ᠮᠣᠩᠭᠣᠯ ᠬᠡᠯᠡ-ᠪᠢᠮᠪᠠ ᠵᠢᠨ ᠷᠢᠨᠴᠢᠨ- ᠰᠢᠯᠦᠭ-ᠮᠣᠩᠭᠣᠯ ᠪᠢᠴᠢᠭ᠂ ᠮᠣᠩᠭᠣᠯ ᠰᠣᠶᠣᠯ ᠢ᠋ᠶ᠋ᠠᠨ ᠮᠠᠷᠲᠠᠵᠤ ᠦᠯᠦ ᠪᠣᠯᠤᠮᠤМонгол бичиг, монгол соёлоо мартаж өл болмуМонгол хэл-Бямбын Ринчин-шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡ-ᠪᠢᠮᠪᠠ ᠵᠢᠨ ᠷᠢᠨᠴᠢᠨ- ᠰᠢᠯᠦᠭ-ᠮᠣᠩᠭᠣᠯ ᠪᠢᠴᠢᠭ᠂ ᠮᠣᠩᠭᠣᠯ ᠰᠣᠶᠣᠯ ᠢ᠋ᠶ᠋ᠠᠨ ᠮᠠᠷᠲᠠᠵᠤ ᠦᠯᠦ ᠪᠣᠯᠤᠮᠤМонгол бичиг, монгол соёлоо мартаж өл болмуМонгол хэл-Бямбын Ринчин-шүлэг

ᠮᠣᠩᠭᠣᠯ ᠬᠡᠯᠡ-ᠪᠢᠮᠪᠠ ᠵᠢᠨ ᠷᠢᠨᠴᠢᠨ- ᠰᠢᠯᠦᠭ-ᠮᠣᠩᠭᠣᠯ ᠪᠢᠴᠢᠭ᠂ ᠮᠣᠩᠭᠣᠯ ᠰᠣᠶᠣᠯ ᠢ᠋ᠶ᠋ᠠᠨ ᠮᠠᠷᠲᠠᠵᠤ ᠦᠯᠦ ᠪᠣᠯᠤᠮᠤМонгол бичиг, монгол соёлоо мартаж өл болмуМонгол хэл-Бямбын Ринчин-шүлэг

2022-06-05

3784

ᠮᠣᠩᠭᠣᠯ ᠬᠡᠯᠡ


             ᠪ · ᠷᠢᠨᠴᠢᠨ

ᠴᠢᠬᠢᠨ ᠦ᠌ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠣᠯ ᠬᠡᠯᠡ 
ᠴᠢᠩ ᠵᠣᠷᠢᠭᠲᠤ ᠡᠪᠦᠭᠡᠳ ᠳᠡᠭᠡᠳᠦᠰ ᠦ᠋ᠨ ᠮᠢᠨᠢ ᠥᠪ ᠶᠡᠬᠡ ᠡᠷᠳᠡᠨᠢ 
ᠰᠣᠨᠣᠰᠬᠤ ᠪᠦᠷᠢ ᠢᠷᠠᠭᠤ ᠪᠠᠶᠠᠯᠢᠭ ᠢ᠋ ᠭᠠᠢᠬᠠᠨ ᠪᠡᠶᠡᠰᠴᠦ 
ᠰᠣᠳᠣ ᠶᠡᠬᠡ ᠪᠢᠯᠢᠭᠲᠦ ᠲᠦᠮᠡᠨ ᠶᠦ᠍ᠭᠡᠨ ᠪᠢᠰᠢᠷᠡᠨ ᠮᠠᠭᠲᠠᠮᠤ ᠪᠢ! 

ᠤᠷᠢᠳᠤ ᠶ᠋ᠢᠨ ᠪᠡᠷᠬᠡ ᠴᠠᠭ ᠲᠤ᠌ ᠤᠯᠤᠰ ᠮᠣᠩᠭᠣᠯ ᠤ᠋ᠨ ᠬᠡᠳᠦ ᠵᠠᠶᠠᠭ᠎ᠠ ᠶ᠋ᠢ 
ᠤᠢᠳᠬᠠᠷᠯᠠᠨ ᠪᠣᠳᠣᠬᠤ ᠳ᠋ᠤ᠌ ᠤᠷᠮ᠎ᠠ ᠵᠣᠷᠢᠭ ᠢ᠋ ᠮᠢᠨᠢ ᠰᠡᠷᠭᠦᠭᠡᠭᠰᠡᠨ 
ᠥᠭᠡᠳᠡᠯᠡᠨ ᠳᠡᠭᠵᠢᠬᠦ ᠶ᠋ᠢᠨ ᠲᠡᠭᠦᠰ ᠬᠤᠪᠢᠲᠠᠢ ᠳ᠋ᠤ᠌ ᠨᠢ ᠢᠲᠡᠭᠡᠭᠦᠯᠦᠭᠰᠡᠨ 
ᠥᠷᠨᠢᠨ ᠮᠠᠨᠳᠤᠬᠤ ᠶ᠋ᠢᠨ ᠰᠢᠨᠵᠢ ᠪᠦᠷᠢᠳᠦᠭᠰᠡᠨ ᠡᠪᠦᠭᠡᠳ ᠦ᠋ᠨ ᠮᠢᠨᠢ ᠬᠡᠯᠡ 

