ᠬᠡᠯᠡ ᠪᠡᠨ ᠮᠠᠷᠲᠠᠵᠤ ᠪᠣᠯᠬᠤ ᠦᠭᠡᠢ -ᠪᠣᠭᠳᠠ ᠴᠢᠩᠭᠢᠰ ᠦ᠋ᠨ ᠭᠡᠷᠢᠶᠡᠰ -ᠲᠡᠭᠦᠰᠵᠢᠪᠬᠤᠯᠠᠩ Хэлээ мартаж болохгүй-Төгсжавхлан ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡ ᠪᠡᠨ ᠮᠠᠷᠲᠠᠵᠤ ᠪᠣᠯᠬᠤ ᠦᠭᠡᠢ -ᠪᠣᠭᠳᠠ ᠴᠢᠩᠭᠢᠰ ᠦ᠋ᠨ ᠭᠡᠷᠢᠶᠡᠰ -ᠲᠡᠭᠦᠰᠵᠢᠪᠬᠤᠯᠠᠩ Хэлээ мартаж болохгүй-Төгсжавхлан

ᠬᠡᠯᠡ ᠪᠡᠨ ᠮᠠᠷᠲᠠᠵᠤ ᠪᠣᠯᠬᠤ ᠦᠭᠡᠢ -ᠪᠣᠭᠳᠠ ᠴᠢᠩᠭᠢᠰ ᠦ᠋ᠨ ᠭᠡᠷᠢᠶᠡᠰ -ᠲᠡᠭᠦᠰᠵᠢᠪᠬᠤᠯᠠᠩ Хэлээ мартаж болохгүй-Төгсжавхлан

2024-06-20

2771

ᠬᠡᠯᠡ ᠪᠡᠨ ᠮᠠᠷᠲᠠᠵᠤ ᠪᠣᠯᠬᠤ ᠦᠭᠡᠢ

᠂1᠂ 
ᠬᠡᠯᠡ ᠪᠡᠨ ᠮᠠᠷᠲᠠᠭᠰᠠᠳ ᠢ᠋ 
ᠬᠡᠳᠦᠨ ᠦᠶ᠎ᠡ ᠪᠡᠷ ᠨᠢ ᠴᠠᠪᠴᠢ 
ᠬᠡᠷᠪᠡ ᠦᠷ᠎ᠡ ᠬᠣᠢᠴᠢᠰ ᠲᠤ ᠪᠠᠨ ᠦᠯᠦ ᠰᠤᠷᠭᠠᠪᠠᠰᠤ 
ᠬᠡᠵᠢᠶᠡᠳᠡ ᠲᠡᠳᠡᠨ ᠢ᠋ ᠪᠤᠤ ᠠᠭᠤᠴᠢᠯᠠ 
ᠬᠡᠵᠢᠶ᠎ᠡ ᠡᠭᠦᠷᠢᠳᠡ ᠲᠥᠷᠥᠯ ᠪᠤᠤ ᠣᠯᠭᠣ 
ᠠᠯᠢ ᠨᠢᠭᠡ ᠡᠳᠦᠷ ᠠᠬᠢᠭᠠᠳ ᠪᠢ ᠢᠷᠡᠨ᠎ᠡ 
ᠠᠶᠤᠮᠰᠢᠭ ᠦᠭᠡᠢ ᠬᠡᠨ ᠮᠢᠨᠦ ᠵᠠᠷᠯᠢᠭ ᠠ᠋ᠴᠠ ᠵᠥᠷᠢᠴᠡᠪᠡᠯ  
ᠠᠢᠯ ᠠᠢᠮᠠᠭ ᠦᠭᠡᠢ ᠪᠦᠬᠦᠨ ᠢ᠋ 
ᠠᠷᠠᠰᠤᠨ ᠳ᠋ᠤ᠌ ᠪᠣᠭᠣᠵᠤ ᠰᠢᠳᠬᠡᠮᠦᠢ 

          ᠪᠣᠭᠳᠠ ᠴᠢᠩᠭᠢᠰ ᠦ᠋ᠨ ᠭᠡᠷᠢᠶᠡᠰ 

᠂ 2᠂
ᠲᠥᠷᠥᠯᠬᠢ ᠦᠭᠡ ᠬᠡᠯᠡ ᠪᠠᠢᠭᠠᠳ ᠬᠡᠯᠡᠵᠦ ᠦᠯᠦ ᠴᠢᠳᠠᠪᠠᠰᠤ
ᠬᠥᠮᠦᠨ ᠪᠣᠯᠵᠤ ᠲᠥᠷᠥᠭᠡᠳ ᠡᠵᠢ ᠪᠡᠨ ᠦᠯᠦ ᠲᠠᠨᠢᠬᠤ ᠮᠡᠲᠦ
ᠲᠥᠷᠥᠯᠬᠢ ᠦᠰᠦᠭ ᠪᠢᠴᠢᠭ ᠢ᠋ᠶ᠋ᠡᠨ ᠦᠯᠦ ᠲᠠᠨᠢᠪᠠᠰᠤ
ᠠᠪᠤ ᠪᠠᠨ ᠦᠯᠦ ᠲᠠᠨᠢᠬᠤ ᠥᠨᠥᠴᠢᠨ ᠬᠥᠪᠡᠭᠦᠨ ᠮᠡᠲᠦ
ᠥᠪᠡᠷ ᠦ᠋ᠨ ᠪᠢᠴᠢᠭ ᠬᠡᠯᠡ ᠪᠡᠨ ᠡᠰᠡ ᠮᠡᠳᠡᠪᠡᠰᠦ
ᠤᠷᠪᠠᠵᠤ ᠭᠠᠷᠤᠭᠰᠠᠨ ᠵᠠᠯᠢᠬᠠᠢ ᠬᠤᠯᠠᠭᠠᠢ ᠮᠡᠲᠦ

