ᠴᠠᠬᠢᠯᠳᠠᠭЦахилдаг
ᠴᠠᠬᠢᠯᠳᠠᠭ
ᠤᠷᠲᠤ ᠨᠠᠰᠤᠲᠤ ᠡᠪᠡᠰᠦᠯᠢᠭ ᠤᠷᠭᠤᠮᠠᠯ᠂ ᠵᠢᠯ ᠪᠦᠷᠢ ᠶ᠋ᠢᠨ5—6 ᠰᠠᠷ᠎ᠠ ᠳ᠋ᠤ᠌ ᠴᠡᠴᠡᠭᠯᠡᠵᠦ᠂6—7 ᠰᠠᠷ᠎ᠠ ᠳ᠋ᠤ᠌ ᠦᠷ᠎ᠡ ᠵᠢᠮᠢᠰ ᠰᠠᠭᠤᠨ᠎ᠠ᠃ ᠣᠬᠣᠷ ᠪᠥᠭᠡᠳ ᠪᠦᠳᠦᠭᠦᠨ ᠦᠨᠳᠦᠰᠦᠯᠢᠭ ᠡᠰᠢ ᠲᠡᠢ᠂ ᠨᠠᠪᠴᠢ ᠨᠢ ᠨᠠᠷᠢᠬᠠᠨ ᠪᠦᠰᠡ ᠬᠡᠯᠪᠡᠷᠢᠲᠡᠢ᠂ ᠰᠢᠯᠤᠭᠤᠨ᠂ ᠦᠵᠦᠭᠦᠷ ᠲᠡᠢ᠂ ᠤᠷᠲᠤ ᠨᠢ20—50cm ᠣᠷᠴᠢᠮ᠂ ᠥᠷᠭᠡᠨ ᠨᠢ4—6mm᠂ ᠨᠠᠪᠴᠢ ᠨᠢ ᠰᠢᠭᠤᠳ ᠦᠨᠳᠦᠰᠦᠯᠡᠵᠦ ᠤᠷᠭᠤᠳᠠᠭ᠃ ᠴᠡᠴᠡᠭ ᠨᠢ ᠬᠥᠬᠡ ᠥᠩᠭᠡ ᠲᠡᠢ ᠨᠢ ᠣᠯᠠᠨ᠂ ᠶᠠᠭᠠᠪᠲᠤᠷ ᠨᠢ ᠴᠥᠭᠡᠨ᠃ ᠦᠷ᠎ᠡ ᠨᠢ ᠤᠷᠲᠤ ᠪᠥᠭᠡᠷᠡᠩᠬᠡᠢ ᠬᠡᠯᠪᠡᠷᠢᠲᠡᠢ᠂ ᠬᠦᠷᠡᠩ ᠥᠩᠭᠡ ᠲᠡᠢ᠂ ᠭᠥᠯᠢᠭᠡᠷ᠃ ᠦᠨᠳᠦᠰᠦ ᠨᠢ ᠰᠢᠷᠠᠪᠲᠤᠷ ᠥᠩᠭᠡ ᠲᠡᠢ᠂ ᠴᠥᠭᠡᠨ ᠰᠠᠯᠠᠭᠠᠯᠠᠨ᠎ᠠ᠃
ᠨᠠᠪᠴᠢ ᠨᠢ ᠮᠠᠰᠢ ᠪᠥᠬᠡ ᠲᠤᠯᠠ ᠶᠠᠭᠤᠮ᠎ᠠ ᠶ᠋ᠢ ᠪᠣᠭᠣᠵᠤ ᠤᠶᠠᠵᠤ ᠪᠣᠯᠤᠨ᠎ᠠ᠂ ᠪᠠᠰᠠ ᠴᠠᠭᠠᠰᠤ ᠬᠢᠬᠦ ᠲᠦᠭᠦᠬᠡᠢ ᠡᠳ᠋᠃
ᠮᠠᠨ ᠤ᠋ ᠣᠷᠣᠨ ᠤ᠋ ᠡᠯ᠎ᠡ ᠠᠢᠮᠠᠭ ᠬᠣᠰᠢᠭᠤ ᠪᠠᠷ ᠪᠦᠷ ᠲᠠᠷᠬᠠᠵᠤ ᠪᠠᠢᠳᠠᠭ᠃ ᠵᠦᠯᠭᠡ ᠴᠠᠢᠳᠠᠮ᠂ ᠨᠠᠭᠤᠷ ᠤ᠋ᠨ ᠬᠥᠪᠡᠭᠡ᠂ ᠡᠯᠡᠰᠦᠷᠬᠡᠭ ᠴᠠᠢᠳᠠᠮ᠂ ᠬᠤᠵᠢᠷᠯᠢᠭ ᠲᠠᠯ᠎ᠠ ᠳ᠋ᠤ᠌ ᠤᠷᠭᠤᠨ᠎ᠠ᠃ ᠭᠠᠩ ᠬᠠᠭᠤᠷᠠᠢ᠂ ᠬᠤᠵᠢᠷᠯᠢᠭ ᠲᠤ᠌ ᠲᠡᠰᠪᠦᠷᠢᠲᠡᠢ᠃
