ᠨᠠᠢᠵᠠ ᠨᠤᠭᠤᠳ ᠡ ᠬᠠᠮᠢᠭ᠎ᠠ ᠪᠠᠢᠨ᠎ᠠ-ᠪᠤᠯᠴᠠᠭᠠᠷ 2-01Булцгар - Найзуудаа хаана байна 2-р бүлгийн 1-р анги
ᠪᠤᠯᠴᠠᠭᠠᠷ 2-01
ᠶᠦᠨᠢ᠄ ᠶᠣ᠂ ᠪᠢ ᠬᠠᠮᠢᠭ᠎ᠠ ᠪᠠᠢᠨ᠎ᠠ᠂ᠨᠠᠢᠵᠠ ᠨᠤᠭᠤᠳ ᠠ᠋᠂ ᠪᠤᠺᠠ᠂ ᠰᠠᠨᠢ᠂ ᠷᠦᠪᠢ ᠲᠠ ᠨᠠᠷ ᠬᠠᠮᠢᠭ᠎ᠠ ᠪᠠᠢᠨ᠎ᠠ? ᠪᠢ ᠢᠩᠭᠢᠬᠦ ᠳ᠋ᠦ᠍ ᠬᠠᠮᠢᠭ᠎ᠠ ᠪᠠᠢᠭ᠎ᠠ ᠶᠤᠮ ᠪᠣᠢ? ᠶᠠ ᠶᠠ᠂ ᠶᠠᠭᠤ ᠪᠣᠢ?
ᠪᠤᠺᠠ᠄ ᠮᠠᠨ ᠤ᠋ ᠬᠢ ᠠ᠋᠂ ᠵᠦᠭᠡᠷ ᠤᠤ?
ᠡᠪᠦᠭᠡ᠄ ᠶᠣ ᠶᠣ᠁ ᠡᠪᠦᠭᠡ ᠨᠢ ᠪᠦᠷ ᠠᠮᠢᠰᠬᠤᠯᠠᠵᠤ ᠴᠢᠳᠠᠬᠤ ᠦᠭᠡᠢ ᠪᠠᠢᠨ᠎ᠠ ᠰᠢᠦ᠃
ᠰᠠᠨᠢ᠄ ᠶᠠᠭᠠᠬᠢᠨ᠎ᠠ᠂ ᠠᠭᠤᠴᠢᠯᠠᠭᠠᠷᠠᠢ! ᠡᠪᠦᠭᠡ
ᠪᠤᠺᠠ᠄ ᠠᠢᠰᠤᠤ᠂ ᠪᠢᠳᠡ ᠨᠠᠷ ᠬᠠᠮᠢᠭ᠎ᠠ ᠪᠠᠢᠨ᠎ᠠ᠂ ᠴᠢ ᠪᠠᠢᠷᠢᠰᠢᠯ ᠲᠣᠭᠲᠠᠭᠠᠭᠠᠳ ᠥᠭᠭᠦᠭᠡᠴᠢ᠃
ᠠᠢᠰᠤᠤ᠄ ᠵᠠ᠂ ᠲᠢᠭ ᠨᠢᠭᠡ ᠲᠢᠭ ᠨᠢᠭᠡ᠁᠁ ᠪᠦ ᠪᠢ ᠪᠠ ᠪᠠ ᠪᠦ ᠁᠁ ᠪᠠᠢᠷᠢᠰᠢᠯ ᠲᠣᠭᠲᠠᠭᠠᠵᠤ ᠪᠣᠯᠤᠮᠵᠢ ᠦᠭᠡᠢ ᠁ ᠃
ᠰᠠᠨᠢ᠄ ᠢᠩᠭᠢᠬᠦ ᠳ᠋ᠦ᠍ ᠶᠦᠨᠢ ᠬᠠᠮᠢᠭ᠎ᠠ ᠪᠠᠢᠨ᠎ᠠ᠂ ᠶᠦᠨᠢ ᠶᠦᠨᠢ᠃
ᠷᠦᠪᠢ᠄ ᠬᠡᠳᠦᠭᠦᠯᠡ ᠪᠡᠨ ᠶᠦᠨᠢ ᠶ᠋ᠢ ᠶᠠᠭᠠᠬᠢᠵᠤ ᠣᠯᠤᠨ᠎ᠠ?
