ᠲᠠᠢᠯᠪᠤᠷᠢᠯᠠᠯᠲᠠ- ᠳ· ᠨᠠᠴᠤᠭᠳᠣᠷᠵᠢТайлбарлалт-Д.Нацагдорж
ᠢᠷᠠᠭᠤ ᠨᠠᠢᠷᠠᠭ
ᠳ· ᠨᠠᠴᠤᠭᠳᠣᠷᠵᠢ
《ᠴᠡᠩᠬᠡᠷᠯᠡᠨ ᠬᠠᠷᠠᠭᠳᠠᠨ᠎ᠠ》
ᠡᠨᠡ ᠨᠢ ᠳ· ᠨᠠᠴᠤᠭᠳᠣᠷᠵᠢ ᠶ᠋ᠢᠨ《ᠦᠱᠠᠨᠳᠠᠷ》 ᠭᠡᠳᠡᠭ ᠵᠦᠴᠦᠭᠡ ᠶ᠋ᠢᠨ ᠳᠠᠭᠤᠤ ᠪᠥᠭᠡᠳ1923 ᠣᠨ ᠳ᠋ᠤ᠌ ᠪᠢᠴᠢᠭᠳᠡᠭᠰᠡᠨ᠂ ᠣᠯᠠᠨ ᠤ᠋ ᠳᠤᠮᠳᠠ ᠳᠡᠯᠭᠡᠷᠡᠵᠦ ᠠᠷᠠᠳ ᠤ᠋ᠨ ᠳᠠᠭᠤᠤ ᠪᠣᠯᠵᠠᠢ᠃1935 ᠣᠨ ᠳ᠋ᠤ᠌ ᠠᠷᠠᠳ ᠢ᠋ ᠬᠡᠬᠡᠷᠡᠭᠦᠯᠬᠦ ᠶᠠᠮᠤᠨ ᠠ᠋ᠴᠠ ᠬᠡᠪᠯᠡᠭᠦᠯᠦᠭᠰᠡᠨ《ᠮᠣᠩᠭᠣᠯ ᠳᠠᠭᠤᠤ ᠨᠤᠭᠤᠳ ᠤ᠋ᠨ ᠲᠡᠭᠦᠪᠦᠷᠢ》 ᠳᠦ (ᠨᠣᠲ ᠤ᠋ᠨ ᠬᠠᠮᠲᠤ) ᠬᠡᠪᠯᠡᠭᠳᠡᠵᠡᠢ᠃
《ᠫᠢᠣᠨᠧᠷ ᠦ᠋ᠨ ᠳᠠᠭᠤᠤ》
1925 ᠣᠨ ᠳ᠋ᠤ᠌ ᠫᠢᠣᠨᠧᠷ ᠦ᠋ᠨ ᠲᠣᠪᠴᠢᠶᠠᠨ ᠤ᠋ ᠳᠠᠷᠤᠭ᠎ᠠ ᠶ᠋ᠢᠨ ᠬᠠᠪᠰᠤᠷᠤᠭᠴᠢ ᠪᠠᠢᠬᠤ ᠳ᠋ᠠᠭᠠᠨ ᠵᠣᠬᠢᠶᠠᠵᠠᠢ᠃ ᠫᠢᠣᠨᠧᠷ ᠦ᠋ᠳ ᠲᠦ᠍ ᠵᠣᠷᠢᠭᠤᠯᠵᠤ ᠮᠠᠰᠢᠨ᠎ᠠ ᠪᠠᠷ ᠴᠣᠬᠢᠭᠤᠯᠤᠨ ᠲᠠᠷᠬᠠᠭᠠᠵᠤ ᠪᠠᠢᠭᠰᠠᠨ᠃《ᠵᠠᠯᠭᠠᠮᠵᠢᠯᠠᠭᠴᠢ》 ᠰᠡᠳᠬᠦᠯ ᠳ᠋ᠦ᠍ ᠬᠡᠪᠯᠡᠭᠳᠡᠵᠡᠢ᠃
《ᠤᠯᠠᠭᠠᠨᠪᠠᠭᠠᠲᠤᠷ ᠠ᠋ᠴᠠ ᠪᠧᠷᠯᠢᠨ ᠬᠦᠷᠲᠡᠯ᠎ᠡ》
1925 ᠣᠨ ᠳ᠋ᠤ᠌ ᠤᠯᠠᠭᠠᠨᠪᠠᠭᠠᠲᠤᠷ ᠠ᠋ᠴᠠ ᠪᠧᠷᠯᠢᠨ ᠳ᠋ᠦ᠍ ᠰᠤᠷᠤᠯᠴᠠᠬᠤ ᠪᠠᠷ ᠶᠠᠪᠤᠬᠤ ᠵᠠᠮ ᠳ᠋ᠠᠭᠠᠨ《ᠵᠠᠮ ᠤ᠋ᠨ ᠲᠡᠮᠳᠡᠭᠯᠡᠯ ᠪᠠ ᠥᠭᠦᠯᠡᠯ》 ᠭᠡᠳᠡᠭ ᠨᠡᠷ᠎ᠡ ᠲᠠᠢ ᠪᠠᠷ 1926 ᠣᠨ ᠳ᠋ᠤ᠌ ᠪᠧᠷᠯᠢᠨ ᠬᠣᠲᠠ ᠳ᠋ᠤ᠌ ᠪᠢᠴᠢᠵᠡᠢ᠃ ᠣᠳᠣ ᠭᠠᠷ ᠪᠢᠴᠢᠮᠡᠯ ᠨᠢ ᠰᠢᠨᠵᠢᠯᠡᠬᠦ ᠤᠬᠠᠭᠠᠨ ᠤ᠋ ᠬᠦᠷᠢᠶᠡᠯᠡᠩ ᠳ᠋ᠦ᠍ ᠬᠠᠳᠠᠭᠠᠯᠠᠭᠳᠠᠵᠤ ᠪᠠᠢᠭ᠎ᠠ᠃
《ᠠᠯᠤᠰ ᠭᠠᠵᠠᠷ》 ᠰᠤᠷᠬᠤ ᠪᠠᠷ ᠶᠠᠪᠤᠭᠴᠢ》1927ᠣᠨ ᠳ᠋ᠤ᠌ ᠪᠢᠴᠢᠭᠰᠡᠨ ᠪᠥᠭᠡᠳ ᠡᠨᠡ ᠰᠢᠯᠦᠭ ᠢ᠋ᠶ᠋ᠡᠨ ᠭᠠᠳᠠᠭᠠᠳᠤ ᠳ᠋ᠤ᠌ ᠰᠤᠷᠬᠤ ᠪᠠᠷ ᠶᠠᠪᠤᠬᠤ ᠳ᠋ᠠᠭᠠᠨ ᠪᠢᠴᠢᠵᠡᠢ᠃ ᠭᠠᠷ ᠪᠢᠴᠢᠮᠡᠯ ᠨᠢ ᠪᠣᠢ᠃
《ᠫᠢᠣᠨᠧᠷ》
1930 ᠣᠨ ᠳ᠋ᠤ᠌ ᠪᠢᠴᠢᠭᠳᠡᠵᠦ᠂ 《ᠠᠷᠠᠳ ᠤ᠋ᠨ ᠡᠷᠡᠭᠦᠯ ᠢ᠋ ᠬᠠᠮᠠᠭᠠᠯᠠᠬᠤ ᠶᠠᠮᠤᠨ ᠠ᠋ᠴᠠ ᠥᠪᠡᠷ ᠦ᠋ᠨ ᠠᠷᠪᠠᠨ ᠵᠢᠯ ᠦ᠋ᠨ ᠣᠢ ᠳ᠋ᠤ᠌ ᠵᠣᠷᠢᠭᠤᠯᠪᠠ》 ᠭᠡᠰᠡᠨ ᠲᠡᠭᠦᠪᠦᠷᠢ ᠳ᠋ᠦ᠍ 《ᠡᠷᠡᠭᠦᠯ ᠫᠢᠣᠨᠧᠷ》 ᠭᠡᠳᠡᠭ ᠨᠡᠷ᠎ᠡ ᠲᠡᠢ ᠪᠡᠷ1935 ᠣᠨ ᠳ᠋ᠤ᠌ ᠬᠡᠪᠯᠡᠭᠳᠡᠵᠡᠢ᠃ ᠣᠳᠣ《ᠫᠢᠣᠨᠧᠷ ᠦ᠋ᠨ ᠯᠠᠭ᠌ᠸᠷ ᠳᠡᠭᠡᠷ᠎ᠡ》 ᠭᠡᠳᠡᠭ ᠨᠡᠷ᠎ᠡ ᠲᠡᠢ ᠭᠠᠷ ᠪᠢᠴᠢᠮᠡᠯ ᠪᠣᠢ᠃
