ᠭᠠᠵᠠᠷ ᠳᠠᠯᠠᠢ ᠬᠣᠶᠠᠷ- ᠠ᠊· ᠰ· ᠫᠦ᠋ᠱᠺᠢᠨГазар далай хоёр-А·С·Пүшкин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠵᠠᠷ ᠳᠠᠯᠠᠢ ᠬᠣᠶᠠᠷ- ᠠ᠊· ᠰ· ᠫᠦ᠋ᠱᠺᠢᠨГазар далай хоёр-А·С·Пүшкин

ᠭᠠᠵᠠᠷ ᠳᠠᠯᠠᠢ ᠬᠣᠶᠠᠷ- ᠠ᠊· ᠰ· ᠫᠦ᠋ᠱᠺᠢᠨГазар далай хоёр-А·С·Пүшкин

2024-06-22

316

         ᠠ᠊· ᠰ· ᠫᠤᠱᠺᠢᠨ 

ᠬᠡᠵᠢᠶ᠎ᠡ ᠴᠡᠩᠬᠡᠷ ᠳᠠᠯᠠᠢ ᠳᠡᠭᠡᠭᠦᠷ 
ᠡᠶᠡᠯᠳᠡᠭ ᠰᠠᠯᠬᠢ ᠨᠠᠢᠭᠤᠭᠠᠳ ᠵᠥᠭᠡᠯᠡᠨ ᠦᠯᠢᠶᠡᠵᠦ᠂
ᠶᠡᠬᠡᠮᠰᠦᠭ ᠣᠩᠭᠣᠴᠠᠨ ᠤ᠋ ᠳᠠᠷᠪᠠᠭᠤᠯ ᠬᠥᠳᠡᠯᠭᠡᠨ 
ᠪᠠᠰᠠ ᠳᠣᠯᠭᠢᠶᠠᠨ ᠳ᠋ᠤ᠌ ᠪᠢᠴᠢᠬᠠᠨ ᠣᠩᠭᠣᠴᠠ ᠬᠤᠯᠪᠠᠯᠵᠠᠬᠤ ᠳ᠋ᠤ᠌ 
ᠪᠣᠳᠣᠯ ᠰᠠᠨᠠᠭᠠᠴᠢᠯᠠᠯ ᠬᠣᠶᠠᠷ ᠤ᠋ᠨ ᠡᠭᠦᠷᠭᠡ ᠶ᠋ᠢ ᠪᠠᠭᠤᠯᠭᠠᠵᠤ᠂
ᠰᠠᠶᠢ ᠬᠥᠭᠵᠢᠯ ᠲᠡᠢ ᠪᠡᠷ ᠵᠠᠯᠠᠭᠤᠷᠳᠠᠨ᠎ᠠ᠃
ᠲᠡᠭᠦᠨ ᠡᠴᠡ ᠮᠦᠽᠧᠢ ᠶ᠋ᠢᠨ ᠳᠠᠭᠤ ᠶ᠋ᠢ ᠮᠠᠭᠲᠠᠬᠤ ᠨᠢ᠄ 
ᠳᠠᠯᠠᠢ ᠶ᠋ᠢᠨ ᠬᠦᠰᠡᠯ ᠲᠡᠢ ᠴᠢᠮᠡᠭᠡ ᠨᠠᠳᠠ ᠳ᠋ᠤ᠌ ᠰᠠᠢᠬᠠᠨ
