ᠠᠨᠴᠠᠷ - ᠠ᠊· ᠰ· ᠫᠦ᠋ᠱᠺᠢᠨАнчар-А·С·Пүшкин
ᠠ᠊· ᠰ· ᠫᠦ᠋ᠱᠺᠢᠨ
ᠬᠠᠲᠠᠩᠭᠢ ᠬᠠᠬᠢ ᠭᠣᠪᠢ ᠶ᠋ᠢᠨ ᠴᠦᠯ ᠳ᠋ᠦ᠍
ᠬᠠᠭᠠᠷᠢᠩᠬᠢ ᠨᠤᠷᠮᠠᠨ ᠬᠥᠷᠥᠰᠥᠨ ᠳᠡᠭᠡᠷ᠎ᠡ
ᠬᠠᠷᠭᠢᠰ ᠬᠠᠷᠠᠭᠤᠯ ᠮᠡᠲᠦ ᠠᠨᠴᠠᠷ
ᠬᠣᠷᠸ᠎ᠠ ᠳ᠋ᠤ᠌ ᠭᠠᠭᠴᠠᠭᠠᠷ ᠢ᠋ᠶ᠋ᠠᠨ ᠰᠢᠭ᠋ ᠵᠣᠭᠰᠣᠨ᠎ᠠ᠃
ᠭᠣᠪᠢ ᠶ᠋ᠢᠨ ᠠᠩᠭᠠᠮᠠᠯ ᠲᠦᠮᠡᠨ ᠪᠣᠳᠠᠰ
ᠬᠢᠯᠢᠩᠲᠦ ᠡᠳᠦᠷ ᠲᠡᠭᠦᠨ ᠢ᠋ ᠲᠥᠷᠥᠭᠦᠯᠵᠡᠢ᠃
ᠮᠥᠴᠢᠷ ᠦ᠋ᠨ ᠦᠬᠦᠩᠭᠢ ᠨᠣᠭᠣᠭᠠᠨ ᠬᠢᠭᠡᠳ
ᠦᠨᠳᠦᠰᠦ ᠶ᠋ᠢ ᠬᠣᠣᠷ᠎ᠠ ᠪᠠᠷ ᠤᠮᠳᠠᠯᠠᠵᠠᠢ᠃
ᠤᠢᠰᠤᠨ ᠠ᠋ᠴᠠ ᠨᠢ ᠬᠣᠣᠷ᠎ᠠ ᠳᠤᠰᠤᠯᠠᠵᠤ
ᠦᠳᠡ ᠶ᠋ᠢᠨ ᠴᠠᠭ ᠬᠠᠯᠠᠭᠤᠨ ᠳ᠋ᠤ᠌ ᠬᠠᠢᠯᠤᠨ᠎ᠠ᠃
ᠦᠳᠡᠰᠢ ᠶ᠋ᠢᠨ ᠬᠢᠷᠢ ᠰᠠᠶᠢ ᠴᠠᠷᠴᠠᠵᠤ
ᠥᠳᠬᠡᠨ ᠲᠤᠩᠭᠠᠯᠠᠭ ᠳᠠᠪᠠᠷᠬᠠᠢ ᠪᠣᠯᠤᠨ᠎ᠠ᠃
ᠲᠡᠷᠡ ᠵᠦᠭ ᠰᠢᠪᠠᠭᠤ ᠡᠰᠡ ᠨᠢᠰᠦᠨ
ᠪᠠᠷᠰ ᠦᠯᠦ ᠬᠠᠪᠢᠳᠠᠬᠤ ᠪᠢᠯᠡ᠃
ᠬᠠᠷ᠎ᠠ ᠰᠠᠯᠬᠢ ᠦᠬᠦᠯ ᠦ᠋ᠨ ᠮᠣᠳᠣ ᠶ᠋ᠢ ᠳᠠᠭᠠᠷᠢᠨ
ᠬᠣᠣᠷ᠎ᠠ ᠰᠢᠩᠭᠡᠭᠡᠵᠦ ᠵᠠᠢᠯᠠᠨ ᠣᠳᠤᠨ᠎ᠠ᠃
ᠡᠭᠦᠯᠡ ᠨᠡᠭᠦᠳᠡᠯᠯᠡᠨ ᠲᠡᠨᠦᠭᠦᠴᠢᠯᠡᠭᠰᠡᠭᠡᠷ
ᠰᠢᠷᠢᠯᠳᠦᠮᠡᠯ ᠨᠠᠪᠴᠢ ᠶ᠋ᠢ ᠰᠦᠷᠴᠢᠬᠦ ᠪᠣᠯ
ᠪᠦᠬᠦ ᠮᠥᠴᠢᠷ ᠡᠴᠡ ᠳᠠᠷᠤᠢ ᠬᠣᠣᠷᠠᠳᠠᠵᠤ
ᠪᠤᠴᠠᠯᠤᠮᠠᠯ ᠡᠯᠡᠰᠦᠨ ᠳ᠋ᠦ᠍ ᠪᠣᠷᠣᠭᠠᠨ ᠳᠤᠰᠤᠯᠠᠨ᠎ᠠ᠃
ᠭᠡᠲᠡᠯ᠎ᠡ ᠬᠥᠮᠦᠨ᠂ ᠬᠥᠮᠦᠨ ᠢ᠋ᠶ᠋ᠡᠨ
ᠡᠵᠡᠷᠬᠡᠭ ᠬᠠᠷ᠎ᠠ ᠠᠨᠴᠠᠷ ᠳᠠᠰᠢ ᠢᠯᠡᠭᠡᠯ᠎ᠡ᠃
ᠬᠢᠴᠢᠶᠡᠩᠭᠦᠢᠯᠡᠵᠦ ᠲᠡᠷᠡ ᠵᠠᠮ ᠭᠦᠶᠦᠯᠭᠡᠨ
ᠢᠷᠡᠬᠦ ᠥᠷᠯᠥᠭᠡ ᠬᠣᠣᠷ᠎ᠠ ᠶ᠋ᠢᠨ ᠬᠠᠮᠲᠤ ᠡᠭᠡᠯ᠎ᠡ᠃
ᠦᠬᠦᠯ ᠦ᠋ᠨ ᠥᠨᠥᠬᠢ ᠳᠠᠪᠠᠷᠬᠠᠢ ᠶ᠋ᠢ ᠨᠢ
ᠥᠯᠥᠰᠥᠮᠡᠯ ᠨᠠᠪᠴᠢᠲᠤ ᠲᠡᠭᠦᠨ ᠲᠡᠢ ᠠᠪᠴᠢᠷᠠᠯ᠎ᠠ᠃
ᠵᠡᠪᠡᠬᠡᠢ ᠮᠠᠩᠨᠠᠢ ᠤᠷᠤᠭᠤ ᠨᠢ
ᠵᠢᠬᠡᠭᠦᠨ ᠬᠥᠯᠥᠰᠥ ᠴᠢᠳᠬᠤᠨ᠎ᠠ᠃
ᠠᠷᠠᠢᠬᠠᠨ ᠠᠪᠴᠢᠷᠠᠮᠠᠭᠴᠨ ᠠᠯᠵᠢᠶᠠᠨ
ᠠᠮᠪᠠᠷᠭᠠᠲᠤ ᠳᠤᠷᠤᠰᠤᠨ ᠳᠡᠭᠡᠷ᠎ᠡ ᠬᠡᠪᠲᠡᠭᠡᠳ᠂
ᠢᠯᠠᠭᠳᠠᠰᠢ ᠦᠭᠡᠢ ᠡᠵᠡᠨ ᠦ᠌ ᠥᠯᠮᠡᠢ ᠳ᠋ᠦ᠍
ᠶᠠᠳᠠᠭᠤ ᠪᠣᠭᠣᠯ ᠨᠠᠰᠤ ᠨᠥᠭᠴᠢᠯᠡ᠃
ᠬᠠᠷᠢᠨ ᠨᠣᠶᠠᠨ ᠲᠡᠷᠡ ᠬᠣᠣᠷ᠎ᠠ ᠶ᠋ᠢ
ᠲᠣᠭᠣᠯᠭᠠᠪᠤᠷᠢᠲᠤ ᠰᠤᠮᠤᠨ ᠳ᠋ᠠᠭᠠᠨ ᠰᠢᠩᠭᠡᠭᠡᠯᠡ᠃
ᠬᠠᠷᠢ ᠶ᠋ᠢᠨ ᠭᠠᠵᠠᠷ ᠤᠯᠤᠰ ᠣᠷᠣᠨ ᠳ᠋ᠤ᠌
ᠲᠡᠭᠦᠨ ᠢ᠋ ᠢᠯᠡᠭᠡᠵᠦ ᠬᠥᠨᠥᠭᠡᠯ ᠢ᠋ ᠬᠦᠷᠭᠡᠯ᠎ᠡ᠃
(1) ᠠᠨᠵᠠᠷ— ᠶᠡᠸᠡ ᠠᠷᠠᠯ ᠳ᠋ᠤ᠌ ᠤᠷᠭᠤᠳᠠᠭ ᠬᠣᠣᠷᠠᠲᠠᠢ ᠮᠣᠳᠣᠨ ᠤ᠋ ᠨᠡᠷ᠎ᠡ᠃
ᠣᠷᠴᠢᠭᠤᠯᠤᠭᠰᠠᠨ ᠰᠢᠯᠦᠭ ᠦ᠋ᠳ
ᠳ· ᠨᠠᠴᠤᠭᠳᠣᠷᠵᠢ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