《ᠬᠡᠪᠯᠡᠯ》
1930 ᠣᠨ ᠳ᠋ᠤ᠌ ᠪᠢᠴᠢᠭᠳᠡᠵᠡᠢ᠃ ᠴᠤᠭᠯᠠᠭᠤᠯᠭ᠎ᠠ ᠶ᠋ᠢᠨ ᠳᠣᠲᠣᠷᠠᠬᠢ ᠬᠠᠭᠤᠯᠪᠤᠷᠢ ᠳ᠋ᠤ᠌ ᠪᠣᠢ᠃
《ᠣᠯᠠᠨ ᠤᠯᠤᠰ ᠤ᠋ᠨ ᠵᠠᠯᠠᠭᠤᠴᠤᠳ ᠤ᠋ᠨ ᠡᠳᠦᠷ》
1930 ᠣᠨ ᠳ᠋ᠤ᠌ ᠪᠢᠴᠢᠭᠳᠡᠭᠰᠡᠨ ᠪᠥᠭᠡᠳ ᠣᠳᠣ《ᠮᠢᠶᠥ᠋ᠳᠢ》 ᠭᠡᠰᠡᠨ ᠭᠠᠷ ᠪᠢᠴᠢᠮᠡᠯ ᠬᠠᠳᠠᠭᠠᠯᠠᠭᠳᠠᠵᠤ ᠪᠠᠢᠭ᠎ᠠ᠃
《ᠰᠢᠨᠵᠢᠯᠡᠬᠦ ᠤᠬᠠᠭᠠᠨ》
1931 ᠣᠨ ᠳ᠋ᠤ᠌ ᠪᠢᠴᠢᠭᠳᠡᠵᠡᠢ᠃ ᠣᠳᠣ ᠭᠠᠷ ᠪᠢᠴᠢᠮᠡᠯ ᠨᠢ
ᠬᠠᠳᠠᠭᠠᠯᠠᠭᠳᠠᠵᠤ ᠪᠠᠢᠭ᠎ᠠ᠃
《ᠠᠩᠬᠠᠨ ᠤ᠋ ᠴᠠᠰᠤ》
1931 ᠣᠨ ᠳ᠋ᠤ᠌ ᠪᠢᠴᠢᠭᠳᠡᠭᠰᠡᠨ᠃ ᠣᠳᠣ ᠭᠠᠷ ᠪᠢᠴᠢᠮᠡᠯ ᠨᠢ ᠪᠣᠢ᠃
《ᠬᠤᠪᠢᠰᠬᠠᠯ ᠤ᠋ᠨ ᠦᠷ᠎ᠡ》
1932 ᠣᠨ ᠳ᠋ᠤ᠌ ᠪᠢᠴᠢᠭᠳᠡᠵᠡᠢ᠃ ᠣᠳᠣ ᠭᠠᠷ ᠪᠢᠴᠢᠮᠡᠯ ᠨᠢ ᠪᠣᠢ᠃
《ᠤᠯᠤᠰ ᠤ᠋ᠨ ᠨᠠᠭᠠᠳᠤᠮ》
1935 ᠣᠨ ᠳ᠋ᠤ᠌ ᠪᠢᠴᠢᠭᠳᠡᠵᠦ᠂《ᠠᠷᠠᠳ ᠤ᠋ᠨ ᠡᠷᠡᠭᠦᠯ ᠢ᠋ ᠬᠠᠮᠠᠭᠠᠯᠠᠬᠤ ᠶᠠᠮᠤᠨ ᠠ᠋ᠴᠠ ᠥᠪᠡᠷ ᠦ᠋ᠨ ᠠᠷᠪᠠᠨ ᠵᠢᠯ ᠦ᠋ᠨ ᠣᠢ ᠳ᠋ᠤ᠌ ᠵᠣᠷᠢᠭᠤᠯᠪᠠ》 ᠭᠡᠳᠡᠭ ᠲᠡᠭᠦᠪᠦᠷᠢ ᠳ᠋ᠦ᠍《ᠡᠷᠡᠭᠦᠯ ᠶᠠᠪᠤᠪᠠᠯ ᠤᠯᠤᠰ ᠤ᠋ᠨ ᠨᠠᠭᠠᠳᠤᠮ ᠦᠵᠡᠨ᠎ᠡ》 ᠭᠡᠳᠡᠭ ᠨᠡᠷ᠎ᠡ ᠲᠡᠢ ᠪᠡᠷ1935 ᠣᠨ ᠳ᠋ᠤ᠌ ᠬᠡᠪᠯᠡᠭᠳᠡᠵᠡᠢ᠃
《ᠲᠤᠭᠤᠷᠭᠠᠨ ᠤ᠋ ᠵᠢᠷᠤᠭ ᠢ᠋ ᠦᠵᠡᠪᠡᠯ》᠂《ᠡᠨᠡᠳᠬᠡᠭ ᠪᠦᠰᠡᠭᠦᠢ》᠂
《ᠲᠤᠶᠠᠭ᠎ᠠ ᠦᠵᠡᠭᠳᠡᠪᠡ》᠂《ᠨᠢᠭᠤᠴᠠ ᠢᠨᠠᠭ》
ᠡᠳᠡᠭᠡᠷ ᠵᠣᠬᠢᠶᠠᠯ ᠢ᠋ᠶ᠋ᠠᠨ1930 ᠣᠨ ᠳ᠋ᠤ᠌ ᠪᠢᠴᠢᠵᠡᠢ᠃ ᠡᠳᠡᠭᠡᠷ ᠦ᠋ᠨ ᠭᠠᠷ ᠪᠢᠴᠢᠮᠡᠯ ᠨᠢ ᠴᠥᠮ ᠪᠣᠢ᠃
《ᠬᠠᠪᠤᠷ》᠂《ᠮᠥᠷᠥᠭᠡᠳᠦᠯ》᠂《ᠦᠲ᠋ᠦᠹᠸᠢ》᠂《ᠣᠳᠣ》᠂《ᠹᠧᠣᠳᠠᠯ ᠤ᠋ᠨ ᠢᠨᠠᠭᠯᠠᠯ》
ᠡᠳᠡᠭᠡᠷ ᠰᠢᠯᠦᠭ ᠢ᠋ᠶ᠋ᠡᠨ1931 ᠣᠨ ᠳ᠋ᠤ᠌ ᠪᠢᠴᠢᠵᠡᠢ᠃ ᠡᠳᠡᠭᠡᠷ ᠦ᠋ᠨ ᠭᠠᠷ ᠪᠢᠴᠢᠮᠡᠯ ᠨᠢ ᠴᠥᠮ ᠪᠣᠢ᠃
《ᠡᠰᠡᠷᠭᠦᠦ ᠶ᠋ᠢ ᠰᠣᠨᠣᠰᠪᠠ》
1932 ᠣᠨ ᠳ᠋ᠤ᠌ ᠪᠢᠴᠢᠭᠳᠡᠭᠰᠡᠨ᠂ ᠣᠳᠣ ᠭᠠᠷ ᠪᠢᠴᠢᠮᠡᠯ ᠨᠢ ᠪᠣᠢ᠃
