ᠪᠢᠴᠢᠬᠠᠨ ᠤᠯᠠᠭᠠᠨ ᠮᠠᠯᠠᠭᠠᠢᠲᠤ-ᠳᠡᠯᠡᠬᠡᠢ ᠶ᠋ᠢᠨ ᠦᠯᠢᠭᠡᠷ ᠦ᠋ᠳБяцхан улаан малгайт Дэлхийн үлгэрүүд
ᠪᠢᠴᠢᠬᠠᠨ ᠤᠯᠠᠭᠠᠨ ᠮᠠᠯᠠᠭᠠᠢᠲᠤ
ᠪᠢᠴᠢᠬᠠᠨ ᠤᠯᠠᠭᠠᠨ ᠮᠠᠯᠠᠭᠠᠢᠲᠤ
ᠡᠷᠲᠡ ᠤᠷᠢᠳᠤ ᠶ᠋ᠢᠨ ᠴᠠᠭ ᠲᠤ᠌ ᠲᠣᠰᠬᠣᠨ ᠳ᠋ᠤ᠌ ᠠᠮᠢᠳᠤᠷᠠᠳᠠᠭ ᠨᠢᠭᠡᠨ ᠬᠥᠭᠡᠷᠦᠬᠦᠨ ᠥᠬᠢᠨ ᠪᠠᠢᠵᠠᠢ᠃ ᠪᠠᠢᠩᠭᠤ ᠤᠯᠠᠭᠠᠨ ᠮᠠᠯᠠᠭᠠᠢ ᠲᠠᠢ ᠶᠠᠪᠤᠳᠠᠭ ᠪᠠᠢᠵᠤ᠂ ᠬᠥᠮᠦᠰ ᠲᠡᠭᠦᠨ ᠢ᠋ 《ᠪᠢᠴᠢᠬᠠᠨ ᠤᠯᠠᠭᠠᠨ ᠮᠠᠯᠠᠭᠠᠢᠲᠤ 》 ᠭᠡᠬᠦ ᠪᠣᠯᠵᠠᠢ᠃
《ᠤᠯᠠᠭᠠᠨ ᠮᠠᠯᠠᠭᠠᠢᠲᠤ ᠠ᠋᠂ ᠤᠯᠠᠭᠠᠨ ᠮᠠᠯᠠᠭᠠᠢᠲᠤ ᠠ᠋᠂ ᠤᠯᠠᠭᠠᠨ ᠮᠠᠯᠠᠭᠠᠢᠲᠤ ᠠ᠋ 》
《ᠵᠠ᠂ ᠡᠵᠢ ᠠ᠋᠂ ᠪᠢ ᠡᠨᠳᠡ ᠯᠡ ᠪᠠᠢᠭ᠎ᠠ 》
《ᠶᠠᠭᠤ ᠬᠢᠵᠦ ᠪᠠᠢᠭ᠎ᠠ ᠶᠤᠮ ᠪᠣᠢ᠂ ᠳᠠᠬᠢᠭᠠᠳ ᠱᠣᠺᠣᠯᠠᠳ᠋ ᠢᠳᠡᠵᠦ ᠪᠠᠢᠭ᠎ᠠ ᠶᠤᠮ ᠤᠤ 》
《ᠦᠭᠡᠢ᠂ ᠡᠵᠢ ᠠ᠋ 》
《ᠬᠤᠳᠠᠯ ᠬᠡᠯᠡᠭᠡᠳ ᠯᠡ᠂ ᠡᠨᠡ ᠰᠠᠭᠰᠤ ᠲᠠᠢ ᠶ᠋ᠢ ᠡᠮᠡᠭᠡ ᠳ᠋ᠦ᠍ ᠪᠡᠨ ᠠᠪᠠᠴᠢᠭᠠᠳ ᠥᠭ᠂ ᠡᠮᠡᠭᠡ ᠶ᠋ᠢᠨ ᠬᠢᠨᠢ ᠪᠡᠶ᠎ᠡ ᠡᠪᠡᠳᠦᠭᠡᠳ ᠪᠠᠢᠭ᠎ᠠ ᠭᠡᠰᠡᠨ᠂ ᠲᠡᠢᠮᠦ ᠡᠴᠡ ᠠᠪᠠᠴᠢᠭᠠᠳ ᠥᠭᠭᠦᠨ᠎ᠡ ᠰᠢᠦ 》
《ᠵᠠ᠂ ᠥᠭᠭᠦᠨ᠎ᠡ ᠡᠵᠢ ᠠ᠋᠂ ᠬᠠᠷᠢᠨ ᠲᠠ ᠨᠠᠳᠠ ᠳ᠋ᠤ᠌ ᠵᠢᠭᠠᠬᠠᠨ ᠱᠣᠺᠣᠯᠠᠳ᠋ ᠥᠭᠭᠦᠭᠡᠴᠢ 》
《ᠮᠠᠭᠤ ᠱᠣᠺᠣᠯᠠᠳ᠋ ᠤ᠋ᠨ ᠮᠠᠩᠭᠠᠨ 》
《ᠬᠢ᠂ ᠬᠢ᠂ ᠬᠢ 》
ᠡᠵᠢ ᠨᠢ ᠥᠬᠢᠨ ᠳ᠋ᠦ᠍ ᠪᠡᠨ ᠠᠳᠬ᠋ᠠᠤ ᠱᠣᠺᠣᠯᠠᠳ᠋ ᠥᠭᠭᠦᠯ᠎ᠡ᠃
《ᠭᠡᠬᠦ ᠳ᠋ᠡᠭᠡᠨ ᠰᠣᠨᠣᠰ ᠴᠢ ᠬᠡᠲᠦᠷᠬᠡᠢ ᠣᠯᠠᠨ ᠦᠭᠡ ᠲᠡᠢ ᠰᠢᠦ᠂ ᠵᠠᠮ ᠳ᠋ᠠᠭᠠᠨ ᠲᠠᠨᠢᠬᠤ ᠦᠭᠡᠢ ᠬᠥᠮᠦᠨ ᠲᠡᠢ ᠪᠢᠲᠡᠭᠡᠢ ᠶᠠᠷᠢᠭᠠᠷᠠᠢ 》
《ᠵᠠ᠂ ᠡᠵᠢ ᠠ᠋᠂ ᠶᠠᠷᠢᠬᠤ ᠦᠭᠡᠢ ᠳᠡ 》
ᠪᠢᠴᠢᠬᠠᠨ ᠤᠯᠠᠭᠠᠨ ᠮᠠᠯᠠᠭᠠᠢᠲᠤ ᠡᠮᠡᠭᠡ ᠶ᠋ᠢᠨ ᠢ᠋ᠶ᠋ᠡᠨ ᠭᠡᠷ ᠦ᠋ᠨ ᠵᠦᠭ ᠳᠠᠭᠤᠤ ᠠᠶᠠᠯᠤᠨ ᠬᠠᠷᠠᠢᠯᠭᠠᠪᠠ᠃
《ᠵᠢᠵᠢᠭᠬᠡᠨ ᠭᠠᠴᠤᠷᠠᠬᠠᠨ ᠡᠪᠦᠯ ᠬᠦᠢᠲᠡᠨ ᠪᠠᠢᠨ᠎ᠠ ᠳᠠ᠂ ᠲᠡᠷᠲᠡᠭᠡ ᠣᠢ ᠡᠴᠡ ᠭᠠᠴᠤᠷᠠᠬᠠᠨ ᠢ᠋ ᠭᠡᠷ ᠲᠡᠭᠡᠨ ᠪᠢᠳᠡ ᠨᠠᠷ ᠠᠪᠴᠢᠷᠠᠯ᠎ᠠ᠂ᠣᠯᠠᠨ ᠶᠠᠩᠵᠤ ᠶ᠋ᠢᠨ ᠲᠣᠭᠯᠠᠭᠠᠮ ᠤ᠋ᠳ ᠣᠨᠳᠣᠣ ᠭᠠᠵᠠᠷ ᠡᠯᠭᠦᠭᠡᠰᠦᠲᠡᠢ ᠂ ᠤᠷᠮ᠎ᠠ ᠲᠠᠢ ᠶᠠ᠂ ᠬᠥᠭᠵᠢᠯᠲᠡᠢ ᠶᠠ᠂ ᠤᠭᠲᠤᠵᠠᠭᠠᠶ᠎ᠠ ᠰᠢᠨ᠎ᠡ ᠣᠨ ᠢ᠋ᠶ᠋ᠠᠨ 》
ᠭᠡᠨᠡᠳᠲᠡᠬᠡᠨ ᠠᠶᠤᠮᠠᠷ ᠲᠥᠷᠬᠦ ᠲᠡᠢ ᠲᠣᠮᠣ ᠮᠠᠭᠤᠬᠠᠢ ᠴᠢᠨᠣ᠎ᠠ ᠲᠡᠭᠦᠨ ᠦ᠌ ᠵᠠᠮ ᠳ᠋ᠤ᠌ ᠭᠠᠷᠴᠤ ᠢᠷᠡᠯ᠎ᠡ᠃
ᠪᠢᠴᠢᠬᠠᠨ ᠤᠯᠠᠭᠠᠨ ᠮᠠᠯᠠᠭᠠᠢᠲᠤ ᠶᠡᠬᠡ ᠠᠶᠤᠵᠠᠢ᠃
《ᠠ᠂᠂ 》
《ᠬᠠᠮᠢᠭᠠᠰᠢ ᠪᠠᠨ ᠢᠩᠭᠢᠲᠡᠯ᠎ᠡ ᠪᠡᠨ ᠶᠠᠭᠠᠷᠠᠭ᠎ᠠ ᠪᠣᠢ᠂ ᠪᠢᠴᠢᠬᠠᠨ ᠥᠬᠢᠨ ᠮᠢᠨᠢ 》
《ᠪᠢ ᠡᠮᠡᠭᠡ ᠤᠷᠤᠭᠤ ᠪᠠᠨ ᠶᠠᠪᠤᠵᠤ ᠪᠠᠢᠭ᠎ᠠ ᠶᠤᠮ ᠠ᠋᠂ ᠨᠣᠶᠠᠨ ᠴᠢᠨᠣ᠎ᠠ ᠠ᠋ 》
《ᠣᠢᠯᠠᠭᠠᠮᠵᠢᠲᠠᠢ᠂ ᠬᠠᠷᠢᠨ ᠨᠠᠭᠠᠳᠤ ᠰᠠᠭᠰᠤᠨ ᠳ᠋ᠤ᠌ ᠴᠢᠨᠢ᠂ ᠡᠨᠡ ᠰᠠᠭᠰᠤᠨ ᠳ᠋ᠤ᠌ ᠶᠠᠭᠤ ᠪᠠᠢᠭ᠎ᠠ ᠶᠤᠮ ᠪᠣᠢ 》
《ᠡᠮᠡᠭᠡ ᠳ᠋ᠦ᠍ ᠥᠭᠬᠦ ᠰᠦ᠂ ᠵᠢᠮᠢᠰ ᠪᠠᠢᠭ᠎ᠠ᠂ ᠡᠮᠡᠭᠡ ᠬᠦᠨᠳᠦ ᠡᠪᠡᠳᠦᠭᠰᠡᠨ 》
《ᠴᠢ ᠶᠡᠬᠡ ᠰᠠᠢᠨ ᠥᠬᠢᠨ ᠪᠠᠢᠨ᠎ᠠ᠂ ᠴᠢ ᠡᠮᠡᠭᠡ ᠪᠡᠨ ᠰᠠᠢᠨ ᠬᠠᠷᠠᠵᠤ ᠬᠠᠨᠳᠤᠬᠤ ᠶᠤᠮ ᠠ᠋᠂ ᠡᠮᠡᠭᠡ ᠴᠢᠨᠢ ᠬᠠᠮᠢᠭ᠎ᠠ ᠨᠢ ᠪᠠᠢᠳᠠᠭ ᠶᠤᠮ ᠪᠣᠢ᠂ 》
