ᠰᠡᠷᠡᠬᠦᠢ- ᠠ᠊· ᠰ· ᠫᠦ᠋ᠱᠺᠢᠨСэрэхүй-А·С·Пүшкин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠡᠬᠦᠢ- ᠠ᠊· ᠰ· ᠫᠦ᠋ᠱᠺᠢᠨСэрэхүй-А·С·Пүшкин

ᠰᠡᠷᠡᠬᠦᠢ- ᠠ᠊· ᠰ· ᠫᠦ᠋ᠱᠺᠢᠨСэрэхүй-А·С·Пүшкин

2024-06-23

322

    ᠠ᠊· ᠰ· ᠫᠤᠱᠺᠢᠨ

ᠬᠡᠢ ᠪᠣᠳᠣᠯ᠂ ᠬᠡᠢ ᠪᠣᠳᠣᠯ! 
ᠲᠠᠨ ᠤ᠋ ᠠᠮᠲᠠᠲᠠᠢᠬᠠᠨ ᠬᠠᠮᠢᠭ᠎ᠠ ᠪᠣᠢ?
ᠵᠡᠭᠦᠳᠦᠨ ᠦ᠌ ᠪᠠᠶᠠᠰᠬᠤᠯᠠᠩ—
ᠴᠢ ᠬᠠᠮᠢᠭ᠎ᠠ᠂ ᠴᠢ ᠬᠠᠮᠢᠭ᠎ᠠ ᠪᠣᠢ?
ᠬᠥᠭᠵᠢᠯ ᠲᠡᠢ ᠵᠡᠭᠦᠳᠦ 
ᠲᠡᠷᠡ ᠵᠠᠮᠬᠠᠷᠠᠪᠠ᠃
ᠲᠡᠭᠡᠭᠡᠳ ᠭᠠᠭᠴᠠᠭᠠᠷ 
ᠭᠦᠨ ᠬᠠᠷᠠᠩᠭᠤᠢ ᠶ᠋ᠢᠨ ᠳᠤᠮᠳᠠ
ᠪᠢ ᠨᠣᠢᠷ ᠠ᠋ᠴᠠ ᠰᠡᠷᠢᠪᠡ᠃
ᠬᠡᠪᠲᠡᠰᠢ ᠶ᠋ᠢᠨ ᠡᠷᠭᠢᠨ ᠲᠣᠭᠣᠷᠢᠨ
ᠲᠣᠪ ᠳᠠᠭᠤ ᠦᠭᠡᠢ ᠰᠥᠨᠢ᠂
ᠰᠠᠢᠬᠠᠨ ᠬᠡᠢ ᠪᠣᠳᠣᠯ ᠴᠤᠭᠭᠠᠷ ᠵᠠᠢᠯᠠᠨ
ᠭᠱᠠᠨ᠎ᠠ ᠨᠢᠰᠦᠨ ᠣᠳᠴᠤ᠂
ᠬᠦᠰᠡᠬᠦ ᠰᠡᠳᠬᠢᠯ
ᠪᠠᠰᠠ ᠳᠦᠭᠦᠷᠡᠩ᠂
ᠥᠩᠭᠡᠷᠡᠭᠰᠡᠨ ᠢ᠋ ᠳᠤᠷᠠᠳᠤᠭᠰᠠᠨ
ᠵᠡᠭᠦᠳᠦ ᠶ᠋ᠢ ᠡᠷᠡᠮᠰᠢᠨ᠎ᠡ᠃
ᠠᠮᠠᠷᠠᠭᠯᠠᠯ ᠠᠮᠠᠷᠠᠭᠯᠠᠯ ᠡᠠ᠋
ᠵᠠᠯᠪᠠᠷᠢᠯ ᠢ᠋ ᠰᠣᠨᠣᠰᠤᠨ᠎ᠠ ᠤᠤ?
ᠥᠪᠡᠷ ᠦ᠋ᠨ ᠦᠵᠡᠭᠳᠡᠯ ᠢ᠋
ᠪᠠᠰᠠ ᠨᠠᠳᠠ ᠪᠠᠷ ᠢᠯᠡᠭᠡᠨ᠎ᠡ ᠤᠤ?
ᠢᠩᠭᠢᠭᠡᠳ ᠥᠷᠯᠥᠭᠡᠭᠦᠷ
ᠪᠠᠰᠠ ᠰᠣᠭᠲᠣᠭᠤᠷᠠᠨ ᠦᠬᠦᠰᠦᠭᠡᠢ ᠭᠡᠨ᠎ᠡ᠃
ᠣᠷᠴᠢᠭᠤᠯᠤᠭᠰᠠᠨ ᠰᠢᠯᠦᠭ ᠦ᠋ᠳ
           ᠳ· ᠨᠠᠴᠤᠭᠳᠣᠷᠵᠢ

    ᠦᠰᠦᠭ ᠠᠮᠢᠯᠠᠭᠤᠯᠤᠭᠴᠢ᠄ ᠰᠤᠳᠤᠯᠲᠤ
    ᠬᠢᠨᠠᠭᠴᠢ᠄ ᠤᠳᠬᠠᠨᠰᠣ᠎ᠠ