ᠳᠣᠷᠣᠨ᠎ᠠ ᠶᠢᠨ ᠲᠡᠭᠦᠯᠳᠡᠷ ᠱᠠᠩᠬᠠᠢ – ᠶᠣᠨᠳᠣᠨ ᠤ ᠪᠢᠯᠢᠭ᠌ - ᠪᠠᠭᠠᠲᠤᠷ Дорнын төгөлдөр шанхай –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠷᠣᠨ᠎ᠠ ᠶᠢᠨ ᠲᠡᠭᠦᠯᠳᠡᠷ ᠱᠠᠩᠬᠠᠢ – ᠶᠣᠨᠳᠣᠨ ᠤ ᠪᠢᠯᠢᠭ᠌ - ᠪᠠᠭᠠᠲᠤᠷ Дорнын төгөлдөр шанхай –Ёндоны Билиг - Баатар

ᠳᠣᠷᠣᠨ᠎ᠠ ᠶᠢᠨ ᠲᠡᠭᠦᠯᠳᠡᠷ ᠱᠠᠩᠬᠠᠢ – ᠶᠣᠨᠳᠣᠨ ᠤ ᠪᠢᠯᠢᠭ᠌ - ᠪᠠᠭᠠᠲᠤᠷ Дорнын төгөлдөр шанхай –Ёндоны Билиг - Баатар