ᠮᠥᠷᠡᠨ ᠭᠣᠣᠯ ᠴᠢᠳᠬᠤᠯᠠᠩᠲᠤ ᠂ ᠰᠢᠷᠭᠢᠰᠢ ᠦᠭᠡᠢ ᠶᠡᠬᠡ ᠳᠠᠯᠠᠢ ᠮᠡᠲᠦ
ᠮᠥᠩᠬᠡᠲᠡ ᠦᠷ᠎ᠡ ᠠᠴᠢ ᠨᠠᠷ ᠤ᠋ᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ
ᠬᠥᠨᠳᠡᠢ ᠴᠡᠭᠡᠵᠢᠨ ᠳ᠋ᠦ᠍ ᠣᠷᠣᠭᠴᠢ ᠪᠦᠭᠦᠳᠡ ᠶ᠋ᠢ ᠨᠡᠪᠲᠡᠷᠡᠭᠦᠯᠬᠦ ᠴᠢᠳᠠᠯᠲᠤ
ᠬᠥᠭᠵᠢᠮ ᠮᠡᠲᠦ ᠢᠷᠠᠭᠤ ᠪᠠᠶᠠᠰᠬᠤᠯᠠᠩᠲᠤ ᠮᠣᠩᠭᠣᠯ ᠬᠡᠯᠡ ᠮᠢᠨᠢ

ᠥᠰᠬᠦ ᠨᠠᠰᠤᠨ ᠠ᠋ᠴᠠ ᠥᠲᠡᠯᠬᠦ ᠨᠠᠰᠤᠨ ᠬᠦᠷᠲᠡᠯ᠎ᠡ ᠴᠢᠮ᠎ᠠ ᠶᠤᠭᠠᠨ ᠰᠤᠳᠤᠯᠤᠨ
ᠡᠳᠦᠷ ᠪᠦᠷᠢ ᠦᠭᠡᠰ ᠦ᠋ᠨ ᠡᠷᠳᠡᠨᠢ ᠶ᠋ᠢ ᠴᠢᠨᠢ ᠪᠠᠶᠠᠷᠯᠠᠨ ᠲᠡᠭᠦᠨᠡᠮ
ᠲᠦᠮᠡᠨ ᠲᠦᠮᠡᠨ ᠦᠶ᠎ᠡ ᠶ᠋ᠢᠨ ᠣᠶᠤᠨ ᠪᠢᠯᠢᠭ ᠦ᠋ᠨ ᠦᠯᠡᠮᠵᠢ ᠰᠠᠩ ᠤ᠋ᠨ ᠡᠭᠦᠳᠡ ᠶ᠋ᠢ ᠴᠢᠨᠢ
ᠲᠦᠯᠬᠢᠬᠦ ᠪᠦᠷᠢ ᠰᠡᠳᠬᠢᠯ ᠰᠡᠷᠭᠦᠨ ᠂ ᠮᠠᠩᠨᠠᠢ ᠶ᠋ᠢᠨ ᠦᠷᠴᠢᠯᠡᠭᠡ ᠲᠡᠨᠢᠢᠨᠡᠮ

