ᠭᠠᠵᠠᠷ ᠤᠨ ᠵᠢᠷᠤᠭ-ᠪᠤᠯᠴᠠᠭᠠᠷ 2-04Булцгар - Газрын зураг 2-р бүлгийн 4-р анги ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠵᠠᠷ ᠤᠨ ᠵᠢᠷᠤᠭ-ᠪᠤᠯᠴᠠᠭᠠᠷ 2-04Булцгар - Газрын зураг 2-р бүлгийн 4-р анги

ᠭᠠᠵᠠᠷ ᠤᠨ ᠵᠢᠷᠤᠭ-ᠪᠤᠯᠴᠠᠭᠠᠷ 2-04Булцгар - Газрын зураг 2-р бүлгийн 4-р анги

2024-06-24

972

ᠬᠡᠦᠬᠡᠯᠳᠡᠢ ᠺᠢᠨᠣ᠋ ᠪᠤᠯᠴᠠᠭᠠᠷ 2-04
ᠭᠠᠵᠠᠷ ᠤ᠋ᠨ ᠵᠢᠷᠤᠭ
ᠶᠦᠨᠢ᠄ ᠮᠢᠨᠦ ᠨᠠᠢᠵᠠ ᠨᠤᠭᠤᠳ ᠠ᠋ᠴᠠ ᠬᠣᠯᠠᠳᠠ!
ᠪᠤᠺᠠ᠄ ᠶᠦᠨᠢ᠂ ᠦᠭᠡᠢ ᠦᠭᠡᠢ᠂ ᠪᠣᠯᠬᠤ ᠦᠭᠡᠢ ᠰᠢᠳᠡ ᠶᠦᠨᠢ
ᠠᠢᠰᠤᠤ᠄ ᠳᠠᠢᠰᠤᠨ ᠪᠢᠰᠢ᠂ ᠨᠠᠢᠵᠠ ᠨᠠᠢᠵᠠ᠃
ᠷᠦᠪᠢ᠄ ᠪᠢᠳᠡᠨ ᠢ᠋ ᠠᠪᠤᠷᠠᠭᠰᠠᠨ ᠰᠢᠨ᠎ᠡ ᠨᠠᠢᠵᠠ ᠪᠠᠢᠭ᠎ᠠ ᠶᠤᠮ ᠠ᠋᠃
ᠶᠦᠨᠢ: ᠠ ᠲᠡᠢᠮᠦ ᠤᠤ? ᠲᠠ ᠬᠡᠳᠦ ᠶ᠋ᠢ ᠪᠡᠨ ᠠᠶᠤᠯ ᠳ᠋ᠤ᠌ ᠣᠷᠣᠭᠰᠠᠨ ᠯᠠ ᠭᠡᠵᠦ ᠪᠣᠳᠣᠯ᠎ᠠ᠃ᠲᠠ ᠬᠡᠳᠦ ᠶ᠋ᠢ ᠶᠠᠮᠠᠷ ᠶᠡᠬᠡ ᠰᠠᠨᠠᠪᠠ᠂ ᠬᠡ ᠬᠡ
ᠲᠤᠤᠨᠢ᠄ ᠵᠥᠩᠳᠡᠭᠡᠨ ᠯᠡ ᠰᠠᠨᠠᠯᠴᠠᠭᠰᠠᠨ᠃
ᠷᠦᠪᠢ᠄ ᠦᠭᠡᠢ ᠦᠨᠡᠬᠡᠷ᠂ ᠶᠦᠨᠢ ᠲᠠᠨᠢᠯᠴᠠᠭᠠᠷᠠᠢ!
ᠪᠢᠳᠡᠨ ᠢ᠋ ᠠᠶᠤᠯ ᠠ᠋ᠴᠠ ᠠᠪᠤᠷᠠᠭᠰᠠᠨ ᠰᠢᠨ᠎ᠡ ᠨᠠᠢᠵᠠ᠃
ᠶᠦᠨᠢ᠄ ᠠ ᠵᠠ᠂ ᠨᠠᠮ᠎ᠠ ᠶ᠋ᠢ ᠶᠦᠨᠢ ᠭᠡᠳᠡᠭ᠂ ᠨᠠᠢᠵᠠ ᠨᠤᠭᠤᠳ ᠢ᠋ ᠮᠢᠨᠢ ᠠᠪᠤᠷᠠᠭᠰᠠᠨ ᠳ᠋ᠤ᠌ ᠪᠠᠶᠠᠷᠯᠠᠯ᠎ᠠ᠃
ᠳ᠋ᠢᠨᠤ᠄ ᠨᠠᠮ᠎ᠠ ᠶ᠋ᠢ ᠳ᠋ᠢᠨᠦ ᠭᠡᠳᠡᠭ᠃
ᠷᠦᠪᠢ᠄ ᠲᠡᠷᠡ ᠪᠠᠰᠠ ᠳᠠ ᠳ᠋ᠠᠨᠤ ᠳᠠ ᠳ᠋ᠠᠨᠠ
ᠪᠤᠺᠠ᠄ Danonino
ᠪᠦᠭᠦᠳᠡᠭᠡᠷ Danonino
ᠷᠦᠪᠢ᠄ ᠠ ᠲᠡᠢᠮᠦ ᠲᠡᠢᠮᠦ᠂ ᠣᠳᠣ ᠶᠣᠰᠣᠲᠠᠢ ᠮᠠᠷᠲᠠᠬᠤ ᠪᠠᠷ ᠦᠭᠡᠢ ᠪᠣᠯᠤᠯ᠎ᠠ᠂ Danonino ᠭᠡᠳ ᠭᠣᠶᠣ ᠠᠮᠲᠠᠲᠠᠢ ᠳᠠ᠂ ᠲᠡᠭᠡᠭᠡᠳ ᠲᠡᠭᠦᠨ ᠢ᠋ ᠪᠡᠨ ᠢᠳᠡᠬᠦ ᠪᠡᠷ ᠠᠶᠤᠮᠠᠷ ᠬᠤᠷᠳᠤᠨ ᠥᠰᠳᠡᠭ᠂ ᠲᠡᠢᠮᠦ ᠠᠨᠳᠠ ᠠ᠋᠂ ᠲᠡᠢᠮᠦ?
ᠳ᠋ᠢᠨᠦ᠄ ᠴᠢ ᠨᠢᠭᠡ ᠯᠡ ᠲᠠᠨᠢᠯ᠁ ᠠ ᠠ ᠠ᠂ ᠪᠢ ᠰᠠᠨᠠᠴᠢᠬᠠᠯ᠎ᠠ᠂ ᠡᠭᠦᠨ ᠢ᠋ ᠬᠠᠷᠠ᠂ ᠡᠨᠡ ᠴᠢᠮ᠎ᠠ ᠲᠠᠢ ᠶᠠᠭ ᠠᠳᠠᠯᠢᠬᠠᠨ ᠪᠠᠢᠭ᠎ᠠ ᠪᠢᠵᠡ ᠳᠡ᠃
ᠲᠤᠤᠨᠢ᠄ ᠨᠡᠭᠡᠷᠡᠨ ᠲᠡᠢᠮᠦ ᠠ᠋᠂ ᠲᠡᠢᠮᠦ᠂ ᠪᠠᠰᠠ ᠠᠳᠠᠯᠢᠬᠠᠨ ᠡᠪᠡᠷ ᠲᠡᠢ ᠶᠦᠮ ᠪᠠᠢᠨ᠎ᠠ᠂ ᠬᠥᠶᠢ᠂ᠠ ᠬᠠ᠂ ᠨᠠᠳᠠ ᠨᠢᠭᠡ ᠰᠠᠨᠠᠭ᠎ᠠ ᠲᠥᠷᠥᠯ᠎ᠡ᠃ ᠶᠦᠨᠢ ᠶ᠋ᠢ ᠠᠭᠠᠷ ᠲᠤ᠌ ᠬᠥᠨᠳᠡᠯᠡᠨ ᠬᠡᠪᠲᠡᠭᠦᠯᠦᠭᠡᠳ ᠡᠪᠡᠷ ᠢ᠋ ᠨᠢ ᠬᠢᠴᠢᠬᠡᠶ᠎ᠡ᠃
ᠰᠠᠨᠢ᠄  ᠲᠤᠤᠨᠢ ᠮᠢᠨᠢ ᠠ᠋᠂ ᠶᠦᠨᠢ ᠶᠠᠮᠠᠷ ᠲᠦᠯᠬᠢᠭᠦᠷ ᠪᠠᠢᠭ᠎ᠠ ᠪᠢᠰᠢ ᠳᠡ᠂ ᠬᠡ ᠬᠡ
ᠪᠤᠺᠠ᠄ ᠰᠣᠩᠭᠣᠭᠳᠠᠭᠰᠠᠨ ᠨᠢᠭᠡᠨ ᠦ᠌ ᠰᠣᠯᠣᠭᠠᠢ ᠮᠣᠳᠣᠷ᠂ ᠬᠦᠴᠦᠲᠦ ᠳᠣᠯᠣᠭᠠᠨ ᠬᠦᠷᠬᠦ ᠣᠷᠭᠢᠯ ᠪᠣᠯᠠᠢ ᠂ ᠢᠩᠭᠢᠭᠡᠳ ᠪᠢᠴᠢᠭᠰᠡᠨ ᠪᠠᠢᠬᠤ ᠶᠤᠮ᠃
ᠲᠤᠤᠨᠢ᠄ ᠮᠣᠳᠣᠷ ᠭᠡᠵᠦ ᠮᠠᠲᠠᠷ ᠤ᠋ᠨ ᠬᠡᠦᠬᠡᠳ ᠶᠦᠮ ᠤᠤ?
ᠷᠦᠪᠢ᠄ ᠬᠡ ᠬᠡ
ᠡᠪᠦᠭᠡ᠄ ᠦᠭᠡᠢ ᠳᠡ᠂ ᠬᠡᠦᠬᠡᠳ ᠦ᠋ᠳ ᠠ᠋᠂ ᠮᠣᠳᠣᠷ ᠭᠡᠳᠡᠭ ᠴᠢᠨᠢ ᠭᠠᠷ ᠢ᠋ ᠬᠦᠨᠳᠦᠳᠬᠡᠯ ᠲᠡᠢ ᠬᠡᠯᠪᠡᠷᠢ ᠪᠡᠷ ᠬᠡᠯᠡᠵᠦ ᠪᠠᠢᠭ᠎ᠠ ᠶᠤᠮ ᠰᠢᠦ ᠳᠡ᠃
ᠳ᠋ᠢᠨᠦ᠄ ᠠ ᠨᠠᠢᠵᠠ ᠨᠤᠭᠤᠳ ᠠ᠋᠂ ᠪᠢ ᠤᠢᠯᠠᠭᠠᠴᠢᠬᠠᠯ᠎ᠠ᠂ ᠰᠣᠩᠭᠣᠭᠳᠠᠭᠰᠠᠨ ᠨᠢᠭᠡᠨ ᠦ᠌ ᠵᠡᠭᠦᠨ ᠭᠠᠷ ᠭᠡᠵᠦ ᠪᠠᠢᠭ᠎ᠠ ᠶᠤᠮ ᠴᠢᠨᠢ ᠶᠦᠨᠢ ᠴᠢ ᠵᠡᠭᠦᠨ ᠭᠠᠷ ᠢ᠋ᠶ᠋ᠠᠨ ᠡᠭᠦᠨ ᠳᠡᠭᠡᠷ᠎ᠡ ᠲᠠᠯᠪᠢᠭᠠᠳ ᠦᠵᠡ ᠳᠡ ᠃
ᠷᠦᠪᠢ᠄ ᠪᠠᠢᠵᠤ ᠪᠠᠢᠭᠠᠷᠠᠢ ᠪᠠᠢᠵᠤ ᠪᠠᠢᠭᠠᠷᠠᠢ᠂ ᠭᠡᠷᠡᠯ ᠠᠰᠠᠭᠠᠳ ᠪᠠᠢᠨ᠎ᠠ᠂ ᠨᠣᠢᠯ ᠶᠠᠭᠠᠨ᠂ ᠬᠥᠬᠡ᠂ ᠴᠡᠩᠬᠡᠷ᠂ ᠨᠣᠭᠣᠭᠠᠨ᠂ ᠨᠣᠭᠣᠭᠠᠨ? ᠪᠠᠢᠵᠠ ᠪᠠᠢᠵᠠ ᠂ ᠶᠦᠨᠢ ᠴᠢ ᠨᠣᠭᠣᠭᠠᠨ ᠥᠩᠭᠡ ᠶ᠋ᠢᠨ ᠡᠪᠡᠷ ᠲᠡᠢ ᠪᠣᠯᠴᠢᠬᠠᠭᠰᠠᠨ ᠶᠤᠮ ᠤᠤ?ᠠ!  ᠬᠡᠵᠢᠶ᠎ᠡ?
ᠪᠤᠺᠠ᠄ ᠲᠡᠭᠡᠬᠦ ᠪᠡᠷ ᠳᠥᠷᠪᠡᠳᠡᠬᠢ ᠬᠦᠴᠦ ᠶ᠋ᠢ ᠨᠡᠭᠡᠭᠡᠴᠢᠬᠡᠭᠰᠡᠨ ᠭᠡᠰᠡᠨ ᠦᠭᠡ ᠶᠦᠮ ᠤᠤ?
ᠡᠰᠡᠷᠭᠦ ᠰᠢᠳᠢᠲᠡᠨ᠄ ᠡᠨᠡ ᠵᠣᠯᠢᠭ ᠬᠡᠵᠢᠶ᠎ᠡ ᠳ᠋ᠦ᠍ ᠨᠢ ᠨᠡᠭᠡᠭᠡᠴᠢᠬᠡᠳᠡᠭ ᠪᠠᠢᠨ᠎ᠠ᠃
ᠳ᠋ᠢᠨᠦ᠄ᠨᠠᠢᠵᠠ ᠨᠤᠭᠤᠳ ᠠ᠋᠂ ᠡᠭᠦᠨ ᠢ᠋ ᠬᠠᠷᠠ ᠳᠠ᠃
ᠶᠦᠨᠢ᠄ ᠠ ᠪᠢ ᠡᠨᠡ ᠭᠠᠵᠠᠷ ᠢ᠋ ᠮᠡᠳᠡᠬᠦ ᠶᠦ᠍ᠮ ᠪᠠᠢᠨ᠎ᠠ᠂ ᠭᠠᠭᠴᠠᠭᠠᠷ ᠢ᠋ᠶ᠋ᠠᠨ ᠲᠥᠭᠡᠷᠢᠭᠡᠳ ᠶᠠᠪᠤᠵᠤ ᠪᠠᠢᠬᠤ ᠳ᠋ᠤ᠌ ᠪᠠᠨ ᠪᠢ ᠨᠢᠭᠡ ᠵᠢᠵᠢᠭᠬᠡᠨ ᠬᠥᠭᠡᠷᠦᠬᠦᠨ ᠠᠮᠢᠲᠠᠨ ᠠᠪᠤᠷᠠᠭᠰᠠᠨ᠂ ᠡᠨᠡ ᠭᠠᠵᠠᠷ ᠠᠨᠠᠭᠠᠬᠤ ᠬᠦᠴᠦ ᠪᠡᠨ ᠨᠡᠭᠡᠭᠡᠭᠰᠡᠨ ᠪᠠᠢᠬᠤ ᠦᠭᠡᠢ ᠤᠤ᠃
ᠲᠤᠤᠨᠢ᠄ ᠠᠨᠠᠭᠠᠬᠤ ᠠ᠋! ᠡᠮᠴᠢᠯᠡᠳᠡᠭ ᠭᠡᠰᠡᠨ ᠤᠤ? ᠬᠠᠷᠠᠭᠤᠯ ᠳᠠ᠃
ᠡᠪᠦᠭᠡ᠄ ᠦ᠂ ᠬᠥᠶᠢ᠂ ᠨᠠᠮ᠎ᠠ ᠶ᠋ᠢ ᠶᠠᠭᠠᠬᠢᠬᠤ ᠭᠡᠳ ᠪᠠᠢᠨ᠎ᠠ? ᠥᠩ᠂ ᠬᠥᠶᠢ ᠨᠠᠮ᠎ᠠ ᠶ᠋ᠢ ᠶᠠᠭᠠᠬᠢᠬᠤ ᠭᠡᠳ ᠪᠠᠢᠨ᠎ᠠ᠃