《ᠮᠢᠨᠦ ᠨᠤᠲᠤᠭ》
1933 ᠣᠨ ᠳ᠋ᠤ᠌ ᠵᠣᠬᠢᠶᠠᠵᠠᠢ᠃ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠬᠠᠨ᠎ᠠ ᠶ᠋ᠢᠨ ᠰᠣᠨᠢᠨ ᠳ᠋ᠤ᠌ ᠠᠩᠬ᠎ᠠ ᠤᠳᠠᠭ᠎ᠠ ᠭᠠᠷᠤᠭᠰᠠᠨ᠂ ᠣᠳᠣ ᠭᠠᠷ ᠪᠢᠴᠢᠮᠡᠯ ᠨᠢ ᠪᠣᠢ᠃
《ᠲᠦᠷᠪᠢᠨ ᠴᠠᠭ》
1934 ᠣᠨ ᠳ᠋ᠤ᠌ ᠪᠢᠴᠢᠭᠳᠡᠵᠦ᠂1937 ᠣᠨ ᠳ᠋ᠤ᠌《3—4 ᠳ᠋ᠦ᠍ᠭᠡᠷ ᠣᠨ ᠳ᠋ᠤ᠌ ᠦᠵᠡᠬᠦ ᠤᠳᠬ᠎ᠠ ᠵᠣᠬᠢᠶᠠᠯ ᠤ᠋ᠨ ᠪᠢᠴᠢᠭ》 ᠲᠦ᠍ ᠬᠡᠪᠯᠡᠭᠳᠡᠵᠡᠢ᠃
《ᠬᠠᠭᠤᠴᠢᠨ ᠮᠣᠩᠭᠣᠯ》
1935 ᠣᠨ ᠳ᠋ᠤ᠌ ᠪᠢᠴᠢᠭᠳᠡᠵᠦ᠂《ᠠᠷᠠᠳ ᠤ᠋ᠨ ᠡᠷᠡᠭᠦᠯ ᠢ᠋ ᠬᠠᠮᠠᠭᠠᠯᠠᠬᠤ ᠶᠠᠮᠤᠨ ᠠ᠋ᠴᠠ ᠥᠪᠡᠷ ᠦ᠋ᠨ ᠠᠷᠪᠠᠨ ᠵᠢᠯ ᠦ᠋ᠨ ᠣᠢ ᠳ᠋ᠤ᠌ ᠵᠣᠷᠢᠭᠤᠯᠪᠠ》 ᠭᠡᠳᠡᠭ ᠲᠡᠭᠦᠪᠦᠷᠢ ᠳ᠋ᠦ᠍1935 ᠣᠨ ᠳ᠋ᠤ᠌ ᠬᠡᠪᠯᠡᠭᠳᠡᠵᠡᠢ᠃
《ᠢᠨᠠᠭ》
1940 ᠣᠨ ᠳ᠋ᠤ᠌ ᠬᠡᠪᠯᠡᠭᠳᠡᠭᠰᠡᠨ ᠳ᠂ ᠨᠠᠴᠤᠭᠳᠣᠷᠵᠢ ᠶ᠋ᠢᠨ ᠲᠡᠭᠦᠪᠦᠷᠢ ᠶ᠋ᠢᠨ ᠵᠣᠬᠢᠶᠠᠯ ᠳ᠋ᠤ᠌ ᠬᠡᠪᠯᠡᠭᠳᠡᠵᠡᠢ᠃ ᠡᠭᠦᠨ ᠦ᠌ ᠭᠠᠷ ᠪᠢᠴᠢᠮᠡᠯ ᠨᠢ ᠣᠯᠳᠠᠭ᠎ᠠ ᠦᠭᠡᠢ ᠪᠠᠢᠨ᠎ᠠ᠃
《ᠮᠢᠨᠦ ᠡᠵᠢ》 ᠳ᠂ ᠨᠠᠴᠤᠭᠳᠣᠷᠵᠢ ᠶ᠋ᠢᠨ ᠵᠣᠬᠢᠶᠠᠯ ᠤ᠋ᠨ ᠴᠤᠭᠯᠠᠭᠤᠯᠭ᠎ᠠ ᠶ᠋ᠢᠨ ᠬᠠᠭᠤᠯᠪᠤᠷᠢ ᠳ᠋ᠤ᠌ ᠪᠣᠢ᠃
《ᠭᠠᠢᠬᠠᠯᠲᠠᠢ》
ᠣᠳᠣ ᠭᠠᠷ ᠪᠢᠴᠢᠮᠡᠯ ᠨᠢ ᠬᠠᠳᠠᠭᠠᠯᠠᠭᠳᠠᠵᠤ ᠪᠠᠢᠭ᠎ᠠ᠃
《ᠰᠣᠷᠢᠨᠵᠢᠨ》
ᠣᠳᠣ《ᠮᠠᠭᠨᠢᠲ》 ᠭᠡᠳᠡᠭ ᠨᠡᠷ᠎ᠡ ᠲᠡᠢ ᠭᠠᠷ ᠪᠢᠴᠢᠮᠡᠯ ᠨᠢ ᠪᠣᠢ᠃
《ᠬᠣᠶᠠᠷ ᠢᠰᠢᠭᠡ》
ᠳ᠂ ᠨᠠᠴᠤᠭᠳᠣᠷᠵᠢ ᠶ᠋ᠢᠨ ᠵᠣᠬᠢᠶᠠᠯ ᠤ᠋ᠨ ᠴᠤᠭᠯᠠᠭᠤᠯᠭ᠎ᠠ ᠳ᠋ᠤ᠌ ᠬᠠᠭᠤᠯᠪᠤᠷᠢ ᠨᠢ ᠪᠣᠢ᠃
《ᠬᠡᠨᠵᠡ ᠬᠤᠷᠠᠭ᠎ᠠ》
ᠭᠠᠷ ᠪᠢᠴᠢᠮᠡᠯ ᠨᠢ ᠪᠣᠢ᠃1927 ᠣᠨ ᠤ᠋4 ᠳ᠋ᠦ᠍ᠭᠡᠷ《ᠰᠢᠨ᠎ᠡ ᠲᠣᠯᠢ》 ᠳ᠋ᠤ᠌ ᠠᠩᠬ᠎ᠠ ᠤᠳᠠᠭ᠎ᠠ ᠬᠡᠪᠯᠡᠭᠳᠡᠵᠡᠢ᠃
《ᠤᠴᠢᠷ ᠲᠠᠢ ᠭᠤᠷᠪᠠᠨ ᠲᠣᠯᠣᠭᠠᠢ》
