠭᠠᠷᠭᠠᠵᠤ ᠢᠷᠡᠨ ᠯᠢ ᠠᠨ ᠴᠢᠤᠸᠠᠨ ᠤ᠋ ᠡᠵᠡᠨ ᠢ᠋ᠶ᠋ᠡᠨ ᠳᠠᠢᠯᠠᠭᠰᠠᠨ ᠶᠠᠯ᠎ᠠ ᠶ᠋ᠢ ᠠᠨᠤ ᠢᠯᠡᠷᠬᠡᠢᠯᠡᠨ ᠮᠠᠨ ᠤ᠋ ᠬᠠᠭᠠᠨ᠎ᠠ ᠵᠠᠭᠠᠯᠲᠤᠭᠤᠯᠤᠨ᠂ ᠬᠣᠢᠴᠢ ᠡᠳᠦᠷ ᠦ᠋ᠨ ᠲᠠᠩᠭᠤᠳ ᠤᠯᠤᠰ ᠢ᠋ ᠳᠠᠢᠯᠠᠬᠤ ᠲᠥᠪ ᠴᠢᠬᠡ ᠥᠷᠥᠰᠢᠶᠡᠯ ᠵᠢᠷᠤᠮ ᠪᠣᠯᠭᠠᠨ᠂ ᠪᠢᠳᠡᠨ ᠦ᠌ ᠮᠣᠩᠭᠣᠯ ᠲᠦᠰᠢᠮᠡᠯ ᠢ᠋ ᠠᠨᠤ ᠬᠠᠪᠰᠤᠷᠤᠨ ᠡᠵᠡᠨ ᠢ᠋ ᠢᠨᠤ ᠲᠠᠢᠯᠠᠭᠤᠯᠪᠠ ᠬᠡᠮᠡᠬᠦ ᠡᠭᠦᠷᠢᠳᠡ ᠶ᠋ᠢᠨ ᠮᠠᠭᠤ ᠨᠡᠷ᠎ᠡ ᠶ᠋ᠢ ᠲᠠᠰᠤᠯᠤᠨ ᠠᠷᠢᠯᠭᠠᠭᠤᠢ ᠶ᠋ᠢᠨ ᠤᠴᠢᠷ ᠲᠤᠷ ᠪᠣᠯᠠᠢ᠃ ᠡᠨᠡ ᠢᠨᠦ ᠡᠷᠭᠢᠨ ᠲᠠ ᠬᠣᠶᠠᠭᠤᠯᠠ ᠶ᠋ᠢᠨ ᠵᠣᠩᠬᠢᠯᠠᠬᠤ ᠦᠢᠯᠡᠰ ᠮᠥᠨ᠂ ᠡᠭᠦᠨᠦ ᠵᠠᠪᠰᠠᠷ᠎ᠠ ᠰᠠᠨᠠᠭᠠᠨ ᠤ᠋ ᠭᠠᠳᠠᠨᠠᠬᠢ ᠬᠤᠪᠢᠰᠤᠯ ᠳᠡᠭᠳᠡᠵᠦ᠂ ᠯᠢ ᠼᠦᠨ ᠢᠦ ᠶ᠋ᠢ ᠢᠯᠠᠬᠤ ᠦᠭᠡᠢ᠂ ᠬᠡᠷᠪᠡ ᠯᠢ ᠠᠨ ᠴᠢᠤᠸᠠᠨ ᠳᠠᠷᠤᠭᠳᠠᠭᠠᠳ ᠠᠯᠠᠭᠳᠠᠬᠤᠢ ᠳ᠋ᠤ᠌ ᠬᠦᠷᠪᠡᠰᠦ ᠠᠷᠭᠠᠯᠠᠵᠤ ᠲᠡᠭᠦᠨ ᠢ᠋ ᠠᠪᠤᠷᠠᠨ ᠭᠠᠷᠭᠠᠵᠤ ᠠᠮᠢᠨ ᠢ᠋ ᠬᠠᠮᠠᠭᠠᠯᠠᠨ ᠲᠡᠩᠬᠡᠷᠡᠭᠦᠯᠵᠦ᠂ ᠬᠣᠢᠴᠢ ᠡᠳᠦᠷ ᠲᠠᠩᠭᠤᠳ ᠤᠯᠤᠰ ᠤ᠋ᠨ ᠠᠯᠪᠠᠨ ᠢ᠋ ᠬᠤᠪᠢᠶᠠᠯᠴᠠᠨ ᠢᠳᠡᠬᠦᠢ ᠶ᠋ᠢᠨ ᠰᠡᠳᠦᠯᠬᠡᠷ ᠪᠣᠯᠭᠠᠠᠳᠤᠨ᠃ ᠡᠨᠡ ᠮᠡᠲᠦ ᠤᠷᠪᠠᠨ ᠬᠥᠷᠪᠡᠨ ᠠᠷᠤ ᠥᠪᠥᠷ ᠢ᠋ ᠴᠥᠮ ᠥᠷᠥᠰᠢᠶᠡᠯ ᠵᠢᠷᠤᠮ ᠳ᠋ᠤ᠌ ᠨᠡᠢᠴᠡᠭᠦᠯᠵᠦ᠂ ᠪᠣᠭᠳᠠ ᠡᠵᠡᠨ ᠦ᠌ ᠤᠭ ᠰᠠᠨᠠᠭ᠎ᠠ ᠳ᠋ᠤᠷ ᠵᠣᠬᠢᠭᠤᠯᠬᠤ ᠡᠳᠡᠭᠡᠷ ᠬᠡᠷᠡᠭ ᠢ᠋ ᠰᠡᠴᠡᠨ ᠭᠡᠭᠡᠬᠡᠨ ᠤᠷᠤᠭ ᠨᠣᠶᠠᠨ ᠵᠡᠯᠮ᠎ᠡ ᠠᠬᠠᠢ ᠪᠠ ᠵᠢᠪᠬᠤᠯᠠᠩ ᠪᠠᠭᠠᠲᠤᠷ ᠵᠡᠪᠡ ᠳᠡᠭᠦᠦ ᠲᠠ ᠬᠣᠶᠠᠭᠤᠯᠠ ᠠ᠋ᠴᠠ ᠥᠪᠡᠷ ᠬᠡᠨ ᠲᠥᠰᠥᠭᠯᠡᠬᠦ ᠠᠵᠠᠢ !》ᠭᠡᠮᠡᠨ ᠲᠤᠰᠢᠶᠠᠭᠰᠠᠨ ᠠᠵᠤᠭᠤ᠃ ᠡᠭᠦᠨ ᠢ᠋ ᠳᠤᠷᠠᠳᠬᠤ ᠦᠭᠡᠢ᠃   
       ᠥᠭᠦᠯᠡᠬᠦ ᠢᠨᠦ᠂ ᠲᠠᠢᠽᠢ ᠴᠢᠨ ᠸᠠᠩ ᠴᠠᠭᠠᠲᠠᠢ ᠶ᠋ᠢᠨ ᠶᠡᠬᠡ ᠴᠡᠷᠢᠭ ᠨᠠᠢ᠍ᠮᠠᠨ ᠠ᠋ᠴᠠ ᠲᠠᠩᠭᠤᠳ ᠤᠯᠤᠰ ᠤ᠋ᠨ ᠵᠦᠭ ᠣᠷᠣᠬᠤᠢ ᠳ᠋ᠤᠷ ᠮᠠᠰᠢ ᠳᠥᠭᠥᠮ ᠣᠢᠷ᠎ᠠ ᠪᠣᠯᠤᠭᠠᠳ᠂ ᠲᠠᠪᠤᠨ ᠡᠳᠦᠷ ᠦ᠋ᠨ ᠡᠴᠦᠰ ᠲᠦ᠍ᠷ ᠪᠠᠷᠠᠭᠤᠨ ᠡᠮᠦᠨ᠎ᠡ ᠬᠢᠵᠠᠭᠠᠷ᠎ᠠ ᠬᠦᠷᠴᠦ᠂ ᠲᠠᠩᠭᠤᠳ ᠤ᠋ᠨ ᠡᠯᠴᠢ ᠠᠬᠠᠢ ᠨᠣᠶᠠᠨ ᠢ᠋ ᠪᠠᠷᠠᠭᠠᠳᠠᠭᠤᠯᠤᠨ ᠮᠥᠷᠭᠥᠭᠦᠯᠵᠦ᠂ ᠲᠡᠭᠦᠨ ᠦ᠌ ᠡᠷᠭᠦᠨ ᠪᠠᠷᠢᠬᠤ ᠵᠠᠭᠤᠨ ᠠᠴᠢᠶ᠎ᠠ ᠪᠡᠯᠡᠭ ᠦ᠋ᠨ ᠵᠦᠢᠯ ᠢ᠋ ᠨᠡᠭᠡᠭᠡᠯᠭᠡᠨ ᠪᠠᠢᠴᠠᠭᠠᠨ ᠦᠵᠡᠭᠡᠳ ᠰᠡᠵᠢᠭ ᠦᠭᠡᠢ ᠪᠣᠯᠵᠤ᠂ ᠬᠡᠰᠢᠭ ᠬᠤᠷᠢᠮ ᠬᠦᠷᠲᠡᠭᠡᠵᠦ᠂ ᠪᠠᠰᠠ ᠵᠠᠭᠤᠨ ᠴᠡᠷᠢᠭ ᠢ᠋ᠶ᠋ᠡᠷ ᠬᠠᠪᠰᠤᠷᠤᠭᠤᠯᠤᠨ ᠤᠯᠤᠰ ᠲᠤᠷ ᠬᠦᠷᠭᠡᠭᠦᠯᠲᠡᠯ᠎ᠡ᠂ ᠲᠠᠩᠭᠤᠳ ᠤᠯᠤᠰ ᠤ᠋ᠨ ᠯᠢ ᠠᠨ ᠴᠢᠤᠸᠠᠨ ᠤ᠋ ᠵᠠᠯᠭᠠᠮᠵᠢᠯᠠᠬᠤ ᠬᠥᠪᠡᠭᠦᠨ ᠯᠢ ᠼᠦᠨ ᠰᠢᠦᠢ᠂ ᠥᠪᠡᠷ ᠦ᠋ᠨ ᠪᠡᠶ᠎ᠡ ᠪᠡᠷ ᠳᠥᠷᠪᠡᠨ ᠮᠢᠩᠭᠠᠨ ᠴᠡᠷᠢᠭ ᠢ᠋ᠶ᠋ᠡᠨ ᠠᠪᠴᠤ ᠵᠠᠮ ᠬᠠᠪᠴᠢᠨ ᠵᠡᠷᠭᠡᠯᠡᠭᠦᠯᠦᠨ ᠰᠥᠭᠥᠳᠬᠡᠵᠦ᠂ ᠤᠭ ᠴᠡᠷᠢᠭ ᠦ᠋ᠨ ᠳᠠᠩᠰᠠ ᠶ᠋ᠢ ᠲᠤᠰᠢᠶᠠᠨ ᠪᠠᠢᠴᠠᠭᠠᠯᠭᠠᠵᠤ᠂ ᠮᠥᠷᠭᠥᠵᠦ ᠤᠭᠲᠤᠨ ᠰᠢᠭᠤᠳ ᠵᠠᠯᠠᠵᠤ᠂ ᠵᠢᠷᠯᠤᠭ ᠬᠣᠲᠠ ᠶ᠋ᠢᠨ ᠳᠣᠲᠣᠷ᠎ᠠ ᠨᠠᠢ᠍ᠮᠠᠨ ᠤ᠋ ᠪᠤᠯᠤ ᠢᠦᠢ ᠬᠠᠭᠠᠨ ᠤ᠋ ᠪᠠᠢᠭᠤᠯᠤᠨ ᠴᠣᠭᠴᠠᠯᠠᠭᠰᠠᠨ ᠬᠠᠭᠠᠨ ᠬᠥᠮᠦᠨ ᠦ᠌ ᠶᠢᠰᠦᠨ ᠳᠠᠪᠬᠤᠷ ᠤ᠋ᠨ ᠬᠠᠷᠰᠢ ᠣᠷᠳᠣᠨ ᠤ᠋ ᠭᠦᠨ ᠳᠣᠲᠣᠭᠠᠳᠤ ᠳ᠋ᠤᠷ ᠮᠢᠩᠭᠠᠨ ᠵᠤᠯᠠ᠂ ᠲᠦᠮᠡᠨ ᠭᠡᠷ᠎ᠡ ᠰᠢᠲᠠᠭᠠᠵᠤ ᠴᠠᠭᠠᠲᠠᠢ ᠴᠢᠨ ᠸᠠᠩ ᠢ᠋ ᠵᠠᠯᠠᠨ ᠪᠠᠭᠤᠯᠭᠠᠵᠤ᠂ ᠬᠣᠶᠠᠷ ᠡᠲᠡᠭᠡᠳ ᠦ᠋ᠨ ᠨᠣᠶᠠᠳ ᠲᠦᠰᠢᠮᠡᠳ ᠮᠥᠷᠭᠥᠵᠦ ᠪᠠᠷᠠᠭᠠᠳ ᠰᠠᠶᠢ ᠲᠠᠷᠬᠠᠯᠴᠠᠨ ᠭᠠᠷᠤᠯᠴᠠᠵᠤ᠂ ᠬᠣᠶᠠᠷ ᠤᠯᠤᠰ ᠤ᠋ᠨ ᠨᠠᠭᠤᠷ ᠳᠠᠯᠠᠢ ᠮᠡᠲᠦ ᠶᠡᠬᠡ ᠬᠤᠷᠢᠮ ᠳ᠋ᠤᠷ ᠬᠤᠷᠢᠮᠯᠠᠷ᠎ᠠ ᠭᠠᠷᠤᠯᠴᠠᠭᠠᠳ ᠯᠤᠤ ᠶ᠋ᠢᠨ ᠣᠷᠬᠢᠭᠤᠯ ᠢ᠋ ᠳᠣᠷᠣᠭᠰᠢ ᠤᠨᠠᠭᠠᠵᠤ᠂ ᠬᠠᠰ ᠬᠠᠭᠠᠯᠭ᠎ᠠ ᠶ᠋ᠢ ᠨᠢᠭᠡᠨᠲᠡ ᠳᠠᠷᠤᠮᠠᠭᠴᠠ᠂ ᠬᠠᠭᠠᠨ ᠤ᠋ ᠬᠥᠭᠵᠢᠮ ᠬᠣᠯᠠ ᠡᠭᠦᠰᠬᠡᠨ᠂ ᠮᠠᠨᠠᠭᠠᠨ ᠤ᠋ ᠵᠦᠩ ᠠᠯᠭᠤᠷ ᠴᠣᠬᠢᠨ᠂ ᠯᠢ ᠼᠦᠨ ᠰᠢᠦᠢ ᠰᠠᠶᠢ ᠠᠯᠭᠤᠷ ᠪᠣᠰᠴᠤ᠂ ᠠᠯᠲᠠᠨ ᠴᠥᠭᠥᠴᠡ ᠳ᠋ᠦ᠍ᠷ ᠠᠷᠢᠬᠢ ᠳᠦᠭᠦᠷᠭᠡᠨ ᠭᠤᠷᠪᠠᠨ ᠵᠡᠷᠭᠡ ᠱᠠᠭᠠᠷᠳᠠᠨ ᠪᠠᠷᠢᠵᠤ᠂ ᠴᠢᠨ ᠸᠠᠩ ᠤ᠋ᠨ ᠳᠣᠣᠷᠠᠲᠤ ᠠᠷᠪᠠᠨ ᠶᠡᠬᠡ ᠪᠠᠭᠠᠲᠤᠷ ᠵᠠᠩᠵᠤᠨ ᠨᠠᠷ ᠲᠤᠷ ᠠᠷᠢᠬᠢ ᠪᠠᠷᠢᠨ ᠵᠦᠳᠡᠷᠡᠭᠡᠯ ᠢ᠋ ᠲᠣᠬᠣᠷᠤᠭᠤᠯᠤᠨ ᠬᠦᠨᠳᠦᠯᠡᠯ ᠢ᠋ ᠭᠦᠢᠴᠡᠳᠬᠡᠰᠦᠭᠡᠢ ᠭᠡᠮᠡᠨ ᠵᠢᠴᠢ ᠠᠷᠪᠠᠨ ᠲᠠᠪᠤ ᠵᠢᠷᠭᠤᠭᠠᠨ ᠨᠠᠰᠤᠨ ᠤ᠋ ᠲᠠᠢᠭᠠᠨ ᠎᠎— ᠡᠷᠡᠮᠳᠡᠭ ᠵᠠᠷᠤᠴᠠ ᠶ᠋ᠢ ᠤᠷᠤᠭᠰᠢ ᠳᠡᠪᠰᠢᠭᠦᠯᠦᠨ ᠮᠥᠷᠭᠥᠭᠦᠯᠵᠦ ᠯᠢ ᠼᠦᠨ ᠰᠢᠦᠢ ᠥᠭᠦᠯᠡᠷᠦᠨ : 
      《ᠡᠨᠡ ᠪᠥᠭᠡᠰᠦ ᠡᠴᠢᠭᠡ ᠸᠠᠩ ᠤ᠋ᠨ ᠡᠮᠦᠨ᠎ᠡ ᠡᠴᠡ ᠶᠡᠬᠡ ᠸᠠᠩ ᠢ᠋ ᠰᠤᠪᠢᠯᠠᠭᠤᠯᠤᠷ᠎ᠠ ᠲᠤᠰᠢᠶᠠᠭᠰᠠᠨ ᠲᠠᠢᠭᠠᠨ᠂ ᠨᠡᠷ᠎ᠡ ᠮᠢᠩ ᠯᠦ᠍ 》ᠬᠡᠮᠡᠵᠦᠬᠦᠢ᠃ ᠡᠨᠡ ᠦᠶ᠎ᠡ ᠬᠠᠷᠠᠬᠠᠨ ᠶᠡᠬᠡ ᠬᠠᠯᠠᠭᠤᠨ ᠤ᠋ ᠴᠠᠭ ᠲᠤᠯᠠ᠂ ᠡᠨᠡ ᠣᠷᠳᠣᠨ ᠬᠠᠷᠰᠢ ᠳ᠋ᠤᠷ ᠣᠷᠣᠬᠤᠶ᠎ᠠ ᠪᠠᠰᠠ ᠬᠡᠳᠦᠢ ᠬᠡᠳᠦᠢᠴᠢᠨᠡᠭᠡᠨ ᠡᠪᠡᠭᠡᠭᠦᠷ ᠳᠠᠪᠬᠤᠷ ᠮᠤᠷᠤᠢ ᠰᠠᠷᠤᠢ ᠡᠷᠭᠢᠭᠰᠡᠭᠡᠷ ᠥᠪᠡᠷ᠎ᠡ ᠨᠢᠭᠡᠨ ᠬᠦᠷᠢᠶᠡᠨ ᠦ᠌ ᠥᠨᠳᠥᠷ ᠤᠯᠠᠭᠠᠨ ᠬᠡᠷᠡᠮ ᠦ᠋ᠨ ᠰᠡᠢᠯᠪᠦᠷᠢᠲᠦ ᠴᠣᠮᠣᠷᠯᠢᠭ ᠬᠠᠭᠠᠯᠭᠠᠨ ᠢ᠋ ᠣᠷᠣᠵᠤ᠂ ᠭᠣᠣᠯ ᠶᠡᠬᠡ ᠬᠠᠷᠰᠢ ᠳ᠋ᠤᠷ ᠣᠷᠣᠵᠤ᠂ ᠵᠡᠭᠦᠨ ᠳᠠᠪᠬᠤᠷᠯᠢᠭ ᠲᠠᠰᠤᠯᠪᠤᠷᠢ ᠶ᠋ᠢ ᠳᠥᠷᠪᠡ ᠲᠠᠪᠤᠨ ᠳᠠᠪᠬᠤᠷ ᠮᠤᠰᠬᠢᠭᠤ ᠲᠣᠭᠣᠷᠢᠭᠤ ᠣᠷᠣᠵᠤ ᠤᠷᠠᠨ ᠨᠠᠷᠢᠨ ᠲᠠᠰᠤᠯᠤᠨ ᠡᠭᠦᠳᠦᠭᠰᠡᠨ ᠲᠠᠰᠢᠩᠭ᠎ᠠ ᠲᠠᠰᠤᠯᠪᠤᠷᠢ ᠳ᠋ᠤᠷ ᠴᠥᠮ ᠮᠠᠩᠨᠤᠭ ᠲᠠᠵᠢ᠂ ᠱᠠ ᠯᠦᠸᠧ ᠶ᠋ᠢᠨ ᠬᠥᠰᠢᠭᠡ ᠵᠠᠮ᠎ᠠ᠂ ᠣᠷᠬᠢᠭᠤᠯ ᠯᠠᠪᠠᠷᠢ ᠪᠠᠷ ᠡᠪᠬᠦᠷ ᠳᠠᠪᠬᠤᠷ ᠬᠠᠯᠠᠭᠯᠠᠨ ᠡᠯᠭᠦᠵᠦ᠂ ᠵᠤᠯᠠ ᠭᠡᠷ᠎ᠡ ᠶ᠋ᠢ ᠣᠳᠣᠨ ᠵᠡᠷᠭᠡᠯᠡᠭᠰᠡᠨ ᠮᠡᠲᠦ ᠭᠡᠢᠲᠡᠯ᠎ᠡ ᠰᠢᠲᠠᠭᠠᠵᠤᠬᠤᠢ᠃ ᠬᠠᠪᠠᠷ ᠳᠦᠭᠦᠷᠡᠩ ᠨᠣᠢᠲᠠᠨ ᠰᠡᠷᠢᠭᠦᠨ ᠺᠠᠪᠢᠷ᠎ᠠ ᠵᠠᠭᠠᠷ ᠤ᠋ᠨ ᠦᠨᠦᠷ ᠰᠠᠩᠬᠤᠯᠵᠤ᠂ ᠬᠦᠰᠡᠷ᠎ᠡ ᠲᠤᠷᠰᠢ ᠪᠠᠷ ᠨᠠᠷᠢᠨ ᠬᠡᠪᠢᠰ ᠳᠡᠪᠢᠰᠴᠦᠬᠦᠢ᠃ ᠲᠣᠭᠣᠷᠢᠭᠰᠠᠨ ᠲᠤᠭᠤᠷᠭ᠎ᠠ ᠪᠠ ᠬᠡᠷᠡᠮ ᠳ᠋ᠦ᠍ᠷ ᠲᠥᠪ ᠳᠦᠭᠦᠷᠡᠩ ᠪᠢᠴᠢᠭ ᠵᠢᠷᠤᠭ᠂ ᠪᠣᠯᠣᠷ ᠲᠣᠯᠢ᠂ ᠰᠢᠯ ᠦ᠋ᠨ ᠡᠯᠭᠦᠮᠡᠯ᠂ ᠶᠠᠲᠤᠭ᠎ᠠ ᠰᠡᠯᠡᠮ᠎ᠡ ᠶ᠋ᠢᠨ ᠵᠦᠢᠯ ᠢ᠋ ᠡᠯᠭᠦᠵᠦ᠂ ᠪᠠᠰᠠ ᠨᠢᠭᠡᠨ ᠳᠠᠪᠬᠤᠷ ᠬᠠᠷᠠᠩᠭᠤᠢ ᠰᠢᠷ᠎ᠠ ᠥᠩᠭᠡᠲᠦ ᠨᠠᠷᠢᠨ ᠬᠠᠳᠬᠤᠮᠠᠯ ᠱᠠ ᠣᠷᠬᠢᠭᠤᠯ ᠡᠯᠭᠦᠭᠰᠡᠨ ᠴᠠᠭᠠᠨ ᠽᠠᠨᠳᠠᠨ ᠢ᠋ᠶ᠋ᠠᠷ ᠰᠡᠢᠯᠪᠦᠷᠢᠯᠡᠭᠰᠡᠨ ᠳᠠᠪᠬᠤᠷ ᠪᠦᠷᠭᠡ ᠶ᠋ᠢᠨ ᠳᠣᠲᠣᠷ᠎ᠠ ᠰᠠᠶᠢ ᠲᠡᠷᠡ ᠨᠠᠢ᠍ᠮᠠᠨ ᠲᠣᠬᠣᠢ ᠤᠷᠲᠤ ᠥᠷᠭᠡᠨ᠂ ᠬᠠᠰ ᠴᠢᠯᠠᠭᠤᠨ ᠤ᠋ ᠬᠠᠰᠢᠮᠠᠯ ᠬᠥᠪᠡᠭᠡᠲᠦ ᠤᠬᠢᠶᠠᠯ ᠤ᠋ᠨ ᠬᠤᠮᠬ᠎ᠠ ᠰᠠᠪᠠ᠂ ᠳᠡᠭᠡᠷ᠎ᠡ ᠪᠠ ᠳᠥᠷᠪᠡᠨ ᠡᠲᠡᠭᠡᠳ ᠮᠥᠨ ᠬᠦ᠌ ᠣᠷᠬᠢᠭᠤᠯ ᠤ᠋ᠨ ᠨᠢᠭᠡᠨ ᠥᠩᠭᠡ ᠶ᠋ᠢᠨ ᠵᠠᠭᠠᠨ ᠶᠠᠰᠤᠨ ᠤ᠋ ᠲᠤᠯᠭᠠᠭᠤᠷᠢᠲᠤ ᠪᠥᠲᠡᠭᠡᠮᠡᠯ ᠶᠡᠬᠡ ᠪᠦᠷᠬᠦᠭᠰᠡᠨ ᠬᠥᠰᠢᠭᠡ ᠵᠠᠮ᠎ᠠ᠂ ᠨᠢᠭᠡᠨ ᠬᠠᠵᠠᠭᠤᠳᠠ ᠴᠠᠭᠠᠨ ᠽᠠᠨᠳᠠᠨ ᠤ᠋ ᠬᠥᠰᠢᠭᠡ ᠰᠠᠨᠳᠠᠯᠢ᠂ ᠣᠯᠪᠣᠭ ᠲᠦᠰᠢᠯᠭᠡ᠂ ᠤᠬᠢᠶᠠᠯᠠᠵᠤ ᠲᠡᠭᠦᠰᠪᠡᠰᠦ ᠲᠡᠷᠡ ᠳᠡᠪᠢᠰᠬᠡᠷ ᠦ᠋ᠨ ᠳᠡᠭᠡᠷ᠎ᠡ ᠬᠠᠯᠠᠨ ᠡᠮᠦᠰᠬᠦ ᠴᠢᠬᠢᠯᠡᠮ᠎ᠡ ᠰᠢᠨ᠎ᠡ ᠱᠠ᠂ ᠱᠤ᠌᠂ ᠯᠢᠩ᠂ ᠨᠣᠯᠣᠮ ᠤ᠋ᠨ ᠬᠤᠪᠴᠠᠳ ᠬᠤᠨᠠᠷ ᠢ᠋ ᠬᠡᠳᠦ ᠬᠡᠳᠦᠨ ᠬᠤᠪᠢ ᠪᠠᠷ ᠣᠪᠣᠭᠠᠯᠠᠨ ᠲᠠᠯᠪᠢᠵᠤᠬᠤᠢ᠃ ᠬᠠᠵᠠᠭᠤ ᠰᠢᠷᠡᠭᠡ ᠳ᠋ᠦ᠍ᠷ ᠯᠤᠤᠰ ᠤ᠋ᠨ ᠵᠠᠭᠠᠷᠲᠤ ᠬᠤᠷᠤᠭᠤ ᠪᠦᠳᠦᠭᠦᠨ ᠬᠦᠵᠢ ᠰᠢᠲᠠᠭᠠᠵᠤ᠂ ᠬᠥᠰᠢᠭᠡ ᠵᠠᠮ᠎ᠠ ᠶ᠋ᠢᠨ ᠳᠥᠷᠪᠡᠨ ᠥᠨᠴᠥᠭ ᠲᠣᠷ ᠴᠥᠮ ᠬᠢᠳᠦᠪᠤᠷᠢ ᠲᠣᠰᠣᠨ ᠤ᠋ ᠠᠩᠬᠢᠯᠤᠮᠠᠯ ᠯᠠᠪ ᠵᠤᠯᠠ᠂ ᠪᠦᠷᠬᠦᠭᠦᠯᠲᠦ ᠪᠣᠯᠣᠷ ᠵᠤᠯᠠ ᠶ᠋ᠢ ᠳᠦᠭᠦᠷᠲᠡᠯ᠎ᠡ ᠰᠢᠲᠠᠭᠠᠵᠤ᠂ ᠬᠠᠰ ᠬᠠᠰᠢᠮᠠᠯ ᠬᠤᠮᠬ᠎ᠠ ᠶ᠋ᠢᠨ ᠳᠣᠲᠣᠷ᠎ᠠ ᠪᠢᠯᠬᠠᠮ᠎ᠠ ᠳᠦᠭᠦᠷᠡᠩ ᠲᠣᠪ ᠲᠤᠩᠭᠠᠯᠠᠭ ᠪᠦᠯᠢᠶᠡᠨ ᠬᠠᠯᠠᠭᠤᠬᠠᠨ ᠤᠰᠤ ᠯᠤᠤ ᠶ᠋ᠢᠨ ᠠᠮᠠᠨ ᠢ᠋ᠶ᠋ᠠᠷ ᠴᠢᠳᠬᠤᠨ ᠣᠷᠣᠵᠤ ᠢᠷᠡᠭᠡᠳ᠂ ᠡᠮᠦᠨᠡᠲᠦ ᠲᠥᠭᠥᠷᠢᠭ ᠬᠠᠰ ᠴᠢᠯᠠᠭᠤᠨ ᠤ᠋ ᠠᠩᠭᠠᠷᠬᠠᠢ ᠳ᠋ᠤᠷ ᠬᠦᠷᠪᠡᠰᠦ ᠳᠠᠪᠠᠯᠵᠤ ᠤᠷᠤᠰᠤᠨ ᠣᠷᠣᠵᠤ ᠭᠠᠵᠠᠷ ᠤ᠋ᠨ ᠳᠣᠭᠤᠤᠷ ᠤᠷᠤᠰᠴᠤ ᠭᠠᠷᠤᠮᠤᠢ᠃ ᠡᠭᠦᠳᠴᠦ ᠦᠢᠯᠡᠳᠦᠭᠰᠡᠨ ᠢᠨᠤ ᠮᠠᠰᠢᠳᠠ ᠤᠷᠠᠨ ᠨᠠᠷᠢᠨ᠂ ᠣᠰᠤᠨ᠎ᠠ ᠬᠤᠷᠤᠭᠤ ᠪᠠᠨ ᠲᠥᠷᠥᠵᠦ ᠦᠵᠡᠪᠡᠰᠦ ᠬᠠᠯᠠᠭᠤᠬᠠᠨ ᠪᠦᠯᠢᠶᠡᠨ ᠮᠠᠰᠢ ᠲᠠᠭᠠᠯᠠᠮᠵᠢᠲᠠᠢ ᠵᠣᠬᠢᠰ ᠲᠠᠢ ᠳ᠋ᠤᠷ ᠴᠠᠭᠠᠲᠠᠢ ᠲᠠᠢᠽᠢ ᠪᠤᠳᠠᠭ᠎ᠠ ᠳᠡᠷᠡᠰᠦᠨ ᠦ᠌ ᠳᠦᠭᠦᠷᠡᠩ ᠴᠢᠳᠬᠤᠯᠠᠩ ᠳ᠋ᠤᠷ ᠪᠠᠶᠠᠰᠬᠤᠯᠠᠩ ᠲᠥᠷᠥᠵᠦ ᠤᠬᠢᠶᠠᠰᠤᠭᠠᠢ ᠭᠡᠮᠡᠨ ᠲᠡᠷᠡ ᠪᠢᠴᠢᠬᠠᠨ ᠲᠠᠢᠭᠠᠨ ᠢ᠋ ᠴᠢ ᠴᠢᠨᠠᠳᠤ ᠬᠡᠷᠲᠡᠭᠡᠨ ᠡᠴᠢᠵᠦ ᠰᠡᠷᠢᠭᠦᠴᠡᠨ ᠬᠡᠪᠲᠡᠭᠲᠦᠨ ᠭᠡᠮᠡᠨ ᠢᠯᠡᠭᠡᠭᠡᠳ᠂ ᠥᠪᠡᠷ ᠢ᠋ᠶ᠋ᠡᠨ ᠬᠡᠳᠦᠨ ᠳᠠᠪᠬᠤᠷ ᠡᠭᠦᠳᠡ ᠶ᠋ᠢ ᠬᠠᠭᠠᠵᠤ᠂ ᠬᠥᠰᠢᠭᠡ ᠰᠠᠨᠳᠠᠯᠢ ᠳ᠋ᠤᠷ ᠰᠠᠭᠤᠵᠤ ᠲᠠᠢᠴᠢᠭᠠᠳ ᠣᠰᠤᠨ᠎ᠠ ᠣᠷᠣᠬᠤ ᠳᠠᠷᠠᠰ ᠲᠣᠷᠭᠠᠨ ᠨᠥᠮᠥᠷᠭᠡ ᠶ᠋ᠢ ᠨᠥᠮᠥᠷᠴᠦ᠂ ᠤᠰᠤᠨ ᠳ᠋ᠤᠷ ᠣᠷᠣᠪᠠᠰᠤ ᠦᠨᠡᠬᠡᠷ ᠮᠠᠰᠢ ᠲᠠᠭᠠᠯᠠᠮᠵᠢᠲᠠᠢ᠃ ᠤᠰᠤᠨ ᠤ᠋ ᠳᠣᠲᠣᠷ᠎ᠠ ᠥᠪᠡᠷ᠎ᠡ ᠵᠦᠢᠯ ᠦ᠋ᠨ ᠺᠠᠪᠢᠷ᠎ᠠ ᠶ᠋ᠢᠨ ᠤᠰᠤ᠂ ᠠᠩᠬᠢᠯᠤᠮᠠᠯ ᠡᠮ ᠬᠣᠯᠢᠵᠤᠬᠤᠢ᠃ ᠴᠠᠭᠠᠲᠠᠢ ᠲᠠᠢᠽᠢ ᠮᠠᠰᠢ ᠪᠡᠶᠡᠰᠦᠨ ᠲᠠᠭᠠᠯᠠᠵᠤ᠂ ᠳᠠᠷᠠᠰ ᠲᠣᠷᠭᠠᠨ ᠨᠥᠮᠥᠷᠭᠡ ᠶ᠋ᠢ ᠬᠠᠰ ᠬᠠᠰᠢᠯᠭ᠎ᠠ ᠶ᠋ᠢᠨ ᠬᠥᠪᠡᠭᠡᠨ᠎ᠡ ᠲᠠᠯᠪᠢᠵᠤ᠂ ᠬᠡᠬᠦᠳᠡᠭ ᠬᠡᠲᠦᠷᠡᠬᠦ ᠭᠦᠨ ᠣᠰᠤᠨ᠎ᠠ ᠤᠬᠢᠶᠠᠯᠠᠨ ᠵᠤᠨ ᠤ᠋ ᠬᠠᠯᠠᠭᠤᠨ᠎ᠠ ᠮᠣᠷᠢᠨ ᠤ᠋ ᠳᠡᠭᠡᠷ᠎ᠡ ᠶᠠᠳᠠᠵᠤ ᠴᠢᠯᠡᠭᠰᠡᠨ ᠪᠡᠶ᠎ᠡ ᠴᠣᠭᠴᠠ ᠴᠠᠭ ᠭᠱᠠᠨ᠎ᠠ ᠲᠠᠯᠪᠢᠭᠤᠷᠠᠨ ᠠᠮᠤᠷᠵᠢᠵᠤ᠂ ᠤᠯᠠᠮ ᠤᠬᠢᠶᠠᠬᠤᠶ᠎ᠠ ᠤᠯᠠᠮ ᠲᠠᠭᠠᠯᠠᠮᠵᠢᠲᠠᠢ᠂ ᠨᠢᠳᠦ ᠭᠡᠢᠷᠡᠨ ᠴᠡᠭᠡᠵᠢ ᠠᠭᠤᠵᠢᠷᠠᠨ ᠦᠶᠡᠰ ᠭᠡᠰᠢᠭᠦᠨ ᠲᠠᠯᠪᠢᠭᠤᠷᠠᠨ ᠰᠤᠯᠠᠷᠠᠵᠤ᠂ ᠬᠠᠭᠠᠰ ᠴᠠᠭ ᠤᠷᠪᠠᠨ ᠬᠥᠷᠪᠡᠨ ᠤᠮᠪᠠᠨ ᠵᠦᠯᠭᠦᠵᠦ ᠤᠬᠢᠶᠠᠲᠠᠯ᠎ᠠ ᠤᠰᠤᠨ ᠳᠡᠭᠡᠷ᠎ᠡ ᠶᠡᠷᠦ ᠪᠤᠯᠠᠩᠭᠢᠷ ᠭᠬᠢᠷ ᠳᠡᠭᠳᠡᠬᠦ ᠦᠭᠡᠢ ᠳ᠋ᠦ᠍ᠷ ᠭᠠᠢᠬᠠᠵᠤ ᠨᠠᠷᠢᠪᠴᠢᠯᠠᠨ ᠳᠡᠭᠦᠨᠦ ᠤᠴᠢᠷ ᠢ᠋ ᠬᠢᠨᠠᠨ ᠦᠵᠡᠪᠡᠰᠦ ᠤᠰᠤᠨ ᠳᠡᠭᠡᠷ᠎ᠡ ᠬᠥᠷᠥᠰᠥᠨ ᠬᠥᠭᠡᠰᠦ ᠪᠠ ᠭᠬᠢᠷ ᠪᠤᠷᠲᠠᠭ ᠴᠥᠮ ᠲᠡᠷᠡ ᠲᠡᠭᠰᠢᠳᠬᠡᠯ ᠤᠰᠤᠨ ᠤ᠋ ᠴᠢᠯᠠᠭᠤᠨ ᠵᠡᠪᠰᠡᠷ᠎ᠡ ᠳ᠋ᠦ᠍ᠷ ᠤᠷᠤᠰᠤᠨ ᠣᠷᠣᠵᠤ ᠡᠴᠢᠬᠦ ᠠᠵᠤᠭᠤ᠃ ᠬᠤᠮᠬ᠎ᠠ ᠶ᠋ᠢᠨ ᠬᠥᠪᠡᠭᠡᠨ ᠳ᠋ᠦ᠍ᠷ ᠨᠢᠭᠡᠨ ᠮᠥᠷ ᠬᠤᠨᠳᠠᠭᠠᠨ ᠴᠢᠨᠡᠭᠡᠨ ᠬᠢᠲᠠᠳ ᠦᠰᠦᠭ ᠰᠡᠢᠯᠵᠦᠬᠦᠢ᠃ ᠴᠠᠭᠠᠲᠠᠢ ᠲᠠᠢᠽᠢ ᠦᠰᠦᠭ ᠢ᠋ ᠭᠠᠷᠭᠠᠬᠤ ᠦᠭᠡᠢ᠂ ᠭᠠᠢᠬᠠᠨ ᠰᠠᠨᠠᠷᠤᠨ : ᠲᠡᠷᠡ ᠪᠤᠯᠤ ᠸᠠᠩ ᠤ᠋ᠨ ᠵᠡᠷᠭᠡ ᠶ᠋ᠢᠨ ᠪᠦᠳᠦᠭᠦᠯᠢᠭ ᠶᠠᠭᠤᠮ᠎ᠠ ᠶᠠᠭᠤᠨᠠᠢ ᠡᠭᠦᠨ ᠢ᠋ ᠡᠭᠦᠳᠴᠦ ᠴᠢᠳᠠᠬᠤ᠂ ᠯᠠᠪ ᠡᠷᠲᠡᠨ ᠦ᠌ ᠯᠢᠶᠣᠣ ᠤᠯᠤᠰ ᠠ᠋ᠴᠠ ᠪᠠᠢᠵᠤᠬᠤᠢ᠃ ᠭᠠᠭᠴᠠ ᠠᠷᠴᠢᠵᠤ ᠠᠷᠢᠯᠭᠠᠨ ᠰᠢᠨᠡᠳᠬᠡᠨ ᠵᠠᠰᠠᠭᠰᠠᠨ ᠠᠨᠤ ᠶᠠᠭᠤᠲᠠᠢ ᠡᠢᠮᠦ ᠠᠷᠢᠭᠤᠨ ᠴᠡᠭᠡᠷ᠂ ᠢᠯᠭᠤᠮ ᠲᠤᠩᠭᠠᠯᠠᠭ᠂ ᠲᠡᠷᠡ ᠵᠢᠯ ᠪᠢ ᠮᠥᠨ ᠢᠷᠡᠭᠡᠳ ᠤᠷᠲᠤ ᠬᠠᠷᠰᠢ ᠶ᠋ᠢ ᠦᠵᠡᠭᠰᠡᠨ ᠴᠦ᠍ ᠡᠢᠮᠦ ᠠᠷᠢᠭᠤᠨ ᠤᠰᠤ ᠤᠬᠢᠶᠠᠯ ᠪᠣᠢ ᠭᠡᠮᠡᠨ ᠡᠰᠡ ᠰᠣᠨᠣᠰᠪᠠ᠃ ᠲᠡᠷᠡ ᠲᠤᠬᠠᠢ ᠬᠠᠯᠠᠭᠤᠨ ᠴᠠᠭ ᠪᠤᠰᠤ ᠲᠤᠯᠠ ᠡᠰᠡ ᠤᠪᠠᠢᠯᠠᠪᠠᠢ ᠊ᠶ᠎ᠠ ᠭᠡᠮᠡᠨ ᠨᠢᠭᠡᠨ ᠳᠡᠭᠡᠭᠦᠷ ᠰᠠᠨᠠᠵᠤ᠂ ᠨᠢᠭᠡᠨ ᠳᠡᠭᠡᠭᠦᠷ ᠤᠰᠤᠨ ᠠ᠋ᠴᠠ ᠭᠠᠷᠴᠤ᠂ ᠳᠠᠷᠠᠰ ᠨᠥᠮᠥᠷᠭᠡ ᠶ᠋ᠢ ᠨᠥᠮᠥᠷᠦᠨ ᠳᠠᠩ ᠬᠤᠯᠤᠰᠤᠨ ᠤ᠋ ᠭᠥᠷᠦᠮᠡᠯᠢ ᠰᠢᠷᠡᠭᠡᠨ᠎ᠡ ᠰᠠᠭᠤᠵᠤ ᠂ ᠤᠰᠤᠨ ᠢ᠋ ᠰᠢᠪᠬᠡᠷᠡᠭᠦᠯᠦᠨ᠂ ᠪᠡᠯᠡᠳᠬᠡᠨ ᠲᠠᠯᠪᠢᠭᠰᠠᠨ ᠰᠠᠢᠬᠠᠨ ᠦᠨᠦᠷᠲᠦ ᠠᠷᠢᠭᠤᠨ ᠪᠥᠰ ᠠᠯᠴᠢᠭᠤᠷ ᠢ᠋ᠶ᠋ᠠᠷ ᠠᠷᠴᠢᠵᠤ᠂ ᠪᠡᠯᠡᠳᠬᠡᠭᠰᠡᠨ ᠱᠠ ᠯᠦᠸᠧ ᠶ᠋ᠢᠨ ᠰᠢᠨ᠎ᠡ ᠨᠢᠮᠭᠡᠨ ᠰᠡᠢᠮᠡᠬᠡᠢ ᠳᠣᠲᠣᠭᠠᠳᠤ ᠬᠤᠪᠴᠠᠳ ᠬᠤᠨᠠᠷ ᠢ᠋ ᠠᠨᠤ ᠬᠠᠯᠠᠨ ᠡᠮᠦᠰᠴᠦ᠂ ᠵᠠᠭᠠᠷ ᠤ᠋ᠨ ᠰᠢᠩᠭᠡᠨ ᠦᠨᠦᠷᠲᠦ ᠤᠷᠲᠤ ᠬᠤᠪᠴᠠᠳ ᠤ᠋ᠨ ᠳᠣᠲᠣᠷ᠎ᠠ ᠠ᠋ᠴᠠ ᠨᠢᠭᠡᠨ ᠵᠠᠬ᠎ᠠ ᠬᠥᠩᠭᠡᠨ ᠰᠡᠷᠢᠭᠦᠨ᠂ ᠰᠢᠷᠬᠡᠭ ᠨᠡᠢᠯᠡᠭᠰᠡᠨ ᠯᠦᠸᠧ ᠶ᠋ᠢᠨ ᠬᠡᠢᠪᠠᠡᠭ ᠴᠠᠢᠪᠤᠷ ᠴᠠᠮᠴᠠ ᠶ᠋ᠢ ᠨᠥᠮᠥᠷᠴᠦ᠂ ᠬᠠᠵᠠᠭᠤᠳᠠ ᠪᠡᠯᠡᠳᠬᠡᠭᠰᠡᠨ ᠮᠥᠩᠭᠥᠨ ᠦ᠌ ᠴᠠᠷ᠎ᠠ ᠶ᠋ᠢᠨ ᠠᠷᠢᠭᠤᠨ ᠣᠰᠤᠨ᠎ᠠ ᠨᠢᠭᠤᠷ ᠭᠠᠷ ᠢ᠋ ᠳᠠᠬᠢᠨ ᠠᠷᠴᠢᠭᠠᠳ᠂ ᠪᠡᠶ᠎ᠡ ᠮᠠᠬᠠᠪᠣᠳ ᠮᠠᠰᠢ ᠲᠠᠭᠠᠯᠠᠮᠵᠢᠲᠠᠢ ᠪᠠᠶᠠᠰᠬᠤᠯᠠᠩ᠂ ᠬᠥᠰᠢᠭᠡ ᠳᠦᠭᠦᠷᠡᠩ ᠭᠠᠢᠬᠠᠮᠰᠢᠭ ᠬᠦᠵᠢᠰ ᠦ᠋ᠨ ᠦᠨᠦᠷ ᠲᠤᠨᠤᠷᠠᠨ᠂ ᠴᠡᠷᠢᠭ ᠮᠣᠷᠢᠨ ᠤ᠋ ᠳᠣᠲᠣᠷ᠎ᠠ ᠬᠠᠭᠰᠠᠮ᠎ᠠ ᠬᠠᠯᠠᠭᠤᠨ ᠡᠯᠡᠰᠦ ᠮᠠᠩᠬ᠎ᠠ ᠶ᠋ᠢᠨ ᠡᠭᠡᠭᠡᠭᠳᠡᠯ ᠳ᠋ᠦ᠍ᠷ ᠦᠢᠮᠡᠯᠳᠦᠨ ᠠᠢᠮᠠᠯᠳᠤᠨ ᠳᠣᠪᠲᠣᠯᠤᠨ ᠶᠠᠪᠤᠨ ᠶᠠᠳᠠᠵᠤ ᠴᠢᠯᠡᠭᠰᠡᠨ ᠦ ᠲᠤᠯᠠ ᠡᠨᠡ ᠨᠢᠭᠡᠨ ᠴᠠᠭ ᠤ᠋ᠨ ᠤᠬᠢᠶᠠᠯ ᠰᠡᠷᠭᠦᠭᠡᠯ ᠳ᠋ᠦ᠍ᠷ ᠦᠨᠡᠬᠡᠷ ᠬᠤᠪᠢ ᠶ᠋ᠢᠨ ᠭᠠᠳᠠᠨ᠎ᠠ ᠲᠠᠭᠠᠯᠠᠮᠵᠢᠲᠠᠢ ᠪᠠᠶᠠᠰᠬᠤᠯᠠᠩ ᠲᠠᠢ᠃ ᠴᠢᠨᠠᠳᠤ ᠣᠷᠳᠣᠨ ᠤ᠋ ᠬᠥᠰᠢᠭᠡ ᠰᠠᠨᠳᠠᠯᠢ ᠠ᠋ᠴᠠ ᠪᠠᠰᠠ ᠰᠡᠷᠢᠭᠦᠨ ᠠᠮᠤᠷᠯᠢᠩᠭᠤᠢ ᠳ᠋ᠤᠷ ᠪᠡᠶᠡᠰᠦᠨ ᠬᠥᠭᠵᠢᠵᠦ᠂ ᠲᠣᠭᠣᠷᠢᠭᠰᠠᠨ ᠯᠠᠪ ᠵᠤᠯᠠ ᠪᠦᠬᠦᠨ ᠢ᠋ ᠴᠥᠮ ᠬᠠᠢᠴᠢᠯᠠᠨ ᠰᠢᠨᠡᠳᠬᠡᠵᠦ᠂ ᠰᠢᠷᠡᠭᠡᠨ ᠳ᠋ᠦ᠍ᠷ ᠲᠠᠯᠪᠢᠭᠰᠠᠨ ᠰᠢᠯ ᠪᠣᠯᠣᠷ ᠤ᠋ᠨ ᠠᠶᠠᠭ᠎ᠠ ᠬᠦᠬᠦᠷ ᠲᠦ᠍ ᠬᠡᠳᠦᠨ ᠵᠦᠢᠯ ᠦ᠋ᠨ ᠰᠡᠷᠢᠭᠦᠨ ᠴᠠᠢ᠂ ᠠᠩᠬᠢᠯᠤᠮᠠᠯ ᠤᠰᠤ ᠶ᠋ᠢ ᠣᠭᠣᠴᠢᠵᠤ ᠠᠮᠠ ᠵᠠᠢᠯᠵᠤ᠂ ᠶᠦᠸᠠᠢ ᠸᠠᠩ ᠯᠢ ᠠᠨ ᠴᠢᠦᠸᠠᠨ ᠤ᠋ ᠬᠦᠨᠳᠦᠯᠡᠯ ᠬᠢᠴᠢᠶᠡᠩᠬᠦᠢᠯᠡᠯ ᠢ᠋ ᠰᠠᠨᠠᠵᠤ ᠂ ᠪᠠᠰᠠ ᠳᠡᠭᠦᠨᠦ ᠥᠬᠢᠨ ᠯᠢ ᠼᠦᠨ ᠵᠣ᠌ ᠬᠡᠳᠦᠨ ᠡᠳᠦᠷ ᠲᠣᠷ ᠴᠡᠷᠢᠭ ᠠᠪᠤᠨ ᠤᠭᠲᠤᠨ ᠢᠷᠡᠮᠦᠢ ᠬᠡᠮᠡᠬᠦ ᠶ᠋ᠢ ᠰᠠᠨᠠᠵᠤ᠂ ᠰᠠᠶᠢ ᠪᠠᠬᠠᠨ ᠬᠠᠵᠠᠭᠤᠯᠠᠵᠤ ᠠᠮᠠᠷᠠᠰᠤᠭᠠᠢ ᠭᠡᠮᠡᠨ ᠪᠡᠯᠡᠨ ᠪᠦᠬᠦᠢ ᠶᠡᠬᠡ ᠳᠡᠷ᠎ᠡ ᠳ᠋ᠦ᠍ᠷ ᠬᠡᠯᠪᠡᠢᠨ ᠲᠦᠰᠢᠵᠦ ᠰᠠᠶᠢ ᠬᠡᠪᠲᠡᠲᠡᠯ᠎ᠡ᠂ ᠬᠡᠷᠡᠮ ᠦ᠋ᠨ ᠴᠡᠭᠠᠰᠤᠨ᠎ᠠ ᠱᠠᠷᠴᠢᠭᠢᠨᠠᠬᠤ ᠥᠴᠦᠬᠡᠨ ᠳᠠᠭᠤᠨ ᠭᠠᠷᠤᠭᠰᠠᠨ ᠳ᠋ᠤᠷ ᠡᠮᠦᠨ᠎ᠡ ᠭᠠᠵᠠᠷ ᠡᠯᠳᠡᠪ ᠵᠦᠢᠯ ᠦ᠋ᠨ ᠬᠠᠳᠬᠤᠬᠤ ᠵᠠᠭᠤᠬᠤ ᠬᠣᠣᠷᠠᠲᠤ ᠰᠢᠪᠠᠵᠢ ᠬᠢᠯᠢᠨᠴᠡᠲᠦ ᠬᠣᠷᠣᠬᠠᠢ ᠪᠠᠢᠮᠤᠢ ᠬᠡᠮᠡᠯᠦᠭᠡ ᠭᠡᠮᠡᠨ ᠰᠢᠷᠡᠭᠡᠨ ᠦ᠌ ᠳᠡᠭᠡᠷᠡᠬᠢ ᠯᠠᠪ ᠵᠤᠯᠠ ᠶ᠋ᠢ ᠪᠠᠷᠢᠵᠤ᠂ ᠭᠡᠷᠦᠨ ᠳᠣᠲᠣᠷ᠎ᠠ ᠲᠤᠭᠤᠷᠭᠠᠨ ᠤ᠋ ᠳᠡᠭᠡᠷ᠎ᠡ ᠱᠠᠷᠴᠢᠭᠢᠨᠠᠬᠤ ᠴᠢᠮᠡᠭᠡᠨ ᠦ᠌ ᠵᠦᠭ ᠦᠵᠡᠪᠡᠰᠦ᠂ ᠴᠢᠬᠡ ᠡᠰᠡᠷᠭᠦ ᠵᠡᠭᠦᠨ ᠶᠡᠬᠡ ᠲᠤᠭᠤᠷᠭᠠᠨ ᠤ᠋ ᠳᠡᠭᠡᠷ᠎ᠡ ᠡᠴᠡ ᠬᠦᠰᠡᠷ᠎ᠡ ᠬᠦᠷᠲᠡᠯ᠎ᠡ ᠨᠢᠭᠡᠨ ᠶᠡᠬᠡ ᠪᠣᠰᠤᠭ᠎ᠠ ᠲᠡᠩᠭᠡᠯᠢᠭᠲᠦ ᠱᠣ ᠲᠣᠷᠭᠠᠮᠰᠤᠭ ᠲᠤᠷ ᠵᠢᠷᠤᠭᠰᠠᠨ ᠨᠠᠰᠤᠨ ᠪᠤᠶᠠᠨ ᠬᠡᠰᠢᠭ ᠭᠤᠷᠪᠠᠨ ᠰᠢᠳᠢᠲᠡᠨ ᠦ᠌ ᠵᠢᠷᠤᠭ ᠡᠯᠭᠦᠭᠡᠳ᠂ ᠲᠡᠷᠡ ᠵᠢᠷᠤᠭᠰᠠᠨ ᠨᠠᠰᠤᠨ ᠰᠢᠳᠢᠲᠡᠨ ᠦ᠌ ᠲᠠᠶᠠᠭ ᠤ᠋ᠨ ᠯᠤᠤ ᠶ᠋ᠢᠨ ᠲᠣᠯᠣᠭᠠᠢ ᠶ᠋ᠢᠨ ᠳᠣᠣᠷ᠎ᠠ ᠥᠪᠡᠷ᠎ᠡ ᠨᠢᠭᠡᠨ ᠵᠤᠷᠪᠤᠰ ᠨᠢᠮᠭᠡᠨ ᠣᠷᠳᠣᠨ ᠤ᠋ ᠴᠠᠭᠠᠰᠤᠨ ᠳ᠋ᠤᠷ ᠨᠢᠭᠡᠨ ᠬᠤᠭᠤᠷᠬᠠᠢ ᠰᠤᠮᠤᠨ ᠤ᠋ ᠳᠣᠣᠷᠠᠲᠤ ᠬᠠᠭᠠᠰ ᠤ᠋ᠨ ᠵᠡᠪᠡ ᠤᠭᠯᠠᠭᠰᠠᠨ ᠦᠵᠦᠭᠦᠷ ᠢ ᠵᠣᠷᠭᠣᠭᠠᠳ᠂ ᠬᠠᠵᠠᠭᠤᠳᠠ ᠠᠨᠤ ᠤᠢᠭᠤᠷ ᠦᠰᠦᠭ ᠢ᠋ᠶ᠋ᠡᠷ 《ᠴᠠᠭᠠᠨ ᠲᠠᠢᠽᠢ ᠶ᠋ᠢᠨ ᠴᠢᠰᠤᠨ ᠪᠠᠢᠯᠳᠤᠭᠠᠨ ᠤ᠋ ᠲᠠᠩᠭᠠᠷᠢᠭ 》ᠬᠡᠮᠡᠬᠦ ᠲᠠᠪᠤᠨ ᠨᠠᠷᠢᠨ ᠦᠰᠦᠭ ᠪᠢᠴᠢᠵᠦᠬᠦᠢ᠃ ᠴᠠᠭᠠᠲᠠᠢ ᠲᠠᠢᠽᠢ ᠬᠣᠷᠣᠬᠠᠢ ᠡᠷᠢᠬᠦ ᠶ᠋ᠢᠨ ᠵᠠᠪᠰᠠᠷ᠎ᠠ᠂ ᠬᠣᠷᠣᠮᠬᠠᠨ ᠵᠠᠭᠤᠷ᠎ᠠ ᠡᠭᠦᠨ ᠢ᠋ ᠦᠵᠡᠭᠡᠳ᠂ ᠪᠦᠬᠦᠯᠢ ᠪᠡᠶ᠎ᠡ ᠮᠠᠨᠠᠷᠠᠨ ᠤᠨᠲᠠᠷᠠᠵᠤ᠂ ᠡᠨᠡ ᠵᠡᠪᠡ ᠬᠡᠮᠡᠭᠴᠢ ᠪᠢ ᠲᠠᠩᠭᠤᠳ ᠤ᠋ᠨ ᠤ᠋ ᠯᠤᠸᠠᠨ ᠵᠢᠶᠦ᠋ᠨ ᠵᠣ᠌ ᠠᠪᠠᠬᠠᠢ ᠳ᠋ᠤᠷ ᠥᠭᠴᠦ ᠲᠡᠮᠳᠡᠭ ᠪᠣᠯᠭᠠᠭᠰᠠᠨ ᠬᠤᠭᠤᠷᠬᠠᠢ ᠵᠡᠪᠡ ᠶ᠋ᠢ ᠲᠡᠷᠡ ᠪᠢᠳᠡ ᠬᠣᠶᠠᠭᠤᠯᠠ ᠠ᠋ᠴᠠ ᠪᠤᠰᠤ ᠬᠡᠨ ᠴᠦ᠍ ᠪᠡᠷ ᠦᠯᠦ ᠮᠡᠳᠡᠬᠦ ᠬᠡᠷᠡᠭ ᠪᠥᠭᠡᠲᠡᠯ᠎ᠡ᠂ ᠶᠠᠭᠤᠨᠲᠤ ᠡᠨᠡ ᠵᠢᠷᠤᠭ ᠲᠤᠷ ᠨᠠᠭᠠᠵᠤ ᠪᠣᠢ ? ᠡᠭᠦᠨ ᠳ᠋ᠦ᠍ᠷ ᠡᠷᠬᠡ ᠦᠭᠡᠢ ᠨᠠᠷᠢᠨ ᠤᠴᠢᠷ ᠪᠣᠢ᠂ ᠡᠰᠡᠬᠦᠯ᠎ᠡ ᠶ᠋ᠢᠨ ᠯᠤᠸᠠᠨ ᠵᠢᠶᠦ᠋ᠨ ᠵᠣ᠌ ᠤᠷᠢᠳᠠ ᠬᠡᠳᠦᠢᠨ ᠢᠷᠡᠵᠦ ᠡᠨᠳᠡ ᠪᠠᠢᠬᠤ ᠪᠣᠯᠪᠠᠤ ᠭᠡᠮᠡᠨ ᠬᠠᠷᠠᠬᠠᠨ ᠮᠡᠯᠡᠷᠡᠨ ᠵᠣᠭᠰᠣᠵᠤ᠂ ᠲᠡᠷᠡ ᠵᠢᠷᠤᠭ ᠤ᠋ᠨ ᠵᠦᠭ ᠪᠦᠯᠲᠡᠢᠨ ᠰᠢᠷᠳᠡᠬᠦᠶ᠎ᠡ᠂ ᠲᠡᠷᠡ ᠵᠤᠷᠪᠤᠰ ᠴᠠᠭᠠᠰᠤ ᠭᠡᠨᠡᠳᠲᠡ ᠥᠪᠡᠷ ᠢ᠋ᠶ᠋ᠡᠨ ᠵᠢᠷᠤᠭ ᠠ᠋ᠴᠠ ᠬᠣᠪᠬᠣᠷᠠᠨ ᠳᠣᠷᠣᠭᠰᠢ ᠤᠨᠠᠵᠤ ᠢᠷᠡᠬᠦᠶ᠎ᠡ᠂ ᠴᠠᠭᠠᠲᠠᠢ ᠨᠡᠩ ᠶᠡᠬᠡᠯ᠎ᠡ ᠭᠠᠢᠬᠠᠵᠤ᠂ ᠤᠰᠤᠨ ᠳ᠋ᠤᠷ ᠤᠨᠠᠭᠤᠵᠠᠢ ᠭᠡᠮᠡᠨ ᠮᠡᠩᠳᠡᠨ ᠰᠡᠩᠳᠡᠨ ᠲᠣᠰᠴᠤ ᠠᠪᠤᠭᠠᠳ ᠂ ᠵᠤᠯᠠ ᠶ᠋ᠢ ᠰᠢᠷᠡᠭᠡᠨ ᠦ᠌ ᠳᠡᠭᠡᠷ᠎ᠡ ᠲᠠᠯᠪᠢᠭᠠᠳ᠂ ᠲᠡᠷᠡ ᠵᠤᠷᠪᠤᠰ ᠴᠠᠭᠠᠰᠤ ᠶ᠋ᠢ ᠤᠷᠪᠠᠭᠤᠯᠤᠨ ᠬᠥᠷᠪᠡᠭᠦᠯᠦᠨ ᠦᠵᠡᠬᠦᠶ᠎ᠡ᠂ ᠴᠠᠭᠠᠰᠤᠨ ᠤ᠋ ᠠᠷᠤ ᠶ᠋ᠢᠨ ᠰᠢᠷ᠎ᠠ ᠵᠤᠷᠪᠤᠰ ᠨᠣᠯᠣᠮ ᠳ᠋ᠤᠷ : 
       ᠵᠡᠪᠡ ᠶ᠋ᠢᠨ ᠤᠴᠢᠷ ᠢ᠋ ᠣᠯᠰᠤᠭᠠᠢ ᠭᠡᠮᠡᠨ ᠬᠦᠰᠡᠪᠡᠰᠦ 
       ᠵᠢᠷᠤᠭᠰᠠᠨ ᠰᠢᠳᠢᠲᠡᠨ᠎ᠡ ᠭᠤᠷᠪᠠᠨᠲᠠ ᠮᠥᠷᠭᠥᠮᠡᠭᠴᠡ ᠢᠯᠡᠷᠡᠮᠦᠢ᠃ 
ᠬᠡᠮᠡᠬᠦ ᠠᠷᠪᠠᠨ ᠦᠭᠡᠰ ᠦ᠋ᠨ ᠵᠤᠷᠪᠤᠰ ᠢ᠋ ᠨᠠᠭᠠᠯᠳᠤᠭᠤᠯᠵᠤᠬᠤᠢ᠃ ᠡᠭᠦᠨ ᠳ᠋ᠦ᠍ᠷ ᠲᠠᠢᠽᠢ ᠴᠠᠭᠠᠲᠠᠢ ᠴᠠᠭ ᠳᠣᠲᠣᠷ᠎ᠠ ᠴᠠᠭᠠᠨ ᠤᠯᠠᠭᠠᠨ ᠢ᠋ᠶ᠋ᠠᠷ ᠤᠷᠪᠠᠵᠤ᠂ ᠵᠡᠭᠦᠳᠦᠨ ᠵᠡᠷᠭᠡᠯᠭᠡᠨ᠎ᠡ ᠣᠷᠣᠭᠰᠠᠨ ᠮᠡᠲᠦ ᠪᠣᠯᠵᠤ᠂ ᠴᠠᠭᠠᠰᠤᠨ ᠤ᠋ ᠬᠥᠷᠥᠭ ᠯᠦ᠍ᠭᠡ ᠬᠡᠯᠡᠯᠴᠡᠬᠦᠢ ᠳ᠋ᠦ᠍ᠷ ᠬᠦᠷᠴᠦ᠂ ᠪᠠᠰᠠ ᠭᠡᠨᠡᠳᠲᠡ ᠰᠡᠬᠡᠰᠬᠢᠨ ᠡᠭᠡᠭᠦᠯᠦᠨ ᠰᠠᠨᠠᠵᠤ ᠥᠪᠡᠷ ᠢ᠋ᠶ᠋ᠡᠨ ᠮᠥᠨ ᠢᠨᠢᠶᠡᠳᠦ ᠠᠯᠳᠠᠵᠤ᠂ ᠬᠠᠮᠢᠭᠠᠰᠢ ᠪᠣᠳᠣᠪᠠᠴᠤ ᠤᠬᠠᠭᠠᠨ ᠢ᠋ ᠠᠨᠤ ᠣᠯᠬᠤ ᠦᠭᠡᠢ᠃ ᠪᠠᠰᠠ ᠲᠡᠷᠡ ᠬᠦ᠌ ᠬᠥᠷᠥᠭ ᠵᠢᠷᠤᠭ ᠢ᠋ ᠦᠵᠡᠪᠡᠰᠦ : ᠡᠷᠲᠡᠨ ᠦ᠌ ᠦᠶ᠎ᠡ ᠶ᠋ᠢᠨ ᠮᠥᠨ ᠬᠦ᠌ ᠳ᠋ᠠᠢ ᠯᠢᠶᠣᠣ ᠤᠯᠤᠰ ᠤ᠋ᠨ ᠳᠡᠭᠡᠳᠦ ᠬᠠᠳ ᠤ᠋ᠨ ᠦᠶ᠎ᠡ ᠳ᠋ᠦ᠍ᠷ ᠵᠢᠷᠤᠭᠰᠠᠨ ᠬᠠᠭᠠᠨ ᠤ᠋ ᠣᠷᠳᠣᠨ ᠤ᠋ ᠳᠣᠲᠣᠷ᠎ᠠ ᠡᠯᠭᠦᠬᠦ ᠲᠤᠢᠯ ᠤ᠋ᠨ ᠨᠠᠷᠢᠨ ᠨᠢᠭᠲᠠ ᠤᠷᠠᠨ ᠵᠢᠷᠤᠭ ᠲᠤᠯᠠ᠂ ᠦᠨᠡᠬᠡᠷ ᠠᠮᠢᠳᠤ ᠪᠠᠢᠳᠠᠯ ᠪᠠᠶᠠᠰᠬᠤᠯᠠᠩ ᠴᠢᠷᠠᠢ ᠲᠠᠢ ᠬᠥᠮᠦᠨ᠂ ᠦᠵᠡᠬᠦ ᠳᠣᠳᠣᠮ ᠭᠦᠨ ᠲᠠᠭᠠᠯᠠᠮᠵᠢᠲᠠᠢ ᠪᠥᠭᠡᠳ ᠣᠳᠣᠨ ᠤ᠋ ᠡᠵᠡᠨ᠂ ᠨᠠᠰᠤᠨ ᠤ᠋ ᠰᠢᠳᠢᠲᠡᠨ᠂ ᠬᠡᠰᠢᠭ ᠦ᠋ᠨ ᠲᠡᠭᠷᠢ᠂ ᠠᠯᠢᠨ ᠴᠤ᠌ ᠴᠥᠮ ᠡᠵᠡᠳ ᠬᠤᠪᠢᠯᠭᠠᠨ ᠰᠠᠬᠢᠭᠤᠯᠰᠤᠨ ᠲᠡᠭᠷᠢ ᠪᠥᠭᠡᠳ ᠴᠥᠮ ᠢ᠋ᠶ᠋ᠡᠷ ᠣᠷᠴᠢᠯᠠᠩ ᠤ᠋ᠨ ᠬᠥᠮᠦᠨ ᠠᠮᠢᠳᠠᠨ᠎ᠠ ᠲᠤᠰᠠᠯᠠᠭᠴᠢ ᠰᠠᠢᠨ ᠵᠦᠭ ᠦ᠋ᠨ ᠲᠡᠭᠷᠢᠰ ᠲᠤᠯᠠ ᠵᠦᠭᠡᠷ ᠨᠢᠭᠡᠨᠲᠡ ᠮᠥᠷᠭᠥᠬᠦᠢ ᠳ᠋ᠦ᠍ᠷ ᠴᠦ᠍ ᠶᠠᠮᠪᠠᠷ ᠦᠯᠦ ᠪᠣᠯᠬᠤ ᠭᠠᠵᠠᠷ ᠪᠠᠢᠬᠤ ᠠᠵᠠᠢ ? ᠨᠡᠩ ᠪᠠᠰᠠ ᠬᠠᠵᠠᠭᠤᠳᠠ ᠣᠭᠲᠣ ᠬᠥᠮᠦᠨ ᠦᠭᠡᠢ᠂ ᠬᠡᠨ ᠡᠯᠡᠭᠯᠡᠬᠦ ᠠᠵᠢ ? ᠭᠡᠮᠡᠨ ᠳᠠᠷᠤᠢ ᠬᠥᠯ ᠦ᠋ᠨ ᠠᠶ᠎ᠠ ᠪᠠᠷ ᠳᠣᠷᠣᠭᠰᠢ ᠰᠥᠭᠥᠳᠴᠦ ᠭᠤᠷᠪᠠᠨᠲᠠ ᠮᠥᠷᠭᠥᠭᠰᠡᠨ᠎ᠡ᠂ ᠲᠡᠷᠡ ᠶᠡᠬᠡ ᠬᠥᠷᠥᠭ ᠭᠡᠨᠡᠳᠲᠡ ᠬᠥᠳᠡᠯᠵᠦ᠂ ᠳᠡᠭᠡᠷ᠎ᠡ ᠦᠵᠦᠭᠦᠷ ᠡᠴᠡ ᠳᠣᠷᠣᠭᠰᠢ ᠣᠷᠢᠶᠠᠯᠳᠤᠨ ᠪᠠᠭᠤᠵᠤ ᠢᠷᠡᠭᠡᠳ ᠬᠦᠰᠡᠷ᠎ᠡ ᠬᠦᠷᠴᠦ᠂ ᠵᠢᠷᠤᠭ ᠤ᠋ᠨ ᠶᠡᠬᠡ ᠬᠥᠷᠥᠭ ᠦ᠋ᠨ ᠬᠣᠢᠨ᠎ᠠ ᠠ᠋ᠴᠠ ᠢᠨᠤ ᠨᠢᠭᠡᠨ ᠰᠡᠢᠯᠦᠮᠡᠯ ᠲᠠᠰᠤᠯᠪᠤᠷᠢ ᠶ᠋ᠢᠨ ᠡᠭᠦᠳᠡ ᠢᠯᠡᠷᠡᠨ ᠭᠠᠷᠴᠤ ᠢᠷᠡᠭᠡᠳ᠂ ᠴᠢᠨᠠᠳᠤ ᠥᠷᠥᠭᠡ ᠳ᠋ᠦ᠍ᠷ ᠡᠳᠦᠷ ᠨᠠᠷᠠᠨ ᠮᠡᠲᠦ ᠬᠡᠪ ᠭᠡᠭᠡᠬᠡᠨ᠂ ᠲᠣᠪ ᠲᠤᠩᠭᠠᠯᠠᠭ᠂ ᠳ᠋ᠸᠡᠭ ᠵᠤᠯᠠ ᠭᠡᠷ᠎ᠡ ᠭᠡᠷᠡᠯ ᠳᠦᠭᠦᠷᠲᠡᠯ᠎ᠡ ᠭᠡᠢᠭᠡᠨ ᠰᠢᠲᠠᠵᠤ᠂ ᠡᠭᠦᠳᠡᠨ ᠦ᠌ ᠬᠠᠲᠠᠪᠴᠢ ᠶ᠋ᠢᠨ ᠳᠣᠲᠣᠷ᠎ᠠ ᠦᠨᠡᠬᠡᠷ ᠨᠢᠭᠡᠨ ᠲᠡᠭᠷᠢ ᠶ᠋ᠢᠨ ᠥᠬᠢᠨ᠂ ᠬᠤᠪᠢᠯᠭᠠᠨ ᠷᠠᠬᠢᠨᠢ ᠭᠠᠳᠠᠭᠰᠢ ᠬᠠᠲᠤᠨ ᠢᠨᠢᠶᠡᠮᠰᠦᠭᠯᠡᠨ ᠰᠥᠭᠥᠳᠵᠦᠬᠦᠢ᠃ ᠦᠨᠡᠨ ᠢ᠋ᠶ᠋ᠡᠷ ᠬᠠᠰ ᠢ᠋ᠶ᠋ᠠᠷ ᠵᠦᠯᠭᠦᠨ ᠪᠦᠲᠦᠭᠡᠵᠦ᠂ ᠣ ᠪᠠᠷ ᠴᠣᠭᠴᠠᠯᠠᠨ ᠡᠭᠦᠳᠦᠭᠰᠡᠨ ᠠᠳᠠᠯᠢ᠂ ᠮᠥᠯᠰᠥᠨ ᠮᠡᠲᠦ ᠠᠷᠢᠭᠤᠨ᠂ ᠰᠤᠪᠤᠳ ᠠᠳᠠᠯᠢ ᠭᠡᠷᠡᠯᠲᠡᠢ᠂ ᠪᠡᠶ᠎ᠡ ᠳᠦᠭᠦᠷᠡᠩ ᠲᠡᠭᠷᠢ ᠶ᠋ᠢᠨ ᠨᠢᠰᠬᠦ ᠬᠡᠢᠰᠬᠦ ᠴᠢᠮᠡᠭ ᠪᠦᠴᠡᠲᠦ ᠡᠭᠦᠯᠡ ᠤᠨᠢᠶᠠᠷ ᠤ᠋ᠨ ᠬᠤᠪᠴᠠᠳ ᠴᠢᠮᠡᠭᠯᠡᠯ ᠢ᠋ᠶ᠋ᠡᠷ ᠬᠤᠪᠴᠠᠯᠠᠭᠰᠠᠨ᠂ ᠪᠠᠷᠠᠭᠤᠨ ᠲᠠᠩᠭᠤᠳ ᠤᠯᠤᠰ ᠤ᠋ᠨ ᠵᠢᠶᠦ᠋ᠨ ᠵᠣ᠌ ᠯᠢ ᠼᠦᠨ ᠵᠣ᠌ ᠶ᠋ᠢᠨ ᠯᠤᠸᠠᠨ ᠠᠪᠠᠬᠠᠢ ᠢᠯᠡᠷᠡᠨ ᠭᠠᠷᠴᠤ ᠢᠷᠡᠪᠡᠢ᠃