《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠲᠠᠪᠤᠳᠤᠭᠠᠷ ᠪᠦᠯᠦᠭ> "Хөх судар" он нөхвөр дэвтэр - Инжинаш <Тавин тавдугаар бүлэг>
ᠲᠠᠪᠢᠨ ᠲᠠᠪᠤᠳᠤᠭᠠᠷ ᠪᠦᠯᠦᠭ
ᠥᠨᠳᠥᠷ ᠢ᠋ ᠥᠷᠥᠵᠦ ᠦᠯᠡᠮᠵᠢ ᠶ᠋ᠢ ᠰᠠᠴᠠᠭᠤᠳᠬᠠᠬᠤᠶᠠ ᠦᠨᠡᠨ ᠪᠣᠭᠳᠠ ᠥᠪᠡᠷᠦᠨ ᠦᠷ᠎ᠡ ᠶᠦ᠍ᠭᠡᠨ ᠶᠠᠯᠠᠯᠠᠪᠠᠢ
ᠭᠡᠷ ᠢ᠋ ᠲᠡᠭᠰᠢᠳᠬᠡᠨ ᠤᠯᠤᠰ ᠢ᠋ ᠵᠠᠰᠠᠬᠤᠶ᠎ᠠ ᠭᠡᠷᠡᠯᠲᠦ ᠬᠤᠸᠠᠩᠬᠡᠦ ᠭᠡᠭᠡᠬᠡᠨ ᠭᠣᠣᠯᠲᠤ ᠡᠬᠡᠨᠡᠷ ᠢ᠋ ᠢᠯᠡᠳᠬᠡᠪᠡᠢ
ᠭᠡᠭᠡᠬᠡᠨ ᠭᠣᠣᠯᠲᠤ ᠡᠬᠡᠨᠡᠷ ᠬᠡᠮᠡᠭᠴᠢ ᠲᠦᠮᠡᠨ ᠦ᠌ ᠳᠣᠲᠣᠷ᠎ᠠ ᠨᠢᠭᠡᠬᠡᠨ
ᠭᠡᠮ ᠥᠪᠡᠷᠴᠢᠯᠡᠯ ᠬᠠᠷᠠᠮ ᠬᠠᠷᠭᠢᠰ ᠠᠨᠤ ᠭᠡᠷ ᠪᠦᠷᠢ ᠳ᠋ᠦ᠍ᠷ ᠳᠦᠭᠦᠷᠡᠩ᠃
ᠬᠡᠢᠪᠡᠩ ᠵᠢᠷᠦᠭᠡᠳᠡᠨᠡ ᠡᠰᠡ ᠠᠭᠤᠯᠵᠠᠭᠰᠠᠳ ᠨᠢᠭᠡᠨ ᠨᠠᠰᠤᠨ ᠳ᠋ᠠᠭᠠᠨ ᠬᠠᠷᠠᠩᠭᠤᠢ
ᠭᠡᠭᠡᠬᠡᠨ ᠬᠡᠭᠦᠳᠡᠭᠲᠡᠨ ᠢ᠋ ᠪᠡᠶ᠎ᠡ ᠬᠡᠲᠦᠷᠡᠭᠦᠯᠦᠭᠰᠡᠨ ᠪᠢᠴᠢᠭᠡᠴᠢ ᠪᠢ ᠪᠣᠢ ᠭᠡᠮᠡᠨ ᠢᠲᠡᠭᠡᠮᠵᠢᠯᠡᠮᠦᠢ᠃
ᠲᠡᠨᠳᠡᠴᠡ ᠵᠠᠭᠤᠨ ᠲᠦᠰᠢᠮᠡᠳ ᠬᠠᠷᠠᠬᠠᠨ ᠬᠤᠸᠠᠩᠬᠡᠦ ᠶ᠋ᠢᠨ ᠵᠠᠷᠯᠢᠭ ᠤ᠋ᠨ ᠬᠠᠳᠠᠨ ᠴᠢᠩᠭ᠎ᠠ ᠳ᠋ᠤᠷ ᠬᠠᠪᠴᠢᠭᠳᠠᠨ ᠨᠢᠭᠡᠨ ᠨᠢᠭᠡᠨ ᠢ᠋ᠶ᠋ᠡᠨ ᠬᠠᠷᠢᠯᠴᠠᠨ ᠰᠢᠷᠲᠡᠯᠴᠡᠬᠦᠶᠡ᠂ ᠭᠡᠨᠡᠳᠲᠡ ᠲᠠᠢᠬᠡᠦ ᠶ᠋ᠢᠨ ᠣᠷᠳᠤᠨ᠎ᠠ ᠵᠦᠩ ᠬᠡᠩᠭᠡᠷᠭᠡ ᠶ᠋ᠢᠨ ᠳᠣᠬᠢᠶ᠎ᠠ ᠲᠠᠯᠪᠢᠨ᠂ ᠣᠯᠠᠨ ᠸᠠᠩ ᠰᠠᠢᠳ ᠶᠡᠬᠡᠰ ᠨᠣᠶᠠᠳ ᠢ᠋ ᠬᠠᠷᠰᠢ ᠳ᠋ᠤᠷ ᠵᠠᠯᠠᠨ ᠭᠠᠷᠭᠠᠵᠤ᠂ ᠲᠠᠪᠤᠨ ᠲᠠᠢᠰᠢ᠂ ᠳᠥᠷᠪᠡᠨ ᠥᠲᠡᠭᠦᠰ ᠢ᠋ ᠤᠷᠤᠭᠰᠢ ᠳᠡᠪᠰᠢᠭᠦᠯᠦᠨ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠣᠯᠠᠨ ᠢ ᠵᠡᠷᠭᠡᠯᠡᠭᠦᠯᠦᠨ ᠰᠥᠭᠥᠳᠬᠡᠵᠦ ᠦᠯᠡᠭᠦᠦ ᠢᠷᠦᠭᠡᠯᠲᠦ ᠲᠡᠢ ᠴᠢᠩ ᠲᠠᠢᠬᠡᠦ᠂ ᠥᠵᠢᠨ ᠡᠮᠡᠭᠡ ᠵᠠᠷᠯᠢᠭ ᠪᠠᠭᠤᠯᠭᠠᠷᠤᠨ :
《ᠡᠷᠲᠡᠨ ᠡᠴᠡ ᠡᠳᠦᠭᠡ ᠳ᠋ᠦ᠍ᠷ ᠬᠦᠷᠲᠡᠯ᠎ᠡ ᠠᠯᠢᠪᠠ ᠪᠠᠢᠭᠤᠯᠬᠤ ᠪᠠ ᠪᠠᠷᠠᠭᠳᠠᠬᠤ ᠤᠯᠤᠰ ᠲᠥᠷᠥ ᠳ᠋ᠦ᠍ᠷ ᠴᠥᠮ ᠢ᠋ᠶ᠋ᠡᠷ ᠲᠡᠢᠨ ᠳᠠᠢᠰᠤᠨ ᠤ᠋ ᠪᠠᠢᠯᠳᠤᠬᠤ ᠪᠠ ᠳᠠᠢᠯᠠᠬᠤ ᠴᠡᠷᠢᠭ ᠦ᠋ᠨ ᠬᠡᠷᠡᠭ ᠪᠠᠢᠭᠰᠠᠭᠠᠷ ᠢᠷᠡᠵᠦᠬᠦᠢ᠃ ᠨᠢᠭᠡᠨᠲᠡ ᠬᠣᠶᠠᠷ ᠡᠲᠡᠭᠡᠳ ᠬᠠᠷᠢᠯᠴᠠᠨ ᠲᠡᠢᠨ ᠳᠡᠭᠳᠡᠭᠡᠵᠦ ᠴᠡᠷᠢᠭᠯᠡᠪᠡᠰᠦ ᠬᠠᠷᠢᠯᠴᠠᠨ ᠳᠡᠢᠯᠬᠦ ᠪᠠ ᠳᠡᠢᠯᠦᠭᠳᠡᠬᠦ ᠢᠨᠤ ᠴᠡᠷᠢᠭ ᠪᠦᠷᠢ ᠶ᠋ᠢᠨ ᠤᠷᠲᠤᠳᠠ ᠪᠠᠢᠬᠤ ᠡᠩ ᠦ᠋ᠨ ᠬᠡᠷᠡᠭ᠃ ᠡᠳᠦᠭᠡ ᠨᠠᠢ᠍ᠮᠠᠨ ᠤ᠋ ᠦᠷᠦᠮᠴᠢ ᠡᠴᠡ ᠮᠢᠨᠦ ᠠᠮᠤᠭᠤᠯᠠᠩ ᠠᠢᠯᠠᠳᠬᠠᠬᠤ ᠬᠣᠶᠠᠷ ᠲᠠᠢᠪᠤᠤ ᠪᠤᠭᠤᠷᠵᠢ᠂ ᠴᠢᠯᠠᠭᠤᠨ ᠬᠣᠶᠠᠭᠤᠯᠠ ᠠ᠋ᠴᠠ ᠰᠣᠨᠣᠰᠬᠤᠯ᠎ᠠ᠂ ᠶᠡᠬᠡ ᠠᠴᠢ ᠲᠠᠢᠽᠢ ᠵᠣᠴᠢ᠂ ᠴᠡᠷᠢᠭ ᠦ᠋ᠨ ᠡᠵᠡᠨ ᠵᠢᠨᠦᠩ ᠯᠤᠭ᠎ᠠ ᠮᠦᠷᠦᠢᠰᠡᠴᠦ ᠴᠡᠷᠢᠭ ᠦ᠋ᠨ ᠴᠠᠭᠠᠵᠠᠨ ᠤ᠋ ᠮᠠᠯᠵᠢᠶ᠎ᠠ ᠪᠢᠴᠢᠭ ᠪᠠᠢᠭᠤᠯᠵᠤ᠂ ᠮᠡᠯᠵᠢᠶᠡᠯᠡᠭᠰᠡᠨ ᠦᠭᠡᠨ ᠳ᠋ᠡᠭᠡᠨ ᠠᠷᠠᠢ ᠬᠦᠷᠦᠭᠰᠡᠨ ᠦᠭᠡᠢ ᠶ᠋ᠢᠨ ᠶᠠᠯ᠎ᠠ ᠳ᠋ᠤᠷ ᠤᠯᠤᠰ ᠤ᠋ᠨ ᠬᠣᠢᠲᠤ ᠬᠢᠵᠠᠭᠠᠷ ᠤ᠋ᠨ ᠭᠠᠳᠠᠨ᠎ᠠ ᠭᠤᠷᠪᠠᠨ ᠵᠢᠯ ᠢ᠋ᠶ᠋ᠡᠷ ᠴᠦᠯᠡᠪᠡ ᠬᠡᠮᠡᠮᠦᠢ᠃ ᠵᠡᠷᠭᠡ ᠲᠤᠰᠢᠶᠠᠯ ᠰᠠᠭᠤᠷᠢᠨ ᠬᠡᠷᠬᠡᠮ ᠴᠦ᠍ ᠲᠠᠢᠽᠢ ᠵᠣᠴᠢ ᠥᠪᠡᠷ ᠢ᠋ᠶ᠋ᠡᠨ ᠥᠴᠢᠪᠡ ᠬᠡᠮᠡᠲᠦᠭᠡᠢ᠂ ᠴᠦᠯᠡᠬᠦ ᠶᠠᠯ᠎ᠠ ᠶ᠋ᠢ ᠤᠭ ᠠ᠋ᠴᠠ ᠥᠴᠢᠭᠰᠡᠨ ᠦᠭᠡᠢ᠂ ᠴᠡᠷᠢᠭ ᠦ᠋ᠨ ᠴᠠᠭᠠᠵᠠᠨ ᠤ᠋ ᠪᠠᠢᠭᠤᠯᠤᠭᠰᠠᠨ ᠪᠢᠴᠢᠭ ᠲᠣᠷ ᠮᠥᠨ ᠦᠭᠡᠢ᠃ ᠦᠨᠡᠬᠡᠷ ᠵᠢᠨᠦᠩ ᠯᠤᠭ᠎ᠠ ᠮᠠᠯᠵᠢᠶ᠎ᠠ ᠪᠢᠴᠢᠭ ᠪᠠᠢᠭᠤᠯᠪᠠ ᠬᠡᠮᠡᠪᠡᠴᠦ ᠡᠴᠦᠰ ᠲᠦ᠍ᠷ ᠮᠥᠨ ᠬᠦ᠌ ᠤᠯᠤᠰ ᠲᠥᠷᠥ ᠶ᠋ᠢᠨ ᠡᠮᠦᠨ᠎ᠡ ᠵᠢᠳᠬᠦᠨ ᠴᠢᠷᠮᠠᠢᠬᠤᠢ ᠶ᠋ᠢᠨ ᠤᠴᠢᠷ᠃ ᠬᠡᠳᠦᠢᠪᠡᠷ ᠴᠡᠷᠢᠭ ᠦ᠋ᠨ ᠶᠠᠪᠤᠳᠠᠯ ᠮᠠᠯᠵᠢᠶ᠎ᠠ ᠦᠭᠡᠰ ᠲᠣᠷ ᠡᠰᠡ ᠨᠡᠢᠴᠡᠪᠡ ᠬᠡᠮᠡᠪᠡᠴᠦ᠂ ᠳᠠᠢᠰᠤᠨ ᠤ᠋ ᠡᠲᠡᠭᠡᠳ ᠦ᠋ᠨ ᠵᠢᠷᠭᠤᠭᠠᠨ ᠮᠢᠩᠭᠠᠨ ᠤ᠋ ᠣᠯᠠᠨ ᠢ᠋ ᠪᠦᠬᠦᠯᠢ ᠪᠡᠷ ᠬᠤᠷᠢᠶᠠᠮᠵᠢᠯᠠᠨ ᠣᠯᠵᠤ᠂ ᠭᠠᠭᠴᠠ ᠳᠠᠢᠰᠤᠨ ᠤ᠋ ᠲᠤᠰ ᠡᠵᠡᠨ ᠢ᠋ ᠢᠨᠤ ᠲᠠᠢᠽᠢ ᠶ᠋ᠢᠨ ᠭᠠᠷ ᠢ᠋ᠶ᠋ᠠᠷ ᠣᠯᠵᠤ ᠪᠠᠷᠢᠭᠰᠠᠨ ᠦᠭᠡᠢ ᠤᠭ ᠮᠡᠯᠵᠢᠶᠡᠯᠡᠭᠰᠡᠨ ᠦᠭᠡᠰ ᠲᠣᠷ ᠢ᠋ᠶ᠋ᠠᠨ ᠡᠰᠡ ᠬᠦᠷᠪᠡ ᠬᠡᠮᠡᠪᠡᠴᠦ᠂ ᠡᠴᠦᠰ ᠲᠦ᠍ᠷ ᠤᠯᠤᠰ ᠤ᠋ᠨ ᠨᠠᠭᠠᠴᠤ ᠠᠵᠢᠨᠠᠢ ᠮᠡᠷᠭᠡᠨ᠂ ᠳᠠᠢᠰᠤᠨ ᠤ᠋ ᠡᠵᠡᠨ ᠢ᠋ ᠮᠥᠨ ᠲᠠᠢᠯᠤᠨ ᠮᠥᠬᠥᠭᠡᠵᠦ ᠰᠥᠨᠥᠭᠡᠪᠡ᠂ ᠡᠨᠡ ᠴᠡᠷᠢᠭ ᠢ᠋ ᠳᠡᠢᠯᠦᠭᠰᠡᠨ ᠶᠣᠰᠣᠭᠠᠷ ᠰᠢᠢᠳᠬᠡᠪᠡᠰᠦ ᠵᠣᠬᠢᠬᠤ ᠠᠲᠠᠯ᠎ᠠ᠂ ᠭᠠᠭᠴᠠ ᠬᠦ᠌᠂ ᠴᠡᠷᠢᠭ ᠦ᠋ᠨ ᠵᠢᠨᠦᠩ ᠯᠤᠭ᠎ᠠ ᠮᠥᠷᠦᠢᠰᠡᠭᠰᠡᠨ ᠶᠠᠯ᠎ᠠ ᠳ᠋ᠤᠷ ᠡᠢᠨ ᠬᠦ᠌ ᠬᠦᠨᠳᠦ ᠪᠡᠷ ᠠᠪᠠᠴᠢᠵᠤᠬᠤᠢ᠃ ᠬᠥᠭᠰᠢᠨ ᠥᠵᠢᠨ ᠪᠢ ᠴᠦ᠍ ᠮᠥᠨ ᠳᠡᠭᠡᠳᠦ ᠡᠵᠡᠨ ᠯᠢᠶᠧ ᠽᠦ᠍ ᠬᠠᠯᠢᠵᠤ᠂ ᠲᠠᠨ ᠤ᠋ ᠡᠨᠡ ᠴᠢᠩᠭᠢᠰ ᠡᠵᠡᠨ ᠴᠢᠨᠦ ᠪᠠᠭ᠎ᠠ ᠪᠥᠬᠥᠶ᠎ᠡ᠂ ᠮᠢᠨᠦ ᠪᠡᠶ᠎ᠡ ᠪᠡᠷ ᠮᠥᠨ ᠠᠷᠪᠠᠨ ᠭᠤᠷᠪᠠᠨ ᠪᠦᠯᠦᠭ ᠦ᠋ᠨ ᠨᠢᠭᠡᠨ ᠲᠦᠮᠡᠨ ᠭᠤᠷᠪᠠᠨ ᠮᠢᠩᠭᠠᠨ ᠴᠡᠷᠢᠭ ᠢ᠋ ᠠᠪᠴᠤ᠂ ᠠᠷᠪᠠᠭᠠᠳ ᠣᠨ ᠪᠸᠲ᠋ᠠ᠋ ᠤᠯᠤᠰ ᠤ᠋ᠨ ᠲᠤᠯᠭᠤᠷ ᠲᠥᠷᠥ ᠪᠡᠨ ᠬᠠᠮᠠᠭᠠᠯᠠᠨ ᠰᠠᠬᠢᠵᠤ ᠶᠠᠪᠤᠬᠤᠶ᠎ᠠ᠂ ᠠᠯᠠᠬᠤ ᠬᠣᠷᠣᠭᠠᠬᠤ ᠵᠠᠰᠠᠭ ᠴᠠᠭᠠᠵᠠ ᠶ᠋ᠢ ᠪᠠᠰᠠᠴᠤ ᠵᠠᠷᠯᠠᠨ ᠶᠠᠪᠤᠭᠰᠠᠨ ᠪᠣᠯᠪᠠᠴᠤ ᠪᠠᠷ ᠠᠷᠠᠢ ᠡᠨᠡ ᠮᠡᠲᠦ ᠡᠰᠡ ᠬᠦᠨᠳᠦ ᠪᠣᠯᠭᠠᠪᠠ᠃ ᠴᠡᠷᠢᠭ ᠪᠠ ᠵᠠᠰᠠᠭ ᠤ᠋ᠨ ᠦᠢᠯᠡ ᠳ᠋ᠦ᠍ᠷ ᠴᠢᠬᠤᠯᠠ ᠪᠠ ᠶᠡᠷᠦᠩᠬᠡᠢ ᠶ᠋ᠢᠨ ᠢᠯᠭᠠᠯ ᠪᠣᠢ᠃ ᠴᠠᠭᠠᠵᠠ ᠪᠠ ᠶᠠᠯᠠᠯᠠᠯ ᠤ᠋ᠨ ᠰᠢᠳᠬᠡᠯ ᠳ᠋ᠦ᠍ᠷ ᠬᠥᠩᠭᠡᠯᠡᠬᠦ ᠬᠦᠨᠳᠦᠳᠬᠡᠬᠦ ᠤᠴᠢᠷ ᠪᠣᠢ᠃ ᠬᠡᠳᠦᠢᠪᠡᠷ ᠮᠡᠯᠵᠢᠶ᠎ᠡ ᠦᠭᠡᠰ ᠲᠣᠷ ᠡᠰᠡ ᠬᠤᠰᠤᠪᠠᠴᠤ ᠪᠠᠷ ᠮᠡᠷᠭᠦ ᠳᠠᠢᠰᠤᠨ ᠢ᠋ ᠪᠠᠷᠠᠲᠠᠯ᠎ᠠ ᠬᠢᠳᠤᠨ ᠠᠷᠢᠯᠭᠠᠪᠠ᠃ ᠡᠨᠡ ᠭᠠᠪᠢᠶ᠎ᠠ ᠳ᠋ᠤᠷ ᠬᠦᠨᠳᠦ ᠶᠠᠯ᠎ᠠ ᠶ᠋ᠢ ᠪᠣᠯᠪᠠᠴᠤ ᠬᠥᠩᠭᠡᠳᠬᠡᠪᠡᠰᠦ ᠵᠣᠬᠢᠬᠤ ᠠᠲᠠᠯ᠎ᠠ᠂ ᠬᠥᠭᠵᠢᠨ ᠥᠭᠦᠯᠡᠭᠰᠡᠨ ᠮᠠᠯᠵᠢᠶ᠎ᠠ ᠦᠭᠡᠰ ᠦ᠋ᠨ ᠬᠥᠩᠭᠡᠬᠡᠨ ᠶᠠᠯ᠎ᠠ ᠳ᠋ᠤᠷ ᠡᠢᠨ ᠬᠦ᠌ ᠬᠦᠨᠳᠦᠷᠡᠭᠦᠯᠦᠨ ᠠᠪᠠᠴᠢᠬᠤ ᠠᠨᠤ ᠳᠡᠮᠡᠢ ᠵᠣᠬᠢᠰ ᠦᠭᠡᠢ᠃ ᠤᠯᠤᠰ ᠲᠥᠷᠥ ᠶ᠋ᠢᠨ ᠬᠠᠤᠯᠢ ᠴᠠᠭᠠᠵᠠ ᠶ᠋ᠢ ᠴᠢᠩᠭᠠᠳᠬᠠᠨ ᠬᠥᠭᠵᠢᠭᠦᠯᠬᠦᠢ ᠳ᠋ᠦ᠍ᠷ ᠬᠡᠳᠦᠢᠪᠡᠷ ᠥᠪᠡᠷᠦᠨ ᠲᠥᠷᠥᠭᠰᠡᠨ ᠦᠷ᠎ᠡ ᠬᠥᠪᠡᠭᠦᠳ ᠡᠴᠡ ᠡᠬᠢᠯᠡᠵᠦ᠂ ᠦᠯᠡᠮᠵᠢ ᠳ᠋ᠠᠬᠢᠨ ᠢ᠋ ᠰᠦᠷᠲᠡᠭᠡᠨ ᠵᠠᠰᠠᠭᠯᠠᠬᠤ ᠠᠨᠤ ᠵᠦᠢ ᠪᠣᠯᠪᠠᠴᠤ ᠪᠠᠷ ᠭᠡᠮᠡᠨ ᠠᠷᠠᠢᠬᠠᠨ ᠬᠡᠲᠦᠷᠬᠡᠢ ᠬᠦᠨᠳᠦ ᠪᠡᠷ ᠰᠢᠳᠬᠡᠨ ᠠᠪᠠᠴᠢᠬᠤ ᠠᠨᠤ ᠡᠭᠡᠨᠡᠭᠲᠡ ᠲᠦᠷᠢᠮᠡᠬᠡᠢ ᠶᠣᠰᠣ ᠪᠣᠯᠵᠤᠬᠤᠢ᠃ ᠦᠵᠢᠨ ᠮᠢᠨᠦ ᠨᠠᠰᠤ ᠥᠨᠳᠥᠷ ᠪᠣᠯᠬᠤ ᠰᠢᠬᠠᠪᠠ᠃ ᠠᠴᠢ ᠬᠥᠪᠡᠭᠦᠳ ᠢ᠋ ᠬᠣᠯᠠᠳᠠ ᠴᠦᠯᠡᠵᠦ ᠢᠯᠡᠭᠡᠬᠦᠢ ᠳ᠋ᠦ᠍ᠷ ᠮᠢᠨᠦ ᠳᠣᠲᠣᠷ᠎ᠠ ᠲᠦᠪᠳᠡᠬᠦ ᠦᠭᠡᠢ ᠲᠠᠲᠠᠭᠳᠠᠮᠤᠢ᠃ ᠦᠨᠡᠬᠡᠷ ᠤᠯᠤᠰ ᠤ᠋ᠨ ᠵᠠᠰᠠᠭ ᠬᠠᠤᠯᠢ ᠶ᠋ᠢ ᠵᠠᠷᠯᠠᠬᠤᠢ ᠶ᠋ᠢᠨ ᠤᠴᠢᠷ ᠡᠷᠬᠡᠪᠰᠢ ᠪᠠᠬᠠᠨ ᠦᠵᠡᠭᠦᠯᠰᠦᠭᠡᠢ ᠬᠡᠮᠡᠪᠡᠰᠦ᠂ ᠲᠡᠷᠢᠭᠦᠨ ᠳ᠋ᠦ᠍ᠷ ᠲᠠᠢᠽᠢ ᠶ᠋ᠢᠨ ᠬᠠᠲᠤᠳ ᠹᠧᠢ ᠪᠠ ᠬᠡᠦᠬᠡᠨ ᠨᠤᠭᠤᠨ ᠯᠤᠭ᠎ᠠ ᠲᠠᠢᠽᠢ ᠶ᠋ᠢᠨ ᠬᠤᠪᠢᠶᠠᠷᠢ ᠠ᠋ᠴᠠ ᠬᠠᠭᠠᠴᠠᠭᠤᠯᠵᠤ ᠪᠣᠯᠬᠤ ᠦᠭᠡᠢ᠃ ᠬᠣᠶᠠᠷ ᠲᠤᠷ ᠬᠣᠶᠠᠷ ᠭᠤᠷᠪᠠᠨ ᠵᠢᠯ ᠢ᠋ᠶ᠋ᠡᠷ ᠴᠦᠯᠡᠭᠰᠡᠨ ᠭᠠᠵᠠᠷ᠎ᠠ ᠰᠠᠭᠤᠯᠭᠠᠵᠤ ᠪᠣᠯᠬᠤ ᠦᠭᠡᠢ᠃ ᠭᠤᠷᠪᠠᠨ ᠳ᠋ᠤᠷ ᠦᠵᠢᠨ ᠮᠢᠨᠦ ᠲᠡᠭᠡᠵᠢᠨ ᠦ᠌ ᠹᠦᠩᠯᠦ ᠡᠴᠡ ᠲᠠᠢᠽᠢ ᠳ᠋ᠤᠷ ᠬᠠᠭᠠᠰ ᠣᠨ ᠤ᠋ ᠮᠥᠩᠭᠥ ᠲᠣᠷᠭ᠎ᠠ ᠲᠤᠲᠤᠷᠭ᠎ᠠ ᠭᠤᠷᠪᠠᠨ ᠵᠦᠢᠯ ᠦ᠋ᠨ ᠮᠠᠯ ᠤ᠋ᠨ ᠬᠡᠷᠡᠭᠯᠡᠯ ᠢ᠋ ᠬᠤᠪᠢᠶᠠᠨ ᠣᠯᠭᠣᠵᠤ ᠰᠠᠶᠢ ᠴᠥᠯᠡᠭᠲᠦᠨ᠃ ᠬᠥᠭᠰᠢᠨ ᠦᠵᠢᠨ ᠮᠢᠨᠦ ᠡᠨᠡ ᠲᠠᠰᠤᠷᠬᠠᠢ ᠵᠠᠷᠯᠢᠭ ᠢ ᠤᠯᠤᠰ ᠤ᠋ᠨ ᠨᠠᠭᠠᠴᠤ ᠳ᠋ᠠᠢ ᠰᠡᠴᠡᠨ ᠵᠡᠷᠭᠡ ᠭᠤᠷᠪᠠᠨ ᠶᠡᠬᠡᠰ ᠰᠠᠢᠳ ᠲᠠᠨ ᠢ᠋ ᠵᠡᠷᠭᠡᠯᠡᠭᠦᠯᠦᠨ ᠲᠤᠰᠢᠶᠠᠪᠠ᠃ ᠲᠠᠨ ᠤ᠋ ᠭᠤᠷᠪᠠᠨ ᠰᠠᠢᠳ ᠮᠢᠨᠦ ᠵᠠᠷᠯᠢᠭ ᠤ᠋ᠨ ᠦᠭᠡᠰ ᠢ ᠦᠰᠦᠭ ᠪᠠᠳᠠᠭ ᠳᠤᠲᠠᠭᠤᠯᠤᠯ ᠦᠭᠡᠢ ᠲᠣᠷᠭᠠᠨ᠎ᠠ ᠰᠡᠢᠷᠡᠭᠦᠯᠦᠨ ᠪᠢᠴᠢᠵᠦ᠂ ᠰᠠᠯᠬᠢᠨ ᠪᠣᠷᠤᠭᠠᠨᠠ ᠰᠠᠭᠠᠲᠠᠰᠢ ᠦᠭᠡᠢ ᠴᠠᠭ ᠮᠥᠴᠡ ᠴᠠᠯᠠᠭᠠᠢᠷᠠᠰᠢ ᠦᠭᠡᠢ ᠨᠢᠰᠬᠦ ᠳᠣᠪᠲᠣᠯᠭ᠎ᠠ ᠪᠠᠷ ᠨᠠᠢ᠍ᠮᠠᠨ ᠠᠢᠮᠠᠭ ᠤ᠋ᠳ ᠢ᠋ ᠠᠪᠴᠤ ᠬᠦᠷᠭᠡᠭᠲᠦᠨ᠂ ᠪᠠᠬᠠᠨ ᠲᠡᠳᠦᠢ ᠣᠰᠣᠯᠳᠠᠵᠤ ᠥᠴᠦᠬᠡᠨ ᠲᠡᠳᠦᠢ ᠦᠲᠡᠭᠡᠷᠴᠦ ᠬᠥᠭᠰᠢᠨ ᠦᠵᠢᠨ ᠮᠢᠨᠦ ᠵᠠᠯᠠᠭᠤ ᠶ᠋ᠢᠨ ᠬᠢᠯᠢᠩ ᠢ᠋ ᠬᠥᠳᠡᠯᠭᠡᠬᠦᠢ ᠳ᠋ᠦ᠍ᠷ ᠪᠢᠲᠡᠭᠡᠢ ᠬᠦᠷᠦᠭᠦᠯᠦᠭᠲᠦᠨ 》ᠬᠡᠮᠡᠪᠡ᠃ ᠭᠤᠷᠪᠠᠨ ᠰᠠᠢᠳ ᠵᠡᠷᠭᠡ ᠪᠡᠷ ᠮᠥᠷᠭᠥᠵᠦ ᠬᠠᠷᠰᠢ ᠠ᠋ᠴᠠ ᠤᠬᠤᠷᠢᠨ ᠪᠠᠭᠤᠵᠤ ᠢᠷᠡᠭᠡᠳ᠂ ᠭᠤᠷᠪᠠᠨ ᠡᠳᠦᠷ ᠬᠦᠯᠢᠶᠡᠨ᠂ ᠵᠠᠷᠯᠢᠭ ᠪᠢᠴᠢᠭ ᠪᠠᠭᠤᠵᠤ ᠢᠷᠡᠬᠦᠢ ᠶ᠋ᠢᠨ ᠵᠠᠪᠰᠠᠷ᠎ᠠ ᠭᠤᠸᠠᠩ ᠰᠢᠶᠠᠨ ᠬᠤᠸᠠᠩᠬᠡᠦ᠂ ᠭᠡᠷᠡᠯᠲᠦ ᠶᠡᠬᠡᠮᠰᠦᠭ ᠤᠯᠤᠰ ᠤ᠋ᠨ ᠡᠬᠡ ᠶ᠋ᠢᠨ ᠣᠷᠲᠣᠨ᠎ᠠ ᠢᠷᠡᠵᠦ᠂ ᠳᠡᠭᠡᠳᠦ ᠲᠡᠢ ᠴᠢᠩ ᠲᠠᠢᠬᠡᠦ ᠶ᠋ᠢᠨ ᠵᠠᠷᠯᠢᠭ ᠢ᠋ ᠤᠯᠠᠮᠵᠢᠯᠠᠨ ᠰᠣᠨᠣᠰᠬᠠᠨ ᠠᠢᠯᠠᠳᠬᠠᠭᠰᠠᠨ ᠳ᠋ᠤᠷ ᠬᠤᠸᠠᠩᠬᠡᠦ ᠶ᠋ᠢᠨ ᠬᠠᠷᠢᠭᠤ ᠵᠠᠷᠯᠢᠭ᠄