ᠬᠡᠵᠢᠶ᠎ᠡ ᠳᠠᠪᠠᠯᠭ᠎ᠠ ᠬᠥᠪᠡᠭᠡ ᠶ᠋ᠢ ᠲᠤᠯᠵᠤ 
ᠬᠦᠷᠴᠢᠭᠢᠨᠡᠨ ᠪᠤᠴᠠᠯᠤᠨ ᠬᠥᠭᠡᠰᠦ ᠬᠠᠶᠠᠯᠠᠵᠤ᠂
ᠪᠠᠰᠠ ᠣᠭᠲᠠᠷᠭᠤᠢ ᠪᠠᠷ ᠠᠶᠤᠩᠭ᠎ᠠ ᠠᠶᠤᠩᠭᠠᠯᠠᠨ
ᠪᠠᠰᠠ ᠬᠠᠷᠠᠩᠭᠤᠢ ᠶ᠋ᠢᠨ ᠳᠤᠮᠳᠠ ᠴᠠᠬᠢᠯᠭᠠᠨ ᠭᠢᠯᠪᠠᠯᠵᠠᠬᠤ ᠳ᠋ᠤ᠌
ᠪᠢ ᠳᠠᠯᠠᠢ ᠠ᠋ᠴᠠ ᠵᠠᠢᠯᠠᠨ ᠬᠣᠯᠠᠳᠴᠤ
ᠨᠠᠢᠷ ᠲᠠᠢ ᠣᠢ ᠴᠡᠴᠡᠭ ᠲᠡᠭᠡᠨ ᠣᠳᠬᠤ ᠨᠢ᠄
ᠭᠠᠵᠠᠷ ᠨᠠᠳᠠ ᠳ᠋ᠤ᠌ ᠢᠲᠡᠭᠡᠯ ᠲᠡᠢ ᠰᠢᠭ ᠰᠠᠨᠠᠭᠳᠠᠭᠰᠠᠨ ᠳ᠋ᠤ᠌
ᠲᠡᠭᠡᠭᠡᠳ ᠬᠠᠲᠠᠭᠤᠵᠢᠯᠲᠠᠢ ᠵᠢᠭᠠᠰᠤᠴᠢᠨ ᠢ᠋ ᠪᠢ ᠬᠠᠢᠷᠠᠯᠠᠨ᠎ᠠ᠃
ᠲᠡᠷᠡ ᠪᠢᠴᠢᠬᠠᠨ ᠮᠠᠭᠤ ᠣᠩᠭᠣᠴᠠᠨ ᠳ᠋ᠤ᠌ ᠣᠷᠣᠰᠢᠵᠤ
ᠬᠠᠷᠠᠩᠭᠤᠢ ᠭᠦᠨ ᠠᠭᠤᠯᠠ ᠶ᠋ᠢᠨ ᠲᠣᠭᠯᠠᠭᠠᠮ ᠪᠣᠯᠬᠤ ᠤᠤ ᠃
ᠬᠠᠷᠢᠨ ᠪᠢ ᠨᠠᠢᠳᠠᠪᠤᠷᠢ ᠲᠠᠢ ᠲᠠᠢᠪᠤᠩ ᠤ᠋ᠨ ᠳᠤᠮᠳᠠ
ᠭᠣᠷᠣᠬᠠᠨ ᠤ᠋ ᠤᠰᠤᠨ ᠤ᠋ ᠴᠢᠮᠡᠭᠡ ᠶ᠋ᠢ ᠰᠣᠨᠣᠰᠤᠨ᠎ᠠ᠃

 ᠣᠷᠴᠢᠭᠤᠯᠤᠭᠰᠠᠨ ᠰᠢᠯᠦᠭ ᠦ᠋ᠳ

             ᠳ· ᠨᠠᠴᠤᠭᠳᠣᠷᠵᠢ

    ᠦᠰᠦᠭ ᠠᠮᠢᠯᠠᠭᠤᠯᠤᠭᠴᠢ᠄ ᠪᠠᠶᠠᠨᠴᠡᠴᠡᠭ
    ᠬᠢᠨᠠᠭᠴᠢ ᠪᠠᠭᠰᠢ᠄ ᠰᠡᠬᠡᠭᠡᠷᠡᠯ᠂ ᠭᠠᠷᠮ᠎ᠠ᠂ ᠣᠳᠬᠠᠨᠰᠣ᠎ᠠ