《ᠳᠣᠭᠣᠭᠰᠢ ᠪᠠᠨ ᠬᠠᠭᠤᠴᠢᠨ ᠰᠦᠮ᠎ᠡ ᠶ᠋ᠢᠨ ᠣᠢᠷᠠᠯᠴᠠᠭ᠎ᠠ 》
ᠴᠢᠨᠣ᠎ᠠ ᠳᠣᠲᠣᠷ᠎ᠠ ᠪᠠᠨ ᠪᠢᠴᠢᠬᠠᠨ ᠥᠬᠢᠨ ᠢ᠋ ᠢᠳᠡᠬᠦ ᠬᠣᠷᠣᠨ ᠰᠠᠨᠠᠭ᠎ᠠ ᠠᠭᠤᠯᠤᠯᠠ᠃
《ᠵᠠ᠂ ᠪᠢᠴᠢᠬᠠᠨ ᠥᠬᠢᠨ ᠮᠢᠨᠢ᠂ ᠴᠢ ᠡᠮᠡᠭᠡ ᠳ᠋ᠦ᠍ ᠪᠡᠨ ᠵᠣᠷᠢᠭᠤᠯᠵᠤ ᠰᠢᠨᠡᠬᠡᠨ ᠴᠡᠴᠡᠭ ᠲᠡᠭᠦᠬᠦ ᠦᠭᠡᠢ ᠶᠤᠮ ᠤᠤ᠂ ᠣᠢ ᠳ᠋ᠤ᠌ ᠶᠡᠬᠡ ᠣᠯᠠᠨ ᠰᠠᠢᠬᠠᠨ ᠦᠨᠦᠷ ᠲᠡᠢ ᠴᠡᠴᠡᠭᠡᠰ ᠪᠠᠢᠳᠠᠭ ᠶᠤᠮ ᠰᠢᠦ ᠳᠡ 》
《ᠬᠦ᠂ ᠶᠡᠬᠡ ᠰᠠᠢᠬᠠᠨ ᠰᠠᠨᠠᠭ᠎ᠠ ᠪᠠᠢᠨ᠎ᠠ᠂ ᠡᠮᠡᠭᠡ ᠶᠡᠬᠡ ᠪᠠᠶᠠᠷᠯᠠᠨ᠎ᠠ᠂ ᠲᠡᠭᠡᠭᠡᠳ ᠨᠠᠳᠠ ᠳ᠋ᠤ᠌ ᠱᠣᠺᠣᠯᠠᠳ᠋ ᠥᠭᠭᠦᠨ᠎ᠡ᠂ ᠪᠢ ᠭᠣᠶᠣ ᠴᠡᠴᠡᠭ ᠲᠡᠭᠦᠨ᠎ᠡ 》
《ᠵᠠ᠂ ᠵᠠ ᠲᠠᠪᠠ ᠪᠠᠷ ᠢ᠋ᠶ᠋ᠠᠨ ᠶᠠᠪᠤ ᠳᠠ᠂ ᠪᠢ ᠶᠠᠪᠤᠯ᠎ᠠ ᠰᠢᠦ 》
《ᠪᠠᠶᠠᠷᠯᠠᠯ᠎ᠠ᠂ ᠨᠣᠶᠠᠨ ᠴᠢᠨᠣ᠎ᠠ ᠠ᠋᠂ ᠪᠠᠶᠠᠷᠲᠠᠢ 》
ᠤᠯᠠᠭᠠᠨ ᠮᠠᠯᠠᠭᠠᠢᠲᠤ ᠴᠡᠴᠡᠭ ᠲᠡᠭᠦᠬᠦ ᠪᠡᠷ ᠣᠢ ᠪᠠᠷ ᠲᠡᠨᠦᠵᠦ ᠡᠬᠢᠯᠡᠯ᠎ᠡ᠃
《ᠶᠠᠮᠠᠷ ᠠᠮᠲᠠᠲᠠᠢ ᠬᠣᠭᠣᠯᠠ ᠪᠣᠢ᠂ ᠪᠢ ᠶᠡᠬᠡ ᠥᠯᠥᠰᠴᠦ ᠪᠠᠢᠨ᠎ᠠ ᠰᠢᠦ᠂ ᠵᠠ᠂ ᠡᠬᠢᠯᠡᠭᠡᠳ ᠡᠮᠡᠭᠡ ᠶ᠋ᠢᠨ ᠳ᠋ᠦ᠍ ᠨᠢ ᠣᠴᠢᠶ᠎ᠠ᠂ ᠡᠮᠡᠭᠡ ᠶ᠋ᠢ ᠨᠢ ᠢᠳᠡᠴᠢᠬᠡᠭᠡᠳ ᠳᠠᠷᠠᠭ᠎ᠠ ᠨᠢ ᠡᠨᠡ ᠪᠢᠴᠢᠬᠠᠨ ᠬᠡᠦᠬᠡᠳ ᠢ᠋ ᠵᠠᠯᠭᠢᠨ᠎ᠠ 》
ᠮᠠᠭᠤᠬᠠᠢ ᠲᠣᠮᠣ ᠴᠢᠨᠣ᠎ᠠ ᠡᠮᠡᠭᠡ ᠶ᠋ᠢᠨ ᠬᠢᠨᠢ ᠪᠠᠢᠰᠢᠩ ᠤᠷᠤᠭᠤ ᠳᠠᠪᠬᠢᠯ᠎ᠠ᠃ ᠬᠠᠷᠢᠨ ᠤᠯᠠᠭᠠᠨ ᠮᠠᠯᠠᠭᠠᠢᠲᠤ ᠴᠡᠴᠡᠭ ᠲᠡᠭᠦᠭᠡᠳ ᠵᠠᠪ ᠦᠭᠡᠢ ᠪᠠᠢᠯ᠎ᠠ᠃ ᠴᠢᠨᠣ᠎ᠠ ᠡᠮᠡᠭᠡ ᠶ᠋ᠢᠨ ᠭᠡᠷ ᠲᠦ᠍ ᠢᠷᠡᠭᠡᠳ ᠬᠠᠭᠠᠯᠭ᠎ᠠ ᠲᠣᠭᠰᠢᠯ᠎ᠠ᠃
《ᠵᠠ᠂ ᠣᠴᠢᠯ᠎ᠠ᠂ ᠮᠢᠨᠦ ᠵᠢᠭᠠᠬᠠᠨ ᠥᠬᠢᠨ ᠯᠡ ᠢᠷᠡᠭᠰᠡᠨ ᠪᠣᠯᠤᠯᠲᠠᠢ᠂ 》
ᠴᠢᠨᠣ᠎ᠠ ᠡᠮᠡᠭᠡ ᠶ᠋ᠢ ᠨᠢ ᠪᠠᠷᠢᠵᠤ ᠠᠪᠤᠭᠠᠳ ᠳᠤᠤᠭᠠᠷᠴᠤ ᠠᠮᠵᠢᠭ᠎ᠠ ᠦᠭᠡᠢ ᠪᠠᠢᠬᠤ ᠳ᠋ᠤ᠌ ᠨᠢ ᠲᠣᠮᠣ ᠠᠮᠠᠨ ᠳ᠋ᠤ᠌ ᠪᠠᠨ ᠬᠢᠭᠡᠳ ᠪᠦᠬᠦᠯᠢ ᠪᠡᠷ ᠨᠢ ᠵᠠᠯᠭᠢᠵᠤ ᠣᠷᠬᠢᠪᠠ᠃ 《ᠠᠮᠲᠠᠲᠠᠢ ᠡᠮᠡᠭᠡ᠂ 》᠃ ᠴᠢᠨᠣ᠎ᠠ ᠳᠠᠷᠠᠭ᠎ᠠ ᠨᠢ ᠱᠦᠭᠦᠢ ᠡᠴᠡ ᠡᠮᠡᠭᠡ ᠶ᠋ᠢᠨ ᠬᠢᠨᠢ ᠬᠤᠪᠴᠠᠰᠤ ᠶ᠋ᠢ ᠭᠠᠷᠭᠠᠵᠤ ᠡᠮᠦᠰᠦᠭᠡᠳ ᠡᠮᠡᠭᠡ ᠶ᠋ᠢᠨ ᠳᠦᠷᠢ ᠳ᠋ᠦ᠍ ᠬᠤᠪᠢᠷᠠᠵᠤ᠂ ᠪᠢᠴᠢᠬᠠᠨ ᠤᠯᠠᠭᠠᠨ ᠮᠠᠯᠠᠭᠠᠢᠲᠤ ᠶ᠋ᠢ ᠬᠦᠯᠢᠶᠡᠵᠦ᠂ ᠡᠮᠡᠭᠡ ᠶ᠋ᠢᠨ ᠣᠷᠣᠨ ᠳᠡᠭᠡᠷ᠎ᠡ ᠬᠡᠪᠲᠡᠯ᠎ᠡ᠃ ᠲᠡᠷᠡ ᠬᠣᠭᠣᠷᠣᠨᠳᠣ ᠪᠢᠴᠢᠬᠠᠨ ᠤᠯᠠᠭᠠᠨ ᠮᠠᠯᠠᠭᠠᠢᠲᠤ ᠢᠷᠡᠵᠦ ᠶᠠᠪᠤᠯ᠎ᠠ᠃
《ᠴᠡᠴᠡᠭ ᠵᠢᠮᠢᠰ ᠳᠡᠯᠭᠡᠷᠡᠵᠦ ᠪᠠᠢᠨ᠎ᠠ᠂ ᠴᠡᠯᠮᠡᠭ ᠨᠠᠷᠠ ᠲᠠᠢ ᠡᠳᠦᠷ ᠭᠣᠶᠣ᠂ ᠴᠡᠯᠮᠡᠭ ᠨᠠᠷᠠᠨ ᠳ᠋ᠤ᠌ ᠪᠦᠭᠦᠳᠡᠭᠡᠷ ᠢ᠋ᠶ᠋ᠡᠨ ᠴᠡᠩᠭᠡᠨ ᠬᠥᠭᠵᠢᠬᠦ ᠪᠠᠰᠠ ᠭᠣᠶᠣ 》
ᠪᠢᠴᠢᠬᠠᠨ ᠤᠯᠠᠭᠠᠨ ᠮᠠᠯᠠᠭᠠᠢᠲᠤ ᠪᠠᠢᠰᠢᠩ ᠳ᠋ᠤ᠌ ᠣᠴᠢᠭᠠᠳ ᠳᠣᠲᠣᠭᠰᠢ ᠪᠠᠨ ᠣᠷᠣᠵᠤ ᠡᠮᠡᠭᠡ ᠶ᠋ᠢᠨ ᠬᠠᠵᠠᠭᠤ ᠳ᠋ᠤ᠌ ᠰᠠᠭᠤᠪᠠ᠃
《ᠲᠠᠨ ᠤ᠋ ᠪᠡᠶ᠎ᠡ ᠰᠠᠢᠨ ᠤᠤ ᠡᠮᠡᠭᠡ 》
《ᠠ᠋᠂ ᠨᠥᠭᠦᠭᠡ ᠪᠡᠶ᠎ᠡ ᠮᠢᠨᠢ ᠡᠪᠡᠳᠴᠦ ᠪᠠᠢᠭᠰᠠᠨ ᠴᠤ᠌ ᠴᠢᠮ᠎ᠠ ᠶ᠋ᠢ ᠬᠠᠷᠠᠭᠰᠠᠨ ᠳᠠᠷᠤᠢ ᠳ᠋ᠤ᠌ ᠪᠠᠨ ᠬᠠᠮᠢᠶ᠎ᠠ ᠦᠭᠡᠢ ᠳᠡᠭᠡᠷ᠎ᠡ ᠪᠣᠯᠴᠢᠬᠠᠯ᠎ᠠ᠂ ᠥᠬᠢᠨ ᠮᠢᠨᠢ 》
《ᠬᠦ᠂ ᠲᠠᠨ ᠤ᠋ ᠨᠢᠳᠦ ᠶᠠᠮᠠᠷ ᠲᠣᠮᠣ ᠶᠤᠮ ᠪᠣᠢ᠂ ᠡᠮᠡᠭᠡ ᠠ᠋ 》
《ᠠ᠂ ᠴᠢᠮ᠎ᠠ ᠶ᠋ᠢ ᠪᠡᠨ ᠰᠠᠢᠨ ᠬᠠᠷᠠᠬᠤ ᠭᠡᠰᠡᠨ ᠳ᠋ᠦ᠍ ᠪᠠᠨ ᠯᠠ ᠥᠬᠢᠨ ᠮᠢᠨᠢ 》
《ᠬᠦ᠂ ᠲᠠᠨ ᠤ᠋ ᠴᠢᠬᠢ ᠶᠠᠮᠠᠷ ᠲᠣᠮᠣ ᠶᠤᠮ ᠪᠣᠢ ᠡᠮᠡᠭᠡ ᠠ᠋ 》
《ᠠ᠂ ᠴᠢᠮ᠎ᠠ ᠶ᠋ᠢ ᠪᠡᠨ ᠰᠠᠢᠨ ᠰᠣᠨᠣᠰᠬᠤ ᠭᠡᠰᠡᠨ ᠳ᠋ᠦ᠍ ᠪᠠᠨ ᠯᠠ ᠥᠬᠢᠨ ᠮᠢᠨᠢ 》
《ᠲᠠᠨ ᠤ᠋ ᠰᠢᠳᠦ ᠶᠠᠮᠠᠷ ᠲᠣᠮᠣ ᠶᠤᠮ ᠪᠣᠢ᠂ ᠡᠮᠡᠭᠡ ᠠ᠋ 》
《ᠶᠠᠭᠤ ᠴᠢᠮ᠎ᠠ ᠶ᠋ᠢ ᠢᠳᠡᠬᠦ ᠭᠡᠰᠡᠨ ᠳ᠋ᠦ᠍ ᠪᠠᠨ ᠯᠠ ᠡᠨᠡ ᠰᠢᠦ ᠳᠡ 》 ᠴᠢᠨᠣ᠎ᠠ ᠢᠩᠭᠢᠵᠦ ᠬᠡᠯᠡᠵᠦ ᠳᠠᠭᠤᠰᠤᠮᠠᠭᠴᠠ ᠣᠷᠣᠨ ᠡᠴᠡ ᠣᠭᠯᠣ ᠬᠠᠷᠠᠢᠨ ᠪᠣᠰᠴᠤ ᠬᠥᠭᠡᠷᠦᠬᠦᠢ ᠪᠢᠴᠢᠬᠠᠨ ᠤᠯᠠᠭᠠᠨ ᠮᠠᠯᠠᠭᠠᠢᠲᠤ ᠶ᠋ᠢ ᠵᠠᠯᠭᠢᠵᠤ ᠣᠷᠬᠢᠪᠠ᠃ ᠳᠠᠷᠠᠭ᠎ᠠ ᠨᠢ ᠥᠯᠥᠰᠬᠦᠯᠡᠩ ᠢ᠋ᠶ᠋ᠡᠨ ᠳᠠᠷᠤᠭᠰᠠᠨ ᠴᠢᠨᠣ᠎ᠠ ᠳᠠᠬᠢᠨ ᠣᠷᠣᠨ ᠳᠡᠭᠡᠷ᠎ᠡ ᠬᠡᠪᠲᠡᠯ᠎ᠡ᠃ ᠬᠦᠨᠳᠦᠬᠡᠨ ᠬᠣᠭᠣᠯᠠ ᠵᠣᠭᠣᠭᠯᠠᠭᠰᠠᠨ ᠲᠡᠷᠡ ᠪᠡᠷ ᠤᠳᠠᠯ ᠦᠭᠡᠢ ᠤᠨᠲᠠᠵᠤ ᠴᠢᠩᠭ᠎ᠠ ᠪᠠᠷ ᠬᠤᠷᠬᠢᠷᠠᠵᠤ ᠡᠬᠢᠯᠡᠪᠡ᠃ ᠪᠠᠢᠰᠢᠩ ᠤ᠋ᠨ ᠬᠠᠵᠠᠭᠤ ᠪᠠᠷ ᠶᠠᠪᠤᠵᠤ ᠪᠠᠢᠭᠰᠠᠨ ᠲᠦᠯᠡᠭᠡᠴᠢᠨ ᠬᠤᠷᠬᠢᠷᠠᠬᠤ ᠴᠢᠮᠡᠭᠡ ᠶ᠋ᠢ ᠰᠣᠨᠣᠰᠴᠠᠢ᠃ 《ᠨᠠᠰᠤᠲᠠᠢ ᠡᠮᠡᠭᠡᠨ ᠶᠠᠭᠠᠬᠢᠭᠠᠳ ᠡᠢᠮᠦ ᠴᠢᠩᠭ᠎ᠠ ᠬᠤᠷᠬᠢᠷᠠᠳᠠᠭ ᠪᠢᠯᠡ᠃ ᠣᠴᠢᠵᠤ ᠬᠠᠷᠠᠬᠤ ᠬᠡᠷᠡᠭᠲᠡᠢ ᠶᠤᠮ ᠪᠠᠢᠨ᠎ᠠ 》 ᠢᠩᠭᠢᠭᠡᠳ ᠲᠦᠯᠡᠭᠡᠴᠢᠨ ᠪᠠᠢᠰᠢᠩ ᠤᠷᠤᠭᠤ ᠣᠷᠣᠵᠤ ᠣᠷᠣᠨ ᠳ᠋ᠤ᠌ ᠳᠥᠭᠥᠵᠦ ᠣᠴᠢᠭᠠᠳ ᠴᠢᠨᠣ᠎ᠠ ᠬᠡᠪᠲᠡᠵᠦ ᠪᠠᠢᠬᠤ ᠶ᠋ᠢ ᠬᠠᠷᠠᠵᠠᠢ᠃ 《ᠠᠷᠠᠢ ᠭᠡᠵᠦ ᠴᠢᠮ᠎ᠠ ᠶ᠋ᠢ ᠣᠯᠤᠯ᠎ᠠ᠂ ᠮᠠᠭᠤ ᠨᠢᠭᠦᠯᠲᠡᠨ᠂ ᠠᠯᠢ ᠡᠷᠲᠡᠨ ᠡᠴᠡ ᠪᠢ ᠴᠢᠮ᠎ᠠ ᠶ᠋ᠢ ᠬᠠᠢᠵᠤ ᠪᠠᠢᠭᠰᠠᠨ ᠶᠤᠮ 》 ᠲᠦᠯᠡᠭᠡᠴᠢᠨ ᠴᠢᠨᠣ᠎ᠠ ᠶ᠋ᠢᠨ ᠭᠡᠳᠡᠰᠦ ᠶ᠋ᠢᠨ ᠬᠥᠳᠡᠯᠬᠦ ᠶ᠋ᠢ ᠬᠠᠷᠠᠭᠠᠳ ᠡᠮᠡᠭᠡᠨ ᠢ᠋ ᠪᠦᠬᠦᠯᠢ ᠪᠡᠷ ᠨᠢ ᠵᠠᠯᠭᠢᠴᠢᠬᠠᠵᠤ ᠭᠡᠵᠦ ᠪᠣᠳᠣᠵᠠᠢ᠃ ᠡᠮᠡᠭᠡᠨ ᠢ᠋ ᠠᠪᠤᠷᠠᠵᠤ ᠠᠮᠵᠢᠬᠤ ᠴᠤ᠌ ᠶᠤᠮ ᠪᠢᠯᠡ ᠤᠤ᠂ ᠢᠩᠭᠢᠭᠡᠳ ᠲᠡᠷᠡ ᠬᠠᠢᠴᠢ ᠠᠪᠤᠭᠠᠳ ᠴᠢᠨᠣ᠎ᠠ ᠶ᠋ᠢᠨ ᠭᠡᠳᠡᠰᠦ ᠶ᠋ᠢ ᠨᠡᠭᠡᠭᠡᠵᠦ ᠡᠬᠢᠯᠡᠯ᠎ᠡ᠂ ᠬᠡᠳᠦ ᠬᠠᠢᠴᠢᠯᠠᠲᠠᠯᠠ ᠪᠢᠴᠢᠬᠠᠨ ᠤᠯᠠᠭᠠᠨ ᠮᠠᠯᠠᠭᠠᠢᠲᠤ ᠬᠠᠷᠠᠭᠳᠠᠯ᠎ᠠ᠂ ᠳᠠᠬᠢᠭᠠᠳ ᠬᠡᠳᠦ ᠬᠠᠢᠴᠢᠯᠠᠲᠠᠯᠠ ᠤᠯᠠᠭᠠᠨ ᠮᠠᠯᠠᠭᠠᠢᠲᠤ ᠭᠠᠷᠴᠤ ᠢᠷᠡᠭᠡᠳ ᠤᠬᠢᠯᠠᠪᠠ᠃
《ᠲᠩᠷᠢ ᠮᠢᠨᠢ ᠪᠢ ᠶᠠᠮᠠᠷ ᠶᠡᠬᠡ ᠠᠶᠤᠪᠠ᠂ ᠴᠢᠨᠣ᠎ᠠ ᠶ᠋ᠢᠨ ᠳᠣᠲᠣᠷ᠎ᠠ ᠬᠠᠪ ᠬᠠᠷᠠᠩᠭᠤᠢ ᠪᠠᠢᠭᠰᠠᠨ 》
ᠳᠠᠷᠠᠭ᠎ᠠ ᠨᠢ ᠡᠮᠡᠭᠡ ᠨᠢ ᠠᠮᠢᠳᠤ ᠮᠡᠨᠳᠦ ᠪᠦᠷᠢᠨ ᠪᠦᠲᠦᠨ ᠭᠠᠷᠴᠤ ᠢᠷᠡᠯ᠎ᠡ᠃ ᠪᠢᠴᠢᠬᠠᠨ ᠤᠯᠠᠭᠠᠨ ᠮᠠᠯᠠᠭᠠᠢᠲᠤ ᠬᠤᠷᠳᠤᠬᠠᠨ ᠶᠠᠪᠤᠵᠤ ᠲᠣᠮᠣ ᠴᠢᠯᠠᠭᠤ ᠲᠡᠭᠦᠵᠦ ᠢᠷᠡᠭᠡᠳ ᠴᠢᠨᠣ᠎ᠠ ᠶ᠋ᠢᠨ ᠭᠡᠳᠡᠰᠦ ᠶ᠋ᠢ ᠴᠢᠯᠠᠭᠤ ᠪᠠᠷ ᠳᠦᠭᠦᠷᠭᠡᠪᠡ᠃ ᠳᠠᠷᠠᠭ᠎ᠠ ᠨᠢ ᠲᠦᠯᠡᠭᠡᠴᠢᠨ ᠴᠢᠨᠣ᠎ᠠ ᠶ᠋ᠢᠨ ᠭᠡᠳᠡᠰᠦ ᠶ᠋ᠢ ᠳᠠᠬᠢᠨ ᠣᠶᠣᠯ᠎ᠠ᠃ ᠤᠳᠠᠬᠤ ᠦᠭᠡᠢ ᠴᠢᠨᠣ᠎ᠠ ᠰᠡᠷᠡᠵᠡᠢ᠂ ᠪᠦᠭᠦᠳᠡ ᠨᠢᠭᠤᠭᠳᠠᠯ᠎ᠠ᠃ ᠴᠢᠨᠣ᠎ᠠ ᠡᠷᠭᠢᠨ ᠲᠣᠭᠣᠷᠢᠨ ᠢ᠋ᠶ᠋ᠠᠨ ᠬᠠᠷᠠᠲᠠᠯ᠎ᠠ ᠬᠡᠨ ᠴᠦ᠍ ᠪᠠᠢᠭᠰᠠᠨ ᠦᠭᠡᠢ᠂ ᠲᠡᠷᠡ ᠳᠠᠷᠤᠢ ᠪᠠᠢᠰᠢᠩ ᠡᠴᠡ ᠭᠠᠷᠴᠤ ᠭᠦᠶᠦᠪᠡ᠃ 《ᠠ᠋᠂ ᠠ ᠬᠣᠳᠣᠭᠣᠳᠣ ᠮᠢᠨᠢ ᠶᠠᠮᠠᠷ ᠬᠦᠨᠳᠦ ᠪᠠᠢᠨ᠎ᠠ᠂ ᠬᠥᠭᠰᠢᠨ ᠶᠠᠭᠤᠮ᠎ᠠ ᠶ᠋ᠢ ᠨᠢᠭᠡ ᠰᠢᠩᠭᠡᠭᠡᠬᠦ ᠨᠡᠯᠢᠶᠡᠳ ᠶᠡᠬᠡ ᠤᠳᠠᠬᠤ ᠶᠤᠮ ᠰᠢᠭ᠋ ᠪᠠᠢᠨ᠎ᠠ 》 ᠬᠡᠳᠦ ᠠᠯᠬᠤᠭᠰᠠᠨ ᠤ᠋ ᠳᠠᠷᠠᠭ᠎ᠠ ᠲᠡᠷᠡ ᠶᠠᠳᠠᠷᠠᠵᠤ ᠬᠦᠨᠳᠦ ᠵᠢᠩ ᠡᠴᠡ ᠪᠣᠯᠤᠭᠠᠳ ᠤᠨᠠᠭᠠᠳ ᠥᠭᠭᠦᠯ᠎ᠡ᠃ ᠡᠮᠡᠭᠡ᠂ ᠤᠯᠠᠭᠠᠨ ᠮᠠᠯᠠᠭᠠᠢᠲᠤ᠂ ᠴᠢᠨᠣ᠎ᠠ ᠭᠤᠷᠪᠠ ᠠᠷᠤ ᠡᠴᠡ ᠨᠢ ᠳᠠᠭᠠᠵᠠᠢ᠃ ᠴᠢᠨᠣ᠎ᠠ ᠠᠮᠠ ᠨᠢ ᠶᠡᠬᠡ ᠴᠠᠩᠭᠠᠭᠰᠠᠨ ᠤᠴᠢᠷ ᠭᠣᠣᠯ ᠤᠷᠤᠭᠤ ᠣᠴᠢᠯ᠎ᠠ᠂ ᠤᠰᠤ ᠤᠤᠭᠤᠬᠤ ᠪᠠᠷ ᠲᠣᠩᠭᠣᠢᠬᠤ ᠳ᠋ᠤ᠌ ᠪᠠᠨ ᠬᠦᠨᠳᠦ ᠵᠢᠩ ᠢ᠋ᠶ᠋ᠡᠨ ᠳᠠᠭᠠᠯ ᠦᠭᠡᠢ ᠬᠠᠯᠲᠤᠷᠢᠭᠠᠳ ᠭᠣᠣᠯ ᠤᠷᠤᠭᠤ ᠤᠨᠠᠴᠢᠬᠠᠪᠠ᠃
《ᠲᠤᠰᠠᠯᠠᠭᠠᠷᠠᠢ᠂ ᠬᠡᠨ ᠨᠢᠭᠡ ᠨᠢ ᠨᠠᠳᠠ ᠳ᠋ᠤ᠌ ᠲᠤᠰᠠᠯᠠᠭᠠᠴᠢ ᠳᠠ 》 ᠡᠮᠡᠭᠡ᠂ ᠤᠯᠠᠭᠠᠨ ᠮᠠᠯᠠᠭᠠᠢᠲᠤ᠂ ᠲᠦᠯᠡᠭᠡᠴᠢᠨ ᠭᠤᠷᠪᠠ ᠭᠣᠣᠯ ᠤ᠋ᠨ ᠡᠷᠭᠢᠨ ᠳ᠋ᠦ᠍ ᠢᠷᠡᠵᠦ ᠵᠢᠪᠴᠦ ᠪᠠᠢᠭ᠎ᠠ ᠴᠢᠨᠣ᠎ᠠ ᠶ᠋ᠢ ᠬᠠᠷᠠᠯ᠎ᠠ᠃ 《ᠮᠠᠭᠤ ᠵᠠᠯᠢᠲᠤ ᠴᠢᠨᠣ᠎ᠠ ᠢᠩᠭᠢᠭᠡᠳ ᠱᠠᠩ ᠢ᠋ᠶ᠋ᠠᠨ ᠬᠦᠷᠲᠡᠬᠦ ᠴᠢᠨᠢ ᠡᠨᠡ ᠳᠡ 》
《ᠲᠤᠰᠠᠯᠠᠭᠠᠷᠠᠢ᠂ ᠬᠡᠨ ᠨᠢᠭᠡ ᠨᠢ ᠨᠠᠳᠠ ᠳ᠋ᠤ᠌ ᠲᠤᠰᠠᠯᠠᠭᠠᠴᠢ ᠳᠠ 》
ᠲᠡᠳᠡ ᠪᠦᠭᠦᠳᠡ ᠪᠠᠶᠠᠷᠲᠠᠢ ᠪᠠᠢᠪᠠ᠂ ᠡᠮᠡᠭᠡ ᠠᠮᠢ ᠶ᠋ᠢ ᠨᠢ ᠠᠪᠤᠷᠬᠠᠰᠠ ᠳ᠋ᠤ᠌ ᠲᠦᠯᠡᠭᠡᠴᠢᠨ ᠳ᠋ᠦ᠍ ᠲᠠᠯᠠᠷᠬᠠᠪᠠ᠃ ᠬᠠᠮᠲᠤ ᠰᠠᠭᠤᠵᠤ ᠪᠢᠯᠠᠤ ᠢᠳᠡ ᠭᠡᠵᠦ ᠤᠷᠢᠯ᠎ᠠ᠃ ᠪᠢᠴᠢᠬᠠᠨ ᠤᠯᠠᠭᠠᠨ ᠮᠠᠯᠠᠭᠠᠢᠲᠤ ᠪᠢᠯᠠᠤ ᠢᠳᠡᠬᠦ ᠭᠡᠵᠦ ᠶᠠᠭᠠᠬᠢᠭᠰᠠᠨ ᠴᠤ᠌ ᠡᠮᠡᠭᠡ ᠨᠢ ᠪᠣᠯᠢᠭᠤᠯᠪᠠ᠃