ᠶᠦᠨᠢ᠄ ᠵᠠ ᠣᠳᠣᠬᠠᠨ
ᠳ᠋ᠢᠨᠦ᠄ ᠲᠡᠭᠡᠬᠦ ᠪᠡᠷ ᠮᠢᠨᠦ ᠣᠢᠯᠠᠭᠠᠭᠰᠠᠨ ᠢ᠋ᠶ᠋ᠠᠷ ᠶᠦᠨᠢ ᠣᠳᠣ ᠭᠤᠷᠪᠠᠨ ᠬᠦᠴᠦ ᠨᠡᠭᠡᠭᠡᠬᠦ ᠳᠤᠲᠠᠭᠤ᠂ ᠡᠨᠡ ᠵᠢᠷᠤᠭ ᠳᠡᠭᠡᠷ᠎ᠡ ᠪᠤᠰᠤᠳ ᠥᠩᠭᠡ ᠪᠡᠷ ᠢᠯᠡᠷᠬᠡᠢᠯᠡᠭᠰᠡᠨ ᠭᠠᠵᠠᠷ ᠤ᠋ᠳ ᠤᠷᠤᠭᠤ ᠣᠴᠢᠪᠠᠯ ᠶᠦᠨᠢ ᠦᠯᠡᠳᠡᠭᠰᠡᠨ ᠬᠦᠴᠦ ᠶ᠋ᠢ ᠨᠢ ᠨᠡᠭᠡᠭᠡᠨ᠎ᠡ ᠭᠡᠰᠡᠨ ᠦᠭᠡ ᠤᠤ?
ᠡᠰᠡᠷᠭᠦ ᠰᠢᠳᠢᠲᠡᠨ᠄ ᠬᠡᠩ! ᠲᠡᠭᠡᠬᠦ ᠪᠡᠷ ᠬᠦᠴᠦ ᠣᠯᠵᠤ ᠠᠪᠬᠤ ᠭᠠᠵᠠᠷ ᠤ᠋ᠳ ᠢ᠋ ᠵᠢᠭᠠᠭᠰᠠᠨ ᠭᠠᠵᠠᠷ ᠤ᠋ᠨ ᠵᠢᠷᠤᠭ ᠨᠢ ᠪᠠᠢᠬᠤ ᠂ ᠳᠡᠯᠢᠮ ᠳ᠋ᠦ᠍ ᠨᠢ ᠪᠢ ᠰᠠᠢᠨ ᠬᠠᠷᠠᠵᠤ ᠪᠠᠢᠭᠠᠳ ᠡᠨᠡ ᠬᠡᠳᠦ ᠶ᠋ᠢ ᠶᠠᠭᠠᠬᠢᠵᠤ ᠴᠢᠳᠠᠵᠤ ᠪᠣᠯᠬᠤ ᠨᠢ ᠠ᠋ ᠂ᠡᠷᠲᠡᠨ ᠡᠴᠡ ᠤᠷᠠᠬ᠎ᠠ ᠪᠠᠨ ᠪᠡᠯᠡᠳᠦᠨ᠎ᠡ ᠂ ᠬᠡ ᠬᠡ ᠬᠡ᠁
ᠰᠠᠨᠢ
ᠡᠪᠦᠭᠡ ᠲᠠ ᠵᠦᠭᠡᠷ ᠤᠤ?