ᠡᠨᠡ ᠲᠡᠭᠦᠪᠦᠷᠢ ᠳ᠋ᠦ᠍《ᠤᠴᠢᠷ ᠲᠠᠢ ᠭᠤᠷᠪᠠᠨ ᠲᠣᠯᠣᠭᠠᠢ》 ᠭᠡᠳᠡᠭ ᠵᠦᠴᠦᠭᠡ ᠶ᠋ᠢᠨ ᠬᠣᠶᠠᠷ ᠸᠠᠷᠢᠶᠠᠨ᠋ᠲ ᠪᠣᠢ᠃ ᠨᠢᠭᠡᠳᠦᠭᠡᠷ ᠸᠠᠷᠢᠶᠠᠨ᠋ᠲ ᠢ᠋ ᠳ• ᠨᠠᠴᠤᠭᠳᠣᠷᠵᠢ1934 ᠣᠨ ᠳ᠋ᠤ᠌ ᠪᠢᠴᠢᠭᠰᠡᠨ ᠪᠥᠭᠡᠳ— ᠲᠢᠶᠠᠲ᠋ᠷ ᠤ᠋ᠨ ᠲᠠᠶ᠋ᠢᠽᠠᠨ ᠳᠡᠭᠡᠷ᠎ᠡ ᠲᠣᠭᠯᠠᠭᠰᠠᠭᠠᠷ ᠪᠠᠢᠭᠰᠠᠨ ᠶᠤᠮ᠃ ᠬᠣᠶᠠᠳᠤᠭᠠᠷ ᠸᠠᠷᠢᠶᠠᠨ᠋ᠲ ᠢ᠋1943 ᠣᠨ ᠳ᠋ᠤ᠌ ᠤᠯᠤᠰ ᠤ᠋ᠨ ᠲᠥᠪ ᠲᠢᠶᠠᠲ᠋ᠷ ᠦ᠋ᠨ ᠲᠠᠶ᠋ᠢᠽᠠᠨ ᠳᠡᠭᠡᠷ᠎ᠡ ᠰᠢᠨᠡᠴᠢᠯᠡᠨ ᠲᠠᠯᠪᠢᠬᠤ ᠦᠶ᠎ᠡ ᠳ᠋ᠦ᠍ ᠴ• ᠳᠠᠮᠳᠢᠨᠰᠦ᠋ᠷᠦᠩ ᠡᠨᠡ ᠵᠦᠴᠦᠭᠡ ᠶ᠋ᠢᠨ ᠵᠣᠬᠢᠶᠠᠯ ᠢ᠋ ᠵᠠᠰᠠᠭᠰᠠᠨ ᠶᠤᠮ᠃ ᠵᠠᠰᠠᠬᠤ ᠳ᠋ᠠᠭᠠᠨ ᠵᠣᠬᠢᠶᠠᠯ ᠤ᠋ᠨ ᠬᠣᠶᠠᠷ ᠪᠠᠭᠠᠲᠤᠷ ᠤ᠋ᠨ ᠭᠠᠰᠢᠭᠤᠳᠠᠯ ᠲᠠᠢ ᠲᠡᠭᠦᠰᠬᠡᠯ ᠢ᠋ ᠥᠭᠡᠷᠡᠴᠢᠯᠡᠭᠰᠡᠨ ᠪᠠ ᠪᠠᠯᠭᠠᠨ ᠶᠦᠨᠳᠡᠩ ᠨᠠᠷ ᠤ᠋ᠨ ᠲᠡᠮᠡᠴᠡᠯ ᠢ᠋ ᠠᠷᠠᠳ ᠣᠯᠠᠨ᠂ ᠹᠧᠣᠳᠠᠯ ᠨᠠᠷ ᠤ᠋ᠨ ᠬᠣᠭᠣᠷᠣᠨᠳᠣ ᠶ᠋ᠢᠨ ᠲᠡᠮᠡᠴᠡᠯ ᠪᠣᠯᠭᠠᠬᠤ ᠶᠠᠪᠤᠳᠠᠯ ᠢ᠋ ᠬᠤᠷᠴᠠᠳᠬᠠᠭᠰᠠᠨ ᠶᠤᠮ᠃ ᠪᠠᠰᠠ ᠵᠦᠴᠦᠭᠡ ᠶ᠋ᠢᠨ ᠬᠥᠳᠡᠯᠦᠯ ᠲᠡᠮᠡᠴᠡᠯ ᠳ᠋ᠦ᠍ ᠶᠡᠬᠡ ᠲᠤᠰᠠ ᠪᠣᠯᠤᠮᠠᠷ ᠦᠭᠡᠢ ᠨᠤᠷᠱᠤᠭᠰᠠᠨ ᠤᠷᠲᠤ ᠰᠢᠯᠦᠭ ᠦ᠋ᠳ ᠢ᠋ ᠬᠠᠰᠤᠵᠤ ᠲᠣᠪᠴᠢ ᠣᠨᠣᠪᠴᠢᠲᠠᠢ ᠪᠣᠯᠭᠠᠬᠤ ᠶ᠋ᠢ ᠣᠷᠣᠯᠳᠣᠭᠰᠠᠨ ᠶᠤᠮ᠃ ᠪᠠᠰᠠ ᠵᠦᠴᠦᠭᠡ ᠶ᠋ᠢᠨ ᠳᠠᠭᠤᠤ ᠬᠥᠭᠵᠢᠮ ᠢ᠋ ᠪᠠ᠊• ᠳᠠᠮᠳᠢᠨᠰᠦ᠋ᠷᠦᠩ ᠪᠦᠷ ᠰᠢᠨᠡᠴᠢᠯᠡᠨ ᠵᠣᠬᠢᠶᠠᠭᠰᠠᠨ ᠪᠣᠯᠤᠨ᠎ᠠ᠃《ᠤᠴᠢᠷ ᠲᠠᠢ ᠭᠤᠷᠪᠠᠨ ᠲᠣᠯᠣᠭᠠᠢ》 ᠡᠨᠡ ᠰᠡᠭᠦᠯ ᠦ᠋ᠨ ᠵᠠᠰᠠᠭᠰᠠᠨ ᠡᠬᠡ ᠶ᠋ᠢ ᠪᠠᠷᠢᠮᠲᠠᠯᠠᠵᠤ ᠮᠣᠩᠭᠣᠯ ᠤᠯᠤᠰ ᠤ᠋ᠨ ᠬᠥᠭᠵᠢᠮᠲᠦ ᠳ᠋ᠷᠡᠮᠡᠲ᠋ᠢᠺ ᠲᠢᠶᠠᠲ᠋ᠷ ᠪᠠ ᠪᠤᠰᠤᠳ ᠣᠯᠠᠨ ᠲᠢᠶᠠᠲ᠋ᠷ ᠲᠤ᠌ ᠣᠳᠣ ᠲᠠᠯᠪᠢᠭᠰᠠᠭᠠᠷ ᠪᠠᠢᠨ᠎ᠠ᠃
ᠡᠷᠡᠭᠦᠯ ᠡᠩᠬᠡ ᠶ᠋ᠢᠨ ᠲᠤᠬᠠᠢ ᠰᠢᠯᠦᠭ ᠥᠭᠦᠯᠡᠯᠭᠡ ᠨᠦ᠍ᠭᠦᠳ
《ᠡᠴᠦᠰ ᠲᠦ᠍ ᠨᠣᠬᠠᠢ ᠲᠡᠵᠢᠭᠡᠨ᠎ᠡ》
1928 ᠣᠨ ᠳ᠋ᠤ᠌ ᠪᠢᠴᠢᠭᠰᠡᠨ ᠪᠥᠭᠡᠳ《ᠠᠷᠠᠳ ᠤ᠋ᠨ ᠡᠷᠡᠭᠦᠯ ᠢ᠋ ᠬᠠᠮᠠᠭᠠᠯᠠᠬᠤ ᠶᠠᠮᠤᠨ ᠠ᠋ᠴᠠ ᠥᠪᠡᠷ ᠦ᠋ᠨ ᠠᠷᠪᠠᠨ ᠵᠢᠯ ᠦ᠋ᠨ ᠣᠢ ᠳ᠋ᠤ᠌
ᠵᠣᠷᠢᠭᠤᠯᠪᠠ① 》 ᠭᠡᠳᠡᠭ ᠲᠡᠭᠦᠪᠦᠷᠢ ᠳ᠋ᠦ᠍1935 ᠣᠨ ᠳ᠋ᠤ᠌ ᠬᠡᠪᠯᠡᠭᠳᠡᠵᠡᠢ᠃
《ᠠᠵᠢᠯᠴᠢᠨ ᠤ᠋ ᠪᠡᠶ᠎ᠡ》