ᠲᠦᠭᠰᠢᠭᠦᠷᠢᠲᠦ ᠪᠡᠷᠬᠡ ᠶ᠋ᠢ ᠳᠠᠪᠠᠨ ᠲᠤᠭᠤᠯᠤᠭᠰᠠᠨ ᠪᠠᠭᠠᠲᠤᠷ ᠲᠦᠮᠡᠨ ᠦ᠌ ᠮᠢᠨᠢ
ᠲᠦᠪᠰᠢᠨ ᠰᠣᠶᠣᠯ ᠤ᠋ᠨ ᠡᠷᠳᠡᠨᠢ ᠶᠦ᠍ᠭᠡᠨ ᠮᠠᠨᠳᠤᠭᠤᠯᠬᠤ ᠶ᠋ᠢᠨ ᠭᠡᠭᠡᠨ ᠤᠯᠠᠷᠢᠯ ᠨᠡᠭᠡᠭᠡᠭᠳᠡᠭᠰᠡᠨ ᠳ᠋ᠦ᠍
ᠰᠡᠯᠪᠢᠯ ᠦᠭᠡᠢ ᠰᠡᠴᠡᠨ ᠣᠶᠤᠲᠠᠨ ᠂ ᠬᠡᠯᠡ ᠶᠦ᠍ᠭᠡᠨ ᠡᠩᠬᠦᠷᠡᠢᠯᠡᠨ ᠬᠥᠭᠵᠢᠭᠦᠯᠦᠶᠦ ᠭᠡᠮᠡᠨ
ᠰᠡᠳᠬᠢᠯ ᠤᠷᠮᠠᠰ ᠪᠠᠳᠠᠷᠠᠨ ᠪᠠᠬᠠᠳᠤᠮᠤ ᠂ ᠦᠰᠦᠨ ᠪᠤᠭᠤᠷᠤᠯ ᠥᠲᠡᠭᠦᠰ ᠪᠢ

ᠬᠤᠲᠤᠭ ᠥᠯᠵᠡᠢ ᠪᠦᠷᠢᠳᠦᠭᠰᠡᠨ ᠬᠤᠪᠢ ᠶᠡᠬᠡ ᠵᠠᠶᠠᠭᠠᠲᠤ ᠲᠦᠮᠡᠨ ᠦ᠌ ᠮᠢᠨᠢ
ᠬᠤᠷᠴᠠ ᠠᠪᠢᠶᠠᠰᠲᠤ ᠬᠥᠪᠡᠭᠦᠳ ᠳᠡᠭᠦᠦ ᠨᠠᠷ ᠂ ᠬᠠᠯᠠᠭᠤᠨ ᠡᠯᠢᠭᠡᠳᠡᠨ ᠬᠣᠲᠠᠯᠠᠭᠠᠷ
ᠡᠭᠡᠰᠢᠭ ᠰᠠᠢᠬᠠᠨ ᠮᠣᠩᠭᠣᠯ ᠬᠡᠯᠡ ᠶᠦ᠍ᠭᠡᠨ ᠨᠡᠩ ᠬᠠᠢᠷᠠᠯᠠᠨ ᠳᠡᠭᠡᠳᠦᠯᠡᠵᠦ
ᠡᠩᠬᠦᠷᠡᠢᠯᠡᠨ ᠪᠠᠳᠠᠷᠠᠭᠤᠯᠬᠤ ᠶ᠋ᠢᠨ ᠪᠠᠲᠤ ᠵᠣᠷᠢᠭ ᠲᠡᠭᠦᠰ ᠶᠠᠭᠤᠲᠠᠢ ᠰᠠᠢᠬᠠᠨ

ᠴᠢᠬᠢᠨ ᠦ᠌ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠣᠯ ᠬᠡᠯᠡ
ᠴᠢᠩ ᠵᠣᠷᠢᠭᠲᠤ ᠡᠪᠦᠭᠡᠳ ᠳᠡᠭᠡᠳᠦᠰ ᠦ᠋ᠨ ᠮᠢᠨᠢ ᠥᠪ ᠶᠡᠬᠡ ᠡᠷᠳᠡᠨᠢ
ᠰᠣᠨᠣᠰᠬᠤ ᠪᠦᠷᠢ ᠢᠷᠠᠭᠤ ᠪᠠᠶᠠᠯᠢᠭ ᠢ᠋ ᠭᠠᠢᠬᠠᠨ ᠪᠡᠶᠡᠰᠴᠦ
ᠰᠣᠳᠣ ᠶᠡᠬᠡ ᠪᠢᠯᠢᠭᠲᠦ ᠲᠦᠮᠡᠨ ᠶᠦ᠍ᠭᠡᠨ ᠪᠢᠰᠢᠷᠡᠨ ᠮᠠᠭᠲᠠᠮᠤ ᠪᠢ!

         ᠬᠥᠬᠡᠬᠣᠲᠠ ᠂1957 ᠣᠨ ᠤ᠋ 9 ᠳ᠋ᠦ᠍ᠭᠡᠷ ᠰᠠᠷ᠎ᠠ ᠶ᠋ᠢᠨ17