ᠬᠡᠷᠢᠶ᠎ᠡ ᠬᠡᠷᠢᠶᠡᠨ ᠦ᠌ ᠵᠦᠭ ᠨᠢᠰᠦᠨ᠎ᠡ- ᠠ᠊· ᠰ· ᠫᠦ᠋ᠱᠺᠢᠨХэрээ хэрээний зүг ниснэ-А·С·Пүшкин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠷᠢᠶ᠎ᠡ ᠬᠡᠷᠢᠶᠡᠨ ᠦ᠌ ᠵᠦᠭ ᠨᠢᠰᠦᠨ᠎ᠡ- ᠠ᠊· ᠰ· ᠫᠦ᠋ᠱᠺᠢᠨХэрээ хэрээний зүг ниснэ-А·С·Пүшкин

ᠬᠡᠷᠢᠶ᠎ᠡ ᠬᠡᠷᠢᠶᠡᠨ ᠦ᠌ ᠵᠦᠭ ᠨᠢᠰᠦᠨ᠎ᠡ- ᠠ᠊· ᠰ· ᠫᠦ᠋ᠱᠺᠢᠨХэрээ хэрээний зүг ниснэ-А·С·Пүшкин

2024-06-21

296

         ᠠ᠊· ᠰ· ᠫᠤᠱᠺᠢᠨ 

ᠬᠡᠷᠢᠶ᠎ᠡ ᠬᠡᠷᠢᠶᠡᠨ ᠦ᠌ ᠵᠦᠭ ᠨᠢᠰᠦᠨ᠎ᠡ᠃
ᠬᠡᠷᠢᠶ᠎ᠡ ᠬᠡᠷᠢᠶᠡᠨ ᠳ᠋ᠡᠭᠡᠨ ᠭᠤᠸᠠᠭᠯᠠᠬᠤ ᠨᠢ᠄
ᠬᠡᠷᠢᠶ᠎ᠡ ᠪᠢᠳᠡ ᠬᠠᠮᠢᠭ᠎ᠠ ᠨᠢᠭᠡ ᠢᠳᠡᠵᠦ ᠠᠪᠤᠨ᠎ᠠ?
ᠬᠡᠷᠢᠶ᠎ᠡ ᠬᠡᠷᠢᠶᠡᠨ ᠳ᠋ᠡᠭᠡᠨ ᠬᠠᠷᠢᠭᠤᠯᠬᠤ ᠨᠢ᠄
ᠬᠣᠭᠣᠯᠠ ᠪᠢᠳᠡᠨ ᠳ᠋ᠦ᠍ ᠣᠯᠳᠠᠬᠤ ᠪᠣᠯᠤᠨ᠎ᠠ᠃
ᠡᠵᠡᠭᠦᠢ ᠲᠠᠯ᠎ᠠ ᠳ᠋ᠤ᠌ ᠪᠤᠲᠠ ᠶ᠋ᠢᠨ ᠳᠣᠣᠷ᠎ᠠ 
ᠠᠯᠠᠭᠳᠠᠭᠰᠠᠨ ᠪᠠᠭᠠᠲᠤᠷ ᠬᠡᠪᠲᠡᠨ᠎ᠡ᠃
ᠬᠡᠨ ᠳ᠋ᠦ᠍ ᠶᠠᠮᠠᠷ ᠤᠴᠢᠷ ᠠ᠋ᠴᠠ ᠠᠯᠠᠭᠳᠠᠭᠰᠠᠨ ᠢ᠋
ᠭᠠᠭᠴᠠᠬᠠᠨ ᠱᠣᠩᠬᠣᠷ ᠰᠢᠪᠠᠭᠤ ᠮᠡᠳᠡᠨ᠎ᠡ᠂
ᠪᠠᠰᠠ ᠬᠠᠷᠠᠭᠴᠢ ᠭᠡᠭᠦᠦ ᠨᠢ ᠮᠡᠳᠡᠨ᠎ᠡ᠂
ᠪᠠᠰᠠ ᠵᠠᠯᠠᠭᠤ ᠭᠡᠷᠭᠡᠢ ᠨᠢ ᠮᠡᠳᠡᠨ᠎ᠡ᠃
ᠭᠡᠭᠦᠦ ᠶ᠋ᠢ ᠳᠠᠢᠰᠤᠨ ᠤᠨᠤᠨ ᠶᠠᠪᠤᠵᠠᠢ᠃ 
ᠱᠣᠩᠬᠣᠷ ᠰᠢᠭᠤᠢ ᠳ᠋ᠤ᠌ ᠨᠢᠰᠦᠨ ᠣᠳᠴᠠᠢ᠃
ᠬᠠᠷᠢᠨ ᠭᠡᠷᠭᠡᠢ ᠨᠢ ᠠᠮᠠᠷᠠᠭ ᠢ᠋ ᠬᠦᠯᠢᠶᠡᠬᠦ ᠨᠢ 
ᠠᠯᠠᠭᠳᠠᠭᠰᠠᠨ ᠢ᠋ ᠪᠢᠰᠢ᠂ ᠠᠮᠢᠳᠤ ᠶ᠋ᠢ ᠶᠦᠮ ᠠ᠋᠃

ᠣᠷᠴᠢᠭᠤᠯᠤᠭᠰᠠᠨ ᠰᠢᠯᠦᠭ ᠦᠳ

               ᠳ· ᠨᠠᠴᠤᠭᠳᠣᠷᠵᠢ

    ᠦᠰᠦᠭ ᠠᠮᠢᠯᠠᠭᠤᠯᠤᠭᠴᠢ᠄ ᠭᠠᠷᠮ᠎ᠠ
    ᠬᠢᠨᠠᠭᠴᠢ᠄ ᠰᠡᠬᠡᠭᠡᠷᠡᠯ᠂ ᠣᠳᠬᠠᠨᠰᠣ᠎ᠠ