ᠡᠪᠦᠭᠡ: ᠠ? ᠦ ᠵᠦᠭᠡᠷ ᠵᠦᠭᠡᠷ
ᠪᠤᠺᠠ᠄ ᠶᠦᠨᠢ ᠶ᠋ᠢ ᠣᠯᠬᠤ ᠳ᠋ᠤ᠌ ᠲᠤᠰᠠᠯᠠᠭᠰᠠᠨ ᠳ᠋ᠤ᠌ ᠪᠠᠶᠠᠷᠯᠠᠯ᠎ᠠ ᠳ᠋ᠢᠨᠦ᠃
ᠶᠦᠨᠢ᠄ ᠴᠢᠮ᠎ᠠ ᠳ᠋ᠤ᠌ ᠮᠠᠰᠢ ᠶᠡᠬᠡ ᠪᠠᠶᠠᠷᠯᠠᠯ᠎ᠠ! 
ᠳ᠋ᠢᠨᠦ᠄ᠵᠦᠭᠡᠷ ᠠ᠋᠂ ᠨᠠᠳᠠ ᠴᠤ᠌ ᠭᠡᠰᠡᠨ ᠲᠠ ᠬᠡᠳᠦ ᠲᠡᠢ ᠪᠠᠢᠬᠤ ᠰᠠᠢᠬᠠᠨ ᠪᠠᠢᠯ᠎ᠠ᠃ ᠳᠠᠬᠢᠵᠤ ᠨᠢᠭᠡᠨ ᠡᠴᠡ ᠪᠡᠨ ᠲᠥᠭᠡᠷᠢᠵᠦ ᠪᠣᠯᠬᠤ ᠦᠭᠡᠢ ᠰᠢᠦ᠃ ᠦᠯᠡᠳᠡᠭᠰᠡᠨ ᠭᠤᠷᠪᠠᠨ ᠬᠦᠴᠦ ᠪᠡᠨ ᠣᠯᠬᠤ ᠳ᠋ᠤ᠌ ᠨᠢ ᠠᠮᠵᠢᠯᠲᠠ ᠬᠦᠰᠡᠶ᠎ᠡ!  ᠪᠠᠶᠠᠷᠲᠠᠢ ᠨᠠᠢᠵᠠ ᠨᠤᠭᠤᠳ ᠠ᠋᠃
ᠪᠦᠭᠦᠳᠡᠭᠡᠷ᠄ ᠪᠠᠶᠠᠷᠲᠠᠢ ᠳ᠋ᠢᠨᠦ᠃
ᠳ᠋ᠢᠨᠦ᠄ ᠪᠠᠶᠠᠷᠲᠠᠢ! 
ᠲᠤᠤᠨᠢ᠄ ᠳ᠋ᠢᠨᠦ ᠪᠠᠶᠠᠷᠯᠠᠭᠰᠠᠨ ᠰᠢᠦ᠃ ᠪᠠᠶᠠᠷᠲᠠᠢ᠂ ᠪᠠᠶᠠᠷᠲᠠᠢ ᠨᠠᠢᠵᠠ ᠠ᠋᠃
ᠪᠦᠭᠦᠳᠡᠭᠡᠷ᠄ ᠪᠠᠶᠠᠷᠲᠠᠢ! 
   ᠦᠰᠦᠭ ᠢ᠋ ᠨᠢ ᠾᠦᠩ ᠸᠧᠢ ᠠᠮᠢᠯᠠᠭᠤᠯᠵᠤ᠂ ᠬᠥᠳᠡᠯᠭᠡᠭᠡᠨᠲᠦ ᠵᠢᠷᠤᠭ ᠲᠤ᠌ ᠨᠢ ᠬᠠᠲᠠᠪᠠ᠃ ᠱᠤᠳᠤᠷᠭᠤ᠂ ᠮᠥᠴᠢᠷ ᠬᠢᠨᠠᠪᠠ᠃