《ᠴᠣᠬᠣᠮ ᠳ᠋ᠤᠷ ᠬᠠᠲᠤᠨ ᠪᠢ ᠬᠠᠭᠠᠨ ᠡᠵᠡᠨ᠎ᠡ ᠪᠢᠴᠢᠭ ᠠᠢᠯᠠᠳᠬᠠᠨ᠂ ᠴᠦᠯᠢᠰ ᠬᠥᠪᠡᠭᠦᠨ ᠲᠠᠢᠽᠢ ᠵᠣᠴᠢ ᠶ᠋ᠢ ᠬᠤᠪᠢ ᠨᠡᠮᠡᠵᠦ᠂ ᠳᠠᠪᠬᠤᠷᠯᠠᠨ ᠶᠠᠯᠠᠯᠠᠵᠤ ᠤᠯᠤᠰ ᠤ᠋ᠨ ᠵᠠᠰᠠᠭ ᠢ᠋ ᠴᠢᠬᠡ ᠪᠣᠯᠭᠠᠬᠤᠢ ᠶ᠋ᠢ ᠭᠤᠶᠤᠬᠤ ᠨᠤᠭᠤᠯᠪᠤᠷᠢ ᠪᠢᠴᠢᠭᠰᠡᠨ ᠪᠥᠯᠥᠭᠡ᠃ ᠰᠠᠨᠠᠮᠰᠠᠷ ᠦᠭᠡᠢ ᠬᠠᠳᠠᠮ ᠡᠬᠡ ᠲᠠᠢᠬᠡᠦ ᠥᠵᠢᠨ ᠦ᠌ ᠬᠠᠭᠠᠨ ᠡᠵᠡᠨ᠎ᠡ ᠪᠠᠭᠤᠯᠭᠠᠭᠰᠠᠨ ᠵᠠᠷᠯᠢᠭ ᠪᠣᠢ ᠲᠤᠯᠠ ᠬᠠᠨ ᠡᠬᠡ ᠳ᠋ᠦ᠍ᠷ ᠪᠡᠷᠢ ᠪᠣᠯᠤᠭᠰᠠᠨ ᠬᠠᠲᠤᠨ ᠪᠢ ᠠᠶᠤᠮᠰᠢᠭ ᠦᠭᠡᠢ ᠲᠠᠢᠬᠡᠦ ᠥᠵᠢᠨ ᠯᠦ᠍ᠭᠡ ᠮᠦᠷᠦᠢᠰᠡᠴᠦ ᠪᠤᠰᠤ ᠵᠦᠢᠯ ᠦ᠋ᠨ ᠨᠤᠭᠤᠯᠪᠤᠷᠢ ᠠᠢᠯᠠᠳᠬᠠᠵᠤ ᠪᠣᠯᠬᠤ ᠦᠭᠡᠢ ᠪᠣᠯᠵᠤᠬᠤᠢ᠃ ᠬᠡᠳᠦᠢ ᠲᠡᠢᠮᠦ ᠪᠣᠯᠪᠠᠴᠤ ᠬᠠᠭᠠᠨ ᠡᠵᠡᠨ ᠦ᠌ ᠬᠠᠮᠤᠭ ᠢ᠋ ᠴᠢᠩᠭᠠᠳᠬᠠᠨ ᠵᠠᠰᠠᠭᠯᠠᠬᠤᠶᠠ᠂ ᠬᠠᠯᠠᠭᠤᠨ ᠠᠮᠠᠷᠠᠭ ᠲᠥᠷᠥᠭᠰᠡᠨ ᠦᠷ᠎ᠡ ᠬᠥᠪᠡᠭᠦᠨ ᠡᠴᠡᠭᠡᠨ ᠡᠬᠢᠯᠡᠬᠦ ᠡᠨᠡ ᠵᠠᠰᠠᠭ ᠴᠠᠭᠠᠵᠠ ᠶ᠋ᠢᠨ ᠭᠡᠭᠡᠬᠡᠨ ᠬᠤᠷᠴᠠ ᠳ᠋ᠤᠷ ᠬᠠᠲᠤᠨ ᠪᠥᠷᠲᠡᠭᠡᠯᠵᠢᠨ ᠬᠠᠵᠠᠭᠤ ᠠ᠋ᠴᠠ ᠲᠡᠰᠬᠡᠯ ᠦᠭᠡᠢ ᠪᠡᠶᠡᠰᠦᠨ ᠪᠢᠰᠢᠷᠡᠵᠦ᠂ ᠴᠢᠩ ᠦᠨᠡᠨ ᠢ᠋ᠶ᠋ᠡᠷ ᠰᠦᠰᠦᠭᠯᠡᠨ ᠮᠥᠷᠭᠥᠬᠦ ᠶ᠋ᠢ ᠡᠷᠬᠢᠯᠡᠭᠰᠡᠨ ᠭᠤᠷᠪᠠᠨ ᠰᠠᠢᠳ ᠲᠣᠳᠣᠷᠬᠠᠢᠯᠠᠨ ᠦᠵᠡᠭᠦᠯ 》ᠭᠡᠮᠡᠨ ᠣᠷᠳᠣᠨ ᠥᠷᠭᠥᠭᠡ ᠶ᠋ᠢᠨ ᠡᠮᠦᠨ᠎ᠡ ᠬᠦᠵᠢᠰ ᠦ᠋ᠨ ᠰᠢᠷᠡᠭᠡ ᠪᠡᠯᠡᠳᠬᠡᠨ ᠣᠷᠳᠣᠨ ᠥᠷᠭᠥᠭᠡ ᠶ᠋ᠢᠨ ᠳᠣᠲᠣᠷ᠎ᠠ ᠰᠢᠷ᠎ᠠ ᠯᠤᠤ ᠶ᠋ᠢᠨ ᠣᠯᠪᠣᠭ ᠳᠡᠪᠢᠰᠦᠨ᠂ ᠬᠠᠭᠠᠨ ᠡᠵᠡᠨ ᠢ᠋ ᠵᠥᠭᠴᠢᠯᠡᠨ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠪᠠᠶᠠᠷ ᠲᠤᠷ ᠮᠥᠷᠭᠥᠵᠦ ᠪᠣᠰᠤᠭᠠᠳ ᠵᠢᠴᠢ ᠪᠠᠰᠠ ᠵᠣᠭᠰᠣᠭ᠎ᠠ ᠪᠠᠷ ᠰᠥᠭᠥᠳᠴᠦ ᠪᠦᠬᠦᠢ ᠭᠤᠷᠪᠠᠨ ᠰᠠᠢᠳ ᠲᠤᠷ ᠵᠠᠷᠯᠢᠭ ᠪᠣᠯᠤᠷᠤᠨ᠄
《ᠳᠡᠭᠡᠳᠦ ᠶ᠋ᠢᠨ ᠵᠠᠷᠯᠢᠭ ᠪᠠᠰᠠ ᠨᠢᠭᠡᠨ ᠵᠦᠢᠯ ᠪᠠᠢᠬᠤ ᠠᠨᠤ᠂ ᠬᠠᠭᠤᠴᠢᠨ ᠨᠠᠢ᠍ᠮᠠᠨ ᠢ᠋ ᠲᠦᠪᠰᠢᠳᠬᠡᠬᠦᠶ᠎ᠡ ᠰᠢᠨ᠎ᠡ ᠨᠠᠢ᠍ᠮᠠᠨ ᠤ᠋ ᠶᠡᠬᠡ ᠴᠡᠷᠢᠭ ᠦ᠋ᠨ ᠳᠣᠲᠣᠷ᠎ᠠ ᠲᠡᠳᠡᠨ ᠦ᠌ ᠭᠡᠷ ᠦ᠋ᠨ ᠣᠢᠷ᠎ᠠ ᠤᠷᠤᠭ ᠪᠣᠯᠬᠤ ᠡᠬᠡᠨᠡᠷ ᠵᠠᠩᠵᠤᠨ ᠤ᠋ ᠴᠡᠷᠢᠭ ᠲᠦ᠍ᠷ ᠵᠢᠳᠬᠦᠭᠰᠡᠨ ᠭᠠᠪᠢᠶ᠎ᠠ ᠵᠢᠳᠬᠦᠯᠭᠡ ᠳ᠋ᠦ᠍ᠷ ᠢᠨᠦ ᠬᠥᠬᠢᠭᠦᠯᠦᠨ ᠱᠠᠩᠨᠠᠬᠤᠢ ᠳ᠋ᠤᠷ ᠪᠠᠰᠠ ᠭᠡᠷᠦᠨ ᠳᠣᠲᠣᠷᠠᠬᠢ ᠤᠷᠤᠭ ᠪᠤᠯᠬᠤᠢ ᠶ᠋ᠢ ᠵᠠᠷᠯᠢᠭ ᠢ᠋ᠶ᠋ᠠᠷ ᠵᠢᠭᠠᠨ ᠱᠠᠩᠨᠠᠬᠤᠢ ᠶ᠋ᠢᠨ ᠤᠴᠢᠷ ᠲᠠᠢ ᠲᠤᠰᠢᠶᠠᠨ ᠢᠷᠡᠭᠰᠡᠨ ᠵᠠᠷᠯᠢᠭ ᠪᠣᠢ ᠶ᠋ᠢᠨ ᠲᠤᠯᠠ ᠵᠠᠷᠯᠢᠭ ᠢ ᠬᠢᠴᠢᠶᠡᠨ ᠳᠠᠭᠠᠵᠤ᠂ ᠡᠯ᠎ᠡ ᠵᠦᠢᠯ ᠢ᠋ ᠦᠨᠡᠨ ᠮᠠᠭᠠᠳ ᠲᠤᠷ ᠭᠥᠷᠥᠭᠦᠯᠦᠨ ᠱᠠᠩᠨᠠᠨ ᠵᠢᠭᠠᠵᠤ ᠲᠣᠭᠲᠠᠭᠠᠭᠠᠳ᠂ ᠲᠣᠭᠲᠠᠭᠰᠠᠨ ᠤᠴᠢᠷ ᠢ᠋ ᠢᠯᠡᠷᠬᠡᠢᠯᠡᠨ ᠠᠢᠯᠠᠳᠬᠠᠵᠤ ᠵᠠᠷᠯᠢᠭ ᠢ᠋ ᠡᠭᠡᠭᠦᠯᠬᠦ ᠡᠨᠡ ᠨᠤᠭᠤᠯᠪᠤᠷᠢ ᠶ᠋ᠢ ᠮᠥᠨ ᠬᠦ᠌ ᠲᠠᠨ ᠤ᠋ ᠡᠷᠬᠢᠯᠡᠭᠰᠡᠨ ᠴᠢᠩ ᠦ᠋ᠳ ᠲᠣᠷ ᠲᠤᠰᠢᠶᠠᠨ ᠠᠢᠯᠠᠳᠬᠠᠭᠤᠯᠪᠠ 》ᠭᠡᠮᠡᠨ ᠪᠠᠰᠠ ᠨᠢᠭᠡᠨ ᠨᠤᠭᠤᠯᠪᠤᠷᠢ ᠳ᠋ᠤᠷ ᠮᠥᠷᠭᠥᠵᠦ ᠲᠤᠰᠢᠶᠠᠨ ᠡᠭᠦᠷᠦᠭᠦᠯᠪᠡ᠃
ᠲᠡᠨᠳᠡᠴᠡ ᠡᠵᠡᠨ ᠳ᠋ᠦ᠍ᠷ ᠠᠢᠯᠠᠳᠬᠠᠬᠤ ᠨᠤᠭᠤᠯᠪᠤᠷᠢ ᠡᠭᠦᠷᠦᠭᠰᠡᠨ ᠡᠷᠬᠢᠯᠡᠭᠰᠡᠨ ᠰᠠᠢᠳ ᠳ᠋ᠠᠢ ᠰᠡᠴᠡᠨ ᠮᠥᠷᠭᠥᠵᠦ ᠪᠣᠯᠬᠤ ᠦᠭᠡᠢ ᠲᠤᠯᠠ ᠨᠥᠭᠦᠭᠡ ᠬᠣᠶᠠᠷ ᠰᠠᠢᠳ ᠶᠠᠭᠠᠷᠠᠨ ᠬᠤᠸᠠᠩᠬᠡᠦ ᠳ᠋ᠦ᠍ᠷ ᠮᠥᠷᠭᠥᠨ ᠠᠶᠠᠷᠯᠠᠵᠤ ᠂ ᠬᠠᠷᠰᠢ ᠥᠷᠭᠥᠭᠡ ᠶ᠋ᠢᠨ ᠮᠠᠨᠳᠠᠯ ᠠ᠋ᠴᠠ ᠪᠠᠭᠤᠵᠤ ᠢᠷᠡᠭᠡᠳ᠂ ᠲᠠᠢᠬᠡᠦ ᠶ᠋ᠢᠨ ᠬᠠᠲᠠᠭᠤ ᠵᠠᠷᠯᠢᠭ ᠪᠣᠢ ᠶ᠋ᠢᠨ ᠲᠤᠯᠠᠳᠠ ᠠᠶᠤᠮᠰᠢᠭ ᠦᠭᠡᠢ ᠤᠳᠠᠬᠤ ᠦᠭᠡᠢ᠂ ᠵᠠᠷᠯᠢᠭ ᠪᠢᠴᠢᠭ ᠪᠠᠭᠤᠵᠤ ᠢᠷᠡᠮᠡᠭᠴᠡ ᠮᠥᠨ ᠴᠠᠭ ᠮᠥᠴᠡ ᠳ᠋ᠦ᠍ᠷ ᠳᠠᠷᠤᠢ ᠰᠢᠳᠠᠷ ᠠᠷᠠᠳ ᠭᠤᠴᠢᠨ ᠢᠯᠡᠭᠦᠦ ᠮᠣᠷᠢᠲᠠᠨ ᠢ᠋ ᠠᠪᠴᠤ᠂ ᠮᠣᠷᠳᠠᠨ ᠬᠥᠳᠡᠯᠵᠦ ᠰᠢᠨ᠎ᠡ ᠨᠠᠢ᠍ᠮᠠᠨ ᠤ᠋ ᠬᠠᠭᠠᠨ ᠤ᠋ ᠬᠡᠰᠢᠭ ᠥᠷᠯᠥᠭᠡ ᠶ᠋ᠢᠨ ᠪᠠᠶᠠᠷ ᠪᠠᠶᠠᠰᠬᠤᠯᠠᠩ ᠳ᠋ᠤᠷ ᠬᠦᠷᠲᠡᠭᠰᠡᠨ ᠡᠷ᠎ᠡ ᠡᠮ᠎ᠡ ᠭᠡᠷᠭᠡᠢ ᠪᠠ ᠵᠠᠩᠵᠤᠨ ᠴᠡᠷᠢᠭ ᠦ᠋ᠳ ᠯᠦ᠍ᠬᠡ ᠨᠡᠢᠯᠡᠵᠦ ᠵᠠᠷᠯᠢᠭ ᠢ᠋ ᠡᠭᠡᠭᠦᠯᠦᠷᠡ ᠬᠥᠳᠡᠯᠵᠦ ᠮᠣᠷᠳᠠᠪᠠ᠃ ᠡᠨᠡ ᠬᠦ᠌ ᠰᠢᠨ᠎ᠡ ᠨᠠᠢ᠍ᠮᠠᠨ ᠤ᠋ ᠡᠬᠡᠨᠡᠷ ᠵᠠᠩᠵᠤᠨ ᠨᠠᠷ ᠤ᠋ᠨ ᠭᠠᠪᠢᠶ᠎ᠠ ᠵᠢᠳᠬᠦᠯᠭᠡ ᠳ᠋ᠦ᠍ᠷ ᠱᠠᠩᠨᠠᠨ ᠡᠷᠭᠦᠮᠵᠢᠯᠡᠵᠦ᠂ ᠪᠠᠰᠠ ᠭᠤᠶᠤᠨ ᠠᠢᠯᠠᠳᠬᠠᠭᠰᠠᠨ ᠤᠷᠤᠭ ᠤ᠋ᠨ ᠶᠠᠪᠤᠳᠠᠯ ᠢ᠋ ᠶᠠᠭᠠᠬᠢᠨ ᠶᠠᠭᠠᠬᠢᠨ ᠱᠠᠩᠨᠠᠨ ᠵᠢᠭᠠᠵᠤ᠂ ᠬᠣᠣᠰᠯᠠᠬᠤ ᠬᠣᠯᠪᠣᠬᠤ ᠶ᠋ᠢ ᠬᠡᠷᠬᠢᠨ ᠬᠡᠷᠬᠢᠨ ᠶᠠᠪᠤᠭᠤᠯᠤᠭᠰᠠᠨ ᠢ᠋ ᠦᠭᠡ ᠶ᠋ᠢ ᠪᠠᠰᠠ ᠳᠠᠬᠢᠨ ᠡᠭᠡᠭᠦᠯᠵᠦ᠂ ᠡᠨᠡ ᠤᠴᠢᠷ ᠤ᠋ᠨ ᠡᠬᠢᠨ ᠡᠴᠡ ᠡᠬᠢᠯᠡᠵᠦ᠂ ᠶᠡᠬᠡ ᠲᠥᠯᠥᠪ ᠢ ᠲᠣᠪᠴᠢᠶᠠᠯᠠᠨ ᠢᠯᠡᠷᠬᠡᠢᠯᠡᠨ ᠥᠭᠦᠯᠡᠬᠦ ᠢᠨᠦ :
ᠤᠭ ᠠ᠋ᠴᠠ ᠶᠡᠬᠡ ᠵᠠᠩᠵᠤᠨ ᠲᠠᠢᠪᠤᠤ ᠪᠤᠭᠤᠷᠵᠢ᠂ ᠴᠡᠷᠢᠭ ᠦ᠋ᠨ ᠬᠠᠭᠠᠰ ᠢ᠋ ᠠᠪᠴᠤ᠂ ᠪᠠᠰᠠ ᠰᠢᠨ᠎ᠡ ᠨᠠᠢ᠍ᠮᠠᠨ ᠤ᠋ ᠠᠯᠲᠠᠨᠱᠠᠭ᠎ᠠ ᠶ᠋ᠢᠨ ᠭᠡᠷ ᠦ᠋ᠨ ᠬᠣᠲᠠᠯᠠᠭᠠᠷ ᠤ᠋ᠨ ᠶᠡᠬᠡ ᠴᠡᠷᠢᠭ ᠯᠦ᠍ᠭᠡ ᠤᠯᠤᠰ ᠲᠤᠷ ᠡᠭᠡᠬᠦᠶ᠎ᠡ᠂ ᠨᠠᠢ᠍ᠮᠠᠨ ᠤ᠋ ᠶᠡᠬᠡ ᠴᠡᠷᠢᠭ ᠢ᠋ ᠨᠠᠢ᠍ᠮᠠᠨ ᠳ᠋ᠤᠷ ᠠᠨᠤ ᠦᠯᠡᠳᠡᠭᠡᠵᠦ᠂ ᠭᠠᠭᠴᠠ ᠠᠯᠲᠠᠨᠱᠠᠭ᠎ᠠ ᠭᠡᠷ ᠦ᠋ᠨ ᠠᠮᠠᠨ ᠬᠡᠳᠦᠨ ᠵᠠᠭᠤᠨ ᠬᠥᠮᠦᠨ ᠮᠣᠷᠢ ᠲᠠᠢ ᠪᠠᠨ ᠵᠢᠪᠬᠤᠯᠠᠩ ᠪᠠᠯᠭᠠᠰᠤᠨ᠎ᠠ ᠬᠦᠷᠴᠦ᠂ ᠲᠠᠢᠬᠡᠦ ᠶ᠋ᠢᠨ ᠠᠮᠤᠭᠤᠯᠠᠩ ᠢ᠋ ᠠᠢᠯᠠᠳᠬᠠᠵᠤ᠂ ᠵᠢᠴᠢ ᠨᠠᠢ᠍ᠮᠠᠨ ᠤ᠋ ᠨᠢᠭᠡᠨ ᠭᠡᠷ ᠦ᠋ᠨ ᠬᠥᠬᠢᠭᠦᠯᠬᠦ ᠱᠠᠩᠨᠠᠬᠤ ᠵᠠᠷᠯᠢᠭ ᠪᠢᠴᠢᠭ ᠲᠡᠢ ᠡᠷᠭᠦᠨ ᠲᠤᠰᠢᠶᠠᠭᠰᠠᠨ ᠳ᠋ᠤᠷ ᠬᠤᠸᠠᠩᠬᠡᠦ ᠵᠠᠷᠯᠢᠭ ᠤ᠋ᠨ ᠪᠢᠴᠢᠭ ᠢ᠋ ᠬᠦᠵᠢᠰ ᠦ᠋ᠨ ᠰᠢᠷᠡᠭᠡ ᠪᠡᠯᠡᠳᠬᠡᠨ ᠮᠥᠷᠭᠥᠵᠦ ᠬᠦᠯᠢᠶᠡᠨ ᠠᠪᠴᠤ ᠤᠴᠢᠷ ᠢ᠋ ᠤᠬᠠᠭᠠᠳ᠂ ᠵᠠᠷᠯᠢᠭ ᠪᠠᠭᠤᠯᠭᠠᠨ ᠤᠷᠢᠳᠠ ᠰᠡᠷᠭᠦᠯᠡᠩ ᠭᠦᠩᠵᠦ ᠰᠣᠯᠣᠩᠭᠣᠣ᠎ᠠ ᠶ᠋ᠢ ᠳᠠᠭᠤᠳᠠᠨ ᠪᠠᠷᠠᠭᠠᠳᠠᠭᠤᠯᠵᠤ ᠳᠡᠭᠦᠨᠦ ᠤᠭ ᠰᠠᠨᠠᠭᠠᠨ ᠤ᠋ ᠥᠪᠡᠷ ᠦ᠋ᠨ ᠨᠥᠬᠥᠷ ᠡᠷ᠎ᠡ ᠶ᠋ᠢᠨ ᠪᠠᠲᠤ ᠵᠢᠷᠤᠮ ᠢ᠋ᠶ᠋ᠠᠷ ᠬᠡᠳᠦᠢᠴᠢᠨᠡᠭᠡᠨ ᠵᠢᠯ ᠰᠠᠬᠢᠨ ᠬᠦᠯᠢᠶᠡᠭᠰᠡᠨ ᠨᠠᠢᠷᠲᠤ ᠠᠴᠢ ᠳ᠋ᠤᠷ ᠬᠠᠷᠢᠭᠤᠯᠠᠬᠤ ᠦᠨᠡᠨ ᠰᠠᠨᠠᠭᠠᠨ ᠢ᠋ᠶ᠋ᠠᠨ ᠪᠦᠷᠢᠳᠲᠡᠯᠡ ᠮᠥᠷᠭᠥᠵᠦ ᠠᠢᠯᠠᠳᠬᠠᠭᠰᠠᠨ ᠳ᠋ᠤᠷ ᠬᠤᠸᠠᠩᠬᠡᠦ ᠨᠠᠷᠢᠪᠴᠢᠯᠠᠨ ᠠᠢᠯᠠᠳᠤᠨ ᠰᠣᠨᠣᠰᠴᠤ᠂ ᠲᠡᠷᠢᠭᠦᠨ ᠳᠣᠬᠢᠨ ᠮᠦᠰᠢᠶᠡᠵᠦ ᠵᠠᠷᠯᠢᠭ ᠦᠭᠡᠢ ᠳ᠋ᠦ᠍ᠷ ᠰᠣᠯᠤᠩᠭᠤᠸ᠎ᠠ ᠳᠠᠬᠢᠨ ᠮᠥᠷᠭᠥᠵᠦ ᠳᠡᠭᠡᠳᠦ ᠥᠵᠢᠨ ᠲᠠᠢᠬᠡᠦ ᠡᠮᠡᠭᠡ ᠳ᠋ᠦ᠍ᠷ ᠪᠠᠷᠠᠭᠠᠯᠠᠨ ᠮᠥᠷᠭᠥᠬᠦ ᠶ᠋ᠢ ᠭᠤᠶᠤᠨ ᠠᠢᠯᠠᠳᠬᠠᠵᠤ ᠪᠠᠷᠠᠭᠠᠯᠠᠭᠠᠳ ᠮᠥᠷᠭᠥᠵᠦ ᠪᠠᠷᠠᠭᠰᠠᠨ ᠬᠣᠢᠨ᠎ᠠ ᠳᠠᠬᠢᠨ ᠰᠥᠭᠥᠳᠴᠦ᠂ ᠬᠤᠸᠠᠩᠬᠡᠦ ᠳ᠋ᠦ᠍ᠷ ᠠᠢᠯᠠᠳᠬᠠᠭᠰᠠᠨ ᠶᠣᠰᠣᠭᠠᠷ ᠪᠦᠷᠢᠳᠬᠡᠨ ᠮᠥᠷᠭᠥᠵᠦ ᠠᠢᠯᠠᠳᠬᠠᠭᠰᠠᠨ᠎ᠠ ᠲᠠᠢᠬᠡᠦ ᠶ᠋ᠢᠨ ᠳᠣᠲᠣᠷ᠎ᠠ ᠰᠣᠨᠢᠷᠬᠠᠨ ᠪᠡᠶᠡᠰᠴᠦ᠂ ᠬᠤᠸᠠᠩᠬᠡᠦ ᠶ᠋ᠢᠨ ᠠᠮᠤᠭᠤᠯᠠᠩ ᠠᠢᠯᠠᠳᠬᠠᠷ᠎ᠠ ᠢᠷᠡᠭᠰᠡᠨ ᠳ᠋ᠦ᠍ᠷ ᠲᠠᠢᠬᠡᠦ ᠵᠠᠷᠯᠢᠭ ᠪᠣᠯᠤᠷᠤᠨ :
《ᠨᠠᠢ᠍ᠮᠠᠨ ᠤ᠋ ᠡᠬᠡᠨᠡᠷ ᠡᠷᠬᠢᠯᠡᠭᠰᠡᠨ ᠰᠠᠢᠳ᠂ ᠰᠡᠷᠭᠦᠯᠡᠩ ᠭᠦᠩᠵᠦ ᠰᠣᠯᠣᠩᠭᠤᠤ᠎ᠠ ᠶ᠋ᠢᠨ ᠡᠬᠡᠨᠡᠷ ᠦ᠋ᠨ ᠳᠣᠲᠣᠷᠠᠬᠢ ᠮᠡᠷᠭᠡᠨ ᠭᠡᠭᠡᠬᠡᠨ ᠶᠠᠪᠤᠳᠠᠯ ᠤ᠋ᠨ ᠤᠳᠤᠷᠢᠳᠬᠠᠯ ᠪᠥᠭᠡᠳ ᠤᠯᠤᠰ ᠲᠥᠷᠥ ᠪᠠ ᠳᠣᠲᠣᠭᠠᠳᠤ ᠣᠷᠳᠣᠨ ᠬᠦᠷᠢᠶᠡᠯᠡᠩ ᠦ᠋ᠨ ᠭᠡᠷᠡᠯ ᠬᠢᠯᠪᠠᠰᠣᠯᠲᠤ ᠰᠠᠢᠬᠠᠨ ᠰᠤᠷᠲᠠᠯ ᠳᠠᠭᠤᠷᠢᠶᠠᠯᠲᠠ ᠪᠥᠭᠡᠳ ᠡᠬᠡᠨᠡᠷ ᠬᠥᠮᠦᠨ ᠤ ᠳᠣᠲᠣᠷᠠᠬᠢ ᠣᠬᠢ ᠮᠠᠩᠯᠠᠢ ᠶ᠋ᠢᠨ ᠰᠣᠶᠣᠯ ᠰᠤᠷᠲᠠᠯ ᠪᠤᠯᠬᠤᠢ ᠶ᠋ᠢᠨ ᠲᠤᠯᠠᠳᠠ᠂ ᠳᠡᠭᠦᠨᠦ ᠠᠢᠯᠠᠳᠬᠠᠯ ᠢ᠋ ᠵᠣᠬᠢᠰ ᠢ᠋ ᠦᠵᠡᠵᠦ ᠵᠠᠷᠯᠢᠭ ᠪᠠᠭᠤᠯᠭᠠᠵᠤ ᠥᠭᠭᠦᠭᠲᠦᠨ 》ᠬᠡᠮᠡᠵᠦᠬᠦᠢ᠃
ᠲᠡᠭᠦᠨᠴᠡ ᠬᠤᠸᠠᠩᠬᠡᠦ ᠳᠡᠭᠡᠳᠦ ᠶ᠋ᠢᠨ ᠵᠠᠷᠯᠢᠭ ᠢ᠋ ᠬᠢᠴᠢᠶᠡᠩᠭᠦᠢᠯᠡᠨ ᠳᠠᠭᠠᠵᠤ᠂ ᠭᠡᠭᠡᠬᠡᠨ ᠪᠤᠯᠠᠭ ᠤ᠋ᠨ ᠡᠬᠢᠨ ᠦ᠌ ᠰᠠᠬᠤᠯᠢᠭ ᠰᠢᠭᠤᠢ ᠶ᠋ᠢᠨ ᠬᠡᠢᠪᠠᠩ ᠤᠷᠤᠰᠬᠠᠯ ᠨᠠᠭᠤᠷ ᠤ᠋ᠨ ᠬᠥᠪᠡᠭᠡ ᠳ᠋ᠡᠬᠢ ᠣᠷᠳᠣᠨ ᠥᠷᠭᠥᠭᠡ ᠶ᠋ᠢᠨ ᠭᠡᠭᠡᠪᠴᠢ ᠴᠠᠴᠠᠷ ᠲᠠᠭᠲᠤ ᠶ᠋ᠢᠨ ᠵᠤᠰᠠᠯ ᠤ᠋ᠨ ᠬᠤᠷᠢᠮ ᠰᠡᠷᠭᠦᠭᠡᠯ ᠳ᠋ᠦ᠍ᠷ ᠰᠠᠷᠯᠢᠭ ᠤᠯᠤᠰ ᠤ᠋ᠨ ᠨᠠᠷᠠᠨ ᠬᠠᠨ ᠤ᠋ ᠪᠦᠸᠸᠵᠣ ᠰᠠᠢᠬᠠᠨ ᠭᠦᠦᠷ ᠢ᠋ ᠵᠠᠷᠯᠢᠭ ᠪᠠᠭᠤᠯᠭᠠᠨ ᠳᠠᠭᠤᠳᠠᠨ ᠣᠷᠣᠭᠤᠯᠵᠤ ᠪᠠᠷᠠᠭᠠᠳᠠᠨ ᠮᠥᠷᠭᠥᠭᠦᠯᠵᠦ ᠂ ᠬᠤᠸᠠᠩᠬᠡᠦ ᠲᠡᠷᠡ ᠬᠡᠦᠬᠡᠨ ᠢ᠋ ᠨᠢᠳᠦ ᠣᠷᠬᠢᠨ ᠨᠠᠷᠢᠪᠴᠢᠯᠠᠨ ᠠᠢᠯᠠᠳᠤᠨ ᠦᠵᠡᠪᠡᠰᠦ ᠂ ᠪᠢᠴᠢᠬᠠᠨ ᠲᠣᠭᠣᠷᠢᠭ ᠳᠦᠭᠦᠷᠡᠩ ᠪᠥᠮᠪᠥᠭᠡᠷ ᠪᠤᠯᠪᠠᠷᠠᠢ ᠴᠠᠭᠠᠨ ᠶᠠᠭᠠᠨ ᠲᠣᠭᠣᠷ ᠤ᠋ᠨ ᠴᠡᠴᠡᠭ ᠦ᠋ᠨ ᠰᠠᠢᠬᠠᠨ ᠵᠢᠰᠦ ᠂ ᠲᠤᠩᠭᠠᠯᠠᠭ ᠭᠡᠭᠡᠬᠡᠨ ᠬᠤᠷᠴᠠ ᠰᠡᠷᠭᠦᠯᠡᠩ ᠨᠢᠭᠡᠨ ᠲᠡᠭᠦᠰ ᠮᠡᠷᠭᠡᠨ ᠭᠡᠷᠡᠯᠲᠦ ᠦᠵᠡᠰᠬᠦᠯᠡᠩ ᠨᠢᠳᠦ ᠂ ᠬᠣᠶᠠᠷ ᠮᠤᠷᠤᠢ ᠬᠠᠪᠤᠷ ᠤ᠋ᠨ ᠤᠳᠠ ᠶ᠋ᠢᠨ ᠨᠠᠢᠯᠵᠠᠭᠤᠷ ᠮᠤᠷᠤᠢ ᠵᠢᠷᠤᠮᠠᠯ ᠬᠡᠭᠡᠨᠴᠢᠷ ᠬᠥᠮᠥᠰᠬᠡ ᠂ ᠬᠠᠷ᠎ᠠ ᠦᠰᠦᠨ ᠦ᠌ ᠥᠩᠭᠡ ᠳ᠋ᠦ᠍ᠷ ᠬᠥᠮᠦᠨ ᠦ᠌ ᠵᠢᠰᠦ ᠦᠵᠡᠭᠳᠡᠮᠡᠷ ᠂ ᠲᠠᠪᠤᠨ ᠲᠡᠭᠰᠢ ᠥᠨᠳᠥᠷ ᠱᠣᠪᠣᠢᠩᠭᠣ ᠰᠠᠢᠬᠠᠨ ᠬᠡᠪ ᠦ᠋ᠨ ᠪᠡᠶ᠎ᠡ ᠃ ᠱᠤᠪᠲᠤᠩ ᠳᠦᠭᠦᠷᠡᠩ ᠬᠠᠰ ᠶᠠᠰᠤ ᠬᠠᠢᠳᠠᠨ ᠴᠡᠴᠡᠭ ᠦ᠋ᠨ ᠮᠥᠷᠥ᠃ ᠦᠨᠡᠬᠡᠷ ᠦᠭᠦᠯᠡᠯᠳᠦᠬᠦᠢ ᠶ᠋ᠢᠨ ᠤᠷᠢᠳ ᠦᠵᠡᠰᠬᠦᠯᠡᠩ ᠵᠢᠷᠦᠬᠡ ᠲᠠᠨᠢᠭᠳᠠᠭᠠᠳ᠂ ᠦᠵᠡᠬᠦᠢ ᠶ᠋ᠢᠨ ᠵᠡᠪᠰᠡᠷ᠎ᠡ ᠰᠢᠳᠢᠲᠡᠨ ᠥᠬᠢᠨ ᠦ᠌ ᠲᠥᠯᠥᠪ ᠢᠯᠡᠷᠡᠵᠦ᠂ ᠮᠠᠩᠨᠤᠭ ᠤᠭᠠᠯᠵᠠᠲᠤ ᠪᠤᠯᠢᠭᠠᠷᠢ ᠲᠦᠷᠦᠢᠳᠣ ᠭᠤᠲᠤᠯ ᠡᠮᠦᠰᠦᠭᠰᠡᠨ ᠶᠡᠬᠡ ᠬᠥᠯ ᠪᠥᠭᠡᠲᠡᠯ᠎ᠡ ᠨᠢᠭᠡᠨ ᠰᠥᠭᠡᠮ ᠦ᠋ᠨ ᠲᠡᠳᠦᠢ᠂ ᠠᠷᠪᠠᠭᠠᠳ ᠨᠠᠰᠤᠨ ᠤ᠋ ᠬᠡᠦᠬᠡᠳ ᠦ᠋ᠨ ᠲᠡᠳᠦᠢ ᠬᠣᠶᠠᠷ ᠬᠥᠯ ᠴᠡᠭᠡᠷ ᠴᠡᠪᠡᠷ ᠬᠡᠲᠦᠢᠳᠦᠭᠡᠳ᠂ ᠠᠷᠢᠯᠭᠠᠭᠰᠠᠨ ᠰᠣᠩᠭᠢᠨ᠎ᠠ ᠶ᠋ᠢᠨ ᠠᠷᠪᠠᠨ ᠬᠤᠷᠤᠭᠤ ᠣ ᠪᠠᠷ ᠪᠦᠲᠦᠭᠡᠭᠰᠡᠨ ᠮᠡᠲᠦ᠃ ᠪᠡᠶ᠎ᠡ ᠳᠦᠭᠦᠷᠡᠩ ᠪᠠᠷᠠᠭᠤᠨ ᠬᠣᠲᠤᠩᠭᠤᠳ ᠤ᠋ᠨ ᠲᠡᠭᠷᠢ ᠶ᠋ᠢᠨ ᠬᠤᠪᠴᠠᠳ ᠴᠢᠮᠡᠭ ᠢ᠋ᠶ᠋ᠡᠷ ᠴᠢᠮᠡᠭᠯᠡᠵᠦ ᠂ ᠮᠥᠷᠭᠥᠵᠦ ᠰᠥᠭᠥᠳᠬᠦ᠂ ᠪᠣᠰᠬᠤ ᠵᠣᠭᠰᠣᠬᠤ ᠶ᠋ᠢᠨ ᠵᠠᠪᠰᠠᠷ᠎ᠠ ᠨᠢᠰᠬᠦ ᠪᠦᠴᠡ᠂ ᠬᠡᠢᠰᠬᠦ ᠴᠢᠮᠡᠭ ᠰᠣᠯᠣᠩᠭ᠎ᠠ ᠣᠷᠢᠶᠠᠯᠳᠤᠨ᠂ ᠲᠣᠭᠣᠰ ᠮᠠᠭᠰᠢᠬᠤ ᠮᠡᠲᠦ᠂ ᠦᠨᠡᠬᠡᠷ ᠭᠡᠷᠡᠯ ᠰᠠᠴᠤᠷᠠᠨ ᠬᠢᠯᠪᠠᠰᠤᠮᠤᠢ᠃ ᠡᠴᠢᠬᠦ ᠢᠷᠡᠬᠦ ᠬᠥᠳᠡᠯᠬᠦ ᠵᠣᠷᠴᠢᠬᠤᠢ ᠶ᠋ᠢᠨ ᠬᠡᠢ ᠰᠠᠯᠬᠢᠨ᠎ᠠ ᠺᠠᠪᠢᠷ᠎ᠠ ᠶ᠋ᠢᠨ ᠲᠣᠰᠣ᠂ ᠯᠤᠤ ᠶ᠋ᠢᠨ ᠵᠠᠭᠠᠷ ᠤ᠋ᠨ ᠰᠡᠷᠢᠭᠦᠨ ᠲᠤᠩᠭᠠᠯᠠᠭ ᠨᠣᠢᠲᠠᠨ ᠠᠩᠬᠢᠯᠤᠮᠠᠯ ᠰᠠᠢᠬᠠᠨ ᠦᠨᠦᠷ ᠰᠦᠷᠴᠢᠭᠢᠨᠡᠨ ᠰᠠᠩᠬᠣᠯᠠᠵᠣ᠂ ᠬᠢᠴᠢᠶᠡᠩᠭᠦᠢᠯᠡᠨ ᠪᠣᠯᠭᠣᠮᠵᠢᠯᠠᠨ ᠶᠢᠰᠦᠨᠲᠡ ᠮᠥᠷᠭᠥᠬᠦᠶ᠎ᠡ᠂ ᠰᠠᠷᠠᠨ ᠣᠷᠳᠣᠨ ᠤ᠋ ᠵᠢᠷᠤᠭ ᠤ᠋ᠨ ᠷᠠᠭᠢᠨᠢᠰ ᠠ᠋ᠴᠠ ᠴᠤ᠌ ᠲᠠᠭᠠᠯᠠᠮᠵᠢᠲᠠᠢ ᠰᠠᠢᠬᠠᠨ ᠳ᠋ᠤᠷ ᠬᠤᠸᠠᠩᠬᠡᠦ ᠨᠢᠭᠡᠨᠲᠡ ᠦᠵᠡᠮᠡᠭᠴᠡ ᠪᠠᠬᠠᠷᠬᠠᠨ ᠪᠡᠶᠡᠰᠴᠦ᠂ ᠰᠠᠨᠠᠮᠰᠠᠷ ᠦᠭᠡᠢ ᠺᠠᠷᠣᠳᠢ ᠶ᠋ᠢᠨ ᠨᠢᠭᠤᠷ ᠲᠤᠷ ᠪᠠᠶᠠᠷ ᠤ᠋ᠨ ᠥᠩᠭᠡ ᠢᠯᠡᠷᠡᠵᠦ᠂ ᠠᠯᠲᠠᠨ ᠡᠬᠡ ᠶ᠋ᠢᠨ ᠠᠰᠠᠷᠠᠯᠲᠤ ᠵᠢᠰᠦ ᠳ᠋ᠦ᠍ᠷ ᠮᠦᠰᠢᠶᠡᠮᠰᠦᠭ ᠪᠠᠢᠳᠠᠯ ᠨᠡᠮᠡᠭᠳᠡᠨ᠂ ᠠᠷᠭᠠᠳᠠᠯ ᠦᠭᠡᠢ ᠠᠮᠠᠨ ᠤ᠋ ᠵᠠᠷᠯᠢᠭ ᠠᠯᠳᠠᠵᠤ ᠵᠠᠷᠯᠢᠭ ᠪᠣᠯᠤᠷᠤᠨ᠄
《ᠶᠠᠭᠤᠲᠠᠢ ᠰᠠᠢᠬᠠᠨ ᠠᠷᠢᠭᠤᠨ ᠴᠡᠪᠡᠷᠬᠡᠨ᠂ ᠴᠡᠴᠡᠭ ᠰᠠᠷᠠᠨ ᠠᠳᠠᠯᠢ ᠬᠡᠦᠬᠡᠨ ᠪᠣᠢ ? 》ᠭᠡᠮᠡᠨ ᠮᠠᠭᠲᠠᠨ ᠰᠠᠢᠰᠢᠶᠠᠵᠤ ᠵᠠᠷᠯᠢᠭ ᠪᠠᠭᠤᠯᠭᠠᠨ ᠰᠢᠳᠠᠷ ᠳᠡᠷᠭᠡᠳᠡ ᠬᠡᠳᠦᠨ ᠡᠳᠦᠷ ᠪᠠᠢᠯᠴᠠᠵᠤ ᠂ ᠬᠤᠷᠢᠮ ᠰᠡᠷᠭᠦᠭᠡᠯ ᠳ᠋ᠦ᠍ᠷ ᠵᠠᠷᠤᠴᠠᠯᠠᠭᠲᠤᠨ ᠭᠡᠮᠡᠨ ᠦᠯᠡᠳᠡᠭᠡᠵᠦ᠂ ᠬᠡᠳᠦᠨ ᠡᠳᠦᠷ ᠰᠢᠳᠠᠷ ᠰᠤᠪᠢᠯᠠᠨ ᠡᠩᠰᠡᠭᠯᠡᠬᠥᠢ ᠶ᠋ᠢᠨ ᠵᠠᠪᠰᠠᠷ᠎ᠡ᠂ ᠲᠠᠪᠤᠨ ᠰᠠᠷ᠎ᠠ ᠶ᠋ᠢᠨ ᠠᠷᠪᠠᠨ ᠲᠠᠪᠤᠨ ᠤ᠋ ᠲᠡᠷᠭᠡᠯ ᠰᠥᠨᠢ ᠶ᠋ᠢᠨ ᠲᠤᠨᠤᠯᠤᠮᠠ ᠰᠠᠷᠠᠨ ᠤ᠋ ᠭᠡᠷᠡᠯ ᠳ᠋ᠦ᠍ᠷ ᠬᠡᠢᠪᠡᠩ ᠨᠠᠭᠤᠷ ᠤ᠋ᠨ ᠴᠡᠴᠡᠭᠯᠢᠭ ᠦ᠋ᠨ ᠬᠢᠵᠠᠭᠠᠷ᠎ᠠ ᠰᠥᠨᠢ ᠶ᠋ᠢᠨ ᠰᠡᠷᠢᠭᠦᠴᠡᠯ ᠰᠡᠷᠭᠦᠭᠡᠯ ᠦ᠋ᠨ ᠬᠤᠷᠢᠮ ᠳ᠋ᠤᠷ ᠵᠠᠷᠤᠴᠠᠯᠠᠨ᠂ ᠳᠡᠭᠦᠨᠦ ᠲᠡᠭᠷᠢ ᠠᠭᠤᠯᠠᠨ ᠤ᠋ ᠳᠣᠲᠣᠷ᠎ᠠ ᠭᠤᠷᠪᠠ ᠳᠥᠷᠪᠡᠨ ᠵᠢᠯ ᠰᠠᠭᠤᠵᠤ᠂ ᠴᠢᠦ ᠰᠢᠶᠠᠨ ᠬᠦ ᠶ᠋ᠢᠨ ᠰᠤᠷᠭᠠᠯ ᠦᠭᠡᠰ ᠪᠠ ᠬᠢᠴᠢᠶᠡᠯ ᠳᠠᠳᠬᠠᠯ ᠤ᠋ᠨ ᠵᠠᠩ ᠠᠪᠤᠴᠠ᠂ ᠢᠳᠡᠭᠡᠨ ᠤᠮᠳᠠᠭᠠᠨ ᠤ᠋ ᠪᠡᠯᠡᠳᠬᠡᠯ ᠦᠢᠯᠡᠳᠪᠦᠷᠢ ᠶ᠋ᠢᠨ ᠤᠴᠢᠷ ᠶᠠᠪᠤᠳᠠᠯ ᠢ ᠤᠬᠤᠴᠢᠯᠠᠨ ᠠᠢᠯᠠᠳᠤᠨ ᠠᠰᠠᠭᠤᠬᠤᠶ᠎ᠠ᠂ ᠬᠠᠷᠢᠭᠤ ᠰᠥᠭᠥᠳᠴᠦ ᠠᠢᠯᠠᠳᠬᠠᠨ ᠮᠡᠳᠡᠭᠦᠯᠬᠦ ᠢᠨᠣ᠂ ᠤᠰᠤ ᠴᠢᠳᠬᠤᠨ ᠪᠤᠯᠠᠭ ᠣᠷᠭᠢᠯᠬᠤ ᠮᠡᠲᠦ ᠳᠦᠷᠪᠡᠯ ᠦᠭᠡᠢ᠂ ᠦᠭᠡ ᠮᠡᠳᠡᠭᠦᠯᠦᠯ ᠭᠡᠭᠡᠬᠡᠨ ᠢᠯᠭᠤᠮ᠂ ᠥᠴᠢᠬᠦ ᠠᠢᠯᠠᠳᠬᠠᠬᠤ ᠲᠣᠳᠣᠷᠬᠠᠢ ᠢᠯᠭᠠᠪᠤᠷᠢᠲᠠᠢ ᠳ᠋ᠤᠷ ᠳᠠᠷᠤᠢ ᠲᠡᠭᠦᠨᠦ ᠪᠢᠴᠢᠭ ᠦᠰᠦᠭ ᠦ᠋ᠨ ᠰᠤᠷᠲᠠᠯᠲᠠᠢ ᠶ᠋ᠢ ᠦᠵᠡᠵᠦ ᠭᠠᠷᠤᠭᠠᠳ ᠨᠢᠭᠡᠨ ᠰᠠᠨᠠᠭᠠᠨ ᠣᠯᠵᠤ᠂ ᠡᠨᠡ ᠦᠶ᠎ᠡ ᠳ᠋ᠦ᠍ᠷ ᠣᠷᠳᠣᠨ ᠤ᠋ ᠥᠬᠢᠳ ᠪᠠᠬᠠᠨ ᠰᠡᠯᠡᠭᠦᠷᠡᠵᠦ ᠨᠠᠮ ᠲᠤᠩᠭᠠᠯᠠᠭ᠂ ᠬᠤᠷ᠎ᠠ ᠶ᠋ᠢᠨ ᠬᠣᠢᠨᠠᠬᠢ ᠠᠷᠢᠯᠤᠭᠰᠠᠨ ᠲᠡᠷᠭᠡᠯ ᠰᠠᠷᠠᠨ ᠪᠠᠭ᠎ᠠ ᠦᠳᠡ ᠪᠣᠯᠵᠤ᠂ ᠡᠷᠳᠡᠮᠲᠦ ᠨᠠᠭᠤᠷ ᠤ᠋ᠨ ᠮᠡᠯᠮᠡᠯᠵᠡᠮᠡ ᠭᠢᠯᠪᠠᠯᠠᠬᠤ ᠬᠠᠷᠠᠩᠭᠤᠢ ᠨᠣᠭᠣᠭᠠᠨ ᠲᠡᠭᠰᠢᠷᠡᠭᠰᠡᠨ ᠭᠦᠨ ᠳᠥᠯᠭᠡᠨ ᠨᠠᠭᠤᠷ ᠤ᠋ᠨ ᠢᠷᠮᠡᠭ ᠲᠣᠷ ᠵᠣᠭᠰᠣᠭᠰᠠᠨ ᠲᠡᠭᠷᠢ ᠶ᠋ᠢᠨ ᠴᠢᠮᠡᠭᠲᠦ ᠰᠠᠢᠬᠠᠨ ᠭᠦᠦᠷ ᠬᠡᠦᠬᠡᠨ ᠦ᠌ ᠪᠡᠶ᠎ᠡ ᠳᠦᠭᠦᠷᠡᠩ ᠲᠤᠨᠤᠯᠤᠨ ᠲᠣᠰᠴᠤ᠂ ᠪᠦᠬᠦᠯᠢ ᠪᠡᠶ᠎ᠡ ᠴᠣᠭᠴᠠ ᠨᠢᠭᠤᠷ ᠵᠢᠰᠦ ᠲᠣᠯᠢ ᠮᠡᠲᠦ ᠲᠤᠨᠤᠮᠠᠯ ᠨᠠᠭᠤᠷ ᠤ᠋ᠨ ᠣᠰᠤᠨ᠎ᠠ ᠲᠤᠶᠠᠭᠠᠯᠠᠨ ᠲᠣᠰᠤᠭᠠᠳ᠂ ᠨᠠᠭᠤᠷ ᠤ᠋ᠨ ᠳᠣᠲᠣᠷ᠎ᠠ ᠪᠠᠰᠠ ᠨᠢᠭᠡᠨ ᠯᠤᠤᠰ ᠤ᠋ᠨ ᠥᠬᠢᠨ᠂ ᠲᠡᠭᠷᠢ ᠶ᠋ᠢᠨ ᠷᠠᠬᠢᠨᠢ ᠢᠯᠡᠷᠡᠨ ᠭᠠᠷᠤᠭᠰᠠᠨ ᠳ᠋ᠤᠷ᠂ ᠬᠤᠸᠠᠩᠬᠡᠦ ᠠᠯᠠᠰᠬᠢᠨ ᠪᠡᠶᠡᠰᠦᠨ ᠲᠠᠭᠠᠯᠠᠵᠤ᠂ ᠰᠠᠢᠬᠠᠨ ᠭᠦᠦᠷ ᠢ᠋ ᠬᠠᠷᠠᠵᠤ᠂ ᠨᠠᠭᠤᠷ ᠤ᠋ᠨ ᠣᠰᠤᠨ᠎ᠠ ᠮᠣᠳᠣᠷ ᠢ᠋ᠶ᠋ᠠᠷ ᠵᠢᠭᠠᠵᠤ᠂ ᠡᠢᠨ ᠵᠠᠷᠯᠢᠭ ᠪᠣᠯᠤᠷᠤᠨ :
《ᠬᠠᠰ ᠤ᠋ᠨ ᠴᠠᠰᠤ ᠠᠷᠢᠭᠤᠨ ᠴᠡᠭᠡᠷ᠂ ᠬᠤᠪᠢᠯᠭᠠᠨ ᠥᠬᠢᠨ ᠦ᠌ ᠬᠥᠷᠥᠭ 》ᠬᠡᠮᠡᠭᠡᠳ ᠰᠠᠢᠬᠠᠨ ᠭᠦᠦᠷ ᠬᠡᠦᠬᠡᠨ ᠢ᠋ ᠬᠣᠣᠰᠯᠠᠨ ᠬᠣᠯᠪᠣᠵᠤ᠂ ᠥᠴᠢᠵᠦ ᠠᠢᠯᠠᠳᠬ᠎ᠠ ᠬᠡᠮᠡᠭᠰᠡᠨ ᠳ᠋ᠦ᠍ᠷ ᠰᠠᠢᠬᠠᠨ ᠭᠦᠦᠷ᠂ ᠤᠰᠤᠨ ᠤ᠋ ᠤᠷᠤᠭᠤ ᠥᠩᠭᠡᠢᠵᠦ᠂ ᠥᠪᠡᠷᠦᠨ ᠳᠦᠷᠰᠦ ᠪᠡᠨ ᠦᠵᠡᠭᠡᠳ᠂ ᠰᠠᠶᠢ ᠰᠡᠬᠡᠰᠬᠢᠵᠦ᠂ ᠳᠣᠣᠷ᠎ᠠ ᠪᠠᠨ ᠰᠥᠭᠥᠳᠴᠦ ᠬᠣᠯᠪᠣᠨ ᠥᠴᠢᠵᠦ ᠠᠢᠯᠠᠳᠬᠠᠷᠤᠨ :
《ᠬᠠᠭᠤᠷᠮᠠᠭ ᠦᠨᠡᠨ ᠢ᠋ ᠠᠳᠠᠯᠢ ᠪᠠᠷ ᠠᠰᠠᠷᠠᠬᠤ ᠪᠣᠭᠳᠠ ᠡᠬᠡ ᠶ᠋ᠢᠨ ᠨᠢᠭᠦᠯᠡᠰᠬᠦᠢ 》 ᠬᠡᠮᠡᠭᠰᠡᠨ ᠳ᠋ᠦ᠍ᠷ ᠬᠤᠸᠠᠩᠬᠡᠦ ᠡᠬᠡ ᠬᠣᠣᠰ ᠦᠭᠡᠢ ᠶᠡᠬᠡ ᠰᠢᠨᠡᠷᠬᠡᠨ ᠪᠡᠶᠡᠰᠴᠦ ᠵᠠᠯᠭᠠᠵᠤ ᠵᠠᠷᠯᠢᠭ ᠪᠣᠯᠤᠷᠤᠨ :
《ᠬᠠᠢᠷᠠᠬᠠᠨ ᠰᠠᠢᠬᠠᠨ ᠬᠡᠦᠬᠡᠨ ᠪᠡᠶ᠎ᠡ ᠶ᠋ᠢ ᠬᠠᠷᠢ ᠳ᠋ᠤᠷ ᠥᠭᠬᠦ ᠴᠠᠭ ᠪᠣᠯᠪᠠ 》 ᠬᠡᠮᠡᠭᠡᠳ ᠪᠠᠰᠠ ᠵᠠᠯᠭᠠᠵᠤ《ᠬᠣᠣᠰᠯᠠᠨ ᠬᠣᠯᠪᠣᠵᠤ ᠥᠴᠢ 》 ᠬᠡᠮᠡᠭᠰᠡᠨ ᠳ᠋ᠦ᠍ᠷ ᠰᠠᠢᠬᠠᠨ ᠭᠦᠦᠷ ᠮᠥᠷᠭᠥᠵᠦ ᠠᠢᠯᠠᠳᠬᠠᠷᠤᠨ :
《ᠬᠠᠭᠠᠨ ᠤ᠋ ᠬᠤᠸᠠᠩᠬᠡᠦ ᠶ᠋ᠢᠨ ᠪᠣᠱᠣᠭ ᠵᠠᠷᠯᠢᠭ᠂ ᠬᠠᠮᠢᠭᠠᠰᠢ ᠵᠢᠭᠠᠪᠠᠴᠤ ᠬᠡᠰᠢᠭ ᠪᠣᠯᠠᠢ 》ᠬᠡᠮᠡᠭᠰᠡᠨ ᠳ᠋ᠦ᠍ᠷ ᠬᠤᠸᠠᠩᠬᠡᠦ ᠬᠤᠪᠢ ᠶ᠋ᠢᠨ ᠭᠠᠳᠠᠨ᠎ᠠ ᠰᠣᠴᠢᠨ ᠰᠠᠢᠰᠢᠶᠠᠵᠤ᠂ ᠭᠠᠢᠬᠠᠨ ᠮᠦᠰᠢᠶᠡᠭᠡᠳ ᠪᠠᠰᠠ ᠵᠠᠷᠯᠢᠭ ᠪᠣᠯᠤᠷᠤᠨ :
《ᠬᠠᠰ ᠬᠡᠮᠡᠭᠴᠢ ᠠᠯᠲᠠᠨ ᠤ᠋ ᠬᠣᠣᠰᠯᠠᠯ ᠢ᠋ ᠴᠢᠨᠦ ᠰᠠᠨᠠᠭᠠᠨ ᠳ᠋ᠤᠷ ᠶᠠᠮᠪᠠᠷ ! 》ᠬᠡᠮᠡᠭᠡᠳ ᠪᠠᠰᠠ ᠲᠦᠷᠬᠡᠨ᠎ᠡ ᠬᠣᠣᠰᠯᠠᠵᠤ ᠬᠣᠯᠪᠣᠨ ᠥᠴᠢ ᠬᠡᠮᠡᠭᠰᠡᠨ᠎ᠡ᠂ ᠰᠠᠢᠬᠠᠨ ᠭᠦᠦᠷ ᠣᠭᠲᠣ ᠶᠠᠭᠠᠷᠠᠬᠤ ᠦᠭᠡᠢ ᠪᠡᠷ ᠤᠰᠤᠨ ᠤ᠋ ᠳᠣᠲᠣᠷ᠎ᠠ ᠳᠠᠬᠢᠨ ᠨᠢᠭᠡᠨᠲᠡ ᠦᠵᠡᠭᠡᠳ᠂ ᠮᠥᠷᠭᠥᠵᠦ ᠬᠣᠣᠰᠯᠠᠨ ᠠᠢᠯᠠᠳᠬᠠᠷᠤᠨ :
《ᠬᠠᠲᠤᠭᠲᠠᠢ ᠬᠡᠮᠡᠭᠴᠢ ᠨᠥᠬᠥᠷ ᠦ᠋ᠨ ᠡᠷᠭᠦᠮᠵᠢᠯᠡᠯ ᠢ᠋ ᠰᠠᠢᠳ ᠥᠬᠢᠨ ᠤᠬᠠᠮᠵᠢᠯᠠᠮᠤᠢ 》ᠬᠡᠮᠡᠭᠰᠡᠨ᠎ᠡ ᠬᠠᠲᠤᠨ ᠬᠤᠸᠠᠩᠬᠡᠦ᠂ ᠬᠠᠪᠤᠲᠠᠢ ᠵᠣᠬᠢᠰᠲᠠᠢ ᠳ᠋ᠤᠷ ᠬᠠᠮᠢᠶ᠎ᠠ ᠴᠤ᠌ ᠦᠭᠡᠢ ᠪᠠᠬᠠᠷᠬᠠᠨ ᠵᠠᠷᠯᠢᠭ ᠪᠣᠯᠤᠷᠤᠨ :
《ᠬᠠᠮᠤᠭ ᠡᠬᠡᠨᠡᠷ ᠦ᠋ᠳ ᠪᠠᠭ᠎ᠠ ᠪᠣᠯᠬᠤᠢ ᠳ᠋ᠤᠷ ᠳᠤᠷᠠᠯᠠᠳᠠᠭ ᠦᠭᠡᠢ ᠪᠠᠢᠳᠠᠭ ᠪᠢᠰᠢᠦ ? 》ᠬᠡᠮᠡᠭᠰᠡᠨ᠎ᠡ ᠰᠠᠢᠬᠠᠨ ᠭᠦᠦᠷ ᠦ᠋ᠨ ᠲᠤᠩᠭᠠᠯᠠᠭ ᠨᠢᠳᠦᠨ᠎ᠡ ᠤᠰᠤᠨ ᠭᠦᠶᠦᠵᠦ ᠴᠢᠷᠠᠢ ᠶ᠋ᠢᠨ ᠥᠩᠭᠡ ᠥᠴᠦᠬᠡᠨ ᠤᠯᠠᠰᠬᠢᠨ᠂ ᠮᠥᠨ ᠬᠦ᠌ ᠠᠯᠭᠤᠷ ᠠᠭᠠᠵᠢᠮ ᠮᠥᠷᠭᠥᠵᠦ ᠬᠣᠯᠪᠣᠨ ᠠᠢᠯᠠᠳᠬᠠᠷᠤᠨ :
《ᠬᠠᠮᠠᠭᠠᠯᠠᠯ ᠨᠢᠭᠦᠯᠡᠰᠬᠦᠢ ᠳ᠋ᠦ᠍ᠷ ᠬᠠᠮᠢᠶᠠᠲᠠᠢ ᠪᠣᠢ ᠢ᠎ᠡ᠂ ᠬᠠᠷᠢᠨᠴᠤ ᠪᠠᠭ᠎ᠠ ᠳ᠋ᠤᠷ ᠦᠭᠡᠢ 》ᠬᠡᠮᠡᠪᠡ᠃
ᠶᠡᠬᠡᠮᠰᠦᠭ ᠭᠡᠷᠡᠯᠲᠦ ᠬᠤᠸᠠᠩᠬᠡᠦ ᠶᠡᠬᠡᠳᠡ ᠪᠡᠶᠡᠰᠦᠨ᠂ ᠮᠠᠰᠢᠳᠠ ᠰᠠᠢᠰᠢᠶᠠᠨ ᠪᠠᠰᠠ ᠭᠠᠢᠬᠠᠵᠤ ᠳᠠᠭᠤᠨ ᠠᠯᠲᠠᠨ᠄
《 ᠦᠨᠡᠭᠡᠷᠡᠨ ᠰᠡᠴᠡᠨ ᠬᠤᠷᠴᠠ ᠬᠡᠦᠬᠡᠨ ᠪᠠᠢᠨᠠᠮ 》ᠭᠡᠮᠡᠨ ᠪᠠᠰᠠ ᠵᠠᠷᠯᠢᠭ ᠪᠣᠯᠤᠷᠤᠨ᠄
《ᠰᠠᠢᠬᠠᠨ ᠭᠦᠦᠷ ᠬᠡᠦᠬᠡᠨ ᠬᠣᠣᠰᠯᠠᠨ ᠬᠣᠯᠪᠣᠵᠤ ᠥᠴᠢᠵᠦ ᠠᠢᠯᠠᠳᠬ᠎ᠠ᠃ ᠬᠠᠮᠤᠭ ᠥᠩᠭᠡ ᠰᠣᠯᠣᠩᠭ᠎ᠠ ᠶ᠋ᠢᠨ ᠭᠡᠷᠡᠯ ᠡᠴᠡ ᠬᠡᠲᠦᠷᠡᠳᠡᠭ ᠦᠭᠡᠢ ᠬᠡᠮᠡᠬᠦᠢ ᠳ᠋ᠦ᠍ᠷ ᠰᠠᠢᠬᠠᠨ ᠭᠦᠦᠷ ᠰᠠᠨᠠᠭᠠᠨ ᠢ᠋ ᠢᠯᠡᠳᠬᠡᠨ ᠮᠥᠷᠭᠥᠵᠦ ᠠᠪᠤᠨ ᠳᠠᠷᠤᠢ ᠠᠢᠯᠠᠳᠬᠠᠷᠤᠨ᠄
《ᠬᠠᠷᠠᠭᠰᠠᠭᠠᠷ ᠪᠠᠬᠠᠷᠬᠠᠭᠰᠠᠨ ᠰᠠᠢᠬᠠᠨ ᠭᠦᠦᠷ ᠦ᠋ᠨ ᠲᠠᠪᠤᠨ ᠥᠩᠭᠡ ᠶ᠋ᠢᠨ ᠵᠠᠶᠠᠭᠠᠨ ᠪᠣᠯᠠᠢ 》ᠬᠡᠮᠡᠪᠡᠢ᠃ ᠬᠤᠸᠠᠩᠬᠡᠦ ᠬᠣᠷᠣᠮᠬᠠᠨ ᠵᠠᠭᠤᠷ᠎ᠠ ᠬᠣᠣᠰ ᠦᠭᠡᠢ ᠲᠠᠭᠠᠯᠠᠨ ᠪᠡᠶᠡᠰᠴᠦ ᠮᠦᠰᠢᠶᠡᠨ 《ᠰᠠᠭᠠᠷ ᠦᠭᠡᠢ ᠰᠠᠨᠠᠭᠠᠲᠤ ᠰᠠᠴᠠᠭᠤ ᠦᠭᠡᠢ ᠰᠠᠢᠬᠠᠨ ᠬᠡᠦᠬᠡᠨ ᠮᠥᠨ᠃ ᠰᠡᠲᠡᠷᠡᠰᠢ ᠦᠭᠡᠢ ᠣᠶᠤᠨᠲᠤ ᠰᠠᠴᠤᠷᠠᠬᠤ ᠭᠡᠷᠡᠯᠲᠦ ᠰᠠᠢᠬᠠᠨ ᠭᠦᠦᠷ ᠪᠠᠢᠨᠠᠮ 》 ᠭᠡᠮᠡᠨ ᠰᠠᠢᠰᠢᠶᠠᠨ ᠮᠠᠭᠲᠠᠵᠤ᠂ ᠯᠤᠤ ᠶ᠋ᠢᠨ ᠰᠢᠷᠡᠭᠡᠨ᠎ᠡ ᠲᠠᠯᠪᠢᠭᠰᠠᠨ ᠯᠦᠩ ᠰᠢᠶᠠᠨ ᠲᠠᠨ ᠬᠡᠮᠡᠬᠦ ᠵᠠᠭᠠᠷ ᠬᠦᠵᠢᠰ ᠠᠭᠠᠷᠤ ᠮᠣᠳᠣᠨ᠂ ᠰᠤᠪᠤᠳ ᠤ᠋ᠨ ᠡᠪᠦᠳᠦᠭᠲᠦ ᠡᠷᠢᠭᠡ ᠨᠢᠭᠡ᠂ ᠵᠠᠭᠤᠨ ᠯᠠᠩ ᠤ᠋ᠨ ᠰᠢᠵᠢᠷ ᠠᠯᠲᠠᠨ ᠤ᠋ ᠥᠯᠵᠡᠢᠲᠦ ᠭᠣᠬ᠎ᠠ ᠬᠣᠶᠠᠷ᠂ ᠰᠢᠵᠢᠷ ᠠᠯᠲᠠᠨ ᠤ᠋ ᠨᠦᠬᠡᠲᠦ ᠵᠣᠭᠣᠰ ᠶᠢᠰᠦᠨ ᠲᠥᠭᠥᠷᠢᠭ ᠱᠠᠩᠨᠠᠵᠤ᠂ ᠭᠡᠭᠡᠬᠡᠨ ᠨᠠᠭᠤᠷ᠎ᠠ ᠨᠠᠭᠠᠳᠤᠨ ᠴᠡᠩᠭᠡᠬᠦ ᠣᠯᠠᠨ ᠸᠠᠩ ᠤ᠋ᠳ ᠤ᠋ᠨ ᠭᠦᠩᠵᠦ ᠵᠢᠶᠦ᠋ᠨ ᠵᠣ᠌ ᠪᠥᠸᠸᠵᠥ ᠠᠪᠬᠠᠢ ᠨᠠᠷ ᠲᠤᠷ ᠬᠠᠮᠲᠤ ᠬᠤᠷᠢᠮ ᠬᠦᠷᠲᠡᠭᠡᠨ᠂ ᠭᠡᠭᠡᠬᠡᠨ ᠰᠠᠷᠠᠨ ᠤ᠋ ᠬᠡᠢᠪᠡᠩ ᠨᠠᠭᠤᠷ᠎ᠠ ᠨᠠᠭᠠᠳᠤᠷᠠ ᠡᠴᠢ ᠬᠡᠮᠡᠭᠰᠡᠨ ᠳ᠋ᠦ᠍ᠷ ᠰᠠᠢᠬᠠᠨ ᠭᠦᠦᠷ ᠰᠠᠨᠠᠭᠠᠨ ᠳ᠋ᠤᠷ ᠦᠭᠡᠢ ᠪᠡᠷ ᠰᠠᠢᠰᠢᠶᠠᠯ ᠤ᠋ᠨ ᠬᠦᠨᠳᠦ ᠶᠡᠬᠡ ᠱᠠᠩ ᠬᠡᠰᠢᠭ ᠲᠣᠷ ᠬᠦᠷᠲᠡᠭᠡᠳ᠂ ᠰᠠᠢᠬᠠᠨ ᠵᠢᠰᠦ ᠳ᠋ᠦ᠍ᠷ ᠠᠷᠪᠠᠨ ᠬᠤᠪᠢ ᠶ᠋ᠢᠨ ᠬᠡᠦᠬᠡᠳ ᠦ᠋ᠨ ᠪᠠᠶᠠᠷ ᠤ᠋ᠨ ᠥᠩᠭᠡ ᠢᠯᠡᠷᠡᠵᠦ᠂ ᠢᠨᠢᠶᠡᠨ ᠪᠠᠶᠠᠷᠯᠠᠨ ᠶᠢᠰᠦᠨ ᠵᠡᠷᠭᠡ ᠮᠥᠷᠭᠥᠨ ᠭᠤᠷᠪᠠᠨ ᠤᠳᠠᠭ᠎ᠠ ᠰᠥᠭᠥᠳᠴᠦ᠂ ᠡᠷᠢᠭᠡ ᠶᠦ᠍ᠭᠡᠨ ᠬᠦᠵᠦᠭᠦᠪᠴᠢᠯᠡᠨ ᠦᠯᠡᠮᠵᠢ ᠬᠡᠲᠦᠷᠬᠡᠶ᠎ᠡ ᠬᠥᠭᠡᠷᠦᠨ ᠪᠠᠶᠠᠷᠯᠠᠭᠰᠠᠭᠠᠷ᠂ ᠬᠤᠷᠢᠮᠯᠠᠨ ᠨᠠᠭᠠᠳᠤᠷᠠ ᠡᠴᠢᠭᠰᠡᠨ ᠬᠣᠢᠨ᠎ᠠ᠂ ᠰᠠᠶᠢ ᠬᠠᠳᠬᠤᠮᠠᠯ ᠮᠠᠩᠨᠤᠭ ᠤ᠋ᠨ ᠰᠢᠷ᠎ᠠ ᠠᠯᠲᠠᠨ ᠯᠤᠤᠲᠤ ᠱᠠ ᠶ᠋ᠢᠨ ᠶᠡᠬᠡ ᠬᠠᠯᠬᠠᠪᠴᠢ ᠬᠥᠰᠢᠭᠡ ᠶ᠋ᠢᠨ ᠳᠠᠯᠳᠠ ᠠ᠋ᠴᠠ ᠰᠡᠷᠭᠦᠯᠡᠩ ᠭᠦᠩᠵᠦ ᠰᠤᠯᠤᠩᠭᠤᠤᠠ ᠶ᠋ᠢ ᠳᠠᠭᠤᠳᠠᠨ ᠢᠷᠡᠭᠦᠯᠦᠭᠡᠳ ᠂ ᠰᠣᠯᠣᠩᠭᠤᠸ᠎ᠠ ᠬᠦᠨᠳᠦ ᠬᠡᠰᠢᠭ ᠲᠣᠷ ᠮᠥᠷᠭᠥᠵᠦ ᠪᠠᠷᠠᠭᠰᠠᠨ ᠬᠣᠢᠨ᠎ᠠ ᠭᠡᠷᠡᠯᠲᠦ ᠶᠡᠬᠡᠮᠰᠦᠭ ᠬᠤᠸᠠᠩᠬᠡᠦ ᠮᠦᠰᠢᠶᠡᠵᠦ ᠵᠠᠷᠯᠢᠭ ᠪᠣᠯᠤᠨ ᠠᠰᠠᠭᠤᠷᠤᠨ᠄
《ᠬᠡᠦᠬᠡᠨ ᠭᠦᠩᠵᠦ ᠴᠢᠨᠦ ᠥᠪᠡᠷ ᠦ᠋ᠨ ᠪᠡᠶ᠎ᠡ ᠡᠴᠡ ᠨᠢᠭᠡᠨᠲᠡ ᠦᠷ᠎ᠡ ᠬᠥᠪᠡᠭᠦᠨ ᠬᠥᠮᠦᠵᠢᠨ ᠳᠡᠯᠭᠡᠷᠡᠭᠰᠡᠨ ᠪᠥᠭᠡᠲᠡᠯ᠎ᠡ᠂ ᠪᠠᠰᠠ ᠪᠠᠭ᠎ᠠ ᠭᠡᠷᠭᠡᠢ ᠪᠡᠷ ᠶᠠᠭᠤ ᠬᠢᠬᠦ ᠪᠣᠢ ? 》ᠬᠡᠮᠡᠭᠰᠡᠨ᠎ᠡ᠂ ᠰᠣᠯᠣᠩᠭᠣᠣᠡ ᠶᠠᠭᠠᠷᠠᠨ ᠰᠣᠭᠰᠤᠯᠤᠨ ᠰᠥᠭᠥᠳᠴᠦ ᠮᠥᠷᠭᠥᠨ ᠠᠢᠯᠠᠳᠬᠠᠷᠤᠨ᠄ ᠰᠠᠢᠳ ᠡᠬᠡᠨᠡᠷ ᠰᠤᠯᠤᠩᠭᠤᠸ᠎ᠠ ᠪᠢ᠂ ᠲᠤᠬᠠᠢᠯᠠᠨ ᠥᠪᠡᠷᠦᠨ ᠪᠡᠶ᠎ᠡ ᠡᠴᠡ ᠦᠷ᠎ᠡ ᠬᠥᠪᠡᠭᠦᠨ ᠳᠡᠯᠭᠡᠷᠡᠵᠦ᠂ ᠡᠮᠡᠭᠡᠳ ᠦ᠋ᠨ ᠰᠦᠷᠦᠭ ᠲᠣᠷ ᠣᠷᠣᠬᠤ ᠰᠢᠬᠠᠭᠰᠠᠨ ᠤ᠋ ᠲᠤᠯᠠᠳᠠ᠂ ᠨᠠᠰᠤᠨ ᠬᠡᠲᠦᠷᠡᠲᠡᠯ᠎ᠡ ᠰᠠᠢᠳ ᠡᠬᠡᠨᠡᠷ ᠢ᠋ ᠬᠦᠯᠢᠶᠡᠭᠰᠡᠨ ᠪᠠᠲᠤ ᠨᠠᠢᠷ ᠵᠢᠷᠤᠮ ᠤ᠋ᠨ ᠬᠠᠷᠢᠭᠤ ᠳ᠋ᠤᠷ ᠡᠷᠬᠡᠪᠰᠢ ᠪᠡᠶ᠎ᠡ ᠡᠴᠡ ᠬᠡᠳᠦᠨ ᠬᠤᠪᠢ ᠳᠡᠭᠡᠷ᠎ᠡ ᠭᠤᠸ᠎ᠠ ᠦᠵᠡᠰᠬᠦᠯᠡᠩ ᠪᠠᠭ᠎ᠠ ᠵᠠᠯᠠᠭᠤ ᠰᠡᠴᠡᠨ ᠭᠡᠭᠡᠬᠡᠨ ᠨᠢᠭᠡᠨ ᠪᠠᠭ᠎ᠠ ᠬᠠᠲᠤᠭᠲᠠᠢ ᠠᠪᠴᠤ ᠥᠭᠭᠦᠨ᠂ ᠰᠠᠢᠳ ᠡᠬᠡᠨᠡᠷ ᠦ᠋ᠨ ᠨᠥᠬᠥᠷ ᠡᠷ᠎ᠡ ᠶ᠋ᠢᠨ ᠢᠳᠡᠷ ᠬᠤᠷᠳᠤᠴᠠ ᠬᠡᠭᠡᠨᠴᠢᠷ ᠲᠤᠩᠭᠠᠯᠠᠭ ᠦᠶ᠎ᠡ ᠶ᠋ᠢ ᠢᠨᠣ ᠪᠢᠲᠡᠭᠡᠢ ᠬᠢᠯᠢᠰᠳᠡᠭᠦᠯᠦᠨ ᠲᠠᠯᠠᠭᠠᠷ ᠥᠩᠭᠡᠷᠡᠭᠡᠰᠦᠭᠡᠢ ᠬᠡᠮᠡᠭᠰᠡᠨ ᠢᠨᠣ ᠴᠢᠩ ᠦᠨᠡᠨ᠂ ᠰᠠᠢᠳ ᠡᠬᠡᠨᠡᠷ ᠴᠦ᠍ ᠰᠠᠢᠬᠠᠨ ᠭᠦᠦᠷ ᠬᠡᠦᠬᠡᠨ ᠳᠡᠭᠦᠦ ᠶ᠋ᠢ ᠬᠢᠯᠢᠰᠳᠡᠨ ᠭᠤᠲᠤᠬᠤ ᠪᠣᠯᠭᠤᠵᠠᠢ ᠭᠡᠮᠡᠨ᠂ ᠣᠯᠠᠨ ᠵᠦᠢᠯ ᠢ᠋ᠶ᠋ᠡᠷ ᠡᠷᠭᠢᠴᠡᠭᠦᠯᠦᠨ ᠲᠡᠩᠰᠡᠵᠦ ᠦᠨᠡᠨ ᠳᠤᠷᠠᠯᠠᠯ ᠢ᠋ ᠮᠡᠳᠡᠭᠰᠡᠨ ᠪᠥᠯᠥᠭᠡ᠃ ᠲᠡᠷᠡ ᠰᠠᠢᠬᠠᠨ ᠭᠦᠦᠷ ᠬᠡᠦᠬᠡᠨ ᠳᠡᠭᠦᠦ ᠴᠦ᠍᠂ ᠲᠡᠭᠥᠨᠣ ᠰᠢᠳᠢᠲᠡᠨ ᠪᠠᠭᠰᠢ ᠶ᠋ᠢᠨ ᠰᠣᠶᠣᠷᠬᠠᠯ ᠵᠠᠬᠢᠶ᠎ᠠ ᠶ᠋ᠢ ᠪᠡᠶᠡᠰᠦᠨ ᠪᠢᠰᠢᠷᠡᠬᠦ ᠶ᠋ᠢᠨ ᠲᠤᠯᠠ ᠰᠠᠢᠳ ᠡᠬᠡᠨᠡᠷ ᠦ᠋ᠨ ᠨᠥᠬᠥᠷ ᠡᠷ᠎ᠡ ᠶ᠋ᠢ ᠨᠠᠰᠤᠨ ᠠᠬ᠎ᠠ ᠪᠠ ᠳᠡᠭᠡᠷ᠎ᠡ ᠪᠠᠰᠠ ᠶᠡᠬᠡ ᠡᠬᠡᠨᠡᠷ ᠪᠣᠢ ᠭᠡᠮᠡᠨ ᠵᠢᠪᠡᠭᠦᠷᠡᠨ ᠬᠠᠯᠠᠰᠢᠷᠠᠬᠤ ᠦᠭᠡᠢ ᠦᠨᠡᠨ ᠢᠷᠣᠭᠠᠷ ᠢ᠋ ᠲᠤᠷᠰᠢᠵᠤ ᠣᠯᠤᠭᠠᠳ ᠰᠠᠶᠢ ᠰᠠᠢᠳ ᠡᠬᠡᠨᠡᠷ ᠦ᠋ᠨ ᠨᠥᠬᠥᠷ ᠡᠷ᠎ᠡ ᠳ᠋ᠦ᠍ᠷ ᠠᠪᠴᠤ ᠥᠭᠰᠦᠭᠡᠢ ᠬᠡᠮᠡᠪᠡᠰᠦ᠂ ᠰᠠᠢᠳ ᠤ᠋ᠨ ᠨᠥᠬᠥᠷ ᠡᠷ᠎ᠡ ᠠᠷᠪᠠᠨ ᠬᠤᠪᠢ ᠳᠡᠯᠠᠰᠢᠶᠠᠪᠡᠴᠦ᠂ ᠭᠠᠭᠴᠠ ᠪᠣᠭᠳᠠ ᠡᠵᠡᠨ ᠡᠴᠡ ᠲᠡᠭᠦᠨ ᠢ᠋ ᠥᠩᠭᠡ ᠬᠤᠷᠢᠴᠠᠯ ᠳ᠋ᠤᠷ ᠳᠤᠷᠠᠲᠠᠢ ᠭᠡᠮᠡᠨ ᠪᠤᠷᠤᠭᠤᠰᠢᠶᠠᠨ ᠵᠢᠮᠡᠯᠡᠬᠦ ᠡᠴᠡ ᠠᠶᠤᠬᠤᠢ ᠶ᠋ᠢᠨ ᠲᠤᠯᠠ ᠰᠠᠢᠳ ᠡᠬᠡᠨᠡᠷ ᠰᠠᠶᠢ ᠡᠳᠦᠢᠴᠢᠨᠡᠭᠡᠨ ᠠᠷᠭ᠎ᠠ ᠤᠬᠠᠭᠠᠨ ᠭᠠᠷᠭᠠᠵᠤ᠂ ᠴᠡᠷᠢᠭ ᠦ᠋ᠨ ᠵᠢᠨᠦᠩ ᠦ᠋ᠨ ᠵᠠᠬᠢᠶ᠎ᠠ ᠪᠠᠷ ᠴᠡᠷᠢᠭ ᠦ᠋ᠨ ᠬᠦᠷᠢᠶ᠎ᠡ ᠳ᠋ᠦ᠍ᠷ ᠬᠦᠴᠦᠨ ᠪᠠᠷᠢᠭᠤᠯᠤᠨ ᠵᠢᠳᠬᠦᠭᠦᠯᠵᠦ᠂ ᠭᠠᠪᠢᠶ᠎ᠠ ᠪᠠᠢᠭᠤᠯᠤᠭᠤᠯᠤᠨ᠂ ᠪᠣᠭᠳᠠ ᠡᠵᠡᠨ ᠪᠠ ᠪᠣᠭᠳᠠ ᠡᠬᠡ ᠶ᠋ᠢᠨ ᠠᠯᠲᠠᠨ ᠵᠠᠷᠯᠢᠭ ᠢ᠋ᠶ᠋ᠠᠷ ᠱᠠᠩᠨᠠᠨ ᠵᠢᠭᠠᠬᠤ ᠶ᠋ᠢ ᠡᠷᠢᠭᠰᠡᠨ ᠪᠥᠯᠥᠭᠡ᠃ ᠡᠳᠦᠭᠡ ᠪᠣᠭᠳᠠ ᠡᠬᠡ᠂ ᠠᠯᠲᠠᠨ ᠬᠠᠰ ᠤ᠋ᠨ ᠬᠣᠣᠰ ᠬᠣᠯᠪᠣᠭᠠᠨ ᠤ᠋ ᠰᠢᠯᠦᠭ ᠢ᠋ᠶ᠋ᠡᠷ ᠲᠡᠩᠰᠡᠵᠦ ᠠᠢᠯᠠᠳᠤᠨ ᠠᠰᠠᠭᠤᠵᠤ ᠡᠴᠢᠭᠡ ᠡᠬᠡ ᠦᠭᠡᠢ ᠥᠨᠥᠴᠢᠨ ᠬᠡᠦᠬᠡᠨ ᠢ᠋ ᠬᠢᠯᠢᠰᠳᠡᠭᠦᠯᠦᠨ ᠮᠤᠰᠬᠢᠭᠳᠠᠭᠤᠯᠬᠤ ᠪᠣᠯᠭᠤᠵᠠᠢ ᠭᠡᠮᠡᠨ ᠡᠨᠡᠷᠢᠯ ᠨᠢᠭᠦᠯᠡᠰᠬᠦ ᠲᠤᠢᠯ ᠤ᠋ᠨ ᠥᠷᠥᠰᠢᠶᠡᠯ ᠢ᠋ ᠰᠠᠢᠳ ᠡᠬᠡᠨᠡᠷ ᠪᠢ ᠦᠨᠡᠨ ᠵᠢᠷᠦᠬᠡᠨ ᠡᠴᠡ ᠰᠦᠰᠦᠭᠯᠡᠨ ᠰᠢᠲᠦᠮᠦᠢ 》ᠭᠡᠮᠡᠨ ᠳᠣᠲᠣᠷ᠎ᠠ ᠡᠨᠡᠷᠢᠨ ᠬᠠᠪᠠᠷ ᠪᠤᠷᠬᠢᠷᠠᠨ ᠪᠣᠭᠳᠠ ᠡᠬᠡ ᠶ᠋ᠢᠨ ᠭᠦᠨ ᠬᠣᠯᠠ ᠠᠰᠠᠷᠠᠬᠤᠢ ᠨᠢᠭᠦᠯᠡᠰᠬᠦ ᠬᠠᠢᠷ᠎ᠠ ᠥᠷᠥᠰᠢᠶᠡᠯ ᠳ᠋ᠦ᠍ᠷ ᠨᠢᠳᠦᠨ ᠳ᠋ᠦ᠍ᠷ ᠤᠰᠤᠨ ᠭᠦᠶᠦᠲᠡᠯᠡ ᠢᠭᠲᠦᠯᠦᠨ ᠬᠥᠳᠡᠯᠵᠦ ᠮᠥᠷᠭᠥᠪᠡ᠃ ᠬᠤᠸᠠᠩᠬᠡᠦ ᠤᠷᠢᠳᠤ ᠡᠳᠦᠷ ᠰᠣᠯᠤᠩᠭᠤᠸ᠎ᠠ ᠶ᠋ᠢᠨ ᠰᠤᠷᠲᠠᠯ ᠠᠰᠠᠭᠤᠯᠲᠠ ᠶ᠋ᠢᠨ ᠭᠦᠨ ᠬᠣᠯᠠ ᠶ᠋ᠢᠨ ᠲᠡᠳᠦᠢ ᠶ᠋ᠢ ᠪᠠᠬᠠᠷᠬᠠᠭᠰᠠᠨ ᠪᠥᠭᠡᠲᠡᠯ᠎ᠡ᠂ ᠡᠳᠦᠭᠡ ᠡᠨᠡ ᠨᠢᠭᠡᠨ ᠵᠡᠷᠭᠡ ᠶ᠋ᠢᠨ ᠨᠠᠢᠷ ᠰᠠᠨᠠᠭᠠᠨ ᠢ᠋ᠶ᠋ᠠᠨ ᠲᠣᠭᠠᠴᠢᠭᠰᠠᠨᠠ᠂ ᠲᠡᠭᠦᠨᠦ ᠲᠡᠭᠷᠢ ᠶ᠋ᠢᠨ ᠲᠥᠷᠥᠯᠬᠢ ᠤᠬᠠᠭᠠᠨ ᠦᠭᠡᠢ᠂ ᠰᠢᠯ ᠦ᠋ᠨ ᠬᠡᠬᠦᠳᠡᠭ᠂ ᠪᠣᠯᠣᠷ ᠤ᠋ᠨ ᠵᠢᠷᠦᠬᠡᠲᠦ ᠲᠦᠭ ᠲᠦᠮᠡᠨ ᠡᠬᠡᠨᠡᠷ ᠦ᠋ᠨ ᠳᠣᠲᠣᠷ᠎ᠠ ᠠ᠋ᠴᠠ ᠨᠢᠭᠡᠬᠡᠨ ᠬᠣᠶᠠᠷᠬᠠᠨ ᠴᠤ᠌ ᠰᠣᠩᠭᠣᠵᠤ᠂ ᠪᠣᠳᠢ ᠰᠤᠳᠠᠯᠲᠤ ᠡᠷ᠎ᠡ ᠪᠠ ᠡᠬᠡᠨᠡᠷ ᠴᠥᠮ ᠪᠣᠢ ᠠᠮᠤᠢ᠃ ᠪᠣᠳᠢ ᠰᠤᠳᠠᠯᠲᠤ ᠡᠷ᠎ᠡ ᠳ᠋ᠦ᠍ᠷ ᠬᠥᠪᠡᠭᠦᠨ ᠲᠥᠷᠥᠬᠦ ᠦᠭᠡᠢ᠂ ᠪᠣᠳᠢ ᠰᠤᠳᠠᠯᠲᠤ ᠡᠬᠡᠨᠡᠷ ᠡᠴᠡ ᠥᠬᠢᠨ ᠬᠥᠩᠭᠡᠵᠢᠬᠦ ᠦᠭᠡᠢ ᠭᠡᠮᠡᠨ ᠡᠮ ᠦ᠋ᠨ ᠰᠤᠳᠤᠷ ᠲᠤᠷ ᠢᠯᠡᠷᠬᠡᠢ ᠲᠣᠳᠣᠷᠬᠠᠢ ᠪᠣᠢ ᠠᠮᠤᠢ᠃ ᠡᠭᠦᠨ ᠢ᠋ ᠪᠤᠷᠬᠠᠨ ᠭᠡᠭᠡᠨ ᠳᠣᠯᠣᠭᠠᠨ ᠣᠲᠠᠴᠢ ᠨᠣᠮᠯᠠᠵᠤᠬᠤᠢ᠃ ᠦᠯᠦ ᠣᠯᠳᠠᠬᠤ ᠪᠣᠭᠳᠠᠰ ᠴᠢᠨᠠᠷ᠂ ᠪᠣᠳᠢ ᠰᠤᠳᠠᠯᠲᠤ ᠡᠬᠡᠨᠡᠷ ᠢ᠋ ᠰᠠᠶᠢ ᠤᠬᠠᠵᠤ ᠠᠢᠯᠠᠳᠤᠭᠠᠳ ᠲᠡᠰᠳᠡᠰᠢ ᠦᠭᠡᠢ ᠱᠠᠭᠰᠢᠨ ᠭᠠᠢᠬᠠᠵᠤ᠂ ᠮᠦᠰᠢᠶᠡᠨ ᠰᠠᠢᠰᠢᠶᠠᠵᠤ ᠵᠠᠷᠯᠢᠭ ᠪᠣᠯᠤᠷᠤᠨ :
《ᠰᠣᠯᠣᠩᠭᠣᠣ᠎ᠠ ᠬᠡᠦᠬᠡᠨ ᠦ᠌ ᠰᠤᠷᠲᠠᠯ ᠤ᠋ᠨ ᠲᠡᠳᠦᠢᠯᠡ ᠢᠨᠦ ᠰᠣᠴᠢᠯᠲᠠᠢ ᠰᠠᠢᠰᠢᠶᠠᠯᠲᠠᠢ ᠪᠤᠰᠤ ᠠᠵᠤᠭᠤ᠃ ᠭᠤᠸ᠎ᠠ ᠬᠡᠦᠬᠡᠨ ᠦ᠌ ᠭᠣᠣᠯ ᠵᠢᠷᠦᠬᠡ ᠶ᠋ᠢᠨ ᠪᠦᠬᠦᠢ ᠶ᠋ᠢᠨ ᠰᠤᠳᠠᠯ ᠴᠤ᠌ ᠪᠣᠯᠣᠷ ᠠᠳᠠᠯᠢ ᠠᠷᠢᠭᠤᠨ ᠭᠡᠭᠡᠨ ᠷᠠᠭᠢᠨᠢ ᠠᠵᠠᠢ》ᠬᠡᠮᠡᠪᠡ᠃
ᠲᠡᠳᠦᠢ ᠪᠣᠯᠣᠷ ᠡᠷᠳᠡᠨᠢ ᠶ᠋ᠢᠨ ᠬᠣᠭᠣᠯᠠᠪᠴᠢ ᠪᠠ ᠡᠷᠢᠭᠡ ᠬᠢᠭᠡᠳ ᠠᠷᠢᠭᠤᠨ ᠭᠡᠭᠡᠬᠡᠨ ᠠᠯᠮᠠᠰ ᠡᠷᠳᠡᠨᠢ ᠶ᠋ᠢᠨ ᠠᠭᠠᠭ ᠰᠤᠪᠤᠳ ᠢ᠋ᠶ᠋ᠠᠷ ᠬᠡᠯᠬᠢᠨ ᠬᠠᠳᠬᠤᠮᠠᠯᠯᠠᠭᠰᠠᠨ ᠭᠦᠩᠵᠦ ᠶ᠋ᠢᠨ ᠵᠡᠷᠭᠡ ᠶ᠋ᠢᠨ ᠪᠣᠰᠤᠭ᠎ᠠ ᠵᠣᠭᠰᠣᠬᠤ ᠡᠰᠡᠷᠭᠦ ᠬᠠᠨᠳᠤᠬᠤ ᠪᠦᠬᠦᠯᠢ ᠯᠤᠤ ᠶ᠋ᠢᠨ ᠫᠦᠰᠸ ᠱᠠᠩᠨᠠᠨ ᠬᠠᠳᠠᠭᠤᠯᠵᠤ᠂ ᠪᠠᠰᠠ ᠴᠡᠷᠢᠭ ᠦ᠋ᠨ ᠲᠤᠭ ᠳᠠᠯᠪᠠᠭ᠎ᠠ ᠪᠠ ᠰᠢᠬᠦᠷ ᠲᠠᠲᠠᠷ ᠤ᠋ᠨ ᠳᠡᠭᠡᠷ᠎ᠡ ᠣᠷᠣᠢ᠂ ᠦᠷᠭᠦᠭᠡᠨ ᠦ᠌ ᠣᠷᠣᠢ ᠶ᠋ᠢ ᠴᠥᠮ ᠰᠢᠯ ᠪᠣᠯᠣᠷ ᠤ᠋ᠨ ᠣᠷᠣᠢ ᠨᠡᠮᠡᠵᠦ ᠬᠡᠷᠡᠭᠯᠡᠭᠦᠯᠦᠨ᠂ ᠲᠡᠭᠦᠨ ᠣ ᠭᠣᠣᠯ ᠵᠢᠷᠦᠬᠡ ᠶ᠋ᠢᠨ ᠬᠠᠷᠠᠮ ᠦᠭᠡᠢ ᠭᠡᠭᠡᠬᠡᠨ ᠠᠷᠢᠭᠤᠨ ᠲᠤᠩᠭᠠᠯᠠᠭ ᠢᠯᠭᠤᠮ ᠢ᠋ ᠠᠨᠤ ᠢᠯᠡᠷᠬᠡᠢᠯᠡᠪᠡᠢ᠃ ᠬᠤᠸᠠᠩᠬᠡᠦ ᠶ᠋ᠢᠨ ᠱᠠᠩᠨᠠᠭᠰᠠᠨ ᠨᠢᠭᠡᠨ ᠬᠣᠣᠰ ᠪᠣᠰᠤᠭ᠎ᠠ ᠲᠠᠲᠠᠷ ᠬᠢᠭᠢᠷᠢ ᠳ᠋ᠦ᠍ᠷ ᠬᠠᠢᠷᠠᠯᠠᠭᠰᠠᠨ ᠵᠠᠷᠯᠢᠭ ᠤ᠋ᠨ ᠦᠰᠦᠭ᠄
ᠭᠡᠷ ᠦ᠋ᠨ ᠳᠣᠲᠣᠷᠠᠬᠢ ᠭᠡᠭᠡᠬᠡᠨ ᠭᠣᠣᠯᠲᠤ ᠬᠠᠲᠤᠨ ᠭᠦᠩᠵᠦ
ᠡᠬᠡᠨᠡᠷ ᠦ᠋ᠨ ᠰᠦᠷᠦᠭ ᠦ᠋ᠨ ᠡᠷᠳᠡᠨᠢ ᠵᠢᠷᠦᠬᠡᠲᠦ ᠠᠪᠠᠬᠠᠢ ᠦᠬᠢ᠃
ᠬᠡᠮᠡᠵᠦᠬᠦᠢ᠃ ᠪᠠᠰᠠ ᠤᠭ ᠪᠠᠢᠭᠰᠠᠨ ᠰᠡᠷᠭᠦᠯᠡᠩ ᠭᠦᠩᠵᠦ ᠬᠡᠮᠡᠭᠰᠡᠨ ᠴᠣᠯᠠ ᠶ᠋ᠢᠨ ᠳᠡᠭᠡᠷ᠎ᠡ᠂ ᠭᠡᠭᠡᠬᠡᠨ ᠬᠡᠮᠡᠬᠦ ᠦᠭᠡᠰ ᠨᠡᠮᠡᠵᠦ᠂ ᠭᠡᠭᠡᠬᠡᠨ ᠰᠡᠷᠭᠦᠯᠡᠩ ᠭᠦᠩᠵᠦ ᠭᠡᠮᠡᠨ ᠡᠷᠭᠦᠮᠵᠢᠯᠡᠪᠡ᠃
ᠤᠭ ᠬᠠᠭᠤᠴᠢᠨ 《ᠬᠥᠬᠡ ᠰᠤᠳᠤᠷ᠎ᠠ 》ᠡᠨᠡ ᠨᠢᠭᠡᠨ ᠴᠢᠭ ᠦ᠋ᠨ ᠬᠡᠰᠢᠭ ᠰᠢᠳᠬᠡᠯ ᠢ᠋ ᠲᠡᠮᠳᠡᠭᠯᠡᠭᠰᠡᠨ ᠢᠨᠦ:
《ᠪᠣᠭᠳᠠ ᠬᠤᠸᠠᠩᠬᠡᠦ ᠪᠥᠷᠲᠡᠭᠡᠯᠵᠢᠨ ᠰᠡᠴᠡᠨ ᠬᠠᠲᠤᠨ ᠢ᠋ᠶ᠋ᠠᠷ
ᠪᠣᠯᠣᠷ ᠣᠷᠣᠢ ᠪᠠᠷ ᠪᠤᠯᠲᠤ ᠡᠬᠡᠨᠡᠷ ᠢ᠋ ᠤᠬᠠᠭᠤᠯᠵᠤ
ᠪᠤᠵᠠᠷ ᠪᠤᠷᠲᠠᠭ ᠬᠠᠷᠠᠩᠭᠤᠢ ᠬᠠᠷᠠᠮ ᠢ᠋ ᠴᠡᠭᠡᠷᠯᠡᠭᠦᠯᠦᠨ
ᠪᠣᠷᠵᠢᠭᠢᠳ ᠤ᠋ᠨ ᠲᠥᠷᠥ ᠶ᠋ᠢᠨ ᠲᠦᠭ ᠲᠦᠮᠡᠨ ᠢ᠋ ᠵᠠᠰᠠᠭᠯᠠᠪᠠ ᠬᠡᠮᠡᠪᠡᠢ᠃
ᠲᠡᠭᠦᠨᠴᠡ ᠰᠠᠢᠬᠠᠨ ᠭᠦᠦᠷ ᠬᠡᠦᠬᠡᠨ᠂ ᠪᠡᠯᠭᠦᠳᠡᠢ ᠴᠢᠨ ᠸᠠᠩ ᠤ᠋ᠨ ᠴᠡᠷᠢᠭ ᠦ᠋ᠨ ᠡᠮᠦᠨᠡᠲᠦ ᠬᠦᠷᠢᠶ᠎ᠡ ᠳ᠋ᠦ᠍ᠷ ᠵᠢᠳᠬᠦᠭᠰᠡᠨ ᠢ᠋ᠶ᠋ᠡᠷ ᠭᠠᠪᠢᠶ᠎ᠠ ᠪᠠᠢᠭᠤᠯᠤᠭᠰᠠᠨ ᠤ᠋ ᠲᠤᠯᠠᠳᠠ ᠪᠡᠯᠭᠦᠳᠡᠢ ᠴᠢᠨ ᠸᠠᠩ ᠤ᠋ᠨ ᠹᠧᠢ ᠬᠠᠲᠤᠨ ᠳ᠋ᠤᠷ ᠵᠢᠷᠤᠮ ᠤ᠋ᠨ ᠬᠡᠦᠬᠡᠨ ᠪᠣᠯᠭᠠᠨ ᠰᠢᠷᠭᠤᠭᠤᠯᠤᠨ ᠮᠥᠷᠭᠥᠭᠦᠯᠵᠦ᠂ ᠥᠬᠢᠨ ᠦᠷ᠎ᠡ ᠪᠣᠯᠭᠠᠨ ᠲᠡᠵᠢᠶᠡᠯᠭᠡᠭᠡᠳ᠂ ᠪᠠᠰᠠ ᠲᠡᠭᠦᠨᠦ ᠴᠡᠷᠢᠭ ᠦ᠋ᠨ ᠬᠦᠷᠢᠶ᠎ᠡ ᠳ᠋ᠦ᠍ᠷ ᠵᠢᠳᠬᠦᠵᠦ᠂ ᠴᠢᠰᠤᠨ ᠪᠠᠢᠯᠳᠤᠭᠠᠨ ᠤ᠋ ᠡᠮᠦᠨ᠎ᠡ ᠲᠣᠭᠰᠢᠨ ᠬᠣᠲᠣᠩ ᠤ᠋ᠳ ᠤ᠋ᠨ ᠳᠥᠷᠪᠡᠨ ᠲᠦᠮᠡᠨ ᠴᠡᠷᠢᠭ ᠢ᠋ ᠲᠤᠯᠤᠨ ᠡᠭᠡᠭᠦᠯᠦᠭᠰᠡᠨ ᠭᠠᠪᠢᠶ᠎ᠠ ᠳ᠋ᠤᠷ ᠠᠨᠤ 《ᠴᠢᠭᠢᠷᠠᠭ ᠵᠢᠳᠬᠦᠯᠳᠦ ᠵᠢᠶᠤᠢ᠍ᠨ ᠵᠣ᠌ 》 ᠬᠡᠮᠡᠬᠦ ᠴᠣᠯᠠ ᠬᠠᠢᠷᠠᠯᠠᠨ ᠡᠷᠭᠦᠮᠵᠢᠯᠡᠵᠦ᠂ ᠳᠥᠷᠪᠡᠨ ᠬᠦᠷᠢᠶ᠎ᠡ ᠰᠢᠷ᠎ᠠ ᠣᠶᠣᠭ ᠲᠡᠳᠡᠮᠡᠯᠲᠦ ᠥᠷᠭᠥᠭᠡ ᠭᠡᠷ᠂ ᠸᠠᠩ ᠤ᠋ᠨ ᠬᠡᠦᠬᠡᠨ ᠦ᠌ ᠵᠡᠷᠭᠡ ᠬᠤᠪᠢᠶᠠᠷᠢ ᠶ᠋ᠢᠨ ᠲᠠᠲᠠᠷ ᠰᠢᠬᠦᠷ᠂ ᠢᠯᠳᠦ ᠰᠠᠭᠠᠲᠠᠭᠴᠢ ᠶ᠋ᠢᠨ ᠵᠢᠭᠰᠠᠭᠠᠯ ᠪᠠᠢᠷᠢᠯᠠᠯᠳᠤ ᠬᠣᠣᠰ ᠮᠣᠷᠢ ᠶ᠋ᠢᠨ ᠬᠣᠰᠢᠭᠤᠴᠢ ᠪᠠ ᠡᠷ᠎ᠡ ᠡᠮ᠎ᠡ ᠳᠥᠴᠢᠨ ᠠᠮᠠᠨ ᠭᠡᠷ ᠢᠨᠵᠢ ᠲᠡᠢ ᠪᠡᠷ ᠭᠡᠭᠡᠬᠡᠨ ᠰᠡᠷᠭᠦᠯᠡᠩ ᠰᠣᠯᠤᠩᠭᠤᠸ᠎ᠠ ᠭᠦᠩᠵᠦ ᠳ᠋ᠦ᠍ᠷ ᠬᠡᠦᠬᠡᠨ ᠳᠡᠭᠦᠦ ᠪᠣᠯᠭᠠᠨ ᠪᠠᠭᠤᠯᠭᠠᠨ ᠥᠭᠴᠦ᠂ ᠲᠡᠭᠦᠨᠴᠡ ᠰᠠᠶᠢ ᠬᠦᠩ ᠠᠯᠲᠠᠨᠱᠠᠭ᠎ᠠ ᠳᠠᠬᠢᠨ ᠶᠡᠬᠡᠰ ᠨᠣᠶᠠᠳ ᠢ᠋ ᠵᠠᠭᠤᠯᠴᠢ ᠣᠷᠣᠭᠤᠯᠤᠨ᠂ ᠭᠡᠭᠡᠬᠡᠨ ᠰᠡᠷᠭᠦᠯᠡᠩ ᠭᠥᠭᠵᠦ ᠰᠤᠯᠤᠩᠭᠤᠸ᠎ᠠ ᠶ᠋ᠢᠨ ᠬᠡᠦᠬᠡᠨ ᠳᠡᠭᠦᠦ ᠶ᠋ᠢ ᠤᠷᠤᠭ ᠭᠣᠶᠣᠬᠤᠢ ᠶ᠋ᠢᠨ ᠶᠣᠰᠣᠭᠠᠷ ᠭᠤᠶᠤᠯᠭᠠᠵᠤ᠂ ᠮᠥᠨ ᠬᠦ᠌ ᠶᠢᠰᠦᠨ ᠶᠢᠰᠦᠨ ᠦ᠌ ᠪᠠᠯᠩ ᠬᠦᠷᠭᠡᠨ ᠪᠡᠯᠭᠦᠳᠡᠢ ᠴᠢᠨ ᠸᠠᠩ ᠤ᠋ᠨ ᠣᠷᠲᠣᠨ᠎ᠠ ᠮᠥᠷᠭᠥᠵᠦ ᠶᠣᠰᠣᠯᠠᠯ ᠢ᠋ ᠪᠦᠷᠢᠳᠬᠡᠯᠭᠡᠨ᠂ ᠰᠠᠶᠢ ᠬᠤᠸᠠᠩᠬᠡᠦ ᠶ᠋ᠢᠨ ᠵᠠᠷᠯᠢᠭ ᠤ᠋ᠨ ᠡᠯᠴᠢ ᠮᠥᠨ ᠬᠦ᠌ ᠭᠡᠭᠡᠬᠡᠨ ᠭᠦᠩᠵᠦ ᠪᠡᠷ ᠬᠤᠳᠠᠭᠠᠢ ᠬᠠᠲᠤᠨ ᠪᠣᠯᠭᠠᠨ᠂ ᠬᠦᠷᠭᠡᠯᠭᠡᠨ ᠪᠠᠭᠤᠯᠭᠠᠨ ᠥᠭᠴᠦ᠂ ᠳᠠᠪᠬᠤᠷ ᠬᠤᠷᠢᠮ ᠬᠢᠯᠭᠡᠵᠦ᠂ ᠰᠠᠶᠢ ᠬᠣᠣᠰᠯᠠᠨ ᠬᠣᠯᠪᠣᠵᠤ ᠶᠡᠬᠡ ᠶᠣᠰᠣᠯᠠᠯ ᠢ᠋ ᠲᠡᠭᠦᠰᠬᠡᠯᠭᠡᠨ ᠭᠦᠢᠴᠡᠳᠭᠡᠯᠭᠡᠪᠡ᠃ ᠡᠨᠡ ᠢᠨᠤ ᠪᠤᠰᠤ ᠤᠴᠢᠷ ᠦᠭᠡᠢ᠃ ᠨᠠᠢ᠍ᠮᠠᠨ ᠠᠢᠮᠠᠭ ᠤ᠋ᠨ ᠳᠣᠣᠷᠠᠬᠢ ᠰᠠᠢᠳ ᠲᠦᠰᠢᠮᠡᠳ ᠪᠠ ᠠᠷᠠᠳ ᠠᠯᠪᠠᠲᠤ ᠠᠨᠤ ᠪᠠᠭ᠎ᠠ ᠭᠡᠷᠭᠡᠢ ᠭᠡᠮᠡᠨ ᠳᠣᠷᠣᠮᠰᠢᠶᠠᠨ ᠦᠵᠡᠬᠦᠢ ᠶ᠋ᠢ ᠠᠷᠢᠯᠭᠠᠵᠤ᠂ ᠠᠯᠤᠰ ᠴᠠᠭᠠᠨ᠎ᠠ ᠠᠨᠤ ᠪᠠᠰᠠ ᠰᠣᠯᠤᠩᠭᠤᠤᠠ ᠶ᠋ᠢᠨ ᠶᠡᠬᠡ ᠬᠠᠲᠤᠨ᠂ ᠪᠠᠭ᠎ᠠ ᠭᠡᠷᠭᠡᠢ ᠶ᠋ᠢ ᠦᠵᠡᠬᠦ ᠶ᠋ᠢᠨ ᠳᠦᠷᠢᠮ ᠢ᠋ ᠤᠰᠠᠳᠬᠠᠵᠤ᠂ ᠲᠥᠷᠥᠭᠰᠡᠨ ᠡᠭᠡᠴᠢ ᠢᠨᠤ ᠬᠡᠦᠬᠡᠨ ᠳᠡᠭᠦᠦ ᠪᠡᠨ ᠬᠠᠮᠠᠭᠠᠯᠠᠨ ᠡᠨᠡᠷᠢᠬᠦᠢ ᠶ᠋ᠢᠨ ᠵᠦᠢᠴᠡᠯ ᠢ᠋ᠶ᠋ᠡᠷ ᠠᠪᠠᠴᠢᠵᠤ ᠰᠠᠢᠬᠠᠨ ᠭᠦᠦᠷ ᠢ᠋ ᠡᠷᠬᠡᠲᠡᠢᠬᠡᠨ ᠬᠦᠨᠳᠥᠲᠡᠢᠬᠡᠨ ᠪᠣᠯᠭᠠᠭᠰᠠᠨ ᠤ᠋ ᠬᠤᠸᠠᠩᠬᠡᠦ ᠥᠷᠥᠰᠢᠶᠡᠯ ᠮᠥᠨ᠃
ᠲᠡᠨᠳᠡᠴᠡ ᠰᠠᠷᠯᠢᠭ᠋ ᠤᠯᠤᠰ ᠤ᠋ᠨ ᠰᠠᠢᠬᠠᠨ ᠭᠦᠦᠷ ᠪᠦᠸᠸᠵᠦ ᠪᠡᠷ ᠴᠢᠬᠡᠴᠢ ᠮᠣᠩᠭᠣᠯ ᠤ᠋ᠨ ᠴᠢᠬᠢᠷᠡᠭ ᠵᠢᠳᠬᠦᠯᠳᠦ ᠵᠢᠶᠦ᠋ᠨ ᠵᠣ᠌ ᠪᠣᠯᠤᠨ ᠬᠤᠪᠢᠯᠤᠭᠠᠳ᠂ ᠴᠢᠨ ᠸᠠᠩ ᠤ᠋ᠨ ᠵᠢᠶᠦ᠋ᠨ ᠵᠣ᠌ ᠶ᠋ᠢᠨ ᠵᠡᠷᠭᠡ ᠬᠤᠪᠢ ᠪᠠᠷ ᠪᠠᠭᠤᠯᠭᠠᠨ᠂ ᠬᠦᠩ ᠦ᠋ᠨ ᠬᠠᠲᠤᠨ ᠤ ᠬᠥᠰᠢᠭᠡ ᠰᠠᠨᠳᠠᠯᠢ ᠶ᠋ᠢᠨ ᠬᠤᠷᠢᠮ ᠳ᠋ᠤᠷ ᠣᠷᠣᠵᠤ᠂ ᠬᠠᠭᠠᠨ ᠤ᠋ ᠬᠤᠸᠠᠩᠬᠡᠦ ᠶ᠋ᠢᠨ ᠵᠠᠷᠯᠢᠭ ᠢ᠋ᠶ᠋ᠠᠷ ᠵᠢᠭᠠᠵᠤ ᠰᠣᠶᠣᠷᠬᠠᠭᠰᠠᠨ᠂ ᠬᠠᠰ ᠰᠠᠢᠬᠠᠨ ᠭᠦᠩᠵᠦ ᠬᠠᠲᠤᠨ ᠪᠦᠸᠸᠵᠦ ᠠᠪᠠᠬᠠᠢ ᠪᠠᠷ ᠠᠷᠠᠢ ᠰᠠᠶᠢ ᠠᠷᠪᠠᠨ ᠵᠢᠷᠭᠤᠭᠠᠨ ᠨᠠᠰᠤᠲᠠᠢ᠂ ᠠᠯᠢᠶᠠᠷᠬᠠᠨ ᠨᠠᠭᠠᠳᠬᠤ ᠦᠶ᠎ᠡ ᠪᠣᠯᠪᠠᠴᠤ᠂ ᠠᠪᠴᠤ ᠲᠥᠷᠥᠭᠰᠡᠨ ᠪᠡᠶ᠎ᠡ ᠴᠣᠭᠴᠠ ᠠᠨᠤ ᠠᠳᠠᠪᠠᠰᠢ ᠰᠣᠭᠲᠣᠮᠠ ᠥᠨᠳᠥᠷ ᠦ᠋ᠨ ᠲᠤᠯᠠᠳᠠ᠂ ᠠᠯᠲᠠᠨ ᠬᠥᠪᠡᠭᠦᠨ ᠤ ᠠᠮᠠᠷᠠᠭᠯᠠᠨ ᠢᠨᠠᠭᠯᠠᠬᠤᠢ ᠶ᠋ᠢᠨ ᠠᠯᠢᠪᠠ ᠠᠭᠠᠰᠢ ᠶ᠋ᠢ ᠠᠶᠠᠳᠠᠨ ᠬᠦᠯᠢᠶᠡᠵᠦ ᠴᠢᠳᠠᠭᠠᠳ᠂ ᠠᠷᠢᠭᠤᠨ ᠴᠠᠭᠠᠨ ᠬᠠᠰ ᠴᠢᠯᠠᠭᠤᠨ ᠤ᠋ ᠭᠠᠷᠭ᠎ᠠ ᠶ᠋ᠢ ᠠᠯᠲᠠᠨ ᠭᠠᠳᠠᠰᠤᠨ ᠡᠰᠢ ᠳ᠋ᠦ᠍ᠷ ᠡᠮᠦᠰᠬᠡᠭᠰᠡᠨ ᠮᠡᠲᠦ ᠠᠷᠤ ᠥᠪᠥᠷ ᠠᠳᠠᠯᠢ ᠪᠠᠷ ᠡᠷᠳᠡᠨᠢᠰ ᠠᠰᠤᠷᠤ ᠬᠡᠲᠦᠷᠬᠡᠢ ᠠᠮᠠᠷᠠᠭ ᠬᠠᠯᠠᠭᠤᠨ ᠵᠠᠭᠤᠷᠠᠯᠳᠤᠭᠠᠳ᠂ ᠠᠮᠠᠭᠠᠵᠢᠨ ᠠᠪᠤᠯᠴᠠᠭᠰᠠᠭᠠᠷ ᠠᠮᠠᠷᠠᠨ ᠲᠠᠭᠠᠯᠠᠵᠤ᠂ ᠠᠷᠠᠰᠤ ᠮᠢᠬ᠎ᠠ ᠦᠶᠡᠰ ᠭᠡᠰᠢᠭᠦᠨ ᠨᠡᠢᠲᠡ ᠳ᠋ᠦ᠍ᠷ ᠨᠡᠪᠲᠡᠷᠡᠯᠴᠡᠪᠡᠢ᠃ ᠠᠪᠴᠤ ᠥᠭᠭᠦᠭᠰᠡᠨ ᠭᠦᠩᠵᠦ ᠰᠤᠯᠤᠩᠭᠤᠸ᠎ᠠ᠂ ᠠᠳᠠᠪᠠᠰᠢ ᠪᠠᠶᠠᠷᠯᠠᠨ ᠠᠯᠲᠠᠨ ᠲᠥᠷᠥ ᠶ᠋ᠢᠨ ᠶᠣᠰᠣᠯᠠᠯ ᠢ᠋ ᠭᠦᠢᠴᠡᠳᠬᠡᠨ᠂ ᠠᠰᠠᠷᠠᠯᠲᠤ ᠪᠣᠭᠳᠠ ᠴᠢᠩᠭᠢᠰ ᠬᠠᠭᠠᠨ ᠤ᠋ ᠬᠡᠰᠢᠭ ᠲᠣᠷ ᠮᠥᠷᠭᠥᠷ᠎ᠡ ᠤᠷᠢᠳᠠ ᠮᠣᠷᠳᠠᠨ ᠬᠥᠳᠡᠯᠦᠭᠡᠳ᠂ ᠠᠷᠠᠭᠠᠮᠵᠢᠯᠠᠨ ᠵᠠᠭᠤᠷᠠᠯᠳᠤᠬᠤ ᠰᠢᠨ᠎ᠡ ᠨᠥᠬᠥᠷ ᠡᠮ᠎ᠡ ᠠᠯᠢᠪᠠ ᠮᠥᠷᠭᠥᠯ ᠢ᠋ ᠭᠦᠢᠴᠡᠳᠬᠡᠨ ᠲᠣᠭᠣᠷᠢᠨ ᠮᠥᠷᠭᠥᠵᠦ᠂ ᠠᠰᠠᠷᠠᠬᠤᠢ ᠳᠡᠭᠡᠳᠦᠰ ᠨᠠᠷ ᠤ᠋ᠨ ᠳᠠᠪᠬᠤᠷ ᠱᠠᠩ ᠳ᠋ᠤᠷ ᠲᠣᠯᠣᠭᠠᠢ ᠲᠣᠭᠣᠷᠢᠨ ᠶᠡᠬᠡᠯ᠎ᠡ ᠬᠦᠷᠲᠡᠯᠴᠡᠭᠡᠳ᠂ ᠠᠯᠭᠤᠷ ᠠᠭᠠᠵᠢᠮ ᠢ᠋ᠶ᠋ᠠᠷ ᠶᠡᠬᠡ ᠴᠡᠷᠢᠭ ᠢ᠋ᠶ᠋ᠡᠨ ᠠᠪᠴᠤ᠂ ᠬᠠᠭᠤᠴᠢᠨ ᠨᠠᠢ᠍ᠮᠠᠨ ᠤ᠋ ᠵᠦᠭ ᠵᠦᠭᠯᠡᠵᠦ᠂ ᠠᠢᠯᠠᠳᠬᠠᠯ ᠪᠢᠴᠢᠭ ᠦ᠋ᠨ ᠪᠠᠭᠤᠵᠤ ᠢᠷᠡᠬᠦᠢ ᠶ᠋ᠢ ᠠᠩᠬᠠᠷᠤᠨ ᠬᠦᠯᠢᠶᠡᠷ᠎ᠡ ᠠᠩᠭᠠᠷᠠᠭᠯᠠᠨ ᠢᠨᠢᠶᠡᠯᠴᠡᠭᠰᠡᠭᠡᠷ ᠮᠣᠷᠳᠠᠪᠠ᠃ ᠡᠨᠡ ᠨᠢᠭᠡᠨ ᠠᠩᠭᠢ ᠬᠡᠷᠡᠭ ᠬᠡᠮᠡᠭᠴᠢ ᠲᠠᠢᠪᠤᠤ ᠪᠤᠭᠤᠷᠵᠢ ᠨᠣᠶᠠᠨ ᠤ᠋ ᠡᠭᠦᠷᠴᠦ ᠢᠷᠡᠭᠰᠡᠨ ᠨᠠᠢ᠍ᠮᠠᠨ ᠤ᠋ ᠵᠠᠷᠯᠢᠭ ᠬᠦᠷᠴᠦ ᠢᠷᠡᠮᠡᠭᠴᠡ ᠳᠠᠷᠤᠢ ᠰᠢᠳᠬᠡᠨ ᠲᠣᠭᠲᠠᠭᠠᠭᠰᠠᠨ ᠬᠡᠷᠡᠭ ᠢ ᠡᠳᠦᠭᠡ ᠭᠤᠷᠪᠠᠨ ᠶᠡᠬᠡᠰ ᠰᠠᠢᠳ᠂ ᠲᠠᠢᠬᠡᠦ ᠶ᠋ᠢᠨ ᠬᠠᠭᠠᠨ ᠳ᠋ᠤᠷ ᠪᠠᠭᠤᠯᠭᠠᠭᠰᠠᠨ ᠵᠠᠷᠯᠢᠭ ᠢ᠋ ᠬᠥᠷᠭᠡᠬᠦᠷᠡ ᠬᠠᠮᠲᠤ ᠶᠠᠪᠤᠭᠤᠯᠤᠭᠰᠠᠨ ᠬᠡᠷᠡᠭ ᠢ ᠡᠳᠦᠭᠡ ᠰᠠᠶᠢ ᠨᠥᠬᠥᠵᠦ ᠲᠣᠭᠠᠴᠢᠭᠰᠠᠨ ᠠᠨᠤ ᠪᠤᠶᠤ᠃ ᠪᠢᠴᠢᠭ ᠠᠢᠯᠠᠳᠬᠤ ᠮᠡᠷᠭᠡᠳ ᠲᠣᠳᠣᠷᠬᠠᠢᠯᠠᠨ ᠮᠡᠳᠡᠭᠳᠡᠬᠦᠢ᠃