ᠴᠡᠴᠡᠭ᠂ ᠦᠷ᠎ᠡ᠂ ᠦᠨᠳᠦᠰᠦ ᠨᠢ ᠡᠮ ᠳ᠋ᠦ᠍ ᠣᠷᠣᠨ᠎ᠠ᠃ ᠭᠣᠣᠯᠴᠢᠯᠠᠨ ᠬᠦᠢᠲᠡᠨ ᠡᠪᠡᠳᠴᠢᠨ᠂ ᠲᠦᠷᠭᠡᠨ ᠴᠢᠨᠠᠷᠲᠠᠢ ᠰᠢᠷᠠᠯᠠᠬᠤ ᠬᠡᠯᠪᠡᠷᠢ ᠶ᠋ᠢᠨ ᠬᠠᠯᠳᠠᠪᠤᠷᠢᠲᠤ ᠡᠯᠢᠭᠡᠨ ᠦ᠌ ᠦᠷᠪᠢᠰᠦᠯ᠂ ᠵᠠᠯᠭᠢᠭᠤᠷ ᠤ᠋ᠨ ᠦᠷᠪᠢᠰᠦᠯ᠂ ᠬᠠᠮᠠᠷ ᠠ᠋ᠴᠠ ᠴᠢᠰᠤ ᠭᠠᠷᠬᠤ᠂ ᠰᠢᠷᠭᠤᠯᠵᠢᠨ ᠬᠠᠲᠠᠭᠢ ᠶ᠋ᠢ ᠵᠠᠰᠠᠨ᠎ᠠ᠃ ᠦᠷ᠎ᠡ ᠨᠢ ᠠᠷᠠᠰᠤᠨ ᠡᠪᠡᠳᠴᠢᠨ᠂ ᠬᠣᠳᠣᠭᠣᠳᠣᠨ ᠤ᠋ ᠴᠠᠩᠬ᠎ᠠ᠂ ᠬᠣᠣᠷ᠎ᠠ ᠬᠠᠷᠰᠢᠯᠳᠤᠭᠰᠠᠨ᠂ ᠡᠷᠭᠢᠭᠰᠡᠨ ᠰᠢᠷᠬ᠎ᠠ᠂ ᠲᠦᠯᠡᠭᠳᠡᠭᠰᠡᠨ ᠰᠢᠷᠬ᠎ᠠ ᠳ᠋ᠤ᠌ ᠬᠡᠷᠡᠭᠯᠡᠨ᠎ᠡ᠃
ᠵᠤᠨ ᠤ᠋ ᠤᠯᠠᠷᠢᠯ ᠳ᠋ᠤ᠌ ᠡᠯ᠎ᠡ ᠲᠥᠷᠥᠯ ᠦ᠋ᠨ ᠮᠠᠯ ᠶᠡᠷᠦᠩᠬᠡᠢ ᠳ᠋ᠡᠭᠡᠨ ᠢᠳᠡᠳᠡᠭ ᠦᠭᠡᠢ᠂ᠢᠳᠡᠪᠡᠯ ᠪᠠᠭᠠᠰᠤ ᠠᠯᠳᠠᠵᠤ ᠬᠦᠴᠦ ᠲᠠᠷᠭᠤ ᠠᠪᠬᠤ ᠶ᠋ᠢ ᠨᠥᠯᠥᠭᠡᠯᠡᠳᠡᠭ᠂ ᠬᠠᠷᠢᠨ ᠡᠪᠦᠯ ᠬᠠᠪᠤᠷ ᠤ᠋ᠨ ᠭᠠᠴᠢᠭ ᠵᠤᠳ ᠢ᠋ ᠲᠤᠭᠤᠯᠬᠤ ᠳ᠋ᠤ᠌ ᠰᠠᠢᠨ ᠲᠡᠵᠢᠭᠡᠯᠲᠦ᠂ ᠨᠥᠭᠡᠴᠡ ᠡᠪᠡᠰᠦ ᠪᠣᠯᠳᠠᠭ ᠶᠤᠮ᠃
ᠬᠢᠲᠠᠳ ᠨᠡᠷ᠎ᠡ᠄马兰花,鸢尾花
ᠠᠩᠭ᠌ᠯᠢ ᠨᠡᠷ᠎ᠡ᠄Iris
ᠡᠮᠬᠢᠳᠬᠡᠨ ᠨᠠᠢᠷᠠᠭᠤᠯᠤᠭᠰᠠᠨ ᠨᠢ᠄ ᠲᠤᠶᠠᠭ᠎ᠠ ᠴᠡᠪᠡᠷᠴᠡᠴᠡᠭ
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠣᠳᠬᠠᠨᠰᠣ᠎ᠠ᠂ ᠫᠣ᠂ ᠴᠠᠭᠠᠨ