2024-06-19

256

ᠳᠣᠷᠣᠨ᠎ᠠ ᠶᠢᠨ ᠲᠡᠭᠦᠯᠳᠡᠷ ᠱᠠᠩᠬᠠᠢ


 ᠳᠣᠷᠣᠨᠠᠳᠠᠬᠢᠨ ᠤ᠋ ᠲᠡᠭᠦᠰ ᠲᠤᠢᠯ ᠤ᠋ᠨ ᠱᠠᠩᠬᠠᠢ 
 ᠲᠡᠭᠦᠯᠳᠡᠷ ᠭᠠᠢᠬᠠᠮᠰᠢᠭ ᠰᠠᠴᠤᠷᠠᠩᠭᠤᠢ ᠬᠣᠲᠠ 
 ᠮᠣᠩᠭᠣᠯᠴᠤᠳ ᠤ᠋ᠨ ᠰᠢᠨᠠᠭ᠎ᠠ ᠬᠡᠮᠡᠬᠦ ᠬᠣᠲᠠ 
 ᠮᠤᠨᠳᠠᠭ ᠪᠣᠯᠪᠠᠰᠤᠨ ᠭᠥᠭᠵᠢᠮᠯᠢᠭ ᠬᠥᠭᠵᠢᠯ ᠲᠡᠢ 
  ᠁  ᠁   
 ᠮᠥᠬᠥᠰᠢ ᠦᠭᠡᠢ ᠮᠠᠯᠴᠢᠨ ᠤ᠋ ᠪᠤᠭᠤᠷᠤᠯ ᠬᠦᠦ  
 ᠮᠥᠩᠬᠡ ᠲᠡᠭᠷᠢ ᠶ᠋ᠢᠨ ᠲᠠᠩᠬᠠᠢ ᠨᠠᠢᠷᠠᠭᠴᠢ 
 ᠮᠥᠷᠥᠭᠡᠳᠦᠯ ᠲᠡᠮᠡᠴᠡᠯ ᠦ᠋ᠨ ᠭᠠᠯ ᠣᠨᠢᠨ ᠳ᠋ᠤ᠌ 
 ᠮᠥᠨ ᠴᠦ᠍ ᠳᠡᠩᠳᠡᠭᠦᠦ ᠣᠷᠣᠢᠳᠠᠨ ᠪᠠᠢᠵᠤ 
 ᠮᠥᠯᠬᠥᠭᠡᠳ ᠪᠢᠰᠢ ᠳᠠᠪᠬᠢᠭᠠᠳ ᠥᠨᠥᠳᠥᠷ 
 ᠮᠥᠨᠳᠥᠷ ᠦᠭᠡᠢ ᠢᠨᠵᠠᠭᠠᠨ ᠵᠦᠰᠡ ᠲᠡᠢ 
 ᠮᠥᠩᠭᠥᠨ ᠪᠣᠷᠣᠯᠠᠭ ᠡᠭᠦᠯᠡᠰ ᠡᠭᠦᠷᠦᠨ ᠢᠷᠡᠪᠡᠢ 
 ᠰᠠᠢᠨ ᠪᠠᠢᠨᠠᠤ ᠶᠡᠬᠡ ᠰᠢᠨᠠᠭᠠᠨ ᠬᠣᠲᠠ ᠠ᠋ 
 ᠰᠢᠨ᠎ᠡ ᠰᠡᠷᠭᠦᠨ ᠮᠠᠨᠳᠤᠯᠲᠠ ᠪᠢᠯᠬᠠᠮ᠎ᠠ ᠤᠤ 
 ᠠᠯᠮᠠᠰ ᠳ᠋ᠣᠯᠯᠠᠷ ᠵᠣᠭᠣᠰ ᠴᠠᠯᠭᠢᠭᠠᠳ ᠪᠠᠢᠭ᠎ᠠ 
 ᠠᠷᠢᠭᠤᠨ ᠯᠤᠲᠤ ᠲᠠᠩᠰᠤᠭᠯᠠᠯ ᠲᠠᠨᠢ ᠬᠢᠷᠢ ᠪᠣᠢ 
 ᠡᠳᠦᠢ ᠪᠣᠯᠲᠠᠯ᠎ᠠ ᠪᠠᠨ ᠣᠳᠣ ᠯᠠ ᠰᠠᠶᠢ
 ᠡᠮᠦᠨᠡᠲᠦ ᠤᠮᠠᠷᠠᠲᠤ ᠳ᠋ᠤ᠌ ᠭᠡᠨᠡᠲᠡᠢ ᠠᠯᠳᠠᠷᠰᠢᠬᠤᠢ 
 ᠲᠠᠨ ᠤ᠋ ᠬᠥᠷᠥᠰᠥᠨ ᠳ᠋ᠦ᠍ ᠴᠢᠨᠢ ᠬᠥᠭᠡᠷᠦᠬᠦᠢ 
 ᠲᠣᠯᠣᠭᠠᠢ ᠭᠡᠳᠡᠢᠨ ᠠᠩᠬ᠎ᠠ ᠯᠠ ᠤᠳᠠᠭ᠎ᠠ 
 ᠲᠤᠢᠯᠪᠤᠷᠢᠲᠠᠢ ᠭᠣᠶᠣ ᠬᠡᠢᠷᠬᠡᠩᠬᠡᠨ ᠪᠠᠢᠵᠤ 
 ᠲᠣᠮᠣ ᠲᠣᠮᠣ ᠠᠯᠬᠤᠯᠠᠩᠬᠠᠨ ᠬᠥᠯ ᠲᠠᠯᠪᠢᠯ᠎ᠠ 
  ᠁  ᠠᠨᠠᠪᠠᠳ ᠳᠠᠯᠠᠢ ᠶ᠋ᠢᠨ ᠤᠰᠤ ᠶ᠋ᠢ 
  ᠁  ᠠᠯᠲᠠᠨ ᠰᠢᠨᠠᠭ᠎ᠠ ᠪᠠᠷ ᠢ᠋ᠶ᠋ᠠᠨ ᠶᠡᠭᠦᠯᠡᠨ 
 ᠪᠥᠮᠪᠥᠷᠴᠡᠭ ᠦ᠋ᠨ ᠪᠠᠶᠠᠯᠢᠭ ᠬᠥᠷᠥᠩᠭᠡ ᠶ᠋ᠢ 