ᠡᠷᠡᠭᠲᠡᠢ᠄ ᠶᠦᠨᠢ ᠪᠠᠢᠬᠤ ᠦᠭᠡᠢ ᠪᠠᠢᠨ᠎ᠠ ᠭᠡᠳᠡᠭ ᠠᠵᠠ ᠮᠢᠨᠦ ᠲᠠᠯ᠎ᠠ ᠳ᠋ᠤ᠌ ᠪᠠᠢᠭ᠎ᠠ ᠪᠣᠯᠤᠯᠲᠠᠢ ᠬᠥᠭᠰᠢᠨ ᠠ᠋᠂ ᠡᠨᠡ ᠪᠣᠯᠤᠮᠵᠢ ᠶ᠋ᠢ ᠠᠯᠳᠠᠵᠤ ᠪᠣᠯᠬᠤ ᠦᠭᠡᠢ᠃
ᠡᠪᠦᠭᠡ᠄ ᠵᠠ᠂ ᠬᠡᠦᠬᠡᠳ ᠦ᠋ᠳ ᠮᠢᠨᠢ ᠲᠠᠨᠢᠵᠤ ᠮᠡᠳᠡᠬᠦ ᠦᠭᠡᠢ ᠭᠠᠵᠠᠷ ᠠᠶᠤᠯ ᠲᠠᠢ᠂ ᠡᠪᠦᠭᠡ ᠨᠢ ᠲᠦᠷᠦᠭᠦᠯᠡᠵᠦ ᠶᠠᠪᠤᠭᠠᠳ ᠭᠠᠵᠠᠷ ᠲᠠᠩᠳᠠᠴᠢᠬᠠᠭᠠᠳ ᠢᠷᠡᠭᠰᠡᠨ ᠨᠢ ᠳᠡᠭᠡᠷ᠎ᠡ᠂ ᠨᠠᠮ᠎ᠠ ᠶ᠋ᠢ ᠢᠷᠡᠲᠡᠯ᠎ᠡ ᠡᠨᠳᠡ ᠪᠡᠨ ᠬᠦᠯᠢᠶᠡᠵᠦ ᠪᠠᠢ᠂ ᠲᠡᠢᠮᠦ ᠰᠢᠦ᠂ ᠵᠠ ᠤᠤ?
ᠲᠤᠤᠨᠢ᠄ ᠡᠪᠦᠭᠡ ᠪᠣᠯᠭᠣᠮᠵᠢ ᠲᠠᠢ ᠪᠠᠢᠭᠠᠷᠠᠢ!
ᠡᠷᠡᠭᠲᠡᠢ᠄ ᠡᠢᠮᠦ ᠴᠦ᠍ ᠪᠣᠯ ᠳᠠ᠃
ᠶᠦᠨᠢ᠄ ᠨᠡᠭᠡᠷᠡᠨ ᠨᠢᠰᠦᠭᠡᠳ ᠶᠠᠳᠠᠵᠤ ᠬᠠᠮᠢᠭ᠎ᠠ ᠪᠠᠢᠭ᠎ᠠ ᠪᠠᠨ ᠣᠯᠵᠤ ᠮᠡᠳᠡᠳᠡᠭ ᠬᠡᠷᠡᠭ ᠠ᠋᠃ ᠰᠠᠶᠢ ᠶᠠᠭᠤ ᠪᠣᠯᠴᠢᠬᠠᠪᠠ?ᠳᠡᠭᠡᠭᠰᠢᠯᠡᠬᠦ ᠲᠣᠰᠤᠮ ᠯᠠ ᠠᠮᠢᠰᠬᠤᠯᠯᠠᠬᠤ ᠳ᠋ᠤ᠌ ᠬᠡᠴᠡᠭᠦᠦ ᠪᠣᠯᠤᠭᠠᠳ ᠪᠠᠢᠬᠤ ᠶᠤᠮ᠂ ᠲᠡᠭᠡᠪᠡᠯ ᠶᠠᠳᠠᠵᠤ ᠪᠢᠯᠢᠭ ᠦ᠋ᠨ ᠨᠢᠳᠦ ᠪᠡᠨ ᠠᠰᠢᠭᠯᠠᠵᠤ ᠦᠵᠡᠬᠦ ᠡᠴᠡ᠂ ᠠ? ᠪᠠᠢᠵᠤ ᠪᠠᠢ ᠳᠠ ᠡᠨᠡ ᠴᠢᠨᠢ ᠶᠠᠭᠤ ᠪᠢᠯᠡ? ᠭᠦᠦᠰᠢ ᠡᠨᠡ ᠴᠢᠨᠢ ᠶᠠᠭᠤ ᠪᠢᠯᠡ᠂ ᠪᠠᠰᠠ ᠯᠠ ᠳᠡᠯᠡᠬᠡᠢ ᠶ᠋ᠢᠨ ᠨᠢᠭᠡ ᠠᠮᠢᠲᠠᠨ ᠶᠤᠮ ᠪᠠᠢᠬᠤ ᠳᠠ᠃ ᠪᠢᠴᠢᠬᠠᠨ ᠨᠠᠢᠵᠠ ᠮᠢᠨᠢ ᠴᠢ ᠪᠠᠰᠠ ᠨᠠᠳᠠ ᠲᠠᠢ ᠠᠳᠠᠯᠢᠬᠠᠨ ᠲᠥᠭᠡᠷᠢᠭᠡ ᠤᠤ ᠳᠠ᠃ ᠨᠠᠮ᠎ᠠ ᠶ᠋ᠢ ᠶᠦᠨᠢ ᠭᠡᠳᠡᠭ᠂ ᠬᠠᠷᠢᠨ ᠴᠢᠮ᠎ᠠ ᠶ᠋ᠢ ᠪᠥᠦᠳᠢ ᠭᠡᠵᠦ ᠳᠠᠭᠤᠳᠠᠶ᠎ᠠ᠃
ᠡᠪᠦᠭᠡ᠄ ᠬᠡᠦᠬᠡᠳ ᠦ᠋ᠳ ᠠ᠋᠂ ᠪᠢ ᠣᠷᠣᠬᠤ ᠵᠠᠮ ᠣᠯᠤᠯ᠎ᠠ᠂ ᠨᠠᠭᠠᠰᠢ ᠪᠠᠨ ᠬᠦᠷᠦᠭᠡᠳ ᠢᠷᠡᠵᠡᠭᠡᠭᠡᠷᠡᠢ ᠃ ᠨᠥᠭᠦᠭᠡ ᠵᠠᠮ ᠴᠢᠨᠢ ᠡᠨᠡ ᠰᠢᠦ ᠳᠡ᠃
ᠰᠠᠨᠢ᠄ ᠡᠪᠦᠭᠡ ᠢᠩᠭᠢᠬᠦ ᠳ᠋ᠦ᠍ ᠡᠨᠳᠡ ᠬᠣᠶᠠᠷ ᠵᠠᠮ ᠪᠠᠢᠨ᠎ᠠ ᠯᠠ ᠳᠠ᠂ ᠠᠯᠢ ᠨᠢ ᠭᠡᠳᠡᠭ ᠢ᠋ ᠲᠠ ᠶᠠᠭᠠᠬᠢᠵᠤ ᠮᠡᠳᠡᠵᠦ ᠪᠠᠢᠭ᠎ᠠ ᠪᠣᠢ?
ᠡᠪᠦᠭᠡ᠄ ᠠ ᠲᠡᠷᠡ ᠤᠤ? ᠣᠯᠠᠨ ᠵᠢᠯ ᠦ᠋ᠨ ᠲᠤᠷᠰᠢᠯᠭ᠎ᠠ ᠭᠡᠬᠦ ᠤᠤ ᠳᠠ ᠬᠡᠦᠬᠡᠳ ᠦ᠋ᠳ ᠮᠢᠨᠢ᠂ ᠴᠠᠭᠠᠨ᠎ᠠ ᠠ᠋ᠴᠠ ᠪᠠᠨ ᠯᠠ ᠮᠡᠳᠡᠳᠡᠭ ᠪᠣᠯᠴᠢᠬᠠᠳᠠᠭ ᠶᠤᠮ ᠰᠢᠦ ᠳᠡ᠃
ᠷᠦᠪᠢ᠄ ᠪᠠᠷᠠᠭᠤᠨ ᠲᠠᠯ᠎ᠠ ᠪᠠᠷ ᠨᠢ ᠶᠠᠪᠤᠨ᠎ᠠ᠂ ᠲᠡᠢᠮᠦ?ᠪᠠᠷᠠᠭᠤᠨ ᠲᠠᠯ᠎ᠠ ᠪᠠᠷ ᠨᠢ ᠶᠠᠪᠤᠨ᠎ᠠ ᠪᠢᠵᠡ ᠳᠡ? ᠲᠡᠢᠮᠦ ᠲᠡᠢᠮᠦ