ᠲᠡᠨᠳᠡᠴᠡ ᠲᠠᠢᠬᠡᠦ ᠶ᠋ᠢᠨ ᠵᠠᠷᠯᠢᠭ ᠡᠭᠦᠷᠦᠭᠰᠡᠨ ᠭᠤᠷᠪᠠᠨ ᠰᠠᠢᠳ ᠪᠠᠰᠠ ᠵᠠᠷᠯᠢᠭ ᠢ᠋ᠶ᠋ᠠᠷ ᠬᠢᠳᠠᠨ ᠤ᠋ ᠡᠵᠡᠨ᠂ ᠠ ᠯᠦᠨ ᠦ᠌ ᠦᠬᠦᠳᠡᠯ ᠶᠠᠰᠤ ᠶ᠋ᠢ ᠬᠦᠷᠭᠡᠬᠦ ᠴᠡᠷᠢᠭ ᠦ᠋ᠨ ᠲᠦᠰᠢᠮᠡᠳ ᠪᠠᠰᠠ ᠬᠡᠰᠢᠭ ᠲᠣᠷ ᠮᠥᠷᠭᠥᠨ ᠵᠠᠷᠯᠢᠭ ᠰᠣᠨᠣᠰᠴᠤ᠂ ᠰᠤᠯᠤᠩᠭᠤᠸ᠎ᠠ ᠪᠠᠰᠠ ᠲᠠᠭᠠᠯᠳᠤᠭᠠᠷ ᠮᠣᠷᠳᠠᠵᠤ᠂ ᠠᠯᠲᠠᠨᠱᠠᠭ᠎ᠠ ᠰᠠᠢᠬᠠᠨ ᠭᠦᠦᠷ ᠰᠢᠨ᠎ᠡ ᠨᠥᠬᠥᠷ ᠡᠮ᠎ᠡ᠂ ᠳᠠᠷᠠᠭ᠎ᠠ ᠳᠠᠷᠠᠭ᠎ᠠ ᠪᠠᠷ ᠲᠣᠯᠣᠭᠠᠢ ᠰᠡᠭᠦᠯ ᠵᠠᠯᠭᠠᠯᠳᠤᠨ ᠬᠠᠭᠤᠴᠢᠨ ᠨᠠᠢ᠍ᠮᠠᠨ ᠤ᠋ ᠦᠷᠦᠮᠴᠢ ᠪᠠᠯᠭᠠᠳ ᠤ᠋ᠨ ᠵᠦᠭ ᠮᠣᠷᠳᠠᠯᠴᠠᠨ ᠬᠥᠳᠡᠯᠵᠦ᠂ ᠮᠢᠩᠭᠠᠨ ᠢᠯᠡᠭᠦᠦ ᠭᠠᠵᠠᠷ ᠤ᠋ᠨ ᠬᠣᠯᠠ᠂ ᠴᠡᠷᠢᠭ ᠮᠣᠷᠢᠨ ᠲᠡᠷᠭᠡ ᠵᠢᠭᠰᠠᠭᠠᠯ ᠵᠠᠯᠭ᠎ᠠ ᠵᠠᠯᠭ᠎ᠠ ᠶᠠᠪᠤᠵᠤ᠂ ᠠᠷᠤ ᠡᠯᠡᠰᠦᠨ ᠦ᠌ ᠠᠭᠤᠳᠠᠮ ᠲᠡᠨᠢᠭᠡᠷ ᠲᠠᠯ᠎ᠠ ᠪᠡᠯᠴᠢᠭᠡᠷᠡ᠂ ᠠᠳᠠᠪᠠᠰᠢ ᠬᠠᠷᠢᠨ ᠬᠥᠷ ᠨᠠᠢᠷ ᠦᠢᠮᠡᠭᠡᠨ ᠬᠥᠭᠵᠢᠮ ᠲᠡᠢ ᠶ᠋ᠢ ᠨᠢᠭᠡᠨ ᠦᠭᠡᠰ ᠲᠣᠷ ᠲᠣᠪᠴᠢᠶᠠᠯᠠᠨ ᠪᠦᠷᠢᠳᠭᠡᠰᠢ ᠦᠭᠡᠢ᠃ ᠲᠡᠭᠦᠨᠴᠡ ᠤᠷᠢᠳᠠ ᠮᠣᠷᠳᠠᠭᠰᠠᠨ᠂ ᠲᠠᠢᠬᠡᠦ ᠶ᠋ᠢᠨ ᠵᠠᠷᠯᠢᠭ ᠤ᠋ᠨ ᠡᠯᠴᠢ ᠭᠤᠷᠪᠠᠨ ᠶᠡᠬᠡᠰ ᠨᠣᠶᠠᠳ ᠢ᠋ᠶ᠋ᠠᠷ ᠴᠠᠭ ᠮᠥᠴᠡ ᠲᠡᠢ ᠮᠣᠷᠳᠠᠨ ᠬᠥᠳᠡᠯᠵᠦ᠂ ᠪᠠᠭᠤᠳᠠᠯ ᠨᠡᠭᠦᠳᠡᠯ ᠢ ᠤᠷᠤᠭᠰᠢᠯᠠᠨ ᠪᠡᠯᠡᠳᠬᠡᠭᠦᠯᠵᠦ᠂ ᠰᠠᠭᠠᠲᠠᠯ ᠦᠭᠡᠢ ᠱᠠᠭᠠᠷᠳᠠᠨ ᠠᠷᠪᠠᠨ ᠢᠯᠡᠭᠦᠦ ᠡᠳᠦᠷ ᠶᠠᠪᠤᠵᠤ ᠰᠠᠶᠢ ᠬᠠᠭᠤᠴᠢᠨ ᠨᠠᠢ᠍ᠮᠠᠨ ᠤ᠋ ᠦᠷᠦᠮᠴᠢ ᠪᠠᠯᠭᠠᠳ ᠲᠤᠷ ᠬᠦᠷᠴᠦ᠂ ᠠᠶᠤᠮᠰᠢᠭ ᠦᠭᠡᠢ ᠠᠯᠭᠤᠷᠯᠠᠬᠤ ᠦᠭᠡᠢ᠂ ᠠᠶᠤᠮᠰᠢᠭᠲᠤ ᠴᠠᠭᠠᠵᠠᠲᠤ ᠵᠢᠨᠦᠩ ᠦ᠋ᠨ ᠠᠷᠰᠯᠠᠨᠲᠤ ᠲᠠᠭᠲᠤ ᠳ᠋ᠤᠷ ᠠᠪᠠᠷᠢᠵᠤ᠂ ᠠᠶᠠᠯᠠᠵᠤ ᠢᠷᠡᠭᠰᠡᠨ ᠠᠯᠢᠪᠠ ᠤᠴᠢᠷ ᠶᠠᠪᠤᠳᠠᠯ ᠤ᠋ᠨ ᠡᠬᠢ ᠰᠡᠭᠦᠯ ᠢ᠋ ᠨᠠᠷᠢᠪᠴᠢᠯᠠᠨ ᠪᠦᠷᠢᠳᠬᠡᠵᠦ ᠮᠡᠳᠡᠭᠦᠯᠦᠭᠰᠡᠨ ᠳ᠋ᠦ᠍ᠷ ᠠᠭᠤᠳᠠᠮ ᠪᠣᠳᠣᠯᠭᠠᠲᠤ ᠴᠡᠷᠢᠭ ᠦ᠋ᠨ ᠵᠢᠨᠦᠩ ᠠᠳᠠᠪᠠᠰᠢ ᠪᠠᠶᠠᠰᠬᠤᠯᠠᠩ ᠤ᠋ᠨ ᠴᠢᠷᠠᠢ ᠪᠠᠷ᠄
《ᠠᠯᠲᠠᠨ ᠡᠮᠡᠭᠡ ᠬᠢᠭᠡᠳ ᠤᠯᠤᠰ ᠤ᠋ᠨ ᠡᠬᠡ ᠬᠣᠶᠠᠭᠤᠯᠠ᠂ ᠦᠨᠡᠬᠡᠷ ᠲᠡᠭᠷᠢ ᠶ᠋ᠢᠨ ᠲᠥᠷᠥᠯᠬᠢ ᠪᠣᠭᠳᠠ ᠬᠥᠮᠦᠨ ᠦ᠌ ᠡᠬᠡ᠃ ᠪᠣᠭᠳᠠ ᠬᠥᠮᠦᠨ ᠦ᠌ ᠬᠠᠲᠤᠨ ᠪᠣᠯᠠᠢ ! 》 ᠭᠡᠮᠡᠨ᠂ ᠠᠶᠤᠯ ᠦᠭᠡᠢ ᠦᠯᠦ ᠠᠯᠭᠤᠷᠯᠠᠨ᠂ ᠠᠮᠢᠰᠬᠤᠯ ᠠᠪᠤᠯ ᠦᠭᠡᠢ ᠪᠡᠷ ᠠᠯᠲᠠᠨ ᠵᠦᠩ᠂ ᠠᠷᠠᠰᠤᠨ ᠬᠡᠩᠭᠡᠷᠭᠡ ᠶ᠋ᠢᠨ ᠳᠣᠬᠢᠶ᠎ᠠ ᠶ᠋ᠢ ᠲᠠᠯᠪᠢᠭᠤᠯᠤᠨ᠂ ᠠᠶᠠᠯᠠᠵᠤ ᠢᠷᠡᠭᠰᠡᠨ ᠭᠤᠷᠪᠠᠨ ᠶᠡᠬᠡ ᠰᠠᠢᠳ ᠢ᠋ ᠠᠪᠤᠨ᠂ ᠠᠯᠲᠠᠲᠤ ᠬᠠᠷᠰᠢ ᠥᠷᠭᠥᠭᠡ ᠤᠷᠲᠣᠨ᠎ᠠ ᠠᠪᠠᠷᠢᠨ ᠭᠠᠷᠴᠤ ᠬᠠᠭᠠᠨ ᠢ᠋ᠶ᠋ᠠᠷ ᠲᠠᠢᠬᠡᠦ ᠶ᠋ᠢᠨ ᠵᠠᠷᠯᠢᠭ ᠢ᠋ ᠬᠦᠵᠢᠰ ᠦ᠋ᠨ ᠰᠢᠷᠡᠭᠡ ᠪᠡᠯᠡᠳᠬᠡᠯᠭᠡᠨ ᠣᠭᠲᠤᠭᠤᠯᠤᠨ ᠠᠪᠤᠭᠤᠯᠵᠤ᠂ ᠬᠠᠭᠠᠨ ᠲᠡᠷᠢᠭᠦᠯᠡᠨ ᠬᠠᠮᠤᠭ ᠪᠦᠭᠦᠳᠡᠭᠡᠷ ᠮᠥᠷᠭᠥᠵᠦ ᠪᠠᠷᠠᠭᠰᠠᠨ ᠬᠣᠢᠨ᠎ᠠ ᠰᠠᠶᠢ ᠬᠤᠸᠠᠩᠬᠡᠦ ᠶ᠋ᠢᠨ ᠠᠢᠯᠠᠳᠬᠠᠯ ᠤ᠋ᠨ ᠪᠣᠳᠣᠷᠣᠣᠯ ᠪᠢᠴᠢᠭ ᠢ᠋ ᠠᠯᠭᠤᠷ ᠢ᠋ᠶ᠋ᠠᠷ ᠳᠡᠪᠰᠢᠭᠦᠯᠦᠨ ᠯᠤᠤ ᠶ᠋ᠢᠨ ᠰᠢᠷᠡᠭᠡᠨ᠎ᠡ ᠡᠷᠭᠦᠵᠦ ᠂ ᠵᠠᠭᠤᠨ ᠰᠠᠢᠳ ᠬᠠᠭᠠᠨ ᠳ᠋ᠤᠷ ᠮᠥᠷᠭᠥᠵᠦ᠂ ᠰᠠᠶᠢ ᠬᠠᠲᠤᠨ ᠤ᠋ ᠵᠠᠷᠯᠢᠭ ᠲᠤᠷ ᠮᠥᠷᠭᠥᠭᠡᠳ ᠠᠮᠤᠭᠤᠯᠠᠩ ᠠᠢᠯᠠᠳᠬᠠᠭᠰᠠᠨ ᠤ᠋ ᠬᠣᠢᠨ᠎ᠠ᠂ ᠴᠡᠷᠢᠭ ᠦ᠋ᠨ ᠶᠡᠬᠡ ᠵᠢᠨᠦᠩ ᠮᠤᠬᠤᠯᠢ ᠶ᠋ᠢ ᠭᠠᠭᠴᠠᠭᠠᠷ ᠲᠥᠷᠥ ᠳ᠋ᠦ᠍ᠷ ᠦᠯᠡᠳᠡᠭᠡᠨ᠂ ᠪᠤᠰᠤ ᠵᠠᠭᠤᠨ ᠲᠦᠰᠢᠮᠡᠳ ᠢ᠋ ᠲᠥᠷᠥ ᠡᠴᠡ ᠪᠠᠭᠤᠯᠭᠠᠨ ᠲᠠᠷᠬᠠᠭᠠᠵᠤ᠂ ᠴᠡᠷᠢᠭ ᠲᠦ᠍ᠷ ᠪᠠᠢᠵᠤ᠂ ᠲᠥᠷᠥ ᠡᠴᠡ ᠢᠷᠡᠭᠰᠡᠨ ᠲᠡᠢ ᠬᠠᠷᠢᠯᠴᠠᠨ ᠵᠣᠯᠭᠠᠯᠳᠤᠵᠤ᠂ ᠴᠡᠷᠢᠭ ᠲᠠᠢᠯᠤᠨ ᠲᠡᠢᠨ ᠢ᠋ ᠳᠠᠷᠤᠭᠰᠠᠨ ᠶᠣᠰᠣᠭᠠᠷ ᠪᠠᠶᠠᠷ ᠬᠢᠯᠴᠡᠨ ᠶᠣᠰᠣᠯᠠᠯᠳᠤᠨ ᠵᠣᠯᠭᠠᠯᠳᠤᠵᠤ ᠬᠠᠭᠠᠨ ᠡᠵᠡᠨ ᠤ ᠬᠡᠰᠢᠭ ᠬᠤᠷᠢᠮ ᠢ᠋ ᠬᠦᠷᠲᠡᠮᠦᠢ᠃ ᠲᠡᠨᠳᠡᠴᠡ ᠬᠠᠭᠠᠨ ᠡᠵᠡᠨ ᠴᠡᠷᠢᠭ ᠦ᠋ᠨ ᠵᠢᠨᠦᠩ ᠬᠣᠶᠠᠭᠤᠯᠠ᠂ ᠤᠷᠢᠳᠠ ᠶᠠᠭᠠᠷᠠᠨ᠂ ᠲᠠᠢᠬᠡᠦ ᠶ᠋ᠢᠨ ᠵᠠᠷᠯᠢᠭ ᠲᠤᠷ ᠮᠥᠷᠭᠥᠵᠦ ᠶᠣᠰᠣᠯᠠᠭᠠᠳ᠂ ᠳᠠᠷᠤᠢ ᠰᠢᠷ᠎ᠠ ᠲᠣᠷᠭᠠᠨ ᠣᠷᠢᠶᠠᠳᠠᠰᠤ ᠶ᠋ᠢ ᠠᠯᠳᠠᠷᠭᠠᠨ᠂ ᠮᠣᠭᠠᠢ ᠶ᠋ᠢᠨ ᠵᠢᠷᠦᠬᠡᠨ ᠽᠠᠨᠳᠠᠨ ᠠᠭᠠᠷᠤ ᠮᠣᠳᠣᠨ ᠤ᠋ ᠳᠠᠭᠯᠡᠳᠠᠰᠣᠨ ᠲᠠᠢ ᠪᠢᠲᠡᠭᠦᠮᠵᠢ ᠶ᠋ᠢ ᠡᠪᠳᠡᠵᠦ᠂ ᠳᠣᠲᠣᠷᠠᠬᠢ ᠯᠤᠤ ᠪᠠᠷ ᠭᠦᠪᠡᠭᠡᠯᠡᠭᠰᠡᠨ ᠲᠠᠢᠬᠡᠦ ᠶ᠋ᠢᠨ ᠡᠷᠳᠡᠨᠢ ᠳᠠᠷᠤᠭᠰᠠᠨ ᠤᠷᠢᠶᠠᠳᠠᠰᠤᠲᠤ ᠵᠠᠷᠯᠢᠭ ᠪᠢᠴᠢᠭ ᠢ᠋ ᠨᠡᠭᠡᠭᠡᠵᠦ ᠦᠵᠡᠪᠡᠰᠦ᠂ ᠡᠬᠢᠯᠡᠮᠡᠭᠴᠡ ᠬᠠᠭᠠᠨ ᠤ᠋ ᠪᠡᠶ᠎ᠡ ᠪᠡᠷ ᠴᠡᠷᠢᠭ ᠠᠪᠤᠨ ᠵᠦᠳᠡᠨ ᠵᠢᠳᠬᠦᠵᠦ᠂ ᠬᠠᠭᠤᠴᠢᠨ ᠬᠢᠵᠠᠭᠠᠷ ᠤ᠋ᠨ ᠳᠠᠢᠰᠤᠨ ᠨᠠᠢ᠍ᠮᠠᠨ ᠤ᠋ ᠤᠭ ᠦᠨᠳᠦᠰᠦᠨ ᠢ ᠲᠦᠪᠰᠢᠳᠬᠡᠨ ᠳᠠᠢᠯᠠᠵᠤ᠂ ᠬᠤᠷᠢᠶᠠᠮᠵᠢᠯᠠᠨ ᠨᠢᠭᠡᠳᠬᠡᠵᠦ ᠡᠷᠲᠡᠨ ᠦ᠌ ᠯᠢᠶᠧ ᠽᠦ᠍ ᠪᠠᠭᠠᠲᠤᠷ ᠡᠵᠡᠨ ᠦ᠌ ᠮᠤᠭᠣᠨ ᠢ᠋ ᠭᠡᠷᠡᠯᠲᠦᠭᠦᠯᠦᠨ᠂ ᠶᠡᠬᠡ ᠠᠴᠢᠯᠠᠯ ᠳ᠋ᠤᠷ ᠣᠷᠣᠭᠰᠠᠨ ᠢ᠋ ᠰᠠᠢᠰᠢᠶᠠᠨ ᠬᠥᠬᠢᠭᠦᠯᠦᠭᠡᠳ ᠳᠠᠭᠠᠯᠳᠤᠭ᠎ᠠ ᠰᠠᠶᠢ ᠲᠠᠢᠬᠡᠦ ᠥᠪᠡᠷ ᠦ᠋ᠨ ᠪᠡᠶ᠎ᠡ ᠶ᠋ᠢᠨ ᠭᠡᠭᠡᠬᠡᠨ ᠦ᠌ ᠠᠮᠤᠭᠤᠯᠠᠩ ᠲᠤᠩᠭᠠᠯᠠᠭ ᠪᠠ ᠤᠯᠤᠰ ᠲᠥᠷᠥ ᠶ᠋ᠢᠨ ᠨᠡᠢᠲᠡ ᠪᠦᠭᠦᠳᠡᠭᠡᠷ ᠦ᠋ᠨ ᠥᠯᠵᠡᠢ ᠲᠡᠢ ᠰᠠᠢᠬᠠᠨ ᠢ᠋ ᠤᠬᠠᠭᠤᠯᠤᠨ᠂ ᠬᠠᠭᠠᠨ ᠤ᠋ ᠰᠡᠳᠬᠢᠯ ᠢ᠋ ᠰᠤᠯᠠᠳᠬᠠᠯᠭᠠᠵᠣ᠂ ᠰᠡᠭᠦᠯ ᠳ᠋ᠦ᠍ᠷ ᠰᠠᠶᠢ ᠠᠬᠠᠮᠠᠳ ᠠᠴᠢ ᠲᠠᠢᠽᠢ ᠵᠣᠴᠢ ᠶ᠋ᠢᠨ ᠵᠢᠨᠦᠩ ᠯᠤᠭ᠎ᠠ ᠮᠦᠷᠦᠢᠰᠡᠴᠦ ᠴᠡᠷᠢᠭ ᠦ᠋ᠨ ᠴᠠᠭᠠᠵᠠᠨ ᠤ᠋ ᠮᠠᠯᠵᠢᠶ᠎ᠠ ᠪᠢᠴᠢᠭ ᠪᠠᠢᠭᠤᠯᠤᠭ᠎ᠠ᠂ ᠬᠢᠳᠠᠨ ᠤ᠋ ᠴᠡᠷᠢᠭ ᠦ᠋ᠨ ᠡᠵᠡᠨ ᠢ ᠣᠯᠵᠤ ᠪᠠᠷᠢᠨ ᠴᠢᠳᠠᠭᠰᠠᠨ ᠦᠭᠡᠢ ᠮᠡᠯᠵᠢᠶ᠎ᠡ ᠡᠴᠡ ᠵᠥᠷᠢᠴᠡᠭᠰᠡᠨ ᠶᠠᠯ᠎ᠠ ᠳ᠋ᠤᠷ ᠭᠤᠷᠪᠠᠨ ᠵᠢᠯ ᠦ᠋ᠨ ᠴᠥᠯᠡᠯᠭᠡᠨ ᠦ᠌ ᠶᠠᠯ᠎ᠠ ᠲᠣᠭᠲᠠᠭᠠᠭᠰᠠᠨ ᠢ᠋ ᠨᠢᠭᠡᠨ ᠵᠡᠷᠭᠡ ᠬᠥᠩᠭᠡᠳᠬᠡᠨ ᠢᠯᠭᠠᠯᠠᠵᠤ᠂ ᠣᠨ ᠵᠢᠯ ᠦ᠋ᠨ ᠲᠣᠭ᠎ᠠ ᠶ᠋ᠢ ᠴᠥᠭᠡᠳᠬᠡᠨ ᠬᠤᠷᠢᠶᠠᠩᠭᠤᠢᠯᠠᠬᠤ ᠶ᠋ᠢ ᠭᠤᠷᠪᠠᠨ ᠵᠡᠷᠭᠡ ᠶ᠋ᠢᠨ ᠤᠴᠢᠷ ᠶᠠᠪᠤᠳᠠᠯ ᠢ᠋ ᠪᠦᠷᠢᠳᠬᠡᠨ ᠲᠣᠭᠠᠯᠠᠵᠤ᠂ ᠡᠷᠬᠡᠪᠰᠢ ᠳᠠᠬᠢᠨ ᠢᠯᠭᠠᠬᠤᠢ ᠶ᠋ᠢ ᠴᠢᠩᠳᠠᠯᠠᠨ ᠵᠠᠷᠯᠢᠭ ᠪᠠᠭᠤᠵᠤᠬᠤᠢ᠃ ᠦᠭᠡᠰ ᠦ᠋ᠨ ᠮᠠᠯᠵᠢᠶ᠎ᠠ ᠡᠰᠡ ᠨᠡᠢᠴᠡᠪᠡᠴᠦ᠂ ᠦᠢᠯᠡᠰ ᠦ᠋ᠨ ᠲᠤᠬᠠᠢ ᠶ᠋ᠢ ᠠᠨᠤ ᠠᠯᠳᠠᠭᠰᠠᠨ ᠦᠭᠡᠢ ᠢᠨᠦ ᠦᠨᠡᠨ ᠪᠣᠯᠵᠤᠬᠤᠢ᠃ ᠡᠨᠡ ᠵᠠᠷᠯᠢᠭ ᠢ᠋ ᠨᠠᠢ᠍ᠮᠠᠨ ᠬᠤᠪᠢ ᠡᠰᠡ ᠳᠠᠭᠠᠭᠤᠯᠪᠠᠰᠤ ᠦᠯᠦ ᠪᠣᠯᠤᠮᠤᠢ ᠬᠡᠮᠡᠵᠦ᠂ ᠰᠠᠶᠢ ᠬᠤᠸᠠᠩᠬᠡᠦ ᠶ᠋ᠢᠨ ᠪᠣᠳᠣᠷᠣᠣᠯ ᠤ᠋ᠨ ᠨᠤᠭᠤᠯᠪᠤᠷᠢ ᠶ᠋ᠢ ᠦᠵᠡᠪᠡᠰᠦ᠂ ᠡᠵᠡᠨ ᠬᠠᠭᠠᠨ ᠤ᠋ ᠭᠡᠭᠡᠨ ᠴᠢᠯᠡᠵᠦ ᠴᠡᠷᠢᠭ ᠦ᠋ᠨ ᠲᠣᠭᠣᠰᠤᠨᠠ ᠵᠠᠯᠠᠷᠠᠵᠤ᠂ ᠭᠠᠪᠢᠶ᠎ᠠ ᠪᠦᠲᠦᠭᠰᠡᠨ ᠪᠠᠶᠠᠷ ᠲᠤᠷ ᠮᠥᠷᠭᠥᠬᠦ ᠶ᠋ᠢ ᠡᠬᠢᠨ ᠳ᠋ᠦ᠍ᠷ ᠪᠢᠴᠢᠭᠡᠳ ᠳᠠᠭᠠᠯᠳᠤᠭ᠎ᠠ ᠰᠠᠶᠢ ᠠᠮᠤᠭᠤᠯᠠᠩ ᠠᠢᠯᠠᠳᠬᠠᠵᠤ᠂ ᠪᠠᠰᠠ ᠲᠠᠢᠬᠡᠦ ᠡᠴᠡ ᠡᠬᠢᠯᠡᠨ ᠤᠯᠤᠰ ᠲᠥᠷᠥ ᠡᠩᠬᠡ ᠠᠮᠤᠭᠤᠯᠠᠩ ᠢ ᠰᠣᠨᠣᠷᠳᠠᠭᠤᠯᠤᠨ᠂ ᠪᠣᠭᠳᠠ ᠶ᠋ᠢᠨ ᠪᠣᠳᠣᠯᠭ᠎ᠠ ᠶ᠋ᠢ ᠰᠡᠷᠭᠦᠭᠡᠨ᠂ ᠳᠠᠷᠠᠭ᠎ᠠ ᠳ᠋ᠤᠷ ᠰᠠᠶᠢ ᠨᠠᠢ᠍ᠮᠠᠨ ᠤ᠋ ᠡᠷ᠎ᠡ ᠡᠮ᠎ᠡ ᠶ᠋ᠢᠨ ᠴᠡᠷᠢᠭ ᠦ᠋ᠨ ᠭᠠᠪᠢᠶ᠎ᠠ ᠳ᠋ᠤᠷ ᠬᠥᠬᠢᠭᠦᠯᠦᠨ ᠱᠠᠩᠨᠠᠬᠤ ᠶ᠋ᠢ ᠵᠠᠷᠯᠢᠭ ᠢ᠋ᠶ᠋ᠠᠷ ᠲᠤᠰᠢᠶᠠᠭᠰᠠᠨ ᠠᠯᠪᠠᠨ ᠬᠡᠷᠡᠭ ᠢ᠋ ᠡᠪᠯᠡᠨ ᠵᠣᠬᠢᠴᠠᠭᠤᠯᠤᠭᠰᠠᠨ ᠪᠠ ᠬᠣᠣᠰᠯᠠᠨ ᠬᠣᠯᠪᠣᠵᠤ᠂ ᠰᠢᠳᠬᠡᠨ ᠲᠡᠭᠦᠰᠬᠡᠭᠰᠡᠨ ᠢ᠋ ᠨᠠᠷᠢᠪᠴᠢᠯᠠᠨ ᠪᠦᠷᠢᠳᠬᠡᠨ ᠠᠢᠯᠠᠳᠬᠠᠵᠤ᠂ ᠬᠠᠮᠤᠭ ᠤ᠋ᠨ ᠰᠡᠭᠦᠯ ᠳ᠋ᠦ᠍ᠷ ᠰᠠᠶᠢ᠂ ᠵᠣᠴᠢ ᠲᠠᠢᠽᠢ ᠶ᠋ᠢ ᠵᠢᠨᠦᠩ ᠯᠦ᠍ᠭᠡ ᠮᠡᠯᠵᠢᠯᠭᠡᠯᠡᠭᠡᠳ ᠦᠭᠡᠰ ᠲᠣᠷ ᠡᠰᠡ ᠬᠦᠷᠦᠭᠰᠡᠨ ᠳ᠋ᠦ᠍ᠷ ᠬᠦᠨᠳᠦᠳᠬᠡᠨ ᠶᠠᠯᠠᠯᠠᠵᠤ᠂ ᠵᠠᠭᠤᠨ ᠦᠶ᠎ᠡ ᠶ᠋ᠢᠨ ᠤᠯᠤᠰ ᠲᠥᠷᠥ ᠶ᠋ᠢᠨ ᠳᠦᠷᠢᠮ ᠴᠡᠭᠡᠷᠯᠡᠯ ᠪᠣᠯᠭᠠᠬᠤ ᠶ᠋ᠢ ᠨᠤᠭᠤᠯᠪᠤᠷᠢ ᠪᠢᠴᠢᠵᠦ ᠪᠡᠯᠡᠳᠬᠡᠭᠡᠳ᠂ ᠵᠠᠰᠠᠭ ᠴᠠᠭᠠᠵᠠ ᠶ᠋ᠢ ᠴᠢᠩᠭᠠᠳᠬᠠᠬᠤ ᠶ᠋ᠢ ᠭᠤᠶᠤᠨ ᠠᠢᠯᠠᠳᠬᠠᠰᠤᠭᠠᠢ ᠬᠡᠮᠡᠵᠦ ᠪᠠᠢᠲᠠᠯ᠎ᠠ᠂ ᠳᠡᠭᠡᠷ᠎ᠡ ᠡᠴᠡ ᠲᠠᠢᠬᠡᠦ ᠶ᠋ᠢᠨ ᠲᠠᠢᠽᠢ ᠵᠣᠴᠢ ᠶ᠋ᠢᠨ ᠶᠠᠯ᠎ᠠ ᠶ᠋ᠢ ᠬᠥᠩᠭᠡᠳᠬᠡᠨ ᠬᠡᠯᠡᠯᠴᠡᠭᠦᠯᠬᠦ ᠵᠠᠷᠯᠢᠭ ᠪᠠᠭᠤᠵᠤ ᠢᠷᠡᠭᠰᠡᠨ ᠳ᠋ᠦ᠍ᠷ ᠠᠶᠤᠮᠰᠢᠭ ᠦᠭᠡᠢ᠂ ᠲᠠᠢᠬᠡᠦ ᠶ᠋ᠢᠨ ᠵᠠᠷᠯᠢᠭ ᠤ᠋ᠨ ᠡᠰᠡᠷᠭᠦ ᠪᠤᠰᠤ ᠥᠭᠡᠰᠲᠦ ᠠᠢᠯᠠᠳᠬᠠᠯ ᠠᠢᠯᠠᠳᠬᠠᠵᠤ ᠪᠣᠯᠬᠤ ᠦᠭᠡᠢ ᠪᠣᠯᠤᠭᠰᠠᠨ ᠤ᠋ ᠲᠤᠯᠠᠳᠠ᠂ ᠲᠠᠢᠬᠡᠦ ᠶ᠋ᠢᠨ ᠡᠯᠴᠢ ᠰᠠᠢᠳ ᠤ᠋ᠳ ᠲᠤᠷ ᠠᠮᠠᠨ ᠢ᠋ᠶ᠋ᠠᠷ ᠠᠢᠯᠠᠳᠬᠠᠯᠭᠠᠬᠤ ᠦᠭᠡᠰ ᠢ᠋ ᠲᠣᠳᠣᠷᠬᠠᠢᠯᠠᠨ ᠥᠴᠢᠭᠰᠡᠨ ᠢ ᠳᠤᠷᠠᠳᠤᠨ ᠲᠣᠭᠠᠴᠢᠵᠤᠬᠤᠢ᠃ ᠬᠠᠭᠠᠨ ᠬᠢᠭᠡᠳ ᠵᠢᠨᠦᠩ᠂ ᠡᠵᠡᠨ ᠰᠠᠢᠳ ᠬᠣᠶᠠᠭᠤᠯᠠ ᠨᠤᠭᠤᠯᠪᠤᠷᠢ ᠦᠵᠡᠭᠰᠡᠭᠡᠷ ᠡᠨᠳᠡ ᠬᠦᠷᠴᠦ᠂ ᠬᠣᠶᠠᠭᠤᠯᠠ ᠬᠠᠮᠲᠤᠪᠠᠷ ᠪᠡᠶᠡᠰᠦᠨ ᠢᠨᠢᠶᠡᠵᠦ᠂ ᠲᠠᠢᠽᠦ ᠴᠢᠩᠭᠢᠰ ᠬᠠᠭᠠᠨ ᠮᠦᠰᠢᠶᠡᠭᠰᠡᠭᠡᠷ ᠮᠤᠬᠤᠯᠢ ᠶ᠋ᠢᠨ ᠵᠦᠭ ᠵᠠᠷᠯᠢᠭ ᠪᠣᠯᠤᠷᠤᠨ :
《ᠮᠡᠷᠭᠡᠨ ᠪᠠᠭᠠᠲᠤᠷ ᠵᠢᠨᠦᠩ ᠤᠯᠤᠰ ᠭᠦᠷᠦᠨ ᠦ᠌ ᠡᠷᠳᠡᠨᠢ᠂ ᠮᠠᠲᠠᠯ ᠤᠬᠠᠭᠠᠨᠲᠤ ᠬᠤᠸᠠᠩᠬᠡᠦ ᠲᠥᠷᠥ ᠶᠠᠮᠤᠨ ᠤ᠋ ᠡᠷᠳᠡᠨᠢ ᠬᠡᠮᠡᠭᠴᠢ ᠢᠨᠣ ᠦᠨᠡᠨ ᠪᠤᠶᠤ᠃ ᠮᠢᠩᠭᠠᠨ ᠭᠠᠵᠠᠷ ᠤ᠋ᠨ ᠠᠭᠯᠠᠭ ᠪᠥᠭᠡᠲᠡᠯ᠎ᠡ ᠮᠢᠨᠦ ᠰᠠᠨᠠᠭᠠᠨ ᠢ᠋ ᠤᠬᠠᠵᠤᠬᠤᠢ 》ᠬᠡᠮᠡᠪᠡ᠃
ᠲᠡᠳᠦᠢ ᠬᠠᠭᠠᠨ ᠵᠠᠷᠯᠢᠭ ᠢ᠋ᠶ᠋ᠠᠷ ᠴᠡᠷᠢᠭ ᠦ᠋ᠨ ᠵᠢᠨᠦᠩ ᠮᠤᠬᠤᠯᠢ ᠶ᠋ᠢ ᠰᠢᠳᠡᠷ᠎ᠡ ᠦᠯᠡᠳᠡᠭᠡᠨ ᠡᠪᠦᠳᠦᠭ ᠦ᠋ᠨ ᠳᠣᠣᠷ᠎ᠠ ᠪᠠᠨ ᠬᠤᠷᠢᠮ ᠬᠠᠢᠷᠠᠯᠠᠨ᠂ ᠬᠠᠭᠠᠨ ᠳᠡᠭᠡᠷ᠎ᠡ ᠵᠣᠭᠣᠭ ᠵᠣᠭᠣᠭᠯᠠᠵᠤ᠂ ᠥᠪᠡᠷ ᠦ᠋ᠨ ᠮᠣᠳᠣᠷ ᠢ᠋ᠶ᠋ᠠᠷ ᠨᠢᠷᠠᠢ ᠬᠤᠷᠠᠭᠠᠨ ᠮᠢᠬ᠎ᠠ ᠶ᠋ᠢ ᠬᠡᠰᠡᠭᠯᠡᠨ ᠱᠠᠩᠨᠠᠭᠰᠠᠨᠠ ᠵᠢᠨᠦᠩ ᠮᠤᠬᠤᠯᠢ᠂ ᠮᠡᠩᠳᠡᠨ ᠰᠡᠩᠳᠡᠨ ᠲᠣᠰᠴᠤ ᠠᠪᠤᠭᠠᠳ᠂ ᠠᠮᠠᠨ ᠳ᠋ᠤᠷ ᠡᠮᠬᠦᠨ ᠵᠠᠵᠢᠯᠵᠤ᠂ ᠵᠠᠯᠭᠢᠨ ᠪᠥᠭᠡᠳ ᠮᠠᠯᠠᠭ᠎ᠠ ᠪᠠᠨ ᠠᠪᠴᠤ ᠮᠥᠷᠭᠥᠨ ᠪᠥᠭᠡᠳ ᠪᠠᠰᠠ ᠵᠠᠵᠢᠯᠤᠨ ᠵᠠᠯᠭᠢᠵᠤ ᠪᠠᠷᠠᠲᠠᠯ᠎ᠠ ᠬᠦᠷᠲᠡᠪᠡ᠃ ᠡᠨᠡ ᠶᠣᠰᠣ ᠲᠠᠢᠴᠢᠩ ᠤᠯᠤᠰ ᠲᠤᠷ ᠮᠥᠨ ᠪᠠᠢᠭᠰᠠᠭᠠᠷ ᠠᠮᠤᠢ᠃
ᠲᠡᠳᠦᠢ ᠵᠢᠨᠦᠩ ᠦ᠋ᠨ ᠲᠠᠭᠲᠤ ᠳ᠋ᠤᠷ ᠴᠢᠨ ᠸᠠᠩ ᠴᠧᠩᠰᠢᠶᠠᠩ ᠪᠦᠬᠦ ᠪᠡᠯᠭᠦᠳᠡᠢ ᠶ᠋ᠢ ᠣᠷᠣᠯᠠᠨ ᠬᠣᠨᠣᠭᠤᠯᠵᠤ ᠲᠤᠰᠢᠶᠠᠯ ᠢ᠋ ᠰᠠᠬᠢᠭᠣᠯᠣᠨ᠂ ᠵᠢᠨᠦᠩ ᠢ ᠬᠠᠭᠠᠨ ᠳᠡᠷᠭᠡᠳᠡ ᠦᠯᠡᠳᠡᠭᠡᠨ ᠨᠢᠭᠡᠨ ᠰᠥᠨᠢ ᠬᠡᠯᠡᠯᠴᠡᠨ ᠬᠣᠨᠣᠵᠤ᠂ ᠳᠣᠲᠣᠭᠠᠳᠤ ᠭᠠᠳᠠᠭᠠᠳᠤ ᠬᠡᠳᠦᠢᠴᠢᠨᠡᠭᠡᠨ ᠲᠣᠪᠴᠢᠶ᠎ᠠ ᠰᠢᠳᠬᠡᠯ ᠢ᠋ ᠡᠵᠡᠨ ᠰᠠᠢᠳ ᠬᠣᠶᠠᠭᠤᠯᠠ ᠨᠡᠪᠲᠡᠷᠡᠲᠡᠯ᠎ᠡ ᠬᠡᠯᠡᠯᠴᠡᠨ ᠲᠣᠬᠢᠷᠠᠭᠠᠳ ᠵᠢᠴᠢ ᠥᠷᠯᠥᠭᠡ ᠲᠠᠢᠬᠡᠦ ᠶ᠋ᠢᠨ ᠵᠠᠷᠯᠢᠭ ᠪᠠᠭᠤᠭᠰᠠᠨ ᠬᠡᠷᠡᠭ ᠡᠴᠡ ᠡᠬᠢᠯᠡᠨ ᠡᠯ᠎ᠡ ᠬᠡᠷᠡᠭ ᠦ᠋ᠳ ᠢ᠋ ᠵᠦᠢᠯ ᠳᠠᠷᠠᠭᠠᠯᠠᠨ ᠬᠠᠭᠤᠯᠤᠨ ᠰᠢᠳᠬᠡᠵᠦ ᠲᠠᠰᠤᠯᠤᠨ ᠵᠠᠷᠯᠢᠭ ᠪᠠᠭᠤᠯᠭᠠᠭᠰᠠᠨ ᠠᠨᠤ᠄
《ᠲᠠᠢᠬᠡᠦ ᠶ᠋ᠢᠨ ᠵᠠᠷᠯᠢᠭ ᠢ᠋ ᠬᠢᠴᠢᠶᠡᠩᠭᠦᠢᠯᠡᠨ ᠲᠠᠢᠽᠢ ᠵᠣᠴᠢ ᠶ᠋ᠢᠨ ᠮᠡᠯᠵᠢᠶᠡᠨ ᠦ᠌ ᠦᠭᠡᠰ ᠲᠡᠭᠡᠨ ᠡᠰᠡ ᠬᠤᠰᠤᠭᠰᠠᠨ ᠶᠠᠯ᠎ᠠ ᠶ᠋ᠢ ᠬᠥᠩᠭᠡᠷᠡᠭᠦᠯᠬᠦᠢ ᠶ᠋ᠢᠨ ᠲᠤᠯᠠ᠂ ᠤᠷᠢᠳᠠ ᠤᠯᠤᠰ ᠤ᠋ᠨ ᠨᠠᠭᠠᠴᠤ᠂ ᠠᠵᠢᠨᠠᠢ ᠮᠡᠷᠭᠡᠨ ᠬᠦᠩ ᠦ᠋ᠨ ᠬᠢᠳᠠᠨ ᠤᠯᠤᠰ ᠤ᠋ᠨ ᠴᠡᠷᠢᠭ ᠦ᠋ᠨ ᠡᠵᠡᠨ ᠪᠠ ᠵᠠᠩᠵᠤᠨ ᠨᠠᠷ ᠨᠡᠢᠲᠡ ᠠᠷᠪᠠᠨ ᠬᠣᠶᠠᠷ ᠬᠥᠮᠦᠨ ᠢ᠋ ᠰᠠᠮᠠᠭᠤᠨ ᠵᠡᠪᠡ ᠶ᠋ᠢᠨ ᠬᠠᠪᠬ᠎ᠠ ᠵᠢᠭᠰᠠᠭᠠᠯ ᠢ᠋ᠶ᠋ᠠᠷ ᠴᠥᠮ ᠠᠯᠠᠭᠠᠳ ᠠᠪᠴᠤ ᠢᠷᠡᠭᠰᠡᠨ ᠦᠬᠦᠳᠡᠯ ᠶᠠᠰᠤ ᠪᠠ ᠪᠠᠰᠠ ᠭᠠᠭᠴᠠ ᠦᠰᠦᠲᠦ ᠨᠡᠷ᠎ᠡ ᠶ᠋ᠢᠨ ᠰᠢᠪᠠᠭ᠎ᠠ ᠲᠠᠢ᠂ ᠨᠡᠢᠲᠡ ᠠᠷᠪᠠᠨ ᠭᠤᠷᠪᠠᠨ ᠨᠡᠷ᠎ᠡ ᠲᠡᠢ᠂ ᠬᠢᠳᠠᠨ ᠤ᠋ ᠤᠭ ᠴᠡᠷᠢᠭ ᠮᠣᠷᠳᠠᠬᠤ ᠶ᠋ᠢᠨ ᠨᠡᠢᠭᠡᠮ ᠨᠡᠷ᠎ᠡ ᠶ᠋ᠢᠨ ᠳᠠᠩᠰᠠ ᠶ᠋ᠢᠨ ᠬᠥᠮᠦᠨ ᠦ᠌ ᠲᠣᠭ᠎ᠠ ᠯᠤᠭ᠎ᠠ ᠪᠠᠢᠴᠠᠭᠠᠨ ᠲᠠᠭᠠᠴᠠᠭᠤᠯᠵᠤ᠂ ᠤᠯᠤᠰ ᠤ᠋ᠨ ᠶᠡᠬᠡ ᠪᠠᠭ᠎ᠠ᠂ ᠬᠣᠶᠠᠷ ᠨᠠᠭᠠᠴᠤ ᠨᠣᠶᠠᠨ᠂ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ ᠬᠣᠶᠠᠭᠤᠯᠠ ᠶ᠋ᠢᠨ ᠭᠠᠪᠢᠶ᠎ᠠ ᠳ᠋ᠤᠷ ᠲᠠᠭᠠᠴᠠᠭᠤᠯᠤᠨ ᠲᠣᠭᠠᠴᠢᠵᠤ᠂ ᠴᠡᠷᠢᠭ ᠦ᠋ᠨ ᠤᠭ ᠰᠠᠨᠠᠭ᠎ᠠ ᠠᠬᠤᠭᠤᠯᠤᠨ᠂ ᠡᠨᠡ ᠨᠢᠭᠡᠨ ᠠᠩᠭᠢ ᠶ᠋ᠢᠨ ᠨᠢᠭᠤᠴᠠ ᠵᠠᠮ ᠤ᠋ᠨ ᠴᠡᠷᠢᠭ ᠲᠦ᠍ᠷ ᠴᠥᠮ ᠢ᠋ᠶ᠋ᠡᠷ ᠲᠠᠢᠽᠢ ᠵᠣᠴᠢ ᠶ᠋ᠢᠨ ᠣᠢᠷ᠎ᠠ ᠢᠨᠠᠭ ᠤᠷᠤᠭ ᠪᠠ ᠲᠥᠷᠥᠯ ᠢ᠋ ᠬᠠᠪᠰᠤᠷᠭᠠᠭᠰᠠᠨ ᠢ᠋ᠶ᠋ᠠᠷ ᠠᠪᠠᠴᠢᠵᠤ ᠬᠢᠳᠠᠨ ᠤ᠋ ᠴᠡᠷᠢᠭ ᠢ᠋ ᠪᠦᠷᠢᠨ ᠪᠦᠲᠦᠨ ᠢ᠋ᠶ᠋ᠡᠷ ᠶᠡᠬᠡᠳᠡ ᠳᠡᠢᠯᠦᠭᠰᠡᠨ ᠢ᠋ᠶ᠋ᠡᠷ ᠢᠯᠭᠠᠨ ᠲᠣᠭᠲᠠᠭᠠᠨ ᠡᠳᠡᠭᠡᠷ ᠦ᠋ᠨ ᠭᠠᠪᠢᠶ᠎ᠠ ᠶ᠋ᠢ ᠨᠡᠢᠯᠡᠭᠦᠯᠵᠦ᠂ ᠲᠠᠢᠽᠢ ᠵᠣᠴᠢ ᠶ᠋ᠢᠨ ᠮᠡᠯᠵᠢᠯᠭᠡᠨ ᠦ᠌ ᠶᠠᠯ᠎ᠠ ᠶ᠋ᠢ ᠭᠤᠷᠪᠠᠨ ᠵᠡᠷᠭᠡ ᠬᠥᠩᠭᠡᠯᠡᠨ ᠰᠢᠳᠬᠡᠵᠦ ᠠᠪᠠᠴᠢᠭᠰᠠᠨ ᠠᠨᠤ : ᠲᠡᠷᠢᠭᠦᠨ ᠳ᠋ᠦ᠍ᠷ ᠲᠠᠢᠬᠡᠦ ᠶ᠋ᠢᠨ ᠥᠷᠯᠥᠭ ᠵᠠᠷᠯᠢᠭ ᠢ᠋ ᠬᠢᠴᠢᠶᠡᠩᠭᠦᠢᠯᠡᠨ᠂ ᠲᠠᠢᠽᠢ ᠵᠣᠴᠢ ᠶ᠋ᠢᠨ ᠴᠢᠨ ᠸᠠᠩ ᠤ᠋ᠨ ᠬᠡᠷᠬᠡᠮ ᠢ ᠡᠪᠳᠡᠭᠰᠡᠨ ᠪᠣᠯᠪᠠᠴᠤ ᠲᠠᠢᠽᠢ ᠶ᠋ᠢᠨ ᠬᠤᠪᠢᠶᠠᠷᠢ ᠶ᠋ᠢᠨ ᠪᠠᠢᠷᠢᠯᠠᠯ ᠵᠢᠭᠰᠠᠭᠠᠯ ᠢ᠋ ᠦᠯᠡᠳᠡᠭᠡᠨ ᠥᠭᠴᠦ᠂ ᠪᠠᠰᠠ ᠵᠠᠷᠯᠢᠭ ᠢ᠋ᠶ᠋ᠠᠷ ᠲᠠᠢᠬᠡᠦ ᠶ᠋ᠢᠨ ᠱᠠᠩᠨᠠᠭᠰᠠᠨ ᠥᠪᠡᠷᠦᠨ ᠬᠠᠭᠠᠰ ᠬᠤᠪᠢ ᠶ᠋ᠢᠨ ᠹᠦᠩᠯᠦ ᠶ᠋ᠢᠨ ᠮᠠᠯ ᠬᠢᠭᠡᠳ ᠮᠥᠩᠭᠥ᠂ ᠠᠮᠤ ᠪᠠ ᠲᠣᠷᠭ᠎ᠠ ᠶ᠋ᠢ ᠬᠠᠭᠠᠨ ᠤ᠋ ᠳᠣᠲᠣᠭᠠᠳᠤ ᠰᠠᠩ ᠠ᠋ᠴᠠ ᠲᠠᠢᠬᠡᠦ ᠶ᠋ᠢᠨ ᠲᠥᠯᠥᠭᠡ ᠭᠠᠷᠭᠠᠵᠤ ᠱᠠᠩᠨᠠᠭᠠᠳ᠂ ᠪᠠᠰᠠ ᠵᠢᠨᠦᠩ ᠦ᠋ᠨ ᠠᠢᠯᠠᠳᠬᠠᠯ ᠢ᠋ᠶ᠋ᠠᠷ ᠲᠠᠢᠽᠢ ᠳ᠋ᠤᠷ ᠲᠦᠷ ᠨᠢᠭᠡᠨ ᠵᠢᠰᠢᠶᠠᠨ ᠤ᠋ ᠴᠡᠷᠢᠭ ᠵᠠᠬᠢᠷᠤᠭᠤᠯᠤᠨ ᠵᠠᠬ᠎ᠠ ᠬᠢᠵᠠᠭᠠᠷ ᠤ᠋ᠨ ᠭᠠᠵᠠᠷ ᠣᠷᠣᠨ ᠤ᠋ ᠵᠣᠬᠢᠰ ᠢ᠋ ᠦᠵᠡᠨ᠂ ᠲᠣᠬᠢᠶᠠᠯ ᠳ᠋ᠤᠷ ᠲᠡᠩᠴᠡᠭᠦᠯᠦᠨ ᠭᠠᠪᠢᠶ᠎ᠠ ᠪᠠᠢᠭᠤᠯᠤᠭᠤᠯᠤᠨ᠂ ᠶᠠᠯ᠎ᠠ ᠶ᠋ᠢ ᠵᠣᠯᠢᠭᠤᠯᠬᠤᠢ ᠶ᠋ᠢᠨ ᠲᠤᠯᠠᠳᠠ᠂ ᠡᠷᠬᠡᠪᠰᠢ ᠳᠣᠣᠷᠠᠬᠢ ᠵᠠᠩᠵᠤᠨ ᠴᠡᠷᠢᠭ ᠦ᠋ᠳ ᠦ᠋ᠨ ᠳᠡᠪᠰᠢᠭᠦ ᠪᠠ ᠪᠠᠭᠤᠷᠠᠬᠤ ᠶ᠋ᠢᠨ ᠱᠠᠩ ᠬᠣᠣᠷ ᠢ᠋ ᠲᠡᠭᠰᠢᠳᠬᠡᠬᠦᠢ ᠳ᠋ᠦ᠍ᠷ ᠡᠷᠬᠡᠪᠰᠢ ᠠᠩᠭᠢᠳᠠ ᠨᠢᠭᠡᠨ ᠴᠡᠷᠢᠭ ᠦ᠋ᠨ ᠴᠣᠯᠠ ᠬᠡᠷᠬᠡᠮ ᠬᠡᠷᠡᠭᠲᠡᠢ ᠶ᠋ᠢᠨ ᠲᠤᠯᠠᠳᠠ᠂ ᠬᠢᠵᠠᠭᠠᠷ ᠢ᠋ ᠠᠮᠤᠭᠤᠯᠬᠤ ᠬᠦᠩ ᠦ᠋ᠨ ᠬᠡᠷᠬᠡᠮ ᠨᠡᠮᠡᠭᠦᠯᠵᠦ᠂ ᠵᠢᠨᠦᠩ ᠦ᠋ᠨ ᠲᠠᠭᠲᠤ ᠳ᠋ᠤᠷ ᠬᠠᠷᠢᠯᠴᠠᠨ ᠡᠴᠢᠵᠦ ᠢᠷᠡᠬᠦ᠂ ᠬᠦᠩ ᠦ᠋ᠨ ᠲᠠᠮᠠᠭ᠎ᠠ ᠲᠡᠮᠳᠡᠭ ᠣᠯᠭᠣᠭᠤᠯᠵᠤ᠂ ᠪᠠᠰᠠ ᠲᠠᠢᠬᠡᠦ ᠶ᠋ᠢᠨ ᠵᠠᠷᠯᠢᠭᠴᠢᠯᠠᠨ ᠲᠠᠢᠽᠢ ᠬᠦᠩ ᠵᠣᠴᠢ ᠶ᠋ᠢᠨ ᠳᠣᠲᠣᠭᠠᠳᠤ ᠣᠷᠳᠣᠨ ᠤ᠋ ᠬᠠᠲᠤᠳ ᠹᠧᠢ ᠵᠢᠶᠦ᠋ᠨ ᠵᠣ᠌᠂ ᠲᠠᠢᠽᠢ ᠨᠠᠷ ᠬᠢᠭᠡᠳ ᠭᠡᠷᠦᠨ ᠬᠣᠪᠢᠨ ᠤ᠋ ᠠᠯᠪᠠᠨ ᠤ᠋ ᠡᠷ᠎ᠡ ᠡᠮ᠎ᠡ᠂ ᠭᠤᠷᠪᠠᠨ ᠵᠠᠭᠤᠨ ᠬᠥᠮᠦᠨ ᠦ᠌ ᠤᠨᠤᠭ᠎ᠠ ᠲᠡᠷᠭᠡ᠂ ᠰᠦᠷᠦᠭ ᠵᠢᠭᠰᠠᠭᠠᠯ ᠢ᠋ ᠬᠦᠩ ᠦ᠋ᠨ ᠬᠡᠷᠬᠡᠮ ᠦ᠋ᠨ ᠶᠣᠰᠣᠭᠠᠷ ᠬᠡᠷᠡᠭᠯᠡᠭᠦᠯᠦᠨ᠂ ᠪᠠᠰᠠ ᠲᠠᠢ ᠴᠢᠩ ᠲᠠᠢᠬᠡᠦ ᠶ᠋ᠢᠨ ᠡᠮᠦᠨ᠎ᠡ ᠡᠴᠡ ᠬᠠᠭᠠᠨ ᠤ᠋ ᠲᠠᠪᠤᠳᠤᠭᠠᠷ ᠳᠡᠭᠦᠦ ᠨᠣᠶᠠᠨ ᠵᠢᠶᠦ᠋ᠨ ᠸᠠᠩ ᠤᠷᠠᠨ ᠬᠠᠴᠤᠭ᠂ ᠸᠠᠩ ᠤ᠋ᠨ ᠵᠢᠭᠰᠠᠭᠠᠯ ᠢ᠋ᠶ᠋ᠠᠷ ᠦᠶ᠎ᠡ ᠬᠥᠪᠡᠭᠦᠳ ᠲᠠᠢᠽᠢ ᠵᠣᠴᠢ ᠬᠦᠩ ᠢ᠋ ᠴᠦᠯᠡᠭᠰᠡᠨ ᠭᠠᠵᠠᠷ᠎ᠠ ᠬᠦᠷᠭᠡᠵᠦ᠂ ᠲᠡᠷᠡ ᠭᠠᠵᠠᠷ ᠣᠷᠣᠨ ᠤ᠋ ᠵᠠᠩ ᠠᠪᠤᠴᠠ᠂ ᠣᠨᠳᠣᠷᠣᠯ ᠠᠮᠢᠳᠤᠷᠠᠯ ᠤ᠋ᠨ ᠶᠠᠮᠪᠠᠷ ᠢ᠋ ᠦᠵᠡᠵᠦ ᠢᠷᠡᠨ᠂ ᠲᠠᠢᠬᠡᠦ ᠳ᠋ᠦ᠍ᠷ ᠬᠠᠷᠢᠭᠤ ᠠᠢᠯᠠᠳᠬᠠᠬᠤ ᠶ᠋ᠢ ᠵᠠᠷᠯᠢᠭ ᠤ᠋ᠨ ᠶᠣᠰᠣᠭᠠᠷ ᠪᠣᠯᠭᠠᠵᠤ᠂ ᠴᠥᠯᠡᠯᠭᠡᠨ ᠤ ᠲᠣᠭ᠎ᠠ ᠬᠤᠭᠤᠴᠠᠭ᠎ᠠ ᠶ᠋ᠢᠨ ᠭᠤᠷᠪᠠᠨ ᠵᠢᠯ ᠡᠴᠡ ᠨᠢᠭᠡᠨ ᠳᠤᠮᠳᠠᠭᠤᠷ ᠬᠠᠭᠠᠰ ᠢ᠋ ᠬᠠᠰᠤᠵᠤ ᠠᠪᠤᠭᠠᠳ᠂ ᠨᠢᠭᠡᠨ ᠵᠢᠯ ᠪᠥᠭᠡᠳ ᠵᠢᠷᠭᠤᠭᠠᠨ ᠰᠠᠷ᠎ᠠ ᠪᠣᠯᠬᠤ ᠪᠠᠷ ᠪᠠᠭᠤᠷᠠᠭᠤᠯᠵᠤ᠂ ᠨᠡᠩ ᠪᠠᠰᠠ ᠡᠨᠡ ᠵᠡᠪᠰᠡᠷᠠ ᠬᠡᠷᠪᠡ ᠪᠤᠰᠤ ᠵᠦᠢᠯ ᠦ᠋ᠨ ᠲᠣᠬᠢᠶᠠᠯ ᠤᠴᠠᠷᠠᠯ ᠪᠣᠯᠵᠤ᠂ ᠵᠠᠬ᠎ᠠ ᠬᠢᠵᠠᠭᠠᠷ᠎ᠠ ᠥᠪᠡᠷ᠎ᠡ ᠨᠢᠭᠡᠨ ᠵᠦᠢᠯ ᠦ᠋ᠨ ᠭᠠᠪᠢᠶ᠎ᠠ ᠵᠢᠳᠬᠦᠯᠭᠡ ᠪᠠᠢᠭᠤᠯᠬᠤ ᠪᠥᠭᠡᠰᠦ᠂ ᠡᠨᠡ ᠨᠢᠭᠡᠨ ᠵᠢᠯ ᠬᠠᠭᠠᠰ ᠣᠨ ᠤ᠋ ᠴᠥᠯᠡᠯᠭᠡ ᠶ᠋ᠢᠨ ᠶᠠᠯ᠎ᠠ ᠶ᠋ᠢ ᠪᠠᠰᠠ ᠪᠠᠭᠤᠷᠠᠭᠤᠯᠤᠨ ᠢᠯᠭᠠᠨ ᠬᠡᠯᠡᠯᠴᠡᠵᠦ ᠲᠥᠷᠥ ᠳ᠋ᠦ᠍ᠷ ᠡᠭᠡᠭᠦᠯᠦᠨ ᠢᠷᠡᠭᠦᠯᠬᠦ ᠵᠠᠷᠯᠢᠭ ᠪᠠᠭᠤᠯᠭᠠᠨ ᠳᠠᠭᠤᠳᠠᠭᠤᠯᠤᠮᠤᠢ᠃ ᠦᠯᠡᠭᠦᠦ ᠢᠷᠦᠭᠡᠯᠲᠦ ᠥᠷᠥᠰᠢᠶᠡᠯᠲᠦ ᠲᠠᠢᠬᠡᠦ ᠦᠵᠢᠨ ᠦ᠌ ᠥᠷᠥᠰᠢᠶᠡᠩᠭᠦᠢ ᠵᠠᠷᠯᠢᠭ ᠪᠣᠢ ᠶ᠋ᠢᠨ ᠲᠤᠯᠠ᠂ ᠲᠠᠢᠽᠢ ᠵᠣᠴᠢ ᠬᠦᠩ ᠦ᠋ᠨ ᠬᠡᠷᠬᠡᠮ ᠢ᠋ᠶ᠋ᠡᠨ ᠵᠡᠭᠦᠵᠦ᠂ ᠬᠠᠭᠠᠨ ᠳ᠋ᠤᠷ ᠪᠠᠷᠠᠭᠠᠳᠠᠭᠤᠯᠤᠨ ᠮᠥᠷᠭᠥᠭᠦᠯᠵᠦ ᠡᠷᠬᠢᠯᠡᠭᠰᠡᠨ ᠭᠤᠷᠪᠠᠨ ᠰᠠᠢᠳ ᠲᠤᠷ ᠲᠤᠰᠢᠶᠠᠨ ᠥᠭᠴᠦ ᠲᠥᠷᠥ ᠳ᠋ᠦ᠍ᠷ ᠡᠭᠡᠭᠦᠯᠦᠨ᠂ ᠲᠠᠢᠬᠡᠦ ᠳ᠋ᠦ᠍ᠷ ᠮᠥᠷᠭᠥᠭᠦᠯᠦᠨ ᠲᠡᠭᠦᠨᠦ ᠭᠡᠷᠦᠨ ᠠᠮᠠᠨ ᠬᠠᠲᠤᠳ ᠬᠥᠪᠡᠭᠦᠳ ᠢ᠋ ᠠᠪᠤᠭᠤᠯᠵᠤ᠂ ᠬᠠᠭᠠᠰ ᠰᠠᠷ᠎ᠠ ᠶ᠋ᠢᠨ ᠳᠣᠲᠣᠷ᠎ᠠ᠂ ᠣᠷᠣᠰ ᠤᠯᠤᠰ ᠤ᠋ᠨ ᠡᠮᠦᠨ᠎ᠡ ᠬᠢᠵᠠᠭᠠᠷ ᠤ᠋ᠨ ᠢᠵᠢᠯ ᠭᠣᠣᠯ᠂ ᠲᠣᠢᠨ ᠭᠣᠣᠯ ᠤ᠋ᠨ ᠴᠥᠯᠡᠯᠭᠡᠨ ᠦ᠌ ᠭᠠᠵᠠᠷ᠎ᠠ ᠮᠣᠷᠳᠠᠭᠤᠯᠵᠤ᠂ ᠤᠯᠤᠰ ᠪᠠ ᠭᠡᠷ᠂ ᠵᠠᠰᠠᠭ ᠬᠢᠭᠡᠳ ᠴᠠᠭᠠᠵᠠᠨ ᠤ᠋ ᠬᠠᠤᠯᠢ ᠳᠦᠷᠢᠮ ᠢ᠋ ᠬᠤᠷᠴᠠ ᠴᠢᠩᠭ᠎ᠠ ᠪᠣᠯᠭᠠᠭᠲᠤᠨ 》ᠬᠡᠮᠡᠵᠦᠬᠦᠢ᠃