 ᠪᠦᠬᠦᠯᠢ ᠬᠠᠬᠤᠯᠢ ᠪᠠᠷ ᠨᠢ ᠪᠠᠷᠤᠭ ᠪᠦᠭᠦᠳᠡ ᠶ᠋ᠢ 
 ᠬᠦᠷᠡᠯ ᠭᠠᠤᠯᠢ ᠮᠥᠩᠭᠥᠨ ᠲᠣᠭᠣᠭᠠᠨ ᠳ᠋ᠠᠭᠠᠨ 
 ᠬᠦᠨᠳᠦᠷᠡᠩᠬᠡᠨ ᠴᠢᠳᠬᠤᠩᠬᠠᠨ ᠠᠪᠤᠭᠰᠠᠨ ᠤᠤ 
 ᠠᠢ ᠳᠠ ᠬᠥᠭᠡᠷᠦᠬᠦᠢ᠂ ᠰᠢᠨᠠᠭ᠎ᠠ ᠶᠤᠮ ᠴᠢᠨᠢ 
 ᠠᠰᠢᠭᠦᠢ ᠲᠡᠭᠡᠯᠭᠦᠢ ᠶᠠᠭᠠᠬᠢᠬᠤᠪ ᠳᠧ ᠠ᠋ 
 ᠠᠭᠤᠤ ᠡᠪᠦᠭᠡ ᠴᠤᠭᠲᠤᠭᠡᠷᠡᠯ ᠠᠭᠰᠠᠨ ᠮᠢᠨᠢ 
 ᠠᠷᠠᠢᠬᠠᠨ ᠳᠡᠭᠡᠷ᠎ᠡ ᠦᠶ᠎ᠡ ᠳ᠋ᠤᠷ ᠡᠨᠳᠡ 
 ᠠᠳᠤᠭᠤ ᠮᠠᠯ ᠤ᠋ᠨ ᠢ᠋ᠶ᠋ᠠᠨ ᠨᠣᠣᠰᠣ ᠪᠠᠷ ᠯᠠ 
 ᠠᠶᠠᠭ᠎ᠠ ᠲᠣᠷᠭ᠎ᠠ ᠫᠤᠤ ᠠᠷᠠᠯᠵᠢᠶᠠᠯᠠᠵᠤ ᠯᠠ 
 ᠠᠷᠤ ᠭᠠᠵᠠᠷ ᠠ᠋ᠴᠠ ᠪᠠᠨ ᠢᠷᠡᠵᠦ ᠯᠠ ᠪᠠᠢᠵᠤ 
 ᠠᠬᠢᠭᠤᠬᠠᠨ ᠯᠠ ᠬᠥᠯᠵᠢᠭᠡᠳ ᠥᠩᠭᠡᠷᠡᠭᠰᠡᠨ 
 ᠠᠯᠲᠠᠨ ᠤᠷᠤᠭ ᠪᠣᠷᠵᠢᠭᠢᠨ ᠣᠪᠣᠭᠲᠠᠳ ᠤ᠋ᠨ 
 ᠠᠯᠢ ᠲᠡᠷᠢᠭᠦᠨ ᠳ᠋ᠦ᠍ ᠲᠣᠭᠠᠴᠠᠭᠳᠠᠬᠤ ᠪᠠᠷ ᠯᠠ 
 ᠭᠤᠴᠢᠭᠠᠳ ᠨᠠᠰᠤᠨ ᠤ᠋ ᠮᠡᠯᠮᠡᠢ ᠭᠡᠷᠡᠯᠲᠦᠭᠰᠡᠨ 
 ᠭᠤᠨᠠᠨ ᠭᠠᠩᠭᠠᠩ ᠡᠷ᠎ᠡ ᠪᠠᠢᠭᠰᠠᠨ ᠭᠡᠳᠡᠭ 
 ᠳᠥᠴᠢᠨ ᠵᠢᠯ ᠦ᠋ᠨ ᠲᠡᠷᠲᠡᠭᠡ ᠠᠪᠤ ᠮᠢᠨᠢ 
 ᠳᠦᠩᠭᠢᠨᠡᠲᠡᠯ᠎ᠡ ᠢᠨᠢᠶᠡᠨ ᠶᠠᠷᠢᠵᠤ ᠪᠠᠢᠯ᠎ᠠ 
 ᠲᠤᠬᠠᠢ ᠶᠢᠨ ᠦᠶ᠎ᠡ ᠡᠨᠳᠡ ᠡᠴᠡ ᠡᠭᠦᠷᠦᠭᠡᠳ 
 ᠲᠤᠯᠤᠨ ᠨᠠᠭᠤᠷ ᠲᠤ᠌ ᠬᠤᠳᠠᠯᠳᠤᠵᠤ ᠪᠠᠢᠭᠰᠠᠨ 
 ᠭᠠᠤᠯᠢᠨ ᠰᠢᠨᠠᠭ᠎ᠠ ᠡᠳᠦᠭᠡ ᠮᠢᠨᠦ ᠭᠡᠷ ᠲᠦ᠍ 
 ᠬᠠᠭᠠᠨ ᠠ᠋ᠴᠠ ᠢᠯᠡᠭᠦᠦ ᠬᠦᠨᠳᠦᠲᠡᠢ ᠪᠠᠢᠭ᠎ᠠ 
 ᠠᠮᠲᠠᠯᠠᠭᠰᠠᠨ ᠬᠡᠷᠢᠶ᠎ᠡ ᠠᠷᠪᠠ ᠳᠠᠬᠢᠳᠠᠭ 
 ᠠᠬᠢᠭᠠᠳ ᠬᠡᠳᠦ ᠢᠷᠡᠭᠰᠡᠨ ᠢ᠋ ᠨᠢ ᠣᠳᠣ 
 ᠠᠯᠢᠪ ᠬᠡᠨ ᠴᠦ᠍ ᠮᠡᠳᠡᠬᠦ ᠪᠡᠨ ᠪᠣᠯᠢᠭᠰᠠᠨ 
 ᠠᠪᠤ ᠮᠢᠨᠢ ᠴᠦ᠍ ᠬᠡᠯᠡᠬᠦ ᠡᠴᠡ ᠥᠩᠭᠡᠷᠡᠭᠰᠡᠨ 
 ᠬᠣᠷᠢᠨ ᠨᠢᠭᠡᠳᠦᠭᠡᠷ ᠵᠠᠭᠤᠨ ᠤ᠋ ᠡᠨᠡ ