ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠳᠥᠷᠪᠡ) Сэрүүхэн тал нутаг – <свис> Вальтер Босгард ( Walter Bosshard)- Нэгдүгээр бүлэг・Анхны аялал (4)
ᠳᠥᠷᠪᠡ ᠂ ᠲᠠᠯ᠎ᠠ ᠨᠤᠲᠤᠭ ᠲᠠᠬᠢ ᠲᠡᠮᠡᠴᠡᠯ
ᠪᠢᠳᠡ ᠬᠣᠲᠠ ᠠ᠋ᠴᠠ ᠭᠠᠷᠤᠮᠠᠭᠴᠠ ᠪᠠᠷᠠᠭᠤᠨ ᠵᠦᠭ ᠲᠦ᠍ ᠡᠷᠭᠢᠵᠦ᠂ ᠣᠷᠣᠰ ᠬᠦᠷᠲᠡᠯ᠎ᠡ ᠦᠷᠭᠦᠯᠵᠢᠯᠡᠭᠰᠡᠨ ᠬᠠᠭᠤᠴᠢᠨ ᠲᠡᠮᠡᠭᠡᠨ ᠵᠢᠩ ᠦ᠋ᠨ ᠵᠠᠮ ᠢ ᠡᠯᠭᠦᠨ ᠠᠪᠤᠯ᠎ᠠ᠃ ᠭᠡᠪᠡᠴᠦ 《ᠵᠠᠮ 》 ᠭᠡᠵᠦ ᠨᠡᠷᠡᠯᠡᠬᠦ ᠨᠢ ᠤᠳᠠᠯ ᠦᠭᠡᠢ ᠪᠤᠷᠤᠭᠤ ᠪᠣᠯᠬᠤ ᠪᠠᠨ ᠣᠢᠯᠠᠭᠠᠯ᠎ᠠ᠃ ᠤᠴᠢᠷ ᠨᠢ ᠬᠣᠲᠠ ᠶ᠋ᠢᠨ ᠬᠠᠭᠠᠯᠭᠠᠨ ᠤ᠋ ᠭᠠᠳᠠᠨ᠎ᠠ ᠬᠦᠷᠦᠭᠡᠳ ᠥᠨᠥᠬᠢ ᠵᠢᠩᠬᠢᠨᠢ ᠵᠠᠮ ᠮᠠᠨᠢ ᠳᠠᠭᠤᠰᠪᠠ᠃ ᠪᠢᠳᠡᠨ ᠪᠥᠭᠡᠷᠡᠩᠬᠡᠢ ᠲᠣᠮᠣ ᠤᠷᠭᠤᠭ᠎ᠠ ᠬᠠᠲᠠᠳ ᠪᠠ ᠪᠣᠷᠣᠭᠠᠨ ᠤ᠋ ᠤᠰᠤᠨ ᠳ᠋ᠤ᠌ ᠭᠠᠷᠤᠭᠰᠠᠨ ᠠᠩᠭᠠᠯ ᠬᠣᠩᠭᠢᠯ ᠲᠠᠢ ᠭᠣᠣᠯ ᠤ᠋ᠨ ᠬᠥᠨᠳᠡᠢ ᠳ᠋ᠦ᠍ ᠣᠷᠣᠵᠤ ᠶᠠᠪᠤᠭᠰᠠᠨ ᠢ᠋ᠶ᠋ᠠᠨ ᠠᠬᠢᠭᠠᠳ ᠪᠣᠷᠣᠭᠠᠨ ᠳ᠋ᠤ᠌ ᠢᠳᠡᠭᠳᠡᠭᠰᠡᠨ ᠮᠥᠷᠲᠡᠭᠡᠨ ᠠᠳᠠ ᠲᠡᠨᠳᠡ ᠡᠯᠡᠰᠦ ᠲᠣᠭᠲᠠᠭᠰᠠᠨ ᠬᠣᠵᠢᠭᠢᠷ ᠳᠣᠪᠣᠴᠠᠭ ᠤ᠋ᠳ ᠢ ᠮᠣᠭᠠᠢ ᠮᠡᠲᠦ ᠮᠤᠷᠤᠯᠵᠠᠨ ᠳᠠᠪᠠᠵᠤ ᠭᠠᠷᠤᠯ᠎ᠠ᠃
ᠠᠯᠢ ᠤᠵᠠᠭᠤᠷ ᠠ᠋ᠴᠠ ᠡᠬᠢᠯᠡᠭᠡᠳ ᠢᠷᠡᠭᠡᠳᠦᠢ ᠳ᠋ᠦ᠍ ᠬᠦᠷᠲᠡᠯ᠎ᠡ ᠦᠷᠭᠦᠯᠵᠢᠯᠡᠭᠰᠡᠨ ᠡᠨᠡ ᠵᠠᠮ ᠳᠡᠭᠡᠷ᠎ᠡ ᠡᠴᠡ ᠬᠠᠵᠠᠭᠤᠰᠢ ᠪᠠᠨ ᠬᠠᠷᠠᠬᠤ ᠳ᠋ᠤ᠌ ᠥᠷᠯᠥᠭᠡ ᠡᠷᠲᠡ ᠶ᠋ᠢᠨ ᠮᠠᠯᠴᠢᠳ ᠮᠠᠯ ᠰᠦᠷᠦᠭ ᠢ᠋ᠶ᠋ᠡᠨ ᠳᠠᠭᠤᠨ ᠵᠠᠬ᠎ᠠ ᠵᠡᠭᠡᠯᠢ ᠳ᠋ᠦ᠍ ᠬᠦᠷᠬᠦ ᠪᠡᠷ ᠶᠠᠪᠤᠵᠤ ᠪᠠᠢᠬᠤ᠂ ᠪᠦᠰᠡᠭᠦᠢᠴᠦᠦᠯ ᠲᠠᠷᠢᠶᠠᠯᠠᠩ ᠤ᠋ᠨ ᠪᠠᠭᠠᠵᠢ ᠪᠠᠨ ᠡᠭᠦᠷᠦᠭᠡᠳ ᠲᠠᠷᠢᠶᠠᠨ ᠳ᠋ᠠᠭᠠᠨ ᠭᠠᠷᠴᠤ ᠪᠠᠢᠬᠤ ᠵᠢᠴᠢ ᠨᠠᠭᠠᠳᠤᠮ ᠳ᠋ᠠᠭᠠᠨ ᠰᠢᠨᠤᠭᠰᠠᠨ ᠬᠡᠦᠬᠡᠳ ᠦ᠋ᠳ᠂ ᠨᠣᠬᠠᠢ ᠬᠣᠨᠢ ᠭᠡᠬᠦ ᠮᠡᠲᠦ ᠶ᠋ᠢᠨ ᠬᠥᠳᠡᠭᠡ ᠶ᠋ᠢᠨ ᠠᠮᠢᠳᠤᠷᠠᠯ ᠤ᠋ᠨ ᠵᠢᠷᠤᠭ ᠨᠢᠳᠦᠨ᠎ᠡ ᠲᠣᠳᠣᠷᠠᠵᠤ ᠪᠠᠢᠨ᠎ᠠ᠃ ᠶᠡᠬᠡ ᠶᠡᠬᠡ ᠲᠡᠮᠡᠭᠡᠨ ᠵᠢᠩ ᠦ᠋ᠳ ᠡᠢᠮᠦ ᠡᠷᠲᠡ ᠬᠣᠲᠠ ᠠ᠋ᠴᠠ ᠣᠢᠷᠠᠬᠠᠨ ᠲᠠᠭᠠᠷᠠᠯᠳᠤᠳᠠᠭ ᠦᠭᠡᠢ ᠶᠦᠮ᠃ ᠡᠷᠲᠡ ᠦᠶ᠎ᠡ ᠳ᠋ᠡᠭᠡᠨ ᠸᠠᠨ ᠴᠤᠸᠠᠨ ᠰᠢᠶᠣᠤ ᠭᠡᠬᠦ ᠡᠨᠡ ᠭᠠᠵᠠᠷ ᠪᠣᠯ ᠳᠣᠲᠣᠭᠠᠳᠤ ᠠᠽᠢᠶ᠎ᠠ ᠶ᠋ᠢᠨ ᠬᠤᠳᠠᠯᠳᠤᠭᠠᠴᠢᠳ ᠤ᠋ᠨ ᠴᠢᠭᠤᠯᠤᠯᠲᠤ ᠬᠠᠭᠠᠯᠭ᠎ᠠ ᠬᠦᠷᠬᠦ ᠡᠴᠡ ᠡᠮᠦᠨᠡᠬᠢ ᠬᠠᠮᠤᠭ ᠤ᠋ᠨ ᠰᠡᠭᠦᠯᠴᠢ ᠶ᠋ᠢᠨ ᠠᠮᠠᠷᠠᠯᠲᠠ ᠶ᠋ᠢᠨ ᠭᠠᠵᠠᠷ ᠪᠣᠯᠳᠠᠭ ᠰᠠᠨ᠃
ᠰᠢᠯᠦᠹ ᠲᠣᠰᠬᠣᠨ ᠤ᠋ ᠨᠠᠷᠢᠬᠠᠨ ᠭᠤᠳᠤᠮᠵᠢ ᠠ᠋ᠴᠠ ᠵᠠᠢᠯᠠᠰᠬᠢᠨ᠂ ᠳᠡᠭᠡᠷ᠎ᠡ ᠨᠢ ᠡᠪᠡᠰᠦ ᠰᠢᠷᠠᠯᠵᠢ ᠤᠷᠭᠤᠭᠰᠠᠨ ᠡᠪᠳᠡᠷᠬᠡᠢ ᠬᠡᠷᠡᠮ ᠢ᠋ ᠳ᠋ᠡᠭᠡᠨ ᠳᠠᠪᠬᠢᠪᠠ᠃ ᠵᠠᠮ ᠶᠠᠪᠤᠬᠤ ᠳᠣᠳᠣᠮ ᠮᠠᠭᠤ ᠪᠣᠯᠵᠤ ᠯᠠ ᠪᠠᠢᠨ᠎ᠠ᠃ ᠪᠦᠢᠺ ᠮᠠᠰᠢᠨ ᠮᠢᠨᠢ ᠬᠡᠳᠦᠢᠪᠡᠷ ᠬᠥᠩᠭᠡᠬᠡᠨ ᠠᠴᠢᠶᠠᠯᠠᠭᠰᠠᠨ ᠪᠣᠯᠪᠠᠴᠤ᠂ ᠬᠣᠶᠠᠷ ᠲᠠᠯ᠎ᠠ ᠪᠠᠷ ᠢ᠋ᠶ᠋ᠠᠨ ᠬᠠᠯᠢᠯ ᠬᠠᠳᠠ ᠰᠡᠬᠦᠢᠭᠰᠡᠨ ᠭᠣᠣᠯ ᠤ᠋ᠨ ᠬᠥᠨᠳᠡᠢ ᠶ᠋ᠢᠨ ᠨᠠᠷᠢᠨ ᠬᠠᠪᠴᠢᠯ ᠢ᠋ᠶ᠋ᠠᠷ ᠠᠭᠠᠬᠢᠯᠠᠨ ᠵᠦᠲᠡᠷᠡᠯᠲᠡᠢᠬᠡᠨ ᠳᠠᠪᠬᠢᠬᠤ ᠳ᠋ᠤ᠌ ᠲᠠᠯ᠎ᠠ ᠶ᠋ᠢᠨ ᠰᠢᠷ᠎ᠠ ᠵᠠᠮ ᠮᠠᠨᠢ ᠶᠠᠪᠤᠬᠤ ᠳᠣᠳᠣᠮ ᠥᠭᠰᠥᠬᠦ ᠠᠵᠢ᠃ ᠵᠠᠮ ᠤ᠋ᠨ ᠬᠠᠵᠠᠭᠤ ᠳ᠋ᠤ᠌ ᠬᠡᠭᠡᠷ᠎ᠡ ᠲᠠᠯ᠎ᠠ ᠶ᠋ᠢᠨ ᠠᠩᠬᠠᠨ ᠤ᠋ ᠴᠡᠴᠡᠭ ᠦ᠋ᠳ ᠢᠴᠢᠭᠰᠡᠨ ᠮᠡᠲᠦ ᠮᠥᠰᠢᠶᠡᠯᠴᠡᠭᠰᠡᠭᠡᠷ ᠳᠡᠯᠭᠡᠷᠡᠵᠦ ᠪᠠᠢᠪᠠ᠃ ᠥᠷᠯᠥᠭᠡ ᠶ᠋ᠢᠨ ᠨᠠᠷᠠᠨ ᠵᠡᠭᠦᠨᠳᠡᠬᠢ ᠨᠠᠮᠬᠠᠨ ᠬᠥᠬᠡ ᠠᠭᠤᠯᠠᠨ ᠠ᠋ᠴᠠ ᠮᠠᠨᠳᠤᠨ ᠭᠠᠷᠬᠤ ᠳ᠋ᠤ᠌ ᠪᠢᠳᠡ ᠨᠢᠭᠡᠨᠲᠡ ᠰᠠᠭᠠᠷᠠᠯ ᠥᠩᠭᠡ ᠶ᠋ᠢᠨ ᠪᠤᠳᠠᠩ ᠮᠠᠨᠠᠨ ᠢ᠋ ᠠᠷᠤ ᠳ᠋ᠠᠭᠠᠨ ᠣᠷᠬᠢᠭᠰᠠᠨ ᠪᠠᠢᠯ᠎ᠠ᠃ ᠮᠠᠰᠢᠨ ᠭᠡᠨᠡᠳᠲᠡ ᠵᠣᠭᠰᠣᠪᠠ᠃
— ᠪᠢᠳᠡᠨ ᠸᠠᠨ ᠴᠤᠸᠠᠨ ᠪᠣᠭᠣᠮᠲᠠ ᠳᠡᠭᠡᠷ᠎ᠡ ᠢᠷᠡᠭᠰᠡᠨ᠂ ᠠᠳᠠ ᠴᠠᠭᠠᠨ ᠬᠡᠷᠡᠮ ᠦ᠋ᠨ ᠨᠢᠭᠡ ᠰᠠᠯᠠᠭ᠎ᠠ ᠨᠢ ᠪᠠᠢᠳᠠᠭ ᠭᠡᠵᠦ ᠵᠢᠯᠣᠭᠣᠴᠢ ᠥᠭᠦᠯᠡᠪᠡ ( ᠵᠢᠷᠤᠭ 10 ᠪᠠ11) ᠃


ᠦᠨᠡᠨ ᠳ᠋ᠡᠭᠡᠨ ᠪᠣᠭᠣᠮᠲᠠ ᠭᠡᠵᠦ ᠬᠡᠯᠡᠬᠦ ᠶ᠋ᠢᠨ ᠠᠷᠭ᠎ᠠ ᠦᠭᠡᠢ ᠯᠡ ᠳᠡ᠃ ᠤᠴᠢᠷ ᠨᠢ ᠮᠣᠩᠭᠣᠯᠴᠤᠳ ᠤ᠋ᠨ ᠳᠠᠭᠠᠷᠢᠯᠲᠠ ᠠ᠋ᠴᠠ ᠪᠣᠯᠵᠤ᠂ ᠡᠨᠡ ᠵᠠᠮ ᠶᠡᠷᠦ ᠡᠴᠡ ᠪᠡᠨ ᠲᠠᠰᠤᠷᠠᠭ᠎ᠠ ᠦᠭᠡᠢ ᠶᠦᠮ᠃ ᠪᠢᠳᠡ ᠣᠳᠣ ᠳᠣᠲᠣᠭᠠᠳᠤ ᠠᠽᠢᠶ᠎ᠠ ᠶ᠋ᠢᠨ ᠥᠨᠳᠥᠷᠯᠢᠭ ᠲᠦ᠍ ᠬᠦᠷᠴᠦ ᠢᠷᠡᠯ᠎ᠡ᠃ ᠲᠡᠭᠦᠨ ᠦ᠌ ᠵᠠᠭᠠᠭ ᠬᠡᠴᠡ ᠶ᠋ᠢ ᠳᠡᠯᠡᠬᠡᠢ ᠶ᠋ᠢ ᠬᠣᠶᠠᠷ ᠠᠩᠭᠢᠯᠠᠭᠰᠠᠨ ᠴᠠᠭᠠᠨ ᠬᠡᠷᠡᠮ ᠲᠣᠳᠣᠷᠬᠠᠢ ᠲᠣᠭᠲᠠᠭᠠᠭᠰᠠᠨ ᠶᠤᠮ᠃ ᠡᠨᠡ ᠬᠦ᠌ ᠡᠮᠦᠨ᠎ᠡ ᠹᠷᠣᠨᠲ ᠤ᠋ᠨ ᠪᠠᠷᠢᠯᠭ᠎ᠠ ᠮᠠᠨᠢ ᠨᠠᠨᠺᠸᠦ ᠪᠣᠭᠣᠮᠲᠠ ᠶ᠋ᠢᠨ ᠬᠢᠷᠢ ᠴᠦ᠍ ᠪᠦᠷᠢᠨ ᠪᠦᠲᠦᠨ ᠦᠯᠡᠳᠡᠭᠰᠡᠨ ᠦᠭᠡᠢ᠃ ᠬᠡᠰᠡᠭ ᠬᠡᠰᠡᠭ ᠴᠯᠠᠭᠤᠳ ᠨᠢ ᠪᠤᠲᠠᠷᠠᠨ ᠣᠪᠣᠭᠠᠷᠠᠵᠤ ᠂ ᠵᠢᠵᠢᠭᠬᠡᠨ ᠰᠢᠪᠠᠷ ᠪᠠᠢᠰᠢᠩ ᠤ᠋ᠳ ᠨᠢ ᠰᠠᠬᠢᠭᠤᠯ ᠤ᠋ᠨ ᠴᠠᠢᠵᠠ ᠶ᠋ᠢᠨ ᠣᠷᠣᠨ ᠳ᠋ᠤ᠌ ᠪᠠᠷᠢᠭᠳᠠᠭᠰᠠᠨ ᠤᠬᠠᠭᠠᠨ ᠲᠠᠢ ᠠᠵᠢ᠃
ᠴᠢᠨᠠᠭᠰᠢ ᠠᠶᠠᠯᠠᠬᠤ ᠳᠤᠮᠳᠠ ᠪᠠᠨ ᠱᠢᠯᠣᠹ ᠨᠢᠭᠡ ᠮᠣᠩᠭᠣᠯ ᠸᠠᠩ ᠤ᠋ᠨ ᠲᠤᠬᠠᠢ ᠤᠯᠠᠮᠵᠢᠯᠠᠯ ᠶᠠᠷᠢᠶ᠎ᠠ ᠶ᠋ᠢ ᠶᠠᠷᠢᠭᠰᠠᠨ ᠪᠢᠯᠡ᠃ ᠲᠡᠷᠡ ᠸᠠᠩ ᠳ᠋ᠤ᠌ ᠨᠢᠭᠡ ᠴᠠᠭᠠᠨ ᠬᠠᠲᠤᠨ ᠪᠠ ᠨᠢᠭᠡ ᠬᠠᠷ᠎ᠠ ᠬᠠᠲᠤᠨ ᠲᠠᠢ ᠪᠠᠢᠵᠤ᠂ ᠡᠨᠡ ᠬᠣᠶᠠᠷ ᠬᠠᠲᠤᠨ ᠨᠢ ᠬᠣᠭᠣᠷᠣᠨᠳᠣ ᠪᠠᠨ ᠳᠡᠮᠡᠢ ᠲᠠᠭᠠᠷᠠᠯᠴᠠᠳᠠᠭ ᠦᠭᠡᠢ ᠲᠤᠯᠠ ᠸᠠᠩ ᠨᠢ ᠲᠡᠳᠡᠨ ᠳ᠋ᠦ᠍ ᠲᠤᠰ ᠲᠤᠰ ᠲᠤᠨᠢ ᠨᠢᠭᠡ ᠨᠢᠭᠡ ᠪᠠᠯᠭᠠᠰᠤ ᠪᠠᠷᠢᠭᠰᠠᠨ ᠭᠡᠳᠡᠭ᠃ ᠴᠠᠭᠠᠨ ᠪᠠᠯᠭᠠᠰᠤ ᠶ᠋ᠢ ᠴᠠᠭᠠᠨ ᠬᠠᠲᠤᠨ ᠳ᠋ᠤ᠌᠂ ᠬᠠᠷ᠎ᠠ ᠪᠠᠯᠭᠠᠰᠤ ᠶ᠋ᠢ ᠬᠠᠷ᠎ᠠ ᠬᠠᠲᠤᠨ ᠳ᠋ᠤ᠌ ᠥᠭᠴᠡᠢ᠃ ᠲᠡᠷᠡ ᠬᠠᠷ᠎ᠠ ᠬᠠᠲᠤᠨ ᠨᠢ ᠪᠣᠯ ᠬᠠᠷᠠᠮᠴᠢ ᠬᠣᠮᠣᠬᠠᠢ ᠰᠡᠳᠬᠢᠯ ᠲᠡᠢ ᠬᠥᠮᠦᠨ ᠪᠠᠢᠵᠤ᠂ ᠲᠡᠭᠦᠨ ᠦ᠌ ᠰᠦᠨᠡᠰᠦ ᠣᠳᠣ ᠬᠦᠷᠲᠡᠯ᠎ᠡ ᠡᠨᠡ ᠣᠷᠴᠢᠮ ᠲᠡᠨᠦᠵᠦ ᠪᠠᠢᠳᠠᠭ ᠭᠡᠨ᠎ᠡ᠃
ᠢᠩᠭᠢᠵᠦ ᠶᠠᠷᠢᠯᠴᠠᠭᠰᠠᠭᠠᠷ ᠡᠮᠦᠨᠡᠰᠢ ᠠᠬᠢᠬᠤ ᠶ᠋ᠢᠨ ᠬᠣᠭᠣᠷᠣᠨᠳᠣ ᠤᠯᠠᠮᠵᠢᠯᠠᠯ ᠶᠠᠷᠢᠶ᠎ᠠ ᠲᠠᠢ ᠡᠨᠡ ᠣᠯᠠᠨ ᠪᠠᠭᠤᠷᠢᠨ ᠤ᠋ ᠳᠤᠮᠳᠠ᠂ ᠨᠢᠭᠡᠨ ᠪᠠᠯᠭᠠᠰᠤ ᠢᠯᠡᠷᠡᠪᠡ᠃ ᠬᠢᠲᠠᠳ ᠢ᠋ᠶ᠋ᠠᠷ ᠵᠠᠩᠪᠸᠢ ᠰᠢᠶᠠᠨ ᠭᠡᠳᠡᠭ᠃ ᠬᠠᠷᠢᠨ ᠤᠯᠠᠮᠵᠢᠯᠠᠯ ᠶᠠᠷᠢᠶᠠᠨ ᠳ᠋ᠠᠬᠢ ᠪᠠᠭᠤᠴᠠ ᠰᠠᠭᠤᠷᠢ ᠶ᠋ᠢᠨ ᠲᠤᠬᠠᠢ ᠥᠴᠦᠬᠡᠨ ᠴᠦ᠍ ᠳᠤᠷᠠᠰᠬᠠᠭᠰᠠᠨ ᠰᠠᠨᠠᠭ᠎ᠠ ᠠᠯᠠᠭ᠎ᠠ ᠠᠵᠢ᠃ ᠡᠷᠲᠡ ᠦᠶ᠎ᠡ ᠶ᠋ᠢᠨ ᠰᠦᠢᠷᠯᠢᠭ ᠰᠠᠢᠬᠠᠨ ᠦᠵᠡᠮᠵᠢ ᠨᠦ᠍ᠭᠥᠳ ᠪᠦᠷ ᠠᠯᠠᠭ᠎ᠠ ᠪᠣᠯᠵᠤ᠂ ᠬᠢᠲᠠᠳ ᠨᠡᠭᠦᠳᠡᠯᠴᠢᠳ ᠨᠢᠭᠡᠨᠲᠡ ᠰᠠᠭᠤᠷᠢᠰᠢᠨ ᠰᠠᠭᠤᠵᠠᠢ᠃ ᠠᠷᠠᠯᠵᠢᠶᠠᠴᠢᠳ ᠨᠢ ᠵᠢᠯ ᠪᠦᠷᠢ ᠮᠢᠩᠭ᠎ᠠ ᠲᠦᠮᠡ ᠪᠡᠷ ᠮᠣᠩᠭᠣᠯ ᠳ᠋ᠤ᠌ ᠬᠤᠪᠢ ᠵᠠᠶᠠᠭ᠎ᠠ ᠪᠠᠨ ᠰᠢᠯᠭᠠᠬᠤ ᠪᠠᠷ ᠢᠷᠡᠭᠰᠡᠨ ᠳᠣᠲᠣᠷ᠎ᠠ ᠭᠠᠵᠠᠷ ᠤ᠋ᠨ ᠬᠥᠮᠦᠰ ᠦ᠋ᠨ ᠬᠠᠮᠤᠭ ᠤ᠋ᠨ ᠰᠡᠭᠦᠯᠴᠢ ᠶ᠋ᠢᠨ ᠨᠢᠭᠡ ᠬᠡᠰᠡᠭ ᠮᠥᠩᠭᠥ ᠶ᠋ᠢ ᠨᠢ ᠤᠨᠠᠭᠠᠨ ᠠᠪᠤᠭᠰᠠᠨ ᠲᠤᠯᠠ ᠠᠳᠠ ᠪᠠᠨ ᠦᠯᠡᠳᠡᠵᠦ ᠬᠣᠴᠣᠷᠤᠭᠰᠠᠨ ᠠᠵᠢ᠃ ᠵᠠᠩᠪᠧᠢ ᠰᠢᠶᠠᠨ ᠪᠣᠯ ᠬᠣᠶᠠᠷ ᠨᠡᠷᠡᠲᠡᠢ ᠵᠠᠮ ᠤ᠋ᠨ ᠠᠭᠤᠯᠵᠠᠷ ᠭᠠᠵᠠᠷ ᠪᠣᠯᠤᠨ᠎ᠠ᠃ ᠨᠢᠭᠡ ᠨᠢ ᠶᠡᠬᠡ ᠬᠦᠷᠢᠶ᠎ᠡ ᠬᠦᠷᠴᠦ᠂ ᠨᠥᠭᠦᠭᠡ ᠨᠢ ᠲᠤᠯᠤᠨ ᠨᠠᠭᠤᠷ ᠬᠦᠷᠳᠡᠭ᠃ ᠠᠳᠠ ᠠ᠋ᠴᠠ ᠳᠡᠮᠡᠢ ᠬᠣᠯᠠ ᠦᠭᠡᠢ ᠣᠷᠣᠰᠢᠬᠤ ᠵᠣᠴᠢᠳ ᠤ᠋ᠨ ᠪᠠᠭᠤᠳᠠᠯ ᠨᠢ ᠲᠦᠷᠦᠭᠦᠬᠡᠨ ᠪᠣᠯᠲᠠᠯ᠎ᠠ ᠵᠡᠭᠦᠨ ᠮᠣᠩᠭᠣᠯᠴᠤᠳ ᠪᠠ ᠤᠮᠠᠷᠠᠲᠤ ᠮᠣᠩᠭᠣᠯᠴᠤᠳ ᠤ᠋ᠨ ᠴᠢᠮᠡᠭᠡ ᠵᠠᠩᠭᠢ ᠪᠠᠨ ᠰᠣᠯᠢᠯᠴᠠᠬᠤ ᠭᠠᠵᠠᠷ ᠪᠠᠢᠭᠰᠠᠨ ᠰᠠᠨᠵᠠᠢ᠃
ᠠᠳᠠ ᠴᠤ᠌ ᠮᠥᠨ ᠴᠢᠮᠡᠭᠡ ᠦᠭᠡᠢ ᠨᠠᠮᠵᠢᠭᠤᠨ ᠪᠣᠯᠵᠠᠢ᠃ ᠲᠣᠮᠣ ᠲᠣᠮᠣ ᠠᠭᠲᠠ ᠶ᠋ᠢᠨ ᠬᠠᠰᠢᠶᠠᠨ ᠳ᠋ᠤ᠌ ᠠᠴᠢᠶᠠᠨ ᠤ᠋ ᠮᠠᠰᠢᠨ ᠬᠣᠨᠣᠭᠯᠠᠬᠤ ᠪᠣᠯᠵᠤ᠂ ᠲᠡᠮᠡᠭᠡᠨ ᠵᠢᠩ ᠦ᠋ᠨ ᠬᠣᠩᠬᠣᠨ ᠤ᠋ ᠣᠷᠣᠨ ᠳ᠋ᠤ᠌ ᠮᠠᠰᠢᠨ ᠤ᠋ ᠪᠦᠷᠢᠶ᠎ᠡ ᠬᠠᠩᠭᠢᠨᠠᠬᠤ ᠪᠣᠯᠵᠠᠢ᠃
ᠮᠣᠩᠭᠣᠯ ᠢᠵᠠᠭᠤᠷᠲᠠᠳ ᠤ᠋ᠨ ᠡᠷᠲᠡ ᠳᠡᠭᠡᠳᠦᠰ ᠡᠴᠡ ᠪᠡᠨ ᠵᠠᠬᠢᠷᠤᠨ ᠡᠵᠡᠮᠰᠢᠵᠦ ᠪᠠᠢᠭᠰᠠᠨ ᠭᠠᠵᠠᠷ ᠨᠤᠲᠤᠭ ᠲᠤ᠌ ᠢᠷᠡᠭᠰᠡᠨ ᠡᠮᠦᠨ᠎ᠡ ᠵᠦᠭ ᠦ᠋ᠨ ᠨᠡᠭᠦᠳᠡᠯᠴᠢᠨ ᠢᠷᠭᠡᠳ ᠢ᠋ ᠢᠷᠭᠡᠨ ᠤᠯᠤᠰ ᠤ᠋ᠨ ᠴᠡᠷᠢᠭ ᠦ᠋ᠳ ᠬᠠᠮᠠᠭᠠᠯᠠᠨ ᠰᠠᠭᠤᠵᠤ ᠪᠠᠢᠪᠠ᠃
ᠬᠡᠳᠦᠨ ᠠᠷᠪᠠᠨ ᠵᠢᠯ ᠦ᠋ᠨ ᠲᠤᠷᠰᠢ ᠲᠠᠯ᠎ᠠ ᠨᠤᠲᠤᠭ ᠲᠤ᠌ ᠭᠠᠳᠠᠨ᠎ᠠ ᠶᠢᠷᠲᠢᠨᠴᠦ ᠶ᠋ᠢᠨ ᠬᠢᠨ ᠪᠠᠷᠤᠭ ᠯᠠ ᠦᠯᠦ ᠮᠡᠳᠡᠬᠦ ᠬᠠᠲᠠᠭᠤᠵᠢᠯᠲᠠᠢ ᠮᠥᠷᠲᠡᠭᠡᠨ ᠥᠴᠦᠬᠡᠨ ᠴᠦ᠍ ᠬᠠᠢᠷ᠎ᠠ ᠨᠠᠢᠷ ᠦᠭᠡᠢ ᠲᠡᠮᠡᠴᠡᠯ ᠶᠠᠪᠤᠭᠳᠠᠭᠰᠠᠭᠠᠷ ᠢᠷᠡᠭᠰᠡᠨ ᠪᠥᠭᠡᠳ ᠯᠠᠷᠰᠤᠨ ᠬᠦᠩ ( ᠵᠢᠷᠤᠭ 13) ᠳᠥᠴᠢᠭᠡᠳ ᠵᠢᠯ ᠦ᠋ᠨ ᠲᠤᠷᠰᠢ ᠡᠨᠡ ᠲᠡᠮᠡᠴᠡᠭᠡᠨ ᠦ᠌ ᠳᠤᠮᠳᠠ ᠵᠣᠭᠰᠣᠭᠰᠠᠭᠠᠷ ᠢᠷᠡᠪᠡ᠃ ᠲᠡᠷᠡ ᠰᠢᠪᠧᠷᠢᠶ᠎ᠡ ᠡᠴᠡ ᠴᠠᠭᠠᠨ ᠬᠡᠷᠡᠮ ᠪᠣᠯᠲᠠᠯᠠᠬᠢ ᠮᠣᠩᠭᠣᠯ ᠠᠢᠮᠠᠭ ᠶᠠᠰᠤᠲᠠᠨ ᠵᠢᠴᠢ ᠲᠡᠳᠡᠨ ᠦ᠌ ᠸᠠᠩ ᠬᠦᠩ ᠨᠣᠶᠠᠳ ᠢ ᠲᠠᠨᠢᠳᠠᠭ ᠪᠥᠭᠡᠳ ᠡᠨᠡ ᠬᠦ᠌ ᠬᠠᠤᠯᠢ ᠶᠣᠰᠣᠨ ᠤ᠋ ᠬᠠᠮᠠᠭᠠᠯᠠᠯ ᠢ᠋ᠶ᠋ᠠᠨ ᠣᠯᠤᠭᠰᠠᠨ ᠦᠭᠡᠢ ᠦᠨᠳᠦᠰᠦᠲᠡᠨ ᠢ᠋ ᠬᠠᠮᠠᠭᠠᠯᠠᠬᠤ ᠪᠠᠷ ᠥᠪᠡᠷ ᠦ᠋ᠨ ᠨᠢᠭᠡ ᠨᠠᠰᠤᠨ ᠤ᠋ ᠡᠭᠦᠷᠭᠡ ᠪᠣᠯᠭᠠᠭᠰᠠᠨ ᠶᠤᠮ᠃
ᠦᠳᠡᠰᠢ ᠶ᠋ᠢᠨ ᠦᠶ᠎ᠡ ᠪᠡᠷ ᠨᠢᠭᠡᠨ ᠰᠦᠮ᠎ᠡ ᠳ᠋ᠦ᠍ ᠬᠦᠷᠦᠯ᠎ᠡ᠃ ᠰᠦᠮ᠎ᠡ ᠨᠢ ᠳᠣᠪᠣᠴᠠᠭ ᠤ᠋ᠨ ᠡᠩᠭᠡᠷ ᠲᠦ᠍ ᠪᠠᠷᠢᠭᠳᠠᠭᠰᠠᠨ ᠪᠣᠯᠬᠣᠷ᠂ ᠡᠷᠭᠢᠨ ᠲᠣᠭᠣᠷᠢᠨ ᠲᠠᠯ᠎ᠠ ᠨᠤᠲᠤᠭ ᠢ᠋ ᠶᠣᠰᠣᠲᠠᠢ ᠬᠠᠷᠠᠭ᠎ᠠ ᠮᠣᠬᠣᠭᠣᠲᠠᠯᠠ ᠬᠠᠷᠠᠵᠤ ᠪᠣᠯᠬᠤ ᠠᠵᠢ ( ᠵᠢᠷᠤᠭ5 ᠪᠠ 12) ᠃ ᠴᠠᠢᠯᠵᠠᠨ ᠬᠠᠷᠠᠭᠳᠠᠭᠰᠠᠨ ᠴᠠᠭᠠᠨ ᠥᠩᠭᠡ ᠶ᠋ᠢᠨ ᠬᠦᠷᠢᠶ᠎ᠡ ᠲᠡᠢ ᠭᠤᠷᠪᠠᠨ ᠲᠥᠪᠡᠳ ᠮᠠᠶᠢᠭ ᠤ᠋ᠨ ᠪᠠᠢᠰᠢᠩ ᠪᠠᠢᠪᠠ᠃ ᠮᠣᠩᠭᠣᠯ ᠤ᠋ᠨ ᠬᠦᠩ ᠪᠣᠯᠤᠨ ᠯᠠᠷᠰᠤᠨ ᠤ᠋ ᠠᠪᠠᠭᠠᠢ ᠬᠦᠷᠢᠶᠡᠨ ᠳᠣᠲᠣᠷ᠎ᠠ ᠠ᠋ᠴᠠ ᠪᠢᠳᠡᠨ ᠢ᠋ ᠬᠠᠵᠠᠭᠤ ᠶ᠋ᠢᠨ ᠨᠠᠷᠢᠬᠠᠨ ᠡᠭᠦᠳᠡ ᠪᠡᠷ ᠭᠠᠷᠴᠤ ᠢᠷᠡᠨ ᠤᠭᠲᠤᠭᠠᠳ᠂ ᠭᠣᠣᠯ ᠪᠠᠢᠰᠢᠩ ᠤ᠋ᠨ ᠡᠮᠦᠨᠡᠬᠢ ᠲᠠᠢᠰᠠᠨ ᠳᠡᠭᠡᠷ᠎ᠡ ᠤᠷᠢᠪᠠ᠃ ᠦᠳᠡᠰᠢ ᠶ᠋ᠢᠨ ᠰᠡᠷᠢᠭᠦᠨ ᠳ᠋ᠦ᠍ ᠠᠳᠠ ᠰᠠᠭᠤᠬᠤ ᠨᠢ ᠬᠠᠷᠢᠨ ᠲᠤᠩ ᠲᠠᠭᠠᠯᠠᠮᠵᠢᠲᠠᠢ ᠪᠠᠢᠯ᠎ᠠ᠃



ᠵᠢᠷᠤᠭ 15
ᠬᠢᠲᠠᠳ ᠤᠨ ᠬᠣᠢᠲᠤ ᠭᠡᠰᠡᠭ ᠦᠨ ᠮᠤᠵᠢ ᠨᠤᠭᠤᠳ ᠠᠴᠠ
ᠲᠠᠷᠢᠶᠠᠴᠢᠳ ᠪᠠ ᠭᠠᠷ ᠦᠢᠯᠡᠳᠪᠦᠷᠢᠴᠢᠳ
ᠮᠣᠩᠭᠣᠯ ᠤᠨ ᠣᠩᠭᠣᠨ ᠪᠠᠢᠭᠠᠯᠢ ᠵᠦᠭ ᠠᠶᠠᠯᠠᠵᠤ ᠪᠠᠢᠭ᠎ᠠ ᠨᠢ

ᠣᠷᠣᠢ ᠶ᠋ᠢᠨ ᠬᠣᠭᠣᠯᠠ ᠢᠳᠡᠵᠦ ᠪᠠᠢᠬᠤ ᠦᠶ᠎ᠡ ᠪᠡᠷ ᠮᠠᠷᠰᠤᠨ ᠪᠢᠳᠡᠨ ᠡᠴᠡ ᠠᠶᠠᠯᠠᠯ ᠤ᠋ᠨ ᠵᠠᠮ ᠳ᠋ᠠᠭᠠᠨ ᠶᠠᠭᠤ ᠬᠠᠷᠠᠭᠰᠠᠨ ᠢ᠋ ᠠᠰᠠᠭᠤᠵᠤ ᠠᠪᠤᠭᠠᠳ᠂ ᠡᠨᠡ ᠦᠨᠳᠦᠰᠦᠲᠡᠨ ᠵᠢᠴᠢ ᠲᠡᠭᠦᠨ ᠦ᠌ ᠢᠵᠠᠭᠤᠷᠲᠠᠳ ᠲᠤ᠌ ᠲᠤᠯᠭᠠᠷᠠᠵᠤ ᠪᠠᠢᠭ᠎ᠠ ᠠᠰᠠᠭᠤᠯᠲᠠ ᠶ᠋ᠢᠨ ᠲᠤᠬᠠᠢ ᠰᠠᠨᠠᠭ᠎ᠠ ᠪᠣᠯᠵᠤ ᠪᠠᠢᠭ᠎ᠠ ᠪᠠᠨ ᠶᠠᠷᠢᠵᠤ ᠪᠢᠯᠡ᠄
— ᠮᠣᠩᠭᠣᠯᠴᠤᠳ ᠶᠡᠷᠦ ᠨᠢ ᠪᠤᠰᠤᠳ ᠲᠤ᠌ ᠪᠤᠷᠤᠭᠤ ᠣᠢᠯᠠᠭᠠᠭᠳᠠᠭᠠᠳ ᠯᠠ ᠢᠷᠡᠭᠰᠡᠨ ᠶᠦᠮ᠃ ᠤᠴᠢᠷ ᠨᠢ ᠲᠡᠳᠡᠨ ᠦ᠌ ᠲᠡᠦᠬᠡ ᠶ᠋ᠢ ᠵᠥᠪᠬᠡᠨ ᠲᠡᠭᠦᠨ ᠦ᠌ ᠳᠠᠢᠰᠤᠨ ᠪᠤᠶᠤ ᠡᠰᠡᠷᠭᠦ ᠲᠠᠯ᠎ᠠ ᠶ᠋ᠢᠨ ᠬᠢᠨ ᠪᠢᠴᠢᠵᠦ᠂ ᠬᠠᠷᠢᠨ ᠥᠪᠡᠷ ᠢ᠋ᠶ᠋ᠡᠨ ᠪᠣᠯ ᠶᠡᠷᠦ ᠶᠠᠭᠤᠮ᠎ᠠ ᠪᠢᠴᠢᠵᠦ ᠦᠯᠡᠳᠡᠭᠡᠭᠰᠡᠨ ᠦᠭᠡᠢ ᠶᠦᠮ᠃ ᠬᠠᠭᠠᠨᠲᠤ ᠲᠥᠷᠥ ᠤᠨᠠᠬᠤ ᠪᠣᠯᠲᠠᠯ᠎ᠠ ᠮᠠᠨᠵᠤ ᠮᠣᠩᠭᠣᠯ ᠤ᠋ᠨ ᠭᠠᠵᠠᠷ ᠨᠢ ᠬᠢᠲᠠᠳ ᠲᠤ᠌ ᠠᠪᠴᠤ ᠬᠡᠯᠡᠪᠡᠯ ᠳᠠᠷᠬᠠᠨ ᠴᠠᠭᠠᠵᠠ ᠲᠠᠢ ᠣᠷᠣᠨ ᠪᠠᠢᠭᠰᠠᠨ᠃ ᠰᠢᠨᠡᠬᠡᠨ ᠭᠠᠷᠤᠭᠰᠠᠨ ᠪᠦᠭᠦᠳᠡ ᠨᠠᠢᠷᠠᠮᠳᠠᠬᠤ ᠶ᠋ᠢ ᠪᠠᠢᠭᠤᠯᠤᠭᠴᠢᠳ ᠨᠢ ᠬᠠᠷᠢᠨ ᠡᠰᠡᠷᠭᠦ ᠪᠡᠷ ᠮᠣᠩᠭᠣᠯ ᠨᠤᠲᠤᠭ ᠢ᠋ ᠬᠢᠲᠠᠳ ᠬᠥᠮᠦᠨ ᠦ᠌ ᠥᠮᠴᠢ ᠭᠡᠮᠡᠨ ᠵᠠᠷᠯᠠᠭᠰᠠᠨ ᠪᠥᠭᠡᠳ ᠬᠠᠭᠤᠴᠢᠨ ᠪᠤᠶᠤ ᠪᠢᠴᠢᠭᠳᠡᠭᠰᠡᠨ ᠦᠭᠡᠢ ᠬᠠᠤᠯᠢ ᠵᠢᠷᠤᠮ ᠭᠡᠷ᠎ᠡ ᠬᠡᠯᠡᠯᠴᠡᠭᠡᠷ ᠦ᠋ᠳ ᠢ᠋ ᠥᠴᠦᠬᠡᠨ ᠴᠦ᠍ ᠠᠩᠵᠠᠭᠠᠷᠠᠭᠰᠠᠨ ᠦᠭᠡᠢ ᠶᠦᠮ᠃ ᠰᠢᠨ᠎ᠡ ᠠᠯᠪᠠᠲᠠᠨ ᠲᠦᠰᠢᠮᠡᠯ ᠦ᠋ᠳ ᠦ᠋ᠨ ᠬᠤᠳᠠᠯᠳᠤᠨ ᠲᠦᠷᠢᠶᠡᠰᠦᠯᠡᠭᠡᠳ ᠪᠠᠶᠠᠵᠢᠵᠤ ᠪᠠᠢᠭ᠎ᠠ ᠭᠠᠵᠠᠷ ᠨᠤᠲᠤᠭ ᠪᠣᠯ ᠮᠣᠩᠭᠣᠯᠴᠤᠳ ᠤ᠋ᠨ ᠬᠢ ᠶᠦᠮ ᠃ ᠴᠢᠩ ᠦ᠋ᠨ ᠲᠥᠷᠥ ᠨᠤᠷᠠᠭᠰᠠᠨ ᠤ᠋ ᠳᠠᠷᠠᠭ᠎ᠠ ᠬᠢᠲᠠᠳ ᠤ᠋ᠨ ᠾᠧᠨᠠᠨ᠂ ᠾᠧᠪᠧᠢ᠂ ᠱᠠᠨᠳᠦ᠋ᠩ ᠵᠡᠷᠭᠡ ᠣᠷᠣᠨ ᠤ᠋ ᠲᠠᠷᠢᠶᠠᠴᠢᠳ ᠭᠠᠷ ᠦᠢᠯᠡᠳᠪᠦᠷᠢᠴᠢᠳ ᠵᠣᠭᠰᠣᠰᠢ ᠦᠭᠡᠢ ᠰᠢᠭᠤᠷᠭᠠᠨ ᠮᠡᠲᠦ ᠮᠣᠩᠭᠣᠯ ᠤ᠋ᠨ ᠣᠩᠭᠣᠨ ᠪᠠᠢᠭᠠᠯᠢ ᠶ᠋ᠢ ᠴᠢᠭᠯᠡᠨ ᠢᠷᠡᠵᠡᠭᠡᠪᠡ( ᠵᠢᠷᠤᠭ 14 ) ᠃
ᠬᠠᠪᠤᠷ ᠪᠣᠯᠭᠠᠨ ᠪᠦᠷ ᠯᠡ ᠡᠢᠮᠦ ᠪᠠᠢᠳᠠᠯ ᠲᠠᠢ (ᠵᠢᠷᠤᠭ 15 )᠂ ᠣᠳᠣᠬᠠᠨ ᠪᠣᠯᠲᠠᠯ᠎ᠠ ᠮᠣᠩᠭᠣᠯᠴᠤᠳ ᠤ᠋ᠨ ᠬᠠᠮᠲᠤ ᠶ᠋ᠢᠨ ᠥᠮᠴᠢᠯᠡᠯᠲᠦ ᠪᠠᠢᠭᠰᠠᠨ ᠪᠡᠯᠴᠢᠭᠡᠷ ᠨᠤᠲᠤᠭ ᠲᠤ᠌ ᠦᠵᠦᠭᠦᠷ ᠬᠢᠵᠠᠭᠠᠷ ᠨᠢ ᠦᠯᠦ ᠬᠠᠷᠠᠭᠳᠠᠬᠤ ᠲᠡᠷᠭᠡᠨ ᠦ᠌ ᠴᠤᠪᠤᠭ᠎ᠠ ᠦᠷᠭᠦᠯᠵᠢᠯᠡᠬᠦ ᠪᠣᠯᠵᠠᠢ᠃ ᠡᠳᠡᠭᠡᠷ ᠬᠥᠮᠦᠰ ᠲᠡᠷᠭᠡᠨ ᠳ᠋ᠡᠭᠡᠨ ᠲᠠᠷᠢᠶᠠᠯᠠᠩ ᠤ᠋ᠨ ᠪᠠᠭᠠᠵᠢ᠂ ᠬᠠᠢᠷᠴᠠᠭ ᠪᠣᠭᠣᠳᠠᠯ ᠤ᠋ᠳ᠂ ᠲᠠᠭᠠᠷᠴᠤᠭ ᠲᠠᠢ ᠲᠠᠷᠢᠶᠠᠨ ᠦᠷ᠎ᠡ᠂ ᠣᠯᠠᠨ ᠬᠡᠦᠬᠡᠳ᠂ ᠪᠦᠰᠡᠭᠦᠢᠴᠦᠦᠯ᠂ ᠲᠠᠬᠢᠶ᠎ᠠ ᠭᠠᠬᠠᠢ ᠪᠠᠨ ᠠᠴᠢᠶᠠᠯᠠᠵᠤ ᠢᠷᠡᠵᠡᠭᠡᠨ᠎ᠡ᠃ ᠤᠰᠤᠨ ᠠᠶᠤᠯ ᠪᠤᠶᠤ ᠭᠠᠩ ᠭᠠᠴᠢᠭ ᠠ᠋ᠴᠠ ᠪᠣᠯᠵᠤ ᠠᠯᠢᠪᠠ ᠬᠥᠷᠥᠩᠭᠡ ᠪᠡᠨ ᠠᠯᠳᠠᠭᠰᠠᠳ᠂ ᠳᠡᠭᠡᠷᠡᠮ ᠳ᠋ᠦ᠍ ᠲᠣᠨᠣᠭᠤᠯᠵᠤ ᠴᠡᠪᠡᠷ ᠨᠢᠴᠦᠭᠦᠨ ᠪᠣᠯᠤᠭᠰᠠᠨ ᠭᠡᠬᠦ ᠵᠡᠷᠭᠡ ᠶ᠋ᠢᠨ ᠬᠥᠮᠦᠰ ᠥᠪᠡᠷ ᠦ᠋ᠨ ᠪᠠᠭ᠎ᠠ ᠰᠠᠭ᠎ᠠ ᠶᠠᠭᠤᠮ᠎ᠠ ᠪᠠᠨ ᠪᠠᠭᠴᠠᠯᠠᠨ ᠮᠥᠷᠦᠨ ᠳᠡᠭᠡᠷ᠎ᠡ ᠪᠡᠨ ᠲᠠᠯᠪᠢᠮᠠᠭᠴᠠ᠂ ᠨᠤᠲᠤᠭ ᠤᠰᠤᠨ ᠳ᠋ᠠᠭᠠᠨ ᠰᠣᠨᠣᠰᠴᠤ ᠪᠠᠬᠠᠷᠬᠠᠵᠤ ᠪᠠᠢᠭᠰᠠᠨ ᠰᠢᠨ᠎ᠡ ᠨᠤᠲᠤᠭ ᠤ᠋ᠨ ᠮᠣᠩᠭᠣᠯ ᠣᠷᠣᠨ ᠢ᠋ ᠴᠢᠭᠯᠡᠨ ᠢᠷᠡᠳᠡᠭ ᠠᠵᠢ᠃ ᠮᠢᠩᠭ᠎ᠠ ᠮᠢᠩᠭ᠎ᠠ ᠪᠠᠷ ᠨᠡᠮᠡᠭᠳᠡᠬᠦ ᠨᠡᠭᠦᠳᠡᠯᠴᠢᠨ ᠢᠷᠭᠡᠳ ᠨᠢ ᠪᠡᠯᠴᠢᠭᠡᠷ ᠨᠤᠲᠤᠭ ᠢ᠋ ᠥᠷᠭᠡᠳᠬᠡᠨ ᠡᠵᠡᠯᠡᠭᠰᠡᠭᠡᠷ ᠪᠠᠢᠵᠤ ᠡᠴᠦᠰ ᠲᠡᠭᠡᠨ ᠥᠩ ᠰᠢᠮᠡᠯᠢᠭ ᠪᠡᠯᠴᠢᠭᠡᠷ ᠢ᠋ ᠲᠠᠷᠢᠶᠠᠯᠠᠩ ᠤ᠋ᠨ ᠲᠠᠯᠠᠪᠠᠢ ᠪᠣᠯᠭᠠᠨ ᠬᠤᠪᠢᠷᠠᠭᠤᠯᠳᠠᠭ ᠶᠤᠮ᠃ ᠳᠥᠴᠢᠨ ᠵᠢᠯ ᠦ᠋ᠨ ᠡᠮᠦᠨ᠎ᠡ ᠭᠡᠬᠦ ᠳ᠋ᠦ᠍ ᠴᠠᠭᠠᠨ ᠬᠡᠷᠡᠮ ᠡᠴᠡ ᠬᠣᠢᠰᠢ ᠭᠠᠭᠴᠠᠬᠠᠨ ᠴᠤ᠌ ᠬᠢᠲᠠᠳ ᠨᠡᠭᠦᠳᠡᠯᠴᠢᠨ ᠭᠡᠵᠦ ᠬᠠᠷᠠᠭᠳᠠᠭ᠎ᠠ ᠦᠭᠡᠢ᠂ ᠣᠳᠣ ᠪᠣᠯᠬᠤ ᠳ᠋ᠤ᠌ ᠬᠠᠮᠤᠭ ᠤ᠋ᠨ ᠬᠣᠢᠲᠤ ᠵᠠᠬ᠎ᠠ ᠶ᠋ᠢᠨ ᠬᠢᠲᠠᠳ ᠲᠣᠰᠬᠣᠨ ᠨᠢᠭᠡᠨᠲᠡ ᠬᠠᠭᠤᠴᠢᠨ ᠬᠢᠯᠢ ᠶ᠋ᠢᠨ ᠬᠡᠷᠡᠮ ᠡᠴᠡ ᠬᠣᠢᠰᠢ ᠵᠠᠭᠤᠨ ᠲᠠᠪᠢᠨ ᠺᠢᠯᠣᠮᠧᠲ᠋ᠷ ᠰᠢᠯᠵᠢᠵᠦ᠂ ᠵᠢᠯ ᠪᠦᠷᠢ ᠨᠢᠭᠡ ᠡᠴᠡ ᠬᠣᠶᠠᠷ ᠺᠢᠯᠣᠮᠧᠲ᠋ᠷ ᠦ᠋ᠨ ᠬᠤᠷᠳᠤᠴᠠ ᠪᠠᠷ ᠬᠣᠢᠰᠢ ᠪᠠᠨ ᠡᠨᠡ ᠬᠦ᠌ ᠲᠥᠪᠡᠳ ᠮᠠᠨᠵᠤ ᠶ᠋ᠢᠨ ᠬᠣᠭᠣᠷᠣᠨᠳᠣ ᠪᠠᠢᠭ᠎ᠠ ᠮᠣᠩᠭᠣᠯ ᠣᠷᠣᠨ ᠤᠷᠤᠭᠤ ᠲᠦᠷᠢᠨ ᠣᠷᠣᠵᠤ ᠪᠣᠢ ᠃ ᠬᠠᠮᠤᠭ ᠤ᠋ᠨ ᠰᠠᠢᠨ ᠪᠡᠯᠴᠢᠭᠡᠷ ᠨᠤᠲᠤᠭ ᠬᠢᠲᠠᠳ ᠤ᠋ᠳ ᠤ᠋ᠨ ᠭᠠᠷ ᠲᠤ᠌ ᠣᠷᠣᠵᠤ ᠂ ᠬᠣᠨᠢ ᠠᠳᠤᠭᠤ ᠲᠡᠮᠡᠭᠡᠨ ᠰᠦᠷᠦᠭ ᠲᠦ᠍ ᠵᠥᠪᠬᠡᠨ ᠭᠣᠪᠢ ᠣᠢᠷᠠᠯᠴᠠᠭᠠᠬᠢ ᠲᠠᠴᠢᠷ ᠭᠠᠵᠠᠷ ᠯᠠ ᠦᠯᠡᠳᠡᠵᠡᠢ ᠃ ᠵᠣᠴᠢᠨᠰᠠᠭ ᠮᠣᠩᠭᠣᠯᠴᠤᠳ ᠮᠠᠨᠢ ᠳᠠᠩᠴᠤ ᠣᠷᠣᠢ ᠡᠰᠡᠷᠭᠦᠴᠡᠯ ᠢ᠋ᠶ᠋ᠡᠨ ᠡᠬᠢᠯᠡᠭᠦᠯᠵᠡᠢ ᠃ ᠲᠡᠳᠡᠨ ᠦ᠌ ᠣᠯᠠᠩᠬᠢ ᠨᠢ ᠡᠳᠦᠭᠡ ᠪᠣᠯᠲᠠᠯ᠎ᠠ ᠪᠠᠰᠠ ᠯᠠ ᠠᠩᠬᠠᠨ ᠤ᠋ ᠬᠢᠲᠠᠳ ᠨᠡᠭᠦᠳᠡᠯᠴᠢᠨ ᠢᠷᠭᠡᠨ ᠦ᠌ ᠬᠤᠳᠳᠤᠭ ᠤ᠋ᠨ ᠵᠠᠬ᠎ᠠ ᠪᠤᠶᠤ ᠪᠡᠯᠴᠢᠭᠡᠷ ᠳᠡᠭᠡᠷ᠎ᠡ ᠴᠠᠭ ᠬᠤᠭᠤᠴᠠᠭᠠᠨ ᠤ᠋ ᠬᠢᠵᠠᠭᠠᠷᠯᠠᠯ ᠦᠭᠡᠢ ᠬᠡᠷᠡᠭᠯᠡᠬᠦ ᠶ᠋ᠢ ᠵᠥᠪᠰᠢᠶᠡᠷᠡᠭᠰᠡᠨ ᠬᠠᠤᠯᠢ ᠵᠢᠷᠤᠮ ᠢ᠋ᠶ᠋ᠠᠨ ᠠᠩᠬᠠᠷᠤᠨ ᠰᠠᠬᠢᠭᠰᠠᠭᠠᠷ ᠪᠠᠢᠨ᠎ᠠ ᠃ ᠬᠢᠲᠠᠳ ᠨᠡᠭᠦᠳᠡᠯᠴᠢᠳ ᠡᠳᠡᠭᠡᠷ ᠭᠠᠵᠠᠷ ᠲᠠᠷᠢᠶ᠎ᠠ ᠶ᠋ᠢ ᠥᠪᠡᠷ ᠦ᠋ᠨ ᠦᠶ᠎ᠡ ᠤᠯᠠᠷᠢᠨ ᠡᠳ᠋ᠯᠡᠬᠦ ᠬᠤᠪᠢ ᠶ᠋ᠢᠨ ᠬᠥᠷᠥᠩᠭᠡ ᠭᠡᠮᠡᠨ ᠦᠵᠡᠬᠦ ᠪᠣᠯᠤᠭᠰᠠᠨ ᠢ᠋ ᠮᠣᠩᠭᠣᠯᠴᠤᠳ ᠤᠬᠠᠭᠠᠷᠠᠨ ᠮᠡᠳᠡᠬᠦ ᠦᠶ᠎ᠡ ᠳ᠋ᠦ᠍ ᠲᠡᠳᠡᠨ ᠢ᠋ ᠬᠦᠴᠦ ᠪᠡᠷ ᠳᠠᠭᠠᠷᠢᠨ ᠴᠣᠬᠢᠵᠤ ᠦᠯᠳᠡᠨ ᠬᠥᠭᠡᠭᠡᠪᠡ ᠃ ᠡᠨᠡ ᠨᠢ ᠬᠤᠪᠢ ᠵᠠᠶᠠᠭᠠᠨ ᠳ᠋ᠤ᠌ ᠠᠪᠴᠤ ᠬᠡᠯᠡᠪᠡᠯ ᠪᠠᠭ᠎ᠠ ᠵᠡᠷᠭᠡ ᠨᠡᠷ᠎ᠡ ᠨᠢᠭᠤᠷ ᠢ᠋ᠶ᠋ᠠᠨ ᠬᠠᠮᠠᠭᠠᠯᠠᠭᠰᠠᠨ ᠬᠡᠷᠡᠭ ᠪᠣᠯᠪᠠᠴᠤ ᠂ ᠤᠳᠠᠯ ᠦᠭᠡᠢ ᠬᠢᠲᠠᠳ ᠨᠡᠭᠦᠳᠡᠯᠴᠢᠨ ᠢᠷᠭᠡᠳ ᠲᠣᠭ᠎ᠠ ᠲᠣᠮᠰᠢ ᠦᠭᠡᠢ ᠣᠯᠠᠨ ᠬᠢᠲᠠᠳ ᠴᠡᠷᠢᠭ ᠦ᠋ᠨ ᠬᠠᠮᠠᠭᠠᠯᠠᠯ ᠲᠠᠢ ᠪᠠᠷ ᠪᠤᠴᠠᠨ ᠢᠷᠡᠭᠡᠳ ᠲᠡᠮᠡᠴᠡᠯ ᠦ᠋ᠨ ᠰᠢᠨ᠎ᠡ ᠣᠴᠢᠭ ᠢ᠋ ᠡᠬᠢᠯᠡᠭᠦᠯᠳᠡᠭ ᠪᠠᠢᠨ᠎ᠠ ᠃ ᠮᠣᠩᠭᠣᠯᠴᠤᠳ ᠨᠠᠢᠷ ᠲᠠᠯᠪᠢᠬᠤ ᠯᠠ ᠬᠡᠷᠡᠭᠲᠡᠢ ᠪᠣᠯᠵᠠᠢ ᠭᠡᠵᠦ ᠯᠠᠷᠰᠤᠨ ᠭᠤᠸᠠᠢ ᠡᠨᠡ ᠲᠤᠬᠠᠢ ᠶ᠋ᠢᠨ ᠶᠠᠷᠢᠶ᠎ᠠ ᠪᠠᠨ ᠲᠡᠭᠦᠰᠬᠡᠭᠡᠳ ᠳᠠᠬᠢᠨ ᠵᠠᠯᠭᠠᠵᠤ᠄
— ᠨᠥᠭᠦᠭᠡ ᠲᠠᠯ᠎ᠠ ᠪᠠᠷ ᠶᠠᠷᠢᠬᠤ ᠳ᠋ᠤ᠌ ᠮᠣᠩᠭᠣᠯ ᠤ᠋ᠨ ᠥᠨᠳᠥᠷᠯᠢᠭ ᠦ᠋ᠨ ᠥᠪᠡᠷ ᠦ᠋ᠨ ᠭᠦᠨ ᠨᠤᠲᠤᠭ ᠲᠤᠨᠢ ᠴᠤ᠌ ᠲᠡᠢᠮᠦ ᠠᠮᠤᠭᠤᠯᠠᠩ ᠪᠢᠰᠢ ᠠ᠋ ! ᠲᠡᠳᠡᠨ ᠤ ᠰᠢᠯᠢᠳᠡᠭ ᠠᠭᠲᠠ ᠮᠣᠷᠢᠳ ᠨᠢ ᠴᠡᠷᠢᠭ ᠲᠡᠢᠨ ᠦ᠌ ᠴᠢᠬᠤᠯᠠ ᠵᠦᠢᠯ ᠪᠣᠯᠵᠤ ᠬᠤᠪᠢᠷᠠᠭᠰᠠᠨ ᠪᠥᠭᠡᠳ ᠬᠡᠷᠪᠡ ᠠᠯᠢ ᠨᠢᠭᠡᠨ ᠡᠳᠦᠷ ᠦᠨ᠎ᠡ ᠬᠠᠶᠠᠯᠴᠠᠭᠠᠳ ᠬᠤᠳᠠᠯᠳᠤᠨ ᠠᠪᠴᠤ ᠳᠡᠢᠯᠦᠭᠰᠡᠨ ᠦᠭᠡᠢ ᠪᠣᠯ ᠮᠣᠩᠭᠣᠯ ᠨᠤᠲᠤᠭ ᠲᠤ᠌ ᠰᠢᠭᠤᠳ ᠯᠠ ᠳᠡᠭᠡᠷᠡᠮᠳᠡᠨ ᠣᠷᠣᠭᠠᠳ ᠪᠤᠯᠢᠶᠠᠨ ᠠᠪᠠᠴᠢᠳᠠᠭ ᠪᠠᠢᠨ᠎ᠠ ᠃ ᠰᠥᠨᠢ ᠪᠡᠷ ᠠᠳᠤᠭᠤᠨ ᠰᠦᠷᠦᠭ ᠦ᠋ᠳ ᠢ᠋ ᠲᠣᠳᠣᠷᠬᠠᠢ ᠲᠣᠭᠲᠠᠭᠠᠭᠰᠠᠨ ᠬᠢᠯᠢ ᠪᠡᠷ ᠳᠠᠪᠠᠭᠤᠯᠵᠤ ᠵᠥᠩᠳᠡᠭᠡᠨ ᠲᠠᠭᠤᠵᠤ ᠣᠳᠳᠠᠭ᠃ ᠭᠡᠬᠦ ᠳ᠋ᠦ᠍ᠨᠢ ᠬᠢᠯᠢ ᠶ᠋ᠢ ᠮᠣᠩᠭᠣᠯ ᠴᠡᠷᠢᠭ ᠳᠠᠪᠠᠵᠤ ᠪᠣᠯᠬᠤ ᠦᠭᠡᠢ ᠭᠡᠵᠦ ᠲᠣᠭᠲᠠᠭᠠᠭᠰᠠᠨ ᠶᠤᠮ ᠭᠡᠯᠡ᠃
ᠨᠡᠯᠢᠶᠡᠳ ᠣᠷᠣᠢ ᠪᠣᠯᠲᠠᠯ᠎ᠠ ᠪᠢᠳᠡ ᠯᠠᠷᠰᠤᠨ ᠤ᠋ ᠠᠪᠠᠭᠠᠢ ᠶ᠋ᠢᠨ ᠠᠶᠠᠲᠠᠢ ᠰᠠᠢᠬᠠᠨ ᠪᠠᠢᠷᠢᠯᠠᠭᠤᠯᠵᠤ ᠲᠣᠬᠢᠷᠠᠭᠤᠯᠤᠭᠰᠠᠨ ᠵᠢᠵᠢᠭᠬᠡᠨ ᠵᠣᠴᠢᠨ ᠤ᠋ ᠥᠷᠥᠭᠡᠨ ᠳ᠋ᠦ᠍ ᠰᠠᠭᠤᠯ᠎ᠠ᠃
ᠯᠠᠷᠰᠤᠨ ᠬᠦᠩ ᠪᠢᠳᠡᠨ ᠢ ᠤᠨᠲᠠᠬᠤ ᠣᠷᠣ ᠲᠣᠬᠢᠷᠠᠭᠤᠯᠤᠭᠰᠠᠨ ᠬᠠᠵᠠᠭᠤ ᠲᠠᠯ᠎ᠠ ᠶ᠋ᠢᠨ ᠲᠣᠮᠣ ᠪᠠᠢᠰᠢᠩ ᠳ᠋ᠤ᠌ ᠣᠷᠣᠭᠤᠯᠬᠤ ᠦᠶ᠎ᠡ ᠳ᠋ᠦ᠍ ᠠᠪᠠᠭᠠᠢ ᠨᠢ ᠠᠯᠢ ᠬᠡᠳᠦᠢᠨ ᠣᠷᠣᠨ ᠳ᠋ᠠᠭᠠᠨ ᠣᠷᠣᠵᠤ ᠤᠨᠲᠠᠴᠢᠬᠠᠭᠠᠳ ᠪᠠᠢᠭᠰᠠᠨ ᠶᠤᠮ᠃
ᠯᠡ ᠶ᠋ᠢᠨ ᠭᠡᠷᠡᠯ ᠳ᠋ᠦ᠍ ᠤᠯᠠᠭᠠᠨ ᠲᠤᠯᠭᠠᠭᠤᠷ ᠢ ᠣᠷᠢᠶᠠᠯᠳᠤᠭᠤᠯᠤᠨ ᠠᠯᠬᠠᠯᠠᠨ ᠵᠢᠷᠤᠭᠰᠠᠨ ᠯᠤᠤ ᠨᠢ ᠠᠶᠤᠮᠰᠢᠭᠲᠠᠢ ᠰᠠᠨᠠᠭᠳᠠᠵᠤ ᠪᠠᠢᠪᠠ᠃ ᠡᠨᠡ ᠲᠣᠮᠣ ᠥᠷᠥᠭᠡᠨ ᠦ᠌ ᠠᠳᠠᠭᠠᠷ ᠲᠤ᠌ ᠲᠥᠪᠡᠳ ᠨᠣᠮ ᠲᠠᠢ ᠲᠣᠷᠭᠠᠨ ᠣᠷᠬᠢᠭᠤᠯ ᠪᠠᠢᠵᠤ᠂ ᠳᠦᠷᠡᠯᠵᠡᠨ ᠨᠣᠴᠣᠬᠤ ᠵᠤᠤᠬᠠᠨ ᠭᠠᠯ ᠨᠢ ᠪᠦᠬᠦ ᠥᠷᠥᠭᠡ ᠶ᠋ᠢ ᠳᠤᠯᠠᠭᠠᠴᠠᠭᠤᠯᠵᠤ ᠪᠠᠢᠪᠠ᠃
— ᠬᠠᠭᠤᠴᠢᠨ ᠰᠦᠮ᠎ᠡ ᠶᠦᠮ ᠤᠤ ? ᠭᠡᠵᠦ ᠪᠢ ᠠᠰᠠᠭᠤᠬᠤ ᠳ᠋ᠤ᠌ ᠯᠠᠷᠰᠤᠨ᠄
— ᠵᠥᠪ ᠳᠠᠭᠠᠯ᠎ᠠ ! ᠡᠨᠡ ᠰᠦᠮ᠎ᠡ ᠶ᠋ᠢᠨ ᠦᠯᠢᠭᠡᠷ ᠢ᠋ ᠪᠢ ᠲᠠ ᠨᠠᠷ ᠲᠤ᠌ ᠮᠠᠷᠭᠠᠰᠢ ᠶᠠᠷᠢᠵᠤ ᠥᠭᠭᠥᠨ᠎ᠡ ᠳᠡ᠃ ᠥᠨᠥᠳᠥᠷ ᠶᠡᠬᠡ ᠣᠷᠣᠢᠲᠠᠯᠠ ᠰᠢᠦ᠂ ᠮᠣᠩᠭᠣᠯ ᠳ᠋ᠤ᠌ ᠪᠠᠢᠬᠤ ᠳ᠋ᠠᠭᠠᠨ ᠪᠢᠳᠡ ᠡᠷᠲᠡ ᠤᠨᠲᠠᠵᠤ ᠡᠷᠲᠡ ᠪᠣᠰᠳᠠᠭ ᠶᠤᠮ ᠠ᠋ ᠭᠡᠯᠡ᠃
— ᠲᠠᠨ ᠤ᠋ ᠬᠦᠩ ᠦ᠋ᠨ ᠣᠷᠳᠣᠨ ᠶᠠᠮᠠᠷ ᠨᠡᠷ᠎ᠡ ᠲᠡᠢ ᠪᠢᠯᠡ ? ᠭᠡᠵᠦ ᠮᠠᠷᠺᠣᠸᠨ᠋ᠲ ᠠᠰᠠᠭᠤᠬᠤ ᠳ᠋ᠤ᠌:
— ᠴᠠᠭᠠᠨ ᠬᠦᠷᠢᠶᠡᠨ ᠰᠦᠮ᠎ᠡ( ᠵᠢᠷᠤᠭ 16) ᠭᠡᠵᠦ ᠮᠣᠩᠭᠣᠯᠴᠤᠳ ᠳᠠᠭᠤᠳᠠᠳᠠᠭ ᠶᠤᠮ ᠭᠡᠰᠡᠨ ᠬᠠᠷᠢᠭᠤᠯᠲᠠ ᠶ᠋ᠢ ᠣᠯᠤᠯ᠎ᠠ᠃