《ᠬᠠ ᠬᠠ᠂ ᠴᠢᠮ᠎ᠠ ᠶ᠋ᠢ ᠪᠢᠯᠠᠤ᠂ ᠱᠣᠺᠣᠯᠠᠳ᠋ ᠢᠳᠡᠬᠦ ᠪᠡᠷ ᠬᠦᠰᠡᠵᠦ ᠪᠠᠢᠭ᠎ᠠ ᠶ᠋ᠢ ᠴᠢᠨᠢ ᠮᠡᠳᠡᠨ᠎ᠡ᠂ ᠥᠨᠥᠳᠥᠷ ᠪᠢ ᠴᠢᠮ᠎ᠠ ᠶ᠋ᠢ ᠬᠦᠰᠡᠭᠰᠡᠨ ᠢ᠋ᠶ᠋ᠡᠷ ᠢ᠋ᠶ᠋ᠡᠨ ᠶᠡᠬᠡ ᠢᠳᠡᠬᠦ ᠶ᠋ᠢ ᠵᠥᠪᠰᠢᠶᠡᠷᠡᠶᠡ᠂ ᠭᠡᠬᠦ ᠳ᠋ᠦ᠍ ᠪᠡᠨ ᠲᠡᠭᠦᠨ ᠡᠴᠡ ᠡᠮᠦᠨ᠎ᠡ ᠴᠢ ᠲᠦᠯᠡᠭᠡᠴᠢᠨ ᠠᠬ᠎ᠠ ᠳ᠋ᠤ᠌ ᠪᠠᠨ ᠳᠠᠭᠤᠤ ᠪᠠᠨ ᠳᠠᠭᠤᠯᠠᠵᠤ ᠥᠭᠭᠦᠭᠡᠷᠡᠢ᠂ ᠶᠠᠭᠠᠬᠢᠭᠠᠳ ᠭᠡᠪᠡᠯ ᠲᠦᠯᠡᠭᠡᠴᠢᠨ ᠥᠨᠥᠳᠥᠷ ᠪᠢᠳᠡᠨ ᠦ᠌ ᠠᠮᠢ ᠶ᠋ᠢ ᠠᠪᠤᠷᠬᠠᠰᠠ 》 《ᠲᠡᠢᠮᠦ ᠠ᠋᠂ ᠡᠮᠡᠭᠡ ᠠ᠋ ᠥᠨᠥᠳᠥᠷ ᠪᠢᠳᠡᠨ ᠦ᠌ ᠬᠤᠪᠢ ᠳ᠋ᠤ᠌ ᠪᠤᠷᠬᠠᠨ ᠰᠢᠭ᠋ ᠪᠠᠢᠭᠰᠠᠨ᠂ ᠲᠡᠢᠮᠦ ᠡᠴᠡ ᠪᠢ ᠬᠠᠮᠤᠭ ᠤ᠋ᠨ ᠳᠤᠷᠠᠲᠠᠢ ᠳᠠᠭᠤᠤ ᠪᠠᠨ ᠳᠠᠭᠤᠯᠠᠵᠤ ᠥᠭᠬᠦ ᠪᠣᠯᠤᠨ᠎ᠠ 》 ᠢᠩᠭᠢᠵᠦ ᠬᠡᠯᠡᠭᠡᠳ ᠳᠠᠭᠤᠯᠠᠵᠤ ᠡᠬᠢᠯᠡᠯ᠎ᠡ᠃ 《ᠭᠠᠩᠭᠠᠩ ᠨᠣᠭᠣᠭᠠᠨ ᠭᠠᠴᠤᠷᠠᠬᠠᠨ᠂ ᠵᠤᠨ ᠳ᠋ᠤ᠌ ᠪᠠᠨ ᠡᠪᠦᠯ ᠳ᠋ᠦ᠍ ᠪᠡᠨ ᠨᠣᠭᠣᠭᠠᠷᠠᠨ᠎ᠠ᠂ ᠬᠥᠭᠵᠢᠯᠲᠡᠢ ᠶᠡᠬᠡ ᠬᠣᠲᠠ ᠳ᠋ᠤ᠌ ᠮᠢᠨᠢ ᠬᠦᠴᠢᠯᠲᠦ᠋ᠷᠦᠭᠴᠢ ᠪᠡᠯᠡᠭᠯᠡᠨ᠎ᠡ 》 ᠪᠦᠭᠦᠳᠡ ᠢᠨᠢᠶᠡᠯᠳᠦᠵᠦ ᠪᠢᠯᠠᠤ ᠢᠳᠡᠵᠦ ᠪᠠᠢᠪᠠ᠃ 《ᠤᠯᠠᠭᠠᠨ ᠮᠠᠯᠠᠭᠠᠢᠲᠤ ᠳᠠᠬᠢᠵᠤ ᠬᠡᠵᠢᠶ᠎ᠡ ᠴᠦ᠍ ᠣᠢ ᠪᠠᠷ ᠭᠠᠭᠴᠠᠭᠠᠷ ᠢ᠋ᠶ᠋ᠠᠨ ᠲᠡᠨᠦᠬᠦ ᠦᠭᠡᠢ᠂ ᠡᠵᠢ ᠶ᠋ᠢᠨ ᠢ᠋ᠶ᠋ᠡᠨ ᠦᠭᠡᠨ ᠳ᠋ᠦ᠍ ᠲᠠᠩᠳᠠ ᠣᠷᠣᠵᠤ ᠪᠠᠢᠨ᠎ᠠ ᠭᠡᠵᠦ ᠥᠪᠡᠷᠲᠡᠭᠡᠨ ᠠᠮᠠᠯᠠᠯ᠎ᠠ᠃