1930 ᠣᠨ ᠳ᠋ᠤ᠌ ᠪᠢᠴᠢᠭᠳᠡᠭᠰᠡᠨ ᠪᠥᠭᠡᠳ ᠮᠥᠨ ᠲᠡᠭᠦᠪᠦᠷᠢ ᠳ᠋ᠦ᠍《ᠦᠢᠯᠡᠳᠪᠦᠷᠢᠴᠢᠨ ᠦ᠌ ᠪᠡᠶ᠎ᠡ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃
《ᠵᠠᠯᠠᠭᠤ ᠨᠠᠰᠤ ᠴᠡᠴᠡᠭ ᠦ᠋ᠨ ᠠᠳᠠᠯᠢ》
1930 ᠣᠨ ᠳ᠋ᠤ᠌ ᠪᠢᠴᠢᠭᠳᠡᠭᠰᠡᠨ ᠪᠥᠭᠡᠳ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠬᠤᠪᠢᠰᠬᠠᠯ ᠤ᠋ᠨ ᠳᠠᠢᠰᠤᠨ
ᠰᠢᠷ᠎ᠠ ᠬᠠᠷ᠎ᠠ ᠬᠠᠷᠭᠢᠰ᠂ ᠬᠥᠮᠦᠨ ᠦ᠌ ᠳᠠᠢᠰᠤᠨ ᠳᠣᠲᠣᠭᠤᠷ ᠭᠠᠳᠠᠭᠤᠷ ᠡᠪᠡᠳᠴᠢᠨ》
1930 ᠣᠨ ᠳ᠋ᠤ᠌ ᠵᠣᠬᠢᠶᠠᠭᠳᠠᠵᠤ᠂ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠲᠥᠪᠡᠳ ᠡᠮᠨᠡᠯᠭᠡ》
1930 ᠣᠨ ᠳ᠋ᠤ᠌ ᠵᠣᠬᠢᠶᠠᠭᠳᠠᠵᠤ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠬᠦᠷᠭᠡᠨ ᠬᠦᠦ》
1931 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍《ᠵᠡᠭᠡᠯᠢ ᠶ᠋ᠢᠨ ᠬᠥᠮᠦᠨ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃ ᠣᠳᠣ ᠭᠠᠷ ᠪᠢᠴᠢᠮᠡᠯ ᠨᠢ ᠪᠣᠢ᠃
《ᠬᠤᠪᠢᠰᠬᠠᠯ ᠤ᠋ᠨ ᠡᠮᠦᠨᠡᠬᠢ ᠦᠶ᠎ᠡ ᠶ᠋ᠢᠨ ᠡᠷᠡᠭᠦᠯ ᠡᠩᠬᠡ ᠶ᠋ᠢᠨ ᠪᠠᠢᠳᠠᠯ》᠂《ᠬᠤᠪᠢᠰᠬᠠᠯ ᠤ᠋ᠨ ᠦᠶ᠎ᠡ ᠳ᠋ᠦ᠍》
1934 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠰᠢᠨ᠎ᠡ ᠡᠮᠨᠡᠯᠭᠡ》
1934 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍《ᠰᠢᠨᠵᠢᠯᠡᠬᠦ ᠤᠬᠠᠭᠠᠨ ᠤ᠋ ᠡᠮᠨᠡᠯᠭᠡ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃
《ᠮᠣᠩᠭᠣᠯ ᠤ᠋ᠨ ᠦᠷᠡᠰ ᠮᠠᠰᠢ ᠣᠯᠠᠨ ᠪᠣᠯᠲᠤᠭᠠᠢ!》
1934 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠨᠢᠶᠠᠨ ᠢ᠋ ᠬᠣᠷᠢᠪᠠ》
1935 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍《ᠡᠢᠮᠦ ᠪᠠᠢᠬᠤ ᠨᠢ ᠵᠦᠢᠲᠡᠢ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃
《ᠡᠷᠡᠭᠦᠯ ᠢ᠋ ᠬᠠᠮᠠᠭᠠᠯᠠᠬᠤ ᠭᠠᠵᠠᠷ》᠂《ᠡᠷᠡᠭᠦᠯ》᠂《ᠡᠪᠡᠳᠴᠢᠨ》᠂
《ᠰᠢᠨᠵᠢᠯᠡᠬᠦ ᠤᠬᠠᠭᠠᠨ ᠤ᠋ ᠡᠮᠨᠡᠯᠭᠡ》《ᠬᠠᠯᠳᠠᠪᠤᠷᠢᠲᠤ ᠡᠪᠡᠳᠴᠢᠨ》᠂
《ᠨᠢᠳᠦ》᠂《ᠬᠠᠢᠷᠠᠨ ᠥᠬᠢᠨ》᠂《ᠶᠢᠷᠲᠢᠨᠴᠦ ᠶ᠋ᠢᠨ ᠭᠤᠷᠪᠠᠨ ᠭᠠᠢᠬᠠᠮᠰᠢᠭ》 ᠡᠳᠡᠭᠡᠷ ᠵᠣᠬᠢᠶᠠᠯ ᠢ᠋ᠶ᠋ᠠᠨ1935 ᠣᠨ ᠳ᠋ᠤ᠌ ᠪᠢᠴᠢᠵᠦ᠂ ᠮᠥᠨ ᠲᠡᠭᠦᠪᠦᠷᠢ ᠳ᠋ᠦ᠍ ᠬᠡᠪᠯᠡᠭᠦᠯᠵᠡᠢ᠃
《ᠡᠷᠡᠭᠦᠯ ᠪᠠ ᠵᠢᠷᠭᠠᠯ》
1935 ᠣᠨ ᠳ᠋ᠤ᠌ ᠪᠢᠴᠢᠭᠰᠡᠨ ᠪᠥᠭᠡᠳ ᠮᠥᠨ ᠲᠡᠭᠦᠪᠦᠷᠢ ᠳ᠋ᠦ᠍《ᠥᠷᠢ ᠦᠭᠡᠢ ᠪᠣᠯ ᠪᠠᠶᠠᠨ᠂ ᠡᠪᠡᠳᠴᠢᠨ ᠦᠭᠡᠢ ᠪᠣᠯ ᠵᠢᠷᠭᠠᠯ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃
《ᠡᠪᠡᠳᠴᠢᠲᠡᠨ ᠦ᠌ ᠶᠣᠢᠯᠠᠬᠤ ᠳᠠᠭᠤ》᠂《ᠡᠷᠡᠭᠦᠯ ᠦ᠋ᠨ ᠪᠠᠶᠠᠷ ᠤ᠋ᠨ ᠳᠠᠭᠤᠤ》᠂《ᠨᠢᠯᠬᠠᠰ》1935 ᠣᠨ ᠳ᠋ᠤ᠌ ᠪᠢᠴᠢᠭᠳᠡᠵᠦ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠡᠷᠡᠭᠦᠯ ᠢ᠋ᠶ᠋ᠡᠷ ᠬᠥᠮᠦᠵᠢᠬᠦ ᠨᠢ》
1935 ᠣᠨ ᠳ᠋ᠤ᠌ ᠪᠢᠴᠢᠭᠳᠡᠵᠦ᠂《ᠡᠷᠡᠭᠦᠯ ᠢ᠋ᠶ᠋ᠡᠷ ᠬᠥᠮᠦᠵᠢᠬᠦ ᠨᠢ ᠡᠢᠮᠦ》 ᠭᠡᠳᠡᠭ ᠨᠡᠷ᠎ᠡ ᠲᠡᠢ ᠪᠡᠷ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠪᠡᠶ᠎ᠡ ᠶ᠋ᠢᠨ ᠲᠠᠮᠢᠷ》
1935 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍ ᠬᠡᠪᠯᠡᠭᠳᠡᠵᠡᠢ᠃
《ᠥᠩᠭᠡᠨ ᠦ᠌ ᠡᠪᠡᠳᠴᠢᠨ》
1935 ᠣᠨ ᠳ᠋ᠤ᠌ ᠪᠢᠴᠢᠭᠳᠡᠵᠦ᠂ ᠮᠥᠨ ᠲᠡᠭᠦᠪᠦᠷᠢ ᠳ᠋ᠦ᠍《ᠶᠠᠷ᠎ᠠ ᠡᠪᠡᠳᠴᠢᠨ ᠦ᠌ ᠳᠡᠯᠭᠡᠷᠡᠳᠡᠭ ᠰᠢᠯᠲᠠᠭᠠᠨ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃
《ᠳᠡᠭᠵᠢᠨ ᠪᠠᠨᠳᠢ》᠂《ᠬᠠᠢᠷᠠᠨ ᠬᠠᠮᠠᠷ》᠂《ᠭᠠᠩᠭᠠᠩ ᠬᠡᠦᠬᠡᠨ》᠂ 《ᠭᠦᠨᠳᠡᠭ ᠴᠢᠪᠠᠭᠠᠨᠴᠠ ᠶ᠋ᠢᠨ ᠭᠦᠷᠢᠮ ᠦ᠋ᠨ ᠬᠡᠩᠭᠡᠷᠭᠡ》᠂《ᠳᠦᠯᠡᠢ ᠡᠪᠦᠭᠡᠨ》᠂《ᠴᠢᠰᠤᠲᠤ ᠪᠠᠢᠯᠳᠤᠭᠠᠨ》᠂《ᠮᠠᠨ ᠢ᠋ ᠬᠡᠨ ᠠᠯᠠᠨ᠎ᠠ》᠂《ᠷᠠᠰᠢᠶᠠᠨ》᠂《ᠨᠢᠶᠠᠨ ᠤ᠋ ᠶᠠᠷᠢᠶ᠎ᠠ》᠂《ᠨᠢᠭᠡ ᠳᠤᠰᠤᠯ ᠴᠢᠰᠤᠨ ᠳ᠋ᠤ᠌ ᠲᠠᠪᠤᠨ ᠰᠠᠶ᠎ᠠ》᠂《ᠬᠠᠯᠠᠭᠤᠨ ᠬᠢᠵᠢᠭ》᠂《ᠦᠵᠡᠰᠬᠦᠯᠡᠩᠲᠦ ᠥᠬᠢᠨ ᠰᠠᠨ》᠂《ᠥᠯᠵᠡᠢᠲᠦ ᠡᠪᠡᠳᠴᠢᠨ》᠂《ᠳᠥᠴᠢᠨ ᠬᠣᠶᠠᠷ ᠬᠤᠪᠢᠶᠠᠷᠢ》᠂《ᠨᠢᠭᠡ ᠳᠤᠰᠤᠯ ᠰᠢᠯᠦᠰᠦ》 ᠡᠳᠡᠭᠡᠷ ᠵᠣᠬᠢᠶᠠᠯ ᠢ᠋1935 ᠣᠨ ᠳ᠋ᠤ᠌ ᠵᠣᠬᠢᠶᠠᠵᠤ ᠮᠥᠨ ᠲᠡᠭᠦᠪᠦᠷᠢ ᠳ᠋ᠦ᠍ ᠬᠡᠪᠯᠡᠭᠦᠯᠵᠡᠢ᠃
《ᠬᠠᠢᠷᠠᠨ ᠬᠠᠢᠷᠠᠨ᠂ ᠲᠣᠭ᠎ᠠ ᠦᠭᠡᠢ ᠲᠣᠭ᠎ᠠ ᠦᠭᠡᠢ》
1935ᠣᠨ ᠳ᠋ᠤ᠌ ᠵᠣᠬᠢᠶᠠᠵᠤ᠂ ᠮᠥᠨ ᠲᠡᠭᠦᠪᠦᠷᠢ ᠳ᠋ᠦ᠍《ᠵᠠᠯᠠᠭᠤ ᠬᠦᠦ》 ᠭᠡᠳᠡᠭ ᠨᠡᠷ᠎ᠡ ᠲᠡᠢ ᠪᠡᠷ ᠬᠡᠪᠯᠡᠭᠳᠡᠵᠡᠢ᠃
《ᠬᠥᠭᠰᠢᠨ ᠬᠥᠮᠦᠨ ᠦ᠌ ᠥᠭᠦᠯᠡᠯ》᠂《ᠮᠡᠰᠡ ᠵᠠᠰᠠᠯ ᠤ᠋ᠨ ᠲᠠᠰᠤᠭ》᠂《ᠠᠤᠭ᠎ᠠ ᠬᠦᠴᠦᠲᠡᠨ》᠂
《ᠭᠠᠯᠵᠠᠭᠤ ᠡᠪᠡᠳᠴᠢᠨ》᠂《ᠠᠶᠤᠯᠲᠤ ᠪᠠᠢᠯᠳᠤᠭᠠᠨ》᠂《ᠬᠣᠵᠢᠮᠳᠠᠭᠰᠠᠨ ᠭᠡᠮᠰᠢᠯ》᠂《ᠳᠠᠯᠳᠠ ᠶ᠋ᠢ ᠦᠵᠡᠭᠴᠢ》᠂《ᠬᠥᠮᠦᠨ ᠬᠡᠳᠦᠨ ᠤᠳᠠᠭ᠎ᠠ ᠦᠬᠦᠵᠦ ᠪᠣᠯᠬᠤ ᠪᠣᠢ?》
ᠡᠳᠡᠭᠡᠷ ᠵᠣᠬᠢᠶᠠᠯ ᠢ᠋ᠶ᠋ᠠᠨ1935 ᠣᠨ ᠳ᠋ᠤ᠌ ᠵᠣᠬᠢᠶᠠᠵᠤ᠂ ᠮᠥᠨ ᠲᠡᠭᠦᠪᠦᠷᠢ ᠳ᠋ᠦ᠍ ᠬᠡᠪᠯᠡᠭᠦᠯᠵᠡᠢ᠃
ᠥᠭᠦᠯᠡᠯᠭᠡ ᠨᠦ᠍ᠭᠦᠳ
《ᠮᠠᠢ ᠶ᠋ᠢᠨ ᠨᠢᠭᠡᠨ ᠢ᠋ ᠬᠥᠷᠥᠩᠭᠡᠲᠡᠨ ᠦ᠌ ᠭᠠᠵᠠᠷ ᠦᠵᠡᠵᠡᠢ》
1928 ᠣᠨ ᠳ᠋ᠤ᠌ ᠵᠣᠬᠢᠶᠠᠭᠰᠠᠨ᠂ ᠭᠠᠷ ᠪᠢᠴᠢᠮᠡᠯ ᠨᠢ ᠪᠣᠢ᠃
《ᠬᠠᠭᠤᠴᠢᠨ ᠬᠦᠦ》᠂《ᠰᠢᠪᠠᠭᠤᠨ ᠰᠠᠷᠠᠯ》᠂《ᠰᠣᠶᠣᠯ ᠢ᠋ ᠭᠠᠢᠬᠠᠪᠠ》᠂《ᠾᠢ ᠾᠢ ᠾᠢ
》᠂《ᠬᠠᠷᠠᠩᠭᠤᠢ ᠬᠠᠳᠠ》᠂《ᠯᠠᠮᠠ ᠭᠤᠸᠠᠢ ᠶ᠋ᠢᠨ ᠨᠢᠯᠪᠤᠰᠤ》᠂《ᠪᠢᠳᠡ ᠬᠡᠳᠦ》 ᠡᠳᠡᠭᠡᠷ ᠥᠭᠦᠯᠡᠯᠭᠡ ᠨᠦ᠍ᠭᠦᠳ ᠢ᠋ᠶ᠋ᠡᠨ1930 ᠣᠨ ᠳ᠋ᠤ᠌ ᠪᠢᠴᠢᠭᠰᠡᠨ ᠪᠥᠭᠡᠳ ᠣᠳᠣ ᠡᠳᠡᠭᠡᠷ ᠦ᠋ᠨ ᠭᠠᠷ ᠪᠢᠴᠢᠮᠡᠯ ᠨᠢ ᠴᠥᠮ ᠬᠠᠳᠠᠭᠠᠯᠠᠭᠳᠠᠵᠤ ᠪᠠᠢᠭ᠎ᠠ᠃
《ᠵᠤᠯᠠ》᠂《ᠡᠵᠡᠷᠬᠡᠭ ᠲᠦᠷᠢᠮᠡᠬᠡᠢ ᠶ᠋ᠢᠨ ᠪᠠᠢᠯᠳᠤᠭᠠᠨ》᠂《ᠬᠥᠳᠡᠭᠡ ᠲᠠᠯ᠎ᠠ ᠶ᠋ᠢᠨ ᠦᠵᠡᠰᠬᠦᠯᠡᠩ》 ᠡᠳᠡᠭᠡᠷ ᠵᠣᠬᠢᠶᠠᠯ ᠢ᠋ᠶ᠋ᠠᠨ1931 ᠣᠨ ᠳ᠋ᠤ᠌ ᠪᠢᠴᠢᠭᠰᠡᠨ ᠪᠥᠭᠡᠳ ᠣᠳᠣ ᠡᠳᠡᠭᠡᠷ ᠦ᠋ᠨ ᠭᠠᠷ ᠪᠢᠴᠢᠮᠡᠯ ᠨᠢ ᠴᠥᠮ ᠪᠣᠢ᠃
《ᠬᠥᠭᠵᠢᠮ ᠦ᠋ᠨ ᠡᠬᠡᠰᠢᠭ》