ᠵᠢᠴᠢ ᠣᠳᠣ ᠤᠯᠤᠰ ᠤ᠋ᠨ ᠡᠬᠡ ᠭᠤᠸᠠᠩ ᠰᠢᠶᠠᠨ ᠬᠤᠸᠠᠩᠬᠡᠦ ᠶ᠋ᠢᠨ ᠵᠠᠷᠯᠢᠭ ᠢ᠋ ᠳᠠᠭᠠᠵᠤ ᠨᠠᠢ᠍ᠮᠠᠨ ᠠᠢᠮᠠᠭ ᠤ᠋ᠨ ᠬᠥᠬᠢᠭᠦᠯᠬᠦ ᠬᠥᠮᠦᠵᠢᠭᠦᠯᠬᠦ ᠵᠠᠰᠠᠭ ᠤ᠋ᠨ ᠬᠡᠷᠡᠭ ᠢ ᠰᠢᠳᠬᠡᠨ ᠳᠠᠭᠤᠰᠤᠭᠠᠳ ᠠᠢᠯᠠᠳᠬᠠᠨ ᠢᠷᠡᠭᠰᠡᠨ ᠨᠤᠭᠤᠯᠪᠤᠷᠢ ᠶ᠋ᠢᠨ ᠰᠡᠭᠦᠯ ᠳ᠋ᠦ᠍ᠷ ᠲᠠᠢᠽᠦ ᠬᠠᠭᠠᠨ ᠴᠢᠩᠭᠢᠰ ᠪᠣᠭᠳᠠ ᠥᠪᠡᠷᠦᠨ ᠮᠣᠳᠣᠷ ᠢ᠋ᠶ᠋ᠠᠷ ᠦᠵᠦᠭ ᠪᠠᠷᠢᠨ ᠰᠠᠢᠰᠢᠶᠠᠨ ᠵᠥᠪᠰᠢᠶᠡᠷᠡᠵᠦ᠂ ᠪᠠᠰᠠ ᠲᠥᠷᠥ ᠳ᠋ᠦ᠍ᠷ ᠪᠠᠢᠬᠤ ᠭᠤᠷᠪᠠᠨ ᠸᠠᠩ᠂ ᠳᠥᠷᠪᠡᠨ ᠥᠲᠡᠭᠦᠰ᠂ ᠲᠠᠪᠤᠨ ᠲᠠᠢᠰᠢ᠂ ᠵᠢᠷᠭᠤᠭᠠᠨ ᠴᠢᠩ ᠳ᠋ᠦ᠍ᠷ ᠬᠠᠪᠰᠤᠷᠭᠠᠨ ᠬᠡᠯᠡᠯᠴᠡᠬᠦ᠂ ᠢᠯᠭᠠᠬᠤ ᠵᠦᠢᠯ ᠢ᠋ ᠲᠣᠳᠣᠷᠬᠠᠢᠯᠠᠨ ᠪᠢᠴᠢᠭᠡᠳ᠂ ᠮᠥᠨ ᠬᠦ᠌ ᠤᠭ ᠢᠷᠡᠭᠰᠡᠨ ᠡᠷᠬᠢᠯᠡᠭᠰᠡᠨ ᠪᠡᠢᠯᠡ ᠪᠥᠭᠡᠳ ᠲᠡᠢᠰᠢ ᠳ᠋ᠠᠢ ᠰᠡᠴᠡᠨ ᠳ᠋ᠦ᠍ᠷ ᠪᠠᠭᠤᠯᠭᠠᠨ ᠡᠭᠦᠷᠦᠭᠦᠯᠵᠦ ᠲᠠᠢᠬᠡᠦ ᠳ᠋ᠦ᠍ᠷ ᠠᠢᠯᠠᠳᠬᠠᠬᠤ ᠪᠢᠴᠢᠭ ᠪᠠ ᠵᠣᠴᠢ ᠲᠠᠢᠽᠢ ᠬᠦᠩ ᠯᠦ᠍ᠬᠡ ᠡᠭᠡᠭᠦᠯᠦᠨ ᠮᠣᠷᠳᠠᠭᠤᠯᠬᠤᠶᠠ ᠲᠠᠰᠢᠷᠠᠮ ᠳ᠋ᠤᠷ ᠪᠠᠰᠠ ᠬᠢᠳᠠᠨ ᠤᠯᠤᠰ ᠤ᠋ᠨ ᠴᠡᠷᠢᠭ ᠦ᠋ᠨ ᠡᠵᠡᠨ᠂ ᠠ ᠯᠦᠨ ᠸᠠᠩ ᠤ᠋ᠨ ᠦᠬᠦᠳᠡᠯ ᠶᠠᠰᠤ ᠶ᠋ᠢ ᠠᠷᠤ ᠭᠠᠵᠠᠷ ᠤ᠋ᠨ ᠸᠠᠩ ᠤ᠋ᠨ ᠬᠤᠪᠢᠶᠠᠷᠢ ᠶ᠋ᠢᠨ ᠠᠪᠰᠠ ᠬᠣᠷᠭᠣ ᠳ᠋ᠤᠷ ᠠᠪᠰᠠᠯᠠᠨ ᠬᠤᠷᠢᠶᠠᠯᠭᠠᠵᠤ᠂ ᠮᠥᠨ ᠬᠦ᠌ ᠬᠦᠢᠲᠡᠨ ᠭᠣᠣᠯ ᠤ᠋ᠨ ᠮᠥᠯᠰᠦᠲᠦ ᠵᠡᠪᠡ ᠳ᠋ᠦ᠍ᠷ ᠬᠥᠨᠳᠡᠢ ᠨᠦᠬᠡ ᠡᠷᠦᠭᠦᠯᠦᠨ ᠲᠠᠯᠪᠢᠭᠤᠯᠵᠤ᠂ ᠳᠠᠭᠠᠵᠤ ᠬᠠᠮᠲᠤ ᠦᠬᠦᠭᠰᠡᠨ ᠭᠤᠷᠪᠠᠨ ᠲᠡᠷᠢᠭᠦᠯᠡᠭᠴᠢ ᠵᠠᠩᠵᠤᠨ ᠪᠠ ᠨᠠᠢ᠍ᠮᠠᠨ ᠳᠡᠳ᠋ ᠵᠡᠷᠭᠡᠲᠡᠨ ᠲᠡᠢ ᠠᠷᠪᠠᠨ ᠨᠢᠭᠡᠨ ᠦᠬᠦᠳᠡᠯ ᠶᠠᠰᠤ ᠶ᠋ᠢ ᠮᠥᠨ ᠴᠥᠮ ᠮᠣᠷᠢᠨ ᠤ᠋ ᠲᠦᠭᠦᠬᠡᠢ ᠰᠢᠷᠢ ᠪᠡᠷ ᠰᠢᠷᠢᠯᠡᠭᠦᠯᠦᠨ᠂ ᠮᠥᠨ ᠨᠦᠬᠡ ᠶ᠋ᠢᠨ ᠬᠦᠢᠲᠡᠨ ᠡᠯᠡᠰᠦᠨ ᠢ᠋ᠶ᠋ᠡᠷ ᠭᠦᠨ᠎ᠡ ᠬᠤᠴᠢᠭᠤᠯᠤᠨ ᠳᠠᠷᠤᠭᠤᠯᠬᠤᠶᠠ᠂ ᠮᠥᠨ ᠬᠦ᠌ ᠬᠢᠳᠠᠨ ᠤ᠋ ᠠᠮᠢᠳᠤ ᠳᠠᠭᠠᠭᠰᠠᠨ ᠵᠤᠣᠯ ᠪᠠᠭᠠᠲᠤᠷ᠂ ᠬᠦᠴᠦᠦᠯ ᠲᠣᠭᠰᠢᠨ ᠬᠡᠮᠡᠬᠦ ᠬᠣᠶᠠᠷ ᠴᠡᠷᠢᠭ ᠦ᠋ᠨ ᠲᠡᠷᠢᠭᠦᠯᠡᠭᠴᠢ ᠵᠠᠩᠵᠤᠨ ᠳ᠋ᠤᠷ ᠠᠨᠤ ᠦᠵᠡᠭᠦᠯᠦᠨ ᠤᠷᠤᠯᠳᠤᠭᠤᠯᠵᠤ ᠲᠡᠭᠦᠰᠬᠡᠯᠭᠡᠨ᠂ ᠴᠡᠷᠢᠭ ᠦ᠋ᠨ ᠶᠡᠬᠡ ᠵᠢᠨᠦᠩ᠂ ᠠᠵᠢᠨᠠᠢ ᠮᠡᠷᠭᠡᠨ ᠬᠤᠳᠠᠷᠭ᠎ᠠ ᠪᠠᠭᠠᠲᠤᠷ ᠢ᠋ ᠠᠪᠤᠨ ᠬᠠᠭᠠᠨ ᠤ᠋ ᠬᠡᠰᠢᠭ ᠦ᠋ᠨ ᠴᠠᠢ ᠰᠠᠷᠬᠤᠳ ᠢ᠋ ᠲᠤᠰᠤᠭᠠᠨ ᠰᠠᠴᠤᠵᠤ ᠳᠠᠬᠢᠭᠠᠳ᠂ ᠵᠤᠤᠯ ᠪᠠᠭᠠᠲᠤᠷ ᠲᠤᠷ ᠳᠡᠭᠦᠨᠦ ᠬᠠᠷᠢᠶᠠᠲᠤ ᠴᠡᠷᠢᠭ ᠡᠴᠡ ᠲᠠᠪᠢᠨ ᠮᠣᠷᠢᠲᠠᠨ ᠪᠠ ᠬᠦᠨᠡᠰᠦ ᠥᠭᠴᠦ᠂ ᠬᠢᠳᠠᠨ ᠤᠯᠤᠰ ᠲᠤᠷ ᠠᠨᠤ ᠡᠭᠡᠭᠦᠯᠦᠨ ᠢᠯᠡᠭᠡᠵᠦ ᠂ ᠠ ᠯᠦᠨ ᠸᠠᠩ ᠤ᠋ᠨ ᠬᠥᠪᠡᠭᠦᠳ ᠦ᠋ᠨ ᠳᠣᠲᠣᠷ᠎ᠠ ᠠ᠋ᠴᠠ ᠰᠡᠴᠡᠨ ᠮᠡᠷᠭᠡᠨ ᠰᠠᠢᠨ ᠢ᠋ ᠠᠨᠤ ᠰᠣᠩᠭᠣᠵᠤ᠂ ᠴᠢ ᠸᠠᠩ ᠠ ᠯᠦᠨ ᠦ᠌ ᠣᠷᠣ ᠳ᠋ᠤᠷ ᠡᠵᠡᠨ ᠪᠠᠢᠭᠤᠯᠤᠭᠠᠳ ᠠᠪᠤᠨ ᠢᠷᠡᠵᠦ ᠲᠡᠭᠦᠨᠦ ᠡᠴᠢᠭᠡ ᠶ᠋ᠢᠨ ᠶᠠᠰᠤ ᠶ᠋ᠢ ᠠᠪᠠᠴᠢᠭᠤᠯᠵᠤ᠂ ᠭᠠᠰᠠᠯᠠᠩ ᠤ᠋ᠨ ᠬᠡᠷᠡᠭ ᠢ᠋ ᠲᠡᠭᠦᠰᠬᠡᠯᠭᠡᠨ᠂ ᠤᠯᠤᠰ ᠤ᠋ᠨ ᠵᠠᠰᠠᠭ ᠢ ᠲᠡᠭᠰᠢᠳᠬᠡᠨ ᠣᠯᠠᠨ ᠢ᠋ᠶ᠋ᠠᠷ ᠬᠡᠯᠡᠯᠴᠡᠵᠦ᠂ ᠮᠠᠨ ᠤ᠋ ᠮᠣᠩᠭᠣᠯ ᠤᠯᠤᠰ ᠤ᠋ᠨ ᠬᠠᠤᠯᠢ ᠴᠠᠭᠠᠵᠠ ᠶ᠋ᠢ ᠳᠠᠭᠠᠵᠤ᠂ ᠵᠢᠯ ᠦ᠋ᠨ ᠠᠯᠪᠠ ᠪᠠᠨ ᠲᠣᠭᠲᠠᠭᠠᠨ ᠪᠠᠲᠤ ᠨᠤᠲᠠ ᠪᠣᠯᠣᠮᠠᠭᠴᠠ ᠡᠨᠳᠡ ᠪᠠᠷᠢᠭᠳᠠᠭᠰᠠᠨ ᠵᠢᠷᠭᠤᠭᠠᠨ ᠮᠢᠩᠭᠠᠨ ᠢᠯᠡᠭᠦᠦ ᠵᠠᠩᠵᠤᠨ ᠪᠠᠭᠠᠲᠤᠳ᠂ ᠴᠡᠷᠢᠭ ᠬᠤᠶᠠᠭ᠂ ᠪᠥᠯᠴᠢᠨ ᠬᠥᠲᠥᠴᠢ ᠳ᠋ᠦ᠍ᠷ ᠬᠦᠷᠲᠡᠯ᠎ᠡ᠂ ᠮᠥᠨ ᠬᠦ᠌ ᠵᠢᠷᠭᠤᠭᠠᠨ ᠵᠢᠰᠢᠶ᠎ᠠ ᠪᠠᠷ ᠭᠡᠷ ᠨᠤᠲᠤᠭ ᠢ᠋ ᠡᠷᠭᠢᠭᠦᠯᠦᠨ ᠦᠵᠡᠭᠦᠯᠵᠦ ᠤᠳᠠᠭᠠᠨ ᠤᠷᠲᠤ᠂ ᠪᠠᠲᠤ ᠨᠤᠲᠠ ᠪᠣᠯᠭᠠᠨ᠂ ᠳᠠᠷᠠᠭ᠎ᠠ ᠪᠠᠷ ᠡᠭᠦᠨᠴᠡ ᠪᠠᠲᠤ ᠭᠠᠵᠠᠷ ᠢ᠋ ᠦᠵᠡᠭᠦᠯᠦᠨ ᠴᠢᠳᠠᠪᠠᠰᠤ ᠳᠥᠷᠪᠡᠨ ᠵᠢᠰᠢᠶ᠎ᠠ ᠪᠣᠯᠭ᠎ᠠ᠂ ᠡᠭᠦᠨᠴᠡ ᠪᠠᠰᠠ ᠪᠢᠰᠢᠷᠡᠨ ᠳᠠᠭᠠᠭᠰᠠᠨ ᠭᠠᠵᠠᠷ ᠢᠯᠡᠷᠡᠪᠡᠰᠦ ᠬᠣᠶᠠᠷᠬᠠᠨ ᠵᠢᠰᠢᠶ᠎ᠠ ᠪᠣᠯᠭᠠᠵᠤ᠂ ᠤᠯᠠᠮ ᠬᠣᠢᠨ᠎ᠠ ᠣᠷᠣ ᠶ᠋ᠢᠨ ᠲᠡᠳᠦᠢ ᠨᠢᠭᠡᠬᠡᠨ ᠵᠢᠰᠢᠶ᠎ᠠ ᠵᠠᠷᠯᠠᠯ ᠢ᠋ ᠳᠣᠪᠲᠣᠯᠤᠯᠴᠠᠨ ᠶᠠᠪᠤᠬᠤ ᠬᠡᠳᠦᠬᠡᠨ ᠵᠠᠭᠤᠨ ᠬᠥᠮᠦᠨ ᠦ᠌ ᠵᠢᠰᠢᠶ᠎ᠠ ᠪᠠᠢᠪᠠᠰᠤ ᠳᠠᠷᠤᠢ ᠪᠣᠯᠬᠤ ᠪᠣᠯᠠᠢ ᠬᠡᠮᠡᠭᠰᠡᠨ᠎ᠡ ᠨᠢᠭᠡᠮᠦᠰᠦᠨ ᠴᠢᠰᠤᠨ ᠭᠣᠣᠯ ᠳ᠋ᠤᠷ ᠴᠠᠴᠠᠵᠤ ᠦᠬᠦᠮᠦᠢ ᠭᠡᠮᠡᠨ ᠰᠢᠭᠤᠳᠴᠤ ᠪᠠᠢᠭᠰᠠᠨ᠂ ᠬᠢᠳᠠᠨ ᠤ᠋ ᠵᠠᠩᠵᠤᠨ ᠴᠡᠷᠢᠭ ᠦ᠋ᠳ ᠢᠨᠤ᠂ ᠴᠠᠬᠢᠯᠭᠠᠨ ᠠᠶᠤᠩᠭ᠎ᠠ ᠶ᠋ᠢ ᠰᠣᠨᠣᠰᠤᠭᠰᠠᠨ ᠮᠡᠲᠦ ᠰᠣᠴᠢᠨ ᠪᠡᠶᠡᠰᠴᠦ᠂ ᠴᠥᠮ ᠢ᠋ᠶ᠋ᠡᠷ ᠨᠢᠭᠡᠨ ᠳᠠᠭᠤᠨ ᠢ᠋ᠶ᠋ᠠᠷ 《ᠲᠦᠮᠡᠨ ᠨᠠᠰᠤᠲᠤ᠂ ᠲᠥᠭᠡᠯ ᠪᠣᠭᠳᠠ! 》ᠭᠡᠮᠡᠨ ᠳᠠᠭᠤᠳᠠᠯᠴᠠᠨ᠂ ᠭᠠᠵᠠᠷ ᠤᠨᠠᠯᠴᠠᠨ ᠤᠬᠢᠯᠠᠯᠳᠤᠨ ᠮᠥᠷᠭᠦᠯᠬᠢᠯᠡᠨ᠂ ᠵᠤᠣᠯ ᠪᠠᠭᠠᠲᠤᠷ ᠵᠣᠭᠰᠣᠨ ᠲᠣᠭᠲᠠᠬᠤ ᠦᠭᠡᠢ᠂ ᠬᠥᠴᠦᠦᠯ ᠳᠣᠭᠰᠢᠨ ᠬᠥᠯ ᠢ᠋ᠶ᠋ᠡᠷ ᠬᠦᠰᠡᠷ᠎ᠡ ᠮᠥᠯᠬᠥᠵᠦ᠂ ᠬᠠᠮᠲᠤ ᠴᠤᠭᠭᠠᠷ ᠪᠠᠷᠬᠢᠷᠠᠨ ᠤᠬᠢᠯᠠᠵᠤ ᠮᠥᠷᠭᠦᠯᠬᠢᠯᠡᠨ ᠠᠢᠯᠠᠳᠬᠠᠷᠤᠨ᠄
《ᠮᠠᠨ ᠤ᠋ ᠡᠵᠡᠨ ᠴᠢ ᠸᠠᠩ ᠠ ᠯᠦᠨ ᠦ᠌ ᠠᠪᠠᠯᠢ ᠶ᠋ᠢᠨ ᠬᠠᠲᠤᠨ ᠠᠪᠢᠶ᠎ᠠ ᠡᠶ᠎ᠡ ᠡᠴᠡ ᠭᠠᠭᠴᠠ ᠬᠥᠪᠡᠭᠦᠨ᠂ ᠨᠡᠷ᠎ᠡ ᠨᠣᠮᠣᠬᠠᠨ᠂ ᠡᠨᠡ ᠵᠢᠯ ᠠᠷᠪᠠᠨ ᠨᠠᠢ᠍ᠮᠠᠨ ᠨᠠᠰᠤᠲᠠᠢ᠂ ᠬᠥᠮᠦᠨ ᠢᠨᠤ ᠭᠣᠣᠯᠴᠢ ᠲᠥᠪ᠂ ᠵᠢᠴᠢ ᠴᠢ ᠸᠠᠩ ᠳ᠋ᠤᠷ ᠪᠠᠰᠠ ᠬᠣᠶᠠᠷ ᠪᠠᠭ᠎ᠠ ᠡᠮ᠎ᠡ ᠲᠡᠢ᠂ ᠡᠮ᠎ᠡ ᠪᠦᠷᠢ ᠡᠴᠡ ᠴᠥᠮ ᠨᠢᠭᠡᠨ ᠬᠥᠪᠡᠭᠦᠨ ᠲᠡᠢ᠂ ᠨᠢᠭᠡᠨ ᠦ᠌ ᠨᠡᠷ᠎ᠡ ᠭᠠᠢᠬᠤᠯ᠂ ᠨᠢᠭᠡᠨ ᠦ᠌ ᠨᠡᠷ᠎ᠡ ᠪᠠᠷᠰ᠂ ᠴᠥᠮ ᠠᠷᠪᠠᠨ ᠳᠣᠯᠣᠭᠠᠨ ᠨᠠᠰᠤᠲᠠᠢ᠂ ᠬᠥᠮᠦᠨ ᠢᠨᠤ ᠠᠯᠢᠶ᠎ᠠ ᠠᠢᠳᠠᠩᠭᠤᠢ᠂ ᠮᠠᠨ ᠤ᠋ ᠡᠵᠡᠨ ᠥᠲᠡᠯᠦᠭᠰᠡᠨ ᠠᠪᠢᠶ᠎ᠠ ᠬᠠᠲᠤᠨ ᠳ᠋ᠠᠭᠠᠨ ᠲᠠᠪᠠ ᠦᠭᠡᠢ᠂ ᠬᠣᠶᠠᠷ ᠵᠠᠯᠠᠭᠤ ᠡᠮ᠎ᠡ ᠳ᠋ᠡᠭᠡᠨ ᠬᠡᠲᠦᠷᠬᠡᠶ᠎ᠡ ᠠᠮᠠᠷᠠᠭ ᠲᠤᠯᠠ ᠲᠡᠷᠡ ᠬᠣᠶᠠᠷ ᠬᠥᠪᠡᠭᠦᠨ ᠢ᠋ᠶ᠋ᠡᠨ ᠬᠡᠯᠪᠡᠷᠢᠨ ᠥᠷᠥᠰᠢᠶᠡᠵᠦ ᠸᠠᠩ ᠤ᠋ᠨ ᠰᠠᠭᠤᠷᠢ ᠶ᠋ᠢ ᠨᠢᠭᠡᠨ ᠢ᠋ᠶ᠋ᠡᠷ ᠡᠵᠡᠯᠡᠭᠦᠯᠬᠦ ᠦᠭᠡ ᠰᠠᠨᠠᠭᠠᠨ ᠬᠡᠳᠦᠢᠨ ᠢᠯᠡᠷᠡᠭᠰᠡᠨ ᠪᠥᠯᠥᠭᠡ᠃ ᠡᠳᠦᠭᠡ᠂ ᠪᠣᠭᠣᠯᠴᠤᠳ ᠪᠢᠳᠡ ᠤᠯᠤᠰ ᠲᠤᠷ ᠡᠭᠡᠵᠦ ᠡᠵᠡᠨ ᠪᠠᠢᠭᠤᠯᠬᠤᠢ ᠳ᠋ᠤᠷ ᠡᠨᠡ ᠬᠣᠶᠠᠷ ᠪᠠᠭ᠎ᠠ ᠬᠠᠲᠤᠭᠲᠠᠢ ᠬᠢᠭᠡᠳ ᠬᠣᠶᠠᠷ ᠪᠠᠭ᠎ᠠ ᠡᠵᠡᠳ ᠡᠷᠬᠡ ᠦᠭᠡᠢ ᠲᠡᠮᠡᠴᠡᠯᠳᠦᠭᠡᠨ ᠳᠡᠭᠳᠡᠭᠡᠮᠦᠢ᠃ ᠪᠣᠭᠣᠯᠴᠤᠳ ᠪᠢᠳᠡᠨ ᠦ᠌ ᠰᠠᠨᠠᠭᠠᠨ ᠤ᠋ ᠦᠨᠡᠨ ᠢ᠋ᠶ᠋ᠡᠨ ᠴᠢᠳᠬᠤᠨ ᠠᠢᠯᠠᠳᠬᠠᠵᠤ ᠠᠮᠢᠳᠤᠷᠠᠯ ᠤ᠋ᠨ ᠵᠠᠮ ᠢ᠋ ᠲᠦᠮᠡᠨ ᠵᠡᠷᠭᠡ ᠮᠥᠷᠭᠥᠵᠦ ᠭᠤᠶᠤᠬᠤ ᠠᠨᠤ᠂ ᠪᠣᠭᠳᠠ ᠡᠵᠡᠨ ᠲᠠᠰᠤᠷᠠᠭᠰᠠᠨ ᠢ᠋ ᠵᠠᠯᠭᠠᠵᠤ᠂ ᠮᠥᠬᠥᠭᠰᠡᠳ ᠢ᠋ ᠠᠮᠢᠳᠤᠷᠠᠭᠤᠯᠤᠨ ᠥᠷᠥᠰᠢᠶᠡᠳᠡᠭ ᠦ᠋ᠨ ᠣᠴᠢᠷ᠎ᠠ᠂ ᠬᠣᠶᠠᠷ ᠪᠠᠭᠠᠲᠤᠷ ᠵᠠᠩᠵᠤᠨ ᠳ᠋ᠤᠷ ᠬᠣᠶᠠᠷ ᠮᠢᠩᠭᠠᠨ ᠲᠡᠭᠷᠢ ᠶ᠋ᠢᠨ ᠴᠡᠷᠢᠭ ᠢ᠋ᠶ᠋ᠡᠨ ᠥᠭᠴᠦ᠂ ᠮᠢᠨᠦ ᠤᠯᠤᠰ ᠤ᠋ᠨ ᠡᠯᠳᠡᠪ ᠰᠠᠮᠠᠭᠤᠨ ᠳᠡᠭᠳᠡᠨ ᠵᠠᠪᠳᠤᠬᠤᠢ ᠶ᠋ᠢᠨ ᠤᠷᠢᠳᠠ᠂ ᠮᠠᠨ ᠤ᠋ ᠪᠠᠭ᠎ᠠ ᠡᠵᠡᠳ ᠦ᠋ᠨ ᠠᠬᠠᠮᠠᠳ ᠨᠣᠮᠣᠬᠠᠨ ᠢ ᠵᠠᠷᠯᠢᠭ ᠢ᠋ᠶ᠋ᠠᠷ ᠡᠵᠡᠨ ᠪᠠᠢᠭᠤᠯᠵᠤ᠂ ᠣᠯᠠᠨ ᠢ᠋ ᠠᠯᠪᠠᠲᠠᠨ ᠮᠥᠷᠭᠥᠭᠦᠯᠦᠮᠡᠭᠴᠡ ᠬᠣᠶᠠᠷ ᠳᠡᠭᠦᠦ ᠶ᠋ᠢ ᠢᠨᠤ ᠪᠠᠷᠢᠵᠤ ᠠᠪᠴᠢᠷᠠᠭᠠᠳ ᠬᠠᠭᠤᠴᠢᠨ ᠡᠵᠡᠨ ᠦ᠌ ᠴᠢᠨᠳᠠᠷ ᠢ ᠲᠤᠰᠢᠶᠠᠨ ᠰᠢᠳᠬᠡᠭᠦᠯᠵᠦ ᠸᠠᠩ ᠤ᠋ᠨ ᠰᠠᠭᠤᠷᠢᠨ ᠲᠣᠭᠲᠠᠭᠰᠠᠨ ᠬᠣᠢᠨ᠎ᠠ ᠮᠥᠨ ᠬᠦ᠌ ᠡᠨᠳᠡ ᠡᠴᠡ ᠵᠠᠷᠯᠢᠭ ᠤ᠋ᠨ ᠡᠯᠴᠢ ᠢᠯᠡᠭᠡᠵᠦ᠂ ᠬᠣᠶᠠᠷ ᠳᠡᠭᠦᠦ ᠶ᠋ᠢ ᠢᠨᠦ ᠬᠢᠷᠢ ᠳ᠋ᠦ᠍ᠷ ᠲᠡᠩᠴᠡᠭᠦᠯᠦᠨ᠂ ᠠᠮᠢᠳᠤᠷᠠᠯ ᠬᠥᠷᠥᠩᠭᠡ ᠪᠠ ᠵᠡᠷᠭᠡ ᠰᠠᠭᠤᠷᠢᠨ ᠢ ᠪᠠᠭ᠎ᠠ ᠰᠠᠭ᠎ᠠ ᠡᠷᠭᠦᠮᠵᠢᠯᠡᠨ ᠱᠠᠩᠨᠠᠵᠤ᠂ ᠠᠯᠤᠰ ᠬᠣᠯᠠᠬᠠᠨ ᠥᠪᠡᠷ᠎ᠡ ᠰᠠᠭᠤᠯᠭᠠᠪᠠᠰᠤ᠂ ᠪᠣᠭᠳᠠ ᠲᠡᠭᠷᠢᠯᠢᠭ ᠦ᠋ᠨ ᠬᠡᠰᠢᠭ ᠳᠠᠢᠰᠤᠨ ᠤ᠋ ᠤᠯᠤᠰ ᠲᠤᠷ ᠬᠦᠷᠲᠡᠯ᠎ᠡ ᠳᠠᠭᠤᠷᠢᠰᠤᠨ ᠪᠢᠯᠬᠠᠵᠤ ᠦᠯᠡᠳᠡᠭᠰᠡᠨ ᠪᠢᠳᠡᠨ ᠦ᠌ ᠬᠢᠳᠠᠨ ᠤᠯᠤᠰ ᠤ᠋ᠨ ᠨᠢᠭᠡᠨ ᠮᠣᠵᠢ ᠦᠶ᠎ᠡ ᠤᠯᠠᠷᠢᠨ ᠪᠣᠭᠳᠠ ᠶ᠋ᠢᠨ ᠬᠡᠰᠢᠭ ᠢ᠋ ᠰᠢᠳᠦᠨ ᠢᠭᠲᠦᠯᠵᠦ᠂ ᠠᠯᠢᠪᠠ ᠵᠦᠭ ᠦ᠋ᠨ ᠲᠡᠢᠨ ᠳᠠᠢᠰᠤᠨ᠎ᠠ ᠮᠣᠷᠢᠨ ᠤ᠋ ᠡᠮᠦᠨ᠎ᠡ ᠵᠡᠪᠰᠡᠭ ᠦ᠋ᠨ ᠦᠵᠦᠭᠦᠷ᠎ᠡ ᠦᠬᠦᠨ ᠵᠢᠳᠬᠦᠯᠴᠡᠵᠦ᠂ ᠮᠢᠩᠭᠠᠨ ᠦᠶ᠎ᠡ ᠳ᠋ᠦ᠍ᠷ ᠠᠴᠢ ᠳ᠋ᠤᠷ ᠬᠠᠷᠢᠭᠤᠯᠠᠬᠤ ᠪᠣᠯᠠᠢ᠃ ᠵᠢᠴᠢ ᠮᠢᠨᠦ ᠬᠠᠭᠤᠴᠢᠨ ᠡᠵᠡᠨ᠂ ᠥᠴᠦᠬᠡᠨ ᠡᠳ᠋᠂ ᠵᠠᠯᠠᠭᠤ ᠥᠩᠭᠡ ᠪᠠ ᠴᠢᠦᠢ ᠴᠦ ᠯᠢᠦᠢ ᠶ᠋ᠢᠨ ᠤᠷᠠᠨ ᠦᠭᠡᠰ ᠲᠣᠷ ᠮᠡᠬᠡᠯᠡᠭᠳᠡᠵᠦ᠂ ᠤᠯᠤᠰ ᠤ᠋ᠨ ᠴᠡᠷᠢᠭ ᠦ᠋ᠳ ᠢ᠋ ᠪᠠᠷᠠᠲᠠᠯ᠎ᠠ ᠱᠦᠭᠦᠷᠳᠡᠨ ᠠᠪᠴᠤ ᠰᠦᠷ ᠪᠠᠢᠭᠤᠯᠤᠨ᠂ ᠬᠣᠭᠣᠰᠣᠭᠠᠷ ᠲᠠᠯ᠎ᠠ ᠠᠪᠤᠷᠠ ᠢᠷᠡᠭᠡᠳ ᠡᠨᠡ ᠮᠡᠲᠦ ᠠᠮᠢᠨ ᠪᠤᠰᠠᠨᠢᠵᠤ᠂ ᠠᠯᠢᠪᠠ ᠪᠠᠨ ᠠᠪᠲᠠᠪᠠ᠃ ᠡᠳᠦᠭᠡ ᠡᠵᠡᠨ ᠪᠣᠭᠳᠠ ᠶ᠋ᠢᠨ ᠡᠮᠦᠨ᠎ᠡ ᠡᠴᠡ ᠨᠢᠭᠡᠬᠡᠨ ᠮᠢᠩᠭᠠᠨ ᠴᠡᠷᠢᠭ ᠡᠴᠢᠪᠡᠴᠦ ᠤᠯᠤᠰ ᠲᠤᠷ ᠨᠢᠭᠡᠨ ᠬᠤᠶᠠᠭ ᠴᠤ᠌ ᠦᠭᠡᠢ ᠲᠤᠯᠠ᠂ ᠪᠢᠴᠢᠬᠠᠨ ᠴᠤ᠌ ᠥᠪᠡᠷ᠎ᠡ ᠬᠤᠪᠢᠰᠤᠯ ᠲᠦᠭᠰᠢᠯ ᠦᠭᠡᠢ ᠪᠡᠷ ᠬᠡᠷᠡᠭ ᠪᠦᠲᠦᠮᠦᠢ᠃ ᠬᠡᠷᠪᠡᠷ ᠥᠪᠡᠷ᠎ᠡ ᠬᠤᠳᠠᠯ ᠦᠭᠡ ᠪᠠ ᠮᠡᠬᠡᠯᠡᠬᠦ ᠵᠦᠢᠯ ᠪᠣᠢ ᠭᠡᠮᠡᠨ ᠰᠡᠵᠢᠭᠯᠡᠪᠡᠰᠦ ᠪᠣᠭᠳᠠ ᠡᠵᠡᠨ ᠬᠣᠶᠠᠷ ᠪᠣᠭᠣᠯ ᠢ᠋ ᠬᠣᠷᠢᠭᠤᠯ ᠰᠢᠩᠭᠡᠯᠢᠭ ᠲᠣᠷ ᠰᠢᠭᠠᠵᠤ᠂ ᠡᠴᠢᠬᠦ ᠡᠯᠴᠢ ᠵᠠᠩᠵᠤᠨ ᠰᠠᠢᠳ ᠲᠤᠷ ᠲᠤᠰᠢᠶᠠᠨ ᠥᠭᠴᠦ ᠢᠯᠡᠭᠡᠭᠲᠦᠨ᠃ ᠲᠡᠨᠳᠡ ᠬᠦᠷᠦᠭᠰᠡᠨ ᠬᠣᠢᠨ᠎ᠠ ᠬᠡᠯᠡᠭᠰᠡᠨ ᠦᠭᠡᠰ ᠡᠴᠡ ᠦᠰᠦᠨ ᠦ᠌ ᠲᠡᠳᠦᠢ ᠵᠥᠷᠢᠴᠡᠮᠡᠭᠴᠡ ᠬᠣᠶᠠᠷ ᠪᠣᠭᠣᠯ ᠤ᠋ᠨ ᠲᠣᠯᠣᠭᠠᠢ ᠶ᠋ᠢ ᠣᠭᠲᠣᠯᠤᠭᠲᠤᠨ 》ᠬᠡᠮᠡᠪᠡ᠃ ᠡᠨᠡ ᠠᠢᠯᠠᠳᠬᠠᠯ ᠤ᠋ᠨ ᠬᠠᠮᠢᠭᠠᠰᠢ ᠪᠣᠯᠬᠤ ᠶ᠋ᠢ ᠳᠣᠣᠷᠠᠲᠤ ᠪᠦᠯᠦᠭ ᠲᠣᠷ ᠮᠡᠳᠡᠭᠳᠡᠬᠦᠢ᠃