          ᠠᠭᠸᠠᠩᠳᠠᠨᠳᠠᠷ

᠂ 3᠂
ᠴᠢᠬᠢᠨ ᠦ᠌ ᠴᠢᠮᠡᠭ ᠪᠣᠯᠤᠭᠰᠠᠨ
ᠠᠶᠠᠯᠭᠤ ᠰᠠᠢᠬᠠᠨ ᠮᠣᠩᠭᠣᠯ ᠬᠡᠯᠡ
ᠴᠢᠩ ᠵᠣᠷᠢᠭᠲᠤ ᠡᠪᠦᠭᠡᠳ ᠦ᠋ᠨ ᠮᠢᠨᠢ
ᠥᠪ ᠶᠡᠬᠡ ᠡᠷᠳᠡᠨᠢ
ᠰᠣᠨᠣᠰᠬᠤ ᠪᠦᠷᠢ ᠢᠷᠠᠭᠤ ᠠᠶᠠᠯᠭᠤ ᠶ᠋ᠢ ᠨᠢ
ᠭᠠᠢᠬᠠᠨ ᠪᠡᠶᠡᠰᠴᠦ
ᠰᠣᠳᠣ ᠪᠢᠯᠢᠭᠲᠦ ᠲᠦᠮᠡᠨ ᠶᠦ᠍ᠭᠡᠨ
ᠪᠢᠰᠢᠷᠡᠨ ᠮᠠᠭᠲᠠᠮᠤ ᠪᠢ

          ᠪᠢᠮᠪᠠ ᠶ᠋ᠢᠨ ᠷᠢᠨᠴᠢᠨ

᠂ 4 ᠂
ᠥᠰᠬᠦ ᠡᠴᠡ ᠰᠤᠷᠤᠭᠰᠠᠨ ᠦᠨᠳᠦᠰᠦᠨ ᠬᠡᠯᠡ
ᠮᠠᠷᠲᠠᠵᠤ ᠪᠣᠯᠣᠰᠢ ᠦᠭᠡᠢ ᠰᠣᠶᠣᠯ
ᠦᠬᠦᠲᠡᠯ᠎ᠡ ᠣᠷᠣᠰᠢᠬᠤ ᠲᠥᠷᠥᠯᠬᠢ ᠨᠤᠲᠤᠭ
ᠰᠠᠯᠵᠤ ᠪᠣᠯᠣᠰᠢ ᠦᠭᠡᠢ ᠣᠷᠣᠨ
ᠮᠣᠩᠭᠣᠯ ᠭᠡᠳᠡᠭ ᠨᠢᠭᠡᠨ ᠨᠡᠷ᠎ᠡ
ᠶᠢᠷᠲᠢᠨᠴᠦ ᠶ᠋ᠢᠨ ᠴᠢᠬᠢᠨ᠎ᠡ ᠳᠠᠭᠤᠷᠢᠰᠬᠠᠯᠲᠠᠢ
ᠮᠣᠩᠭᠣᠯ ᠤ᠋ᠨ ᠲᠥᠯᠥᠭᠡ ᠭᠡᠳᠡᠭ ᠰᠠᠨᠠᠭ᠎ᠠ 
ᠪᠢᠳᠡᠨ ᠦ᠌ ᠵᠢᠷᠦᠬᠡᠨ ᠳ᠋ᠦ᠍ ᠬᠣᠯᠪᠣᠭᠠᠲᠠᠢ

          ᠳ᠂ ᠨᠠᠴᠤᠭᠳᠣᠷᠵᠢ

᠂ 5 ᠂
ᠲᠥᠷᠥ ᠤᠯᠤᠰ ᠨᠢ ᠮᠥᠬᠥᠭᠡᠳ ᠪᠤᠰᠤᠳ ᠲᠤ ᠪᠣᠭᠣᠯᠴᠢᠯᠠᠭᠳᠠᠭᠰᠠᠨ ᠴᠤ ᠠᠷᠠᠳ ᠲᠦᠮᠡᠨ ᠨᠢ ᠬᠡᠷᠪᠡ ᠲᠥᠷᠥᠯᠬᠢ ᠦᠭᠡ ᠬᠡᠯᠡ ᠪᠡᠨ ᠮᠠᠷᠲᠠᠯ ᠦᠭᠡᠢ ᠪᠠᠲᠤ ᠴᠡᠭᠡᠵᠢᠯᠡᠵᠦ ᠪᠠᠢᠭᠰᠠᠨ ᠴᠠᠭ ᠲᠤ ᠱᠣᠷᠣᠩ ᠤ᠋ᠨ ᠡᠭᠦᠳᠡᠨ ᠦ᠌ ᠲᠦᠯᠬᠢᠭᠦᠷ ᠢ᠋ ᠠᠳᠬᠤᠵᠤ ᠪᠠᠢᠭ᠎ᠠ ᠲᠠᠢ ᠠᠳᠠᠯᠢ ᠶᠤᠮ ᠰᠢᠦ

          ᠠ᠊᠂ ᠳ᠋ᠠᠤᠲᠠᠢ

᠂ 6 ᠂
ᠦᠭᠡ ᠬᠡᠯᠡ ᠬᠡᠮᠡᠭᠴᠢ
ᠨᠢᠭᠡ ᠦᠨᠳᠦᠰᠦᠲᠡᠨ ᠦ᠌ ᠵᠢᠰᠦ
ᠬᠡᠯᠡ ᠪᠠᠯᠠᠷᠠᠪᠠᠯ ᠵᠢᠰᠦ ᠪᠠᠯᠠᠷᠠᠨ᠎ᠠ
ᠬᠡᠯᠡ ᠪᠡᠨ ᠮᠠᠷᠲᠠᠪᠠᠯ ᠬᠠᠷᠢᠯᠴᠠᠨ
ᠣᠭᠲᠣ ᠲᠠᠨᠢᠬᠤ ᠦᠭᠡᠢ ᠪᠣᠯᠤᠨ᠎ᠠ

           ᠭᠠ᠊᠂ ᠰᠢᠷᠠᠪᠵᠠᠮᠰᠤ

᠂ 7 ᠂
ᠶᠠᠭᠠᠬᠢᠵᠤ ᠭᠤᠶᠤᠵᠤ ᠭᠠᠩᠭᠠᠯᠠᠯ᠎ᠠ ᠭᠡᠳ
ᠶᠠᠰᠤ ᠤᠭᠰᠠᠭ᠎ᠠ ᠪᠠᠨ ᠳᠠᠯᠳᠠᠷᠠᠲᠠᠯ᠎ᠠ ᠪᠢᠲᠡᠭᠡᠢ ᠭᠣᠶᠣ
ᠶᠠᠮᠠᠷ ᠶᠡᠬᠡ ᠮᠡᠳᠡᠯᠭᠡ ᠶᠠᠮᠠᠷ ᠣᠯᠠᠨ ᠬᠡᠯᠡ ᠰᠤᠷᠤᠯ᠎ᠠ ᠭᠡᠳ
ᠢᠷᠠᠭᠤ ᠰᠠᠢᠬᠠᠨ ᠮᠣᠩᠭᠣᠯ ᠬᠡᠯᠡ ᠪᠡᠨ ᠮᠠᠷᠲᠠᠵᠤ ᠪᠣᠯᠬᠤ ᠦᠭᠡᠢ
ᠠᠽᠢ ᠶ᠋ᠢᠨ ᠴᠡᠭᠡᠵᠢᠨ ᠳᠡᠭᠡᠷ᠎ᠡ ᠰᠡᠯᠡᠮ᠎ᠡ ᠪᠡᠷ ᠢ᠋ᠶ᠋ᠡᠨ
ᠮᠣᠩᠭᠣᠯ ᠭᠡᠳᠡᠭ ᠨᠡᠷ᠎ᠡ ᠶ᠋ᠢ ᠰᠡᠢᠯᠦᠭᠰᠡᠨ
ᠲᠠᠯ᠎ᠠ ᠰᠢᠭ᠋ ᠰᠡᠳᠬᠢᠯ ᠲᠡᠢ ᠠᠭᠤᠯᠠ ᠰᠢᠭ᠋ ᠬᠥᠮᠦᠰ ᠦ᠋ᠨ
ᠲᠠᠰᠤᠷᠬᠠᠢ ᠭᠡᠳᠡᠭ ᠢ᠋ᠶ᠋ᠡᠨ ᠮᠠᠷᠲᠠᠵᠤ ᠪᠣᠯᠬᠤ ᠦᠭᠡᠢ

           ᠷ᠂ ᠴᠣᠢᠨᠣᠮ

      ᠦᠰᠦᠭ ᠠᠮᠢᠯᠠᠭᠤᠯᠤᠭᠴᠢ᠄ ᠨᠡᠭᠦᠳᠡᠯ
      ᠬᠢᠨᠠᠭᠴᠢ᠄ ᠭᠠᠷᠮ᠎ᠠ᠂ ᠣᠳᠬᠠᠨᠰᠣ᠎ᠠ