ᠬᠣᠷᠢᠭᠳᠠᠯ- ᠠ᠊· ᠰ· ᠫᠦ᠋ᠱᠺᠢᠨХоригдол-А·С·Пүшкин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠢᠭᠳᠠᠯ- ᠠ᠊· ᠰ· ᠫᠦ᠋ᠱᠺᠢᠨХоригдол-А·С·Пүшкин

ᠬᠣᠷᠢᠭᠳᠠᠯ- ᠠ᠊· ᠰ· ᠫᠦ᠋ᠱᠺᠢᠨХоригдол-А·С·Пүшкин

2024-06-22

344

         ᠠ᠊· ᠰ· ᠫᠤᠱᠺᠢᠨ 
ᠬᠥᠮᠦᠨ ᠦ᠌ ᠭᠠᠷ ᠲᠤ ᠲᠡᠵᠢᠭᠡᠭᠳᠡᠭᠰᠡᠨ ᠵᠠᠯᠠᠭᠤ ᠪᠦᠷᠭᠦᠳ 
ᠴᠢᠭᠢᠭᠲᠦ ᠭᠢᠨᠳᠠᠨ ᠤ᠋ ᠲᠣᠣᠷ ᠤ᠋ᠨ ᠴᠠᠭᠠᠨ᠎ᠠ ᠰᠠᠭᠤᠨ᠎ᠠ᠃
ᠮᠢᠨᠦ ᠭᠤᠨᠢᠭᠲᠤ ᠨᠥᠬᠥᠷ ᠵᠢᠭᠦᠷ ᠢ᠋ᠶ᠋ᠡᠨ ᠳᠠᠯᠠᠯᠤᠨ 
ᠴᠣᠩᠬᠣᠨ ᠤ᠋ ᠳᠣᠣᠷ᠎ᠠ ᠴᠢᠰᠤᠲᠤ ᠢᠳᠡᠭᠡ ᠲᠣᠩᠰᠢᠨ᠎ᠠ᠃

ᠳᠤᠩᠰᠢᠨ ᠬᠠᠶᠠᠭᠠᠳ ᠴᠣᠩᠬᠣ ᠪᠠᠷ ᠦᠵᠡᠬᠦ ᠨᠢ 
ᠨᠠᠳᠠ ᠲᠠᠢ ᠨᠢᠭᠡ ᠶ᠋ᠢ ᠰᠡᠳᠬᠢᠭᠰᠡᠨ ᠠᠳᠠᠯᠢ᠂ 
ᠨᠠᠮᠠᠶ᠋ᠢ ᠦᠵᠡᠨ ᠬᠠᠰᠬᠢᠷᠤᠨ ᠳᠠᠭᠤᠳᠠᠬᠤ ᠨᠢ 
ᠨᠢᠰᠦᠨ ᠤᠲᠤᠶ᠎ᠠ ᠭᠡᠵᠦ ᠥᠭᠦᠯᠡᠬᠦ ᠠᠳᠠᠯᠢ᠃

ᠡᠭᠦᠯᠡ ᠶ᠋ᠢᠨ ᠲᠡᠷᠲᠡᠭᠡ ᠴᠠᠢᠷᠠᠬᠤ ᠠᠭᠤᠯᠠ ᠲᠡᠰᠢ
ᠳᠠᠯᠠᠢ ᠶ᠋ᠢᠨ ᠲᠡᠷᠲᠡᠭᠡ ᠬᠥᠬᠡᠷᠡᠬᠦ ᠠᠯᠤᠰ ᠲᠡᠰᠢ
ᠰᠠᠯᠬᠢ ᠪᠢᠳᠡ ᠬᠣᠶᠠᠷ ᠵᠤᠭᠠᠴᠠᠬᠤ ᠵᠦᠭ ᠳᠠᠰᠢ
ᠵᠣᠷᠢᠭ ᠢ᠋ᠶ᠋ᠠᠷ ᠰᠢᠪᠠᠭᠤ ᠪᠢᠳᠡ ᠬᠣᠶᠠᠷ ᠵᠣᠷᠴᠢᠬᠤ ᠴᠠᠭ ᠪᠣᠯᠪᠠ᠃

ᠣᠷᠴᠢᠭᠤᠯᠤᠭᠰᠠᠨ ᠰᠢᠯᠦᠭ
 
                 ᠳ· ᠨᠠᠴᠤᠭᠳᠣᠷᠵᠢ

    ᠦᠰᠦᠭ ᠠᠮᠢᠯᠠᠭᠤᠯᠤᠭᠴᠢ᠄ ᠭᠠᠷᠮ᠎ᠠ
    ᠬᠢᠨᠠᠭᠴᠢ᠄ ᠣᠳᠬᠠᠨᠰᠣ᠎ᠠ