ᠣᠷᠳᠣᠰ ᠭᠡᠳᠡᠭ ᠶᠠᠭᠤ ᠪᠣᠢ – ᠶᠣᠨᠳᠣᠨ ᠤ ᠪᠢᠯᠢᠭ᠌ - ᠪᠠᠭᠠᠲᠤᠷ Ордос гэдэг юу бэ –Ёндоны Билиг - Баатар
ᠣᠷᠳᠣᠰ ᠭᠡᠳᠡᠭ ᠶᠠᠭᠤ ᠪᠣᠢ
ᠣᠷᠳᠣᠰ ᠭᠡᠳᠡᠭ ᠤᠷᠠᠯᠢᠭ ᠤ᠋ᠨ ᠶᠢᠷᠲᠢᠨᠴᠦ ᠶᠦᠮ
ᠣᠷᠳᠣᠰ ᠭᠡᠳᠡᠭ ᠠᠭᠠᠷ ᠲᠡᠭᠷᠢ ᠶᠦᠮ ᠪᠠᠢᠪᠠᠢ
ᠣᠷᠳᠣᠰ ᠭᠡᠳᠡᠭ ᠠᠮᠢᠳᠤᠷᠠᠬᠤ ᠰᠢᠯᠲᠠᠭᠠᠨ ᠶᠤᠮ
ᠪᠥᠮᠪᠥᠷᠴᠡᠭ ᠦ᠋ᠨ ᠳᠣᠣᠷᠠᠬᠢ ᠮᠣᠩᠭᠣᠯᠴᠤᠳ ᠲᠠ
ᠪᠥᠬᠥᠢᠵᠦ ᠣᠷᠳᠣᠰ ᠲᠤ᠌ ᠮᠥᠷᠭᠥᠬᠦ ᠠᠯᠪᠠᠲᠠᠢ᠃
ᠰᠢᠯᠲᠠᠭᠠᠨ ᠠᠨᠤ ᠳᠡᠯᠡᠬᠡᠢ ᠶ᠋ᠢᠨ ᠲᠡᠩᠭᠡᠯᠢᠭ!
ᠰᠢᠯᠭᠠᠵᠤ ᠦᠵᠡᠪᠡᠰᠦ ᠬᠣᠷᠸ᠎ᠠ ᠳ᠋ᠤ᠌ ᠣᠷᠳᠣᠰ
ᠣᠶᠤᠨ ᠢ᠋ ᠭᠠᠠᠭ᠍ᠴᠠᠬᠦ ᠲᠤᠨᠤᠭᠠᠬᠤ ᠨᠢ ᠭᠡᠭᠡᠷᠡᠯ
ᠤᠷᠪᠠᠬᠤ ᠠᠨᠤ ᠴᠢᠩᠭᠢᠰ ᠦ᠋ᠨ ᠬᠠᠲᠠᠭᠤ ᠴᠡᠭᠡᠷ
ᠣᠷᠳᠣᠰ ᠲᠤ᠌ ᠪᠢᠯᠢᠭ ᠪᠠᠭᠠᠲᠤᠷ ᠪᠢ ᠵᠣᠴᠢᠯᠠᠪᠠᠢ
ᠣᠷᠣᠭ᠎ᠠ ᠪᠤᠰᠬᠠᠭ᠎ᠠ ᠪᠥᠮᠪᠥᠷᠴᠡᠭ ᠨᠠᠮ ᠠ᠋᠃
ᠣᠶᠤᠨ ᠳᠠᠯᠠᠢ ᠶᠡᠷᠦ ᠡᠴᠡ ᠰᠢᠷᠭᠢᠬᠦ ᠦᠭᠡᠢ
ᠤᠬᠠᠭᠠᠨ ᠤ᠋ ᠣᠷᠴᠢᠯᠠᠩ ᠮᠥᠬᠥᠬᠦ ᠦᠭᠡᠢ ᠳᠧ
ᠣᠷᠳᠣᠰ ᠬᠣᠲᠠ ᠶ᠋ᠢᠨ ᠵᠡᠭᠡᠯᠢ ᠪᠡᠷ ᠶᠠᠪᠤᠨᠠᠮ
ᠣᠷᠳᠣᠰ ᠲᠤ᠌ ᠪᠥᠬᠡᠴᠢᠨ ᠪᠠᠢᠳᠠᠭ ᠭᠡᠨ᠎ᠡ
ᠣᠶᠤᠨᠳᠠᠯᠠᠢ ᠶ᠋ᠢᠨ ᠭᠡᠷᠭᠡᠢ ᠣᠨᠣᠯ ᠲᠠᠢ ᠭᠡᠨ᠎ᠡ
ᠣᠷᠴᠢᠯᠠᠩ ᠢ᠋ ᠥᠪᠡᠷ ᠢ᠋ᠶ᠋ᠡᠨ ᠡᠷᠭᠢᠳᠡᠭ ᠶᠦᠮ᠃
2024᠂ 4᠂ 4᠃ ᠦᠳᠡᠰᠢ
ᠣᠷᠳᠣᠰ ᠬᠣᠲᠠ ᠶ᠋ᠢᠨ ᠬᠢᠶ᠎ᠡ ᠪᠠᠭᠰᠢ
ᠲᠣᠭᠣᠷᠢᠭ ᠲᠤ᠌ ᠪᠡᠶᠡᠰᠦᠨ ᠪᠦᠲᠦᠭᠡᠪᠡᠢ᠃