1931 ᠣᠨ ᠳ᠋ᠤ᠌ ᠵᠣᠬᠢᠶᠠᠭᠰᠠᠨ ᠪᠥᠭᠡᠳ ᠣᠳᠣ 《ᠠᠭᠤᠯᠠ ᠤᠰᠤᠨ ᠤ᠋ ᠥᠬᠢᠨ》 ᠭᠡᠳᠡᠭ ᠨᠡᠷ᠎ᠡ ᠲᠡᠢ ᠭᠠᠷ ᠪᠢᠴᠢᠮᠡᠯ ᠨᠢ ᠪᠣᠢ᠃
《ᠦᠷ ᠦ᠋ᠨ ᠵᠢᠪᠠᠷ᠂ ᠤᠭᠤᠷ ᠤ᠋ᠨ ᠴᠢᠮᠡᠭᠡ》᠂ 《ᠡᠪᠦᠯ ᠦ᠋ᠨ ᠬᠦᠢᠲᠡᠨ᠂ ᠢᠨᠠᠭ ᠤ᠋ᠨ ᠬᠠᠯᠠᠭᠤᠨ》 ᠡᠨᠡ ᠬᠣᠶᠠᠷ ᠥᠭᠦᠯᠡᠯᠭᠡ ᠶ᠋ᠢ1931 ᠣᠨ ᠳ᠋ᠤ᠌ ᠵᠣᠬᠢᠶᠠᠵᠠᠢ᠃ ᠣᠳᠣ ᠭᠠᠷ ᠪᠢᠴᠢᠮᠡᠯ ᠨᠢ ᠪᠣᠢ᠃
《ᠴᠠᠭᠠᠨ ᠰᠠᠷ᠎ᠠ ᠪᠠ ᠬᠠᠷ᠎ᠠ ᠨᠢᠯᠪᠤᠰᠤ》᠃
1932 ᠣᠨ ᠳ᠋ᠤ᠌ ᠪᠢᠴᠢᠭᠰᠡᠨ᠂ ᠣᠳᠣ ᠭᠠᠷ ᠪᠢᠴᠢᠮᠡᠯ ᠨᠢ ᠪᠣᠢ᠃
《ᠦᠵᠡᠭᠳᠡᠭᠡ ᠦᠭᠡᠢ ᠶᠠᠭᠤᠮ᠎ᠠ》
1933 ᠣᠨ ᠳ᠋ᠤ᠌ ᠵᠣᠬᠢᠶᠠᠭᠰᠠᠨ᠂ ᠣᠳᠣ ᠭᠠᠷ ᠪᠢᠴᠢᠮᠡᠯ ᠨᠢ ᠪᠣᠢ᠃
《ᠡᠪᠦᠯ ᠦ᠋ᠨ ᠰᠥᠨᠢ》
1945 ᠣᠨ ᠳ᠋ᠤ᠌ ᠬᠡᠪᠯᠡᠭᠳᠡᠭᠰᠡᠨ《ᠳ· ᠨᠠᠴᠤᠭᠳᠣᠷᠵᠢ ᠶ᠋ᠢᠨ ᠲᠡᠭᠦᠪᠦᠷᠢ ᠵᠣᠬᠢᠶᠠᠯ》 ᠳ᠋ᠤᠨᠢ ᠬᠡᠪᠯᠡᠭᠳᠡᠵᠡᠢ᠃ ᠡᠭᠦᠨ ᠦ᠌ ᠠᠩᠬ᠎ᠠ ᠪᠢᠴᠢᠭᠰᠡᠨ ᠭᠠᠷ ᠪᠢᠴᠢᠮᠡᠯ᠂ ᠣᠨ ᠨᠢ ᠣᠳᠣ ᠬᠢᠷᠢ ᠣᠯᠳᠠᠭ᠎ᠠ ᠦᠭᠡᠢ ᠪᠠᠢᠨ᠎ᠠ᠃
《ᠬᠠᠪᠤᠷ ᠤ᠋ᠨ ᠰᠠᠢᠨ ᠡᠳᠦᠷ》
ᠭᠠᠷ ᠪᠢᠴᠢᠮᠡᠯ ᠪᠣᠢ᠃
《ᠠᠳᠤᠭᠤᠨ ᠤ᠋ ᠮᠠᠨᠠᠭᠠᠨ ᠳ᠋ᠤ᠌》
1941 ᠣᠨ ᠳ᠋ᠤ᠌ ᠬᠡᠪᠯᠡᠭᠳᠡᠭᠰᠡᠨ《ᠳᠤᠮᠳᠠᠳᠤ ᠰᠤᠷᠭᠠᠭᠤᠯᠢ ᠨᠤᠭᠤᠳ ᠤ᠋ᠨ ᠵᠢᠷᠭᠤᠳᠤᠭᠠᠷ ᠠᠩᠭᠢ ᠳ᠋ᠤ᠌ ᠦᠵᠡᠬᠦ ᠤᠳᠬ᠎ᠠ ᠵᠣᠬᠢᠶᠠᠯ ᠤ᠋ᠨ ᠪᠢᠴᠢᠭ》 ᠦ᠋ᠨ ᠨᠢᠭᠡᠳᠦᠭᠡᠷ ᠳᠡᠪᠲᠡᠷ ᠲᠦ᠍ ᠬᠡᠪᠯᠡᠭᠳᠡᠵᠡᠢ᠃
————————
①《ᠠᠷᠠᠳ ᠤ᠋ᠨ ᠡᠷᠡᠭᠦᠯ ᠢ᠋ ᠬᠠᠮᠠᠭᠠᠯᠠᠬᠤ ᠶᠠᠮᠤᠨ ᠠ᠋ᠴᠠ ᠥᠪᠡᠷ ᠦ᠋ᠨ ᠠᠷᠪᠠᠨ ᠵᠢᠯ ᠦ᠋ᠨ ᠣᠢ ᠳ᠋ᠤ᠌ ᠵᠣᠷᠢᠭᠤᠯᠪᠠ》 ᠭᠡᠳᠡᠭ ᠨᠣᠮ1935 ᠣᠨ ᠳ᠋ᠤ᠌ ᠬᠡᠪᠯᠡᠭᠳᠡᠭᠰᠡᠨᠢ ᠳ᠋ᠦ᠍ ᠳ· ᠨᠠᠴᠤᠭᠳᠣᠷᠵᠢ ᠶ᠋ᠢᠨ ᠨᠡᠯᠢᠶᠡᠳ ᠰᠢᠯᠦᠭ ᠦ᠋ᠳ ᠬᠡᠪᠯᠡᠭᠳᠡᠭᠰᠡᠨ ᠲᠤᠯᠠ ᠬᠣᠢᠰᠢᠳᠠ ᠡᠨᠡ ᠲᠡᠭᠦᠪᠦᠷᠢ ᠶ᠋ᠢ ᠲᠣᠪᠴᠢᠯᠠᠵᠤ《ᠮᠥᠨ ᠲᠡᠭᠦᠪᠦᠷᠢ ᠳ᠋ᠦ᠍》ᠭᠡᠪᠡ᠃
ᠦᠰᠦᠭ ᠠᠮᠢᠯᠠᠭᠤᠯᠤᠭᠴᠢ᠄ ᠡᠷᠳᠡᠨᠢᠭᠣᠤ᠎ᠠ᠂ ᠨᠡᠭᠦᠳᠡᠯ ᠂ᠨᠠᠷᠠᠨᠲᠤᠶᠠᠭ᠎ᠠ᠂ ᠬᠡᠷᠡᠢᠳ ᠨᠠᠷᠠᠰᠤ᠂ ᠪᠠᠶᠠᠨᠴᠡᠴᠡᠭ
ᠬᠢᠨᠠᠭᠴᠢ ᠄ ᠰᠡᠬᠡᠭᠡᠷᠡᠯ᠂ ᠲᠣᠳᠣᠭᠡᠷᠡᠯ᠂ ᠣᠳᠬᠠᠨᠰᠣᠠ᠋᠂ ᠭᠠᠷᠮ᠎ᠠ