ᠡᠪᠦᠭᠡ᠄ ᠦᠭᠡᠢ ᠳᠡ᠂ ᠬᠦᠦ ᠮᠢᠨᠢ᠂ ᠰᠠᠯᠠᠭ᠎ᠠ ᠵᠠᠮ ᠲᠠᠭᠠᠷᠠᠯᠳᠤᠪᠠᠯ ᠡᠷᠬᠡᠪᠰᠢ ᠬᠠᠮᠤᠭ ᠤ᠋ᠨ ᠭᠣᠶᠣ ᠰᠠᠢᠬᠠᠨ ᠬᠠᠷᠠᠭᠳᠠᠭᠰᠠᠨ ᠢ᠋ᠶ᠋ᠠᠷ ᠨᠢ ᠶᠠᠪᠤᠵᠤ ᠪᠣᠯᠳᠠᠭ ᠦᠭᠡᠢ ᠶᠦᠮ ᠰᠢᠦ᠃ ᠶᠠᠭ ᠦᠨᠡᠨ ᠳ᠋ᠦ᠍ ᠪᠡᠨ ᠬᠡᠴᠡᠭᠦᠦ ᠬᠠᠷᠠᠭᠳᠠᠵᠤ ᠪᠠᠢᠭ᠎ᠠ ᠵᠠᠮ ᠨᠢ ᠦᠷᠭᠦᠯᠵᠢ ᠵᠥᠪ ᠪᠠᠢᠳᠠᠭ᠂ ᠡᠢᠮᠦ ᠡᠴᠡ ᠬᠡᠳᠦᠭᠦᠯᠡ ᠪᠡᠨ ᠵᠡᠭᠦᠨ ᠲᠠᠯ᠎ᠠ ᠪᠠᠷ ᠨᠢ ᠶᠠᠪᠤᠨ᠎ᠠ᠃
ᠷᠦᠪᠢ᠄ ᠡᠪᠦᠭᠡ ᠲᠠ ᠲᠡᠭᠡᠵᠦ ᠬᠡᠯᠡᠵᠦ ᠪᠠᠢᠭ᠎ᠠ ᠪᠣᠯ ᠵᠡᠭᠦᠨ ᠢ᠋ᠶ᠋ᠡᠷ ᠨᠢ ᠶᠠᠪᠤᠵᠠᠭᠠᠶ᠎ᠠ ᠳᠠ᠂ ᠡᠪᠲᠦ ᠲᠠᠤᠯᠠᠢ ᠵᠣᠷᠢᠭᠲᠠᠢ ᠪᠣᠯ ᠲᠣᠮᠣ ᠮᠤᠤᠷ ᠴᠢᠴᠠᠭ᠎ᠠ ᠠᠯᠳᠠᠨ᠎ᠠ ᠭᠡᠳᠡᠭ ᠪᠠᠢᠬ᠎ᠠ᠂ ᠤᠷᠤᠭᠰᠢ ᠪᠠᠨ᠃
ᠡᠪᠦᠭᠡ᠄ ᠡᠪᠦᠭᠡ ᠨᠢ ᠠᠷᠤ ᠶ᠋ᠢ ᠨᠢ ᠬᠠᠮᠠᠭᠠᠯᠠᠭᠠᠳ ᠶᠠᠪᠤᠨ᠎ᠠ᠂ ᠵᠠᠮ ᠢ᠋ᠶ᠋ᠠᠨ ᠰᠠᠢᠨ ᠬᠠᠷᠠᠭᠠᠳ ᠶᠠᠪᠤᠭᠠᠷᠠᠢ ᠬᠡᠦᠬᠡᠳ ᠦ᠋ᠳ ᠮᠢᠨᠢ᠂ ᠠᠭᠠᠵᠢᠭᠤ ᠭᠡᠮ᠃ ᠡᠩ᠁᠃
ᠾᠦᠩ ᠸᠧᠢ ᠦᠰᠦᠭ ᠢ᠋ ᠨᠢ ᠠᠮᠢᠯᠠᠭᠤᠯᠵᠤ ᠬᠠᠲᠠᠪᠠ ᠂ ᠮᠥᠴᠢᠷ ᠬᠢᠨᠠᠵᠤ ᠥᠭᠪᠡ᠃
