ᠳᠡᠯᠡᠬᠡᠢ ᠶ᠋ᠢᠨ ᠬᠠᠮᠤᠭ ᠲᠣᠮᠣ ᠣᠪᠣᠭ᠎ᠠ – ᠶᠣᠨᠳᠣᠨ ᠤ ᠪᠢᠯᠢᠭ᠌ - ᠪᠠᠭᠠᠲᠤᠷ Дэлхийн хамаг том овоо –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠶ᠋ᠢᠨ ᠬᠠᠮᠤᠭ ᠲᠣᠮᠣ ᠣᠪᠣᠭ᠎ᠠ – ᠶᠣᠨᠳᠣᠨ ᠤ ᠪᠢᠯᠢᠭ᠌ - ᠪᠠᠭᠠᠲᠤᠷ Дэлхийн хамаг том овоо –Ёндоны Билиг - Баатар

ᠳᠡᠯᠡᠬᠡᠢ ᠶ᠋ᠢᠨ ᠬᠠᠮᠤᠭ ᠲᠣᠮᠣ ᠣᠪᠣᠭ᠎ᠠ – ᠶᠣᠨᠳᠣᠨ ᠤ ᠪᠢᠯᠢᠭ᠌ - ᠪᠠᠭᠠᠲᠤᠷ Дэлхийн хамаг том овоо –Ёндоны Билиг - Баатар

2024-06-20

523

ᠳᠡᠯᠡᠬᠡᠢ ᠶ᠋ᠢᠨ ᠬᠠᠮᠤᠭ ᠲᠣᠮᠣ ᠣᠪᠣᠭ᠎ᠠ



 ᠲᠡᠭᠷᠢ ᠳ᠋ᠦ᠍ ᠨᠢᠭᠡ ᠯᠡ ᠨᠠᠷᠠ ᠪᠠᠢᠳᠠᠭ 
 ᠳᠡᠯᠡᠬᠡᠢ ᠳ᠋ᠦ᠍ ᠨᠢᠭᠡ ᠯᠡ ᠣᠷᠳᠣᠰ ᠪᠠᠢᠳᠠᠭ 
 ᠲᠢᠪ ᠶᠢᠷᠲᠢᠨᠴᠦ ᠳ᠋ᠦ᠍ ᠨᠢᠭᠡ ᠯᠡ ᠣᠪᠣᠭ᠎ᠠ 
 ᠲᠡᠷᠡ ᠨᠢ ᠣᠷᠴᠢᠯᠠᠩ ᠤ᠋ᠨ ᠴᠠᠮᠬᠠᠭ ᠣᠪᠣᠭ᠎ᠠ 
 ᠲᠡᠭᠦᠨ ᠦ᠌ ᠨᠡᠷ᠎ᠡ ᠨᠢ ᠶᠡᠬᠡ ᠣᠪᠣᠭ᠎ᠠ 
 ᠲᠡᠷᠡ ᠳᠣᠳᠣᠮ ᠢ᠋ᠶ᠋ᠠᠨ ᠯᠤᠲᠤ ᠤᠬᠠᠭ᠎ᠠ ᠶᠤᠮ 
 ᠰᠠᠷᠠ ᠡᠪᠦᠷ ᠲᠦ᠍ ᠨᠢ ᠰᠢᠩᠭᠡᠳᠡᠭ ᠪᠠᠢᠬ᠎ᠠ 
 ᠰᠠᠨᠰᠠᠷ ᠬᠠᠷᠢᠨ ᠵᠤᠯᠠᠢ ᠳ᠋ᠤ᠌ ᠨᠢ ᠲᠣᠭᠲᠠᠳᠠᠭ᠂ 
 ᠨᠠᠮ᠎ᠠ ᠶ᠋ᠢ ᠢᠷᠡᠬᠦ ᠳ᠋ᠦ᠍ ᠠᠳᠤᠭᠤᠳ ᠴᠠᠭᠠᠨ 
 ᠨᠠᠮ᠎ᠠ ᠶ᠋ᠢ ᠪᠤᠴᠠᠬᠤ ᠳ᠋ᠤ᠌ ᠠᠢᠯ ᠤ᠋ᠳ ᠴᠡᠩᠬᠡᠷ 
 ᠨᠠᠮ᠎ᠠ ᠶ᠋ᠢ ᠤᠬᠢᠯᠠᠬᠤ ᠳ᠋ᠤ᠌ ᠭᠠᠯᠠᠭᠤᠳ ᠶᠠᠭᠠᠷᠠᠤ 
 ᠨᠠᠮ᠎ᠠ ᠶ᠋ᠢ ᠵᠣᠴᠢᠯᠠᠬᠤ ᠳ᠋ᠤ᠌ ᠬᠥᠮᠦᠰ ᠰᠣᠭᠲᠣᠭᠤ 
 ᠣᠪᠣᠭ᠎ᠠ ᠲᠠᠢ ᠨᠤᠲᠤᠭ ᠱᠠᠯ ᠭᠠᠯ ᠨᠠᠢᠷᠠᠮᠳᠠᠭᠤ 
 ᠣᠷᠬᠢᠭᠠᠳ ᠬᠣᠯᠠᠳᠬᠤ ᠶ᠋ᠢᠨ ᠠᠷᠭ᠎ᠠ ᠦᠭᠡᠢ  
 ᠳᠡᠯᠡᠬᠡᠢ ᠰᠠᠶᠢ ᠯᠠ ᠣᠪᠣᠭ᠎ᠠ ᠶ᠋ᠢ ᠮᠡᠳᠡᠵᠡᠢ 
 ᠣᠪᠣᠭ᠎ᠠ ᠬᠠᠷᠢᠨ ᠳᠡᠯᠡᠬᠡᠢ ᠶ᠋ᠢ ᠡᠷᠲᠡ ᠲᠠᠬᠢᠵᠠᠢ 
 ᠥᠨᠥᠳᠥᠷ ᠪᠢ ᠰᠠᠶᠢ ᠯᠠ ᠣᠷᠳᠣᠰ ᠪᠣᠯᠵᠠᠢ 
 ᠣᠷᠳᠣᠰ ᠭᠡᠳᠡᠭ ᠤᠤᠯ ᠨᠢ ᠨᠤᠮᠤ ᠪᠠᠢᠵᠠᠢ 
 ᠭᠠᠷᠠᠭ ᠣᠷᠴᠢᠯᠠᠩ ᠤᠭ ᠨᠢ ᠬᠤᠮᠬᠢ ᠯᠠ ᠰᠢᠦ 
 ᠭᠠᠷᠴᠠ ᠭᠡᠳᠡᠭ ᠨᠢ ᠮᠣᠩᠭᠣᠯ ᠯᠠ ᠦᠯᠡᠳᠡᠵᠡᠢ 
 ᠣᠪᠣᠭᠠᠨ ᠤ᠋ ᠣᠷᠣᠢ ᠳ᠋ᠤ᠌ ᠲᠡᠭᠷᠢ ᠲᠣᠭᠲᠠᠨᠢᠵᠠᠢ 
 ᠣᠳᠣ ᠪᠢ ᠶᠡᠬᠡ ᠣᠪᠣᠭᠠᠨ ᠤ᠋ ᠳᠡᠭᠡᠷ᠎ᠡ ᠪᠣᠢ᠃  
 ᠳᠡᠯᠡᠬᠡᠢ ᠶ᠋ᠢ ᠬᠤᠷᠤᠢᠯᠠᠵᠤ ᠴᠢᠳᠠᠭᠰᠠᠨ ᠠ᠋ᠴᠠ ᠯᠠ 
 ᠳᠡᠯᠡᠬᠡᠢ ᠶ᠋ᠢᠨ ᠬᠠᠮᠤᠭ ᠲᠣᠮᠣ ᠣᠪᠣᠭ᠎ᠠ ᠡᠨᠳᠡ᠃  

               2024᠂  4᠂ 5᠃  ᠦᠦᠷ ᠢ᠋ᠶ᠋ᠡᠷ᠃  

               ᠣᠷᠳᠣᠰ ᠬᠣᠲᠠ ᠶ᠋ᠢᠨ ᠬᠢᠶ᠎ᠡ ᠪᠠᠭᠰᠢ 
               ᠯᠤᠲᠤ ᠲᠣᠭᠣᠷᠢᠭ ᠲᠤ᠌ ᠪᠦᠲᠦᠭᠡᠪᠡᠢ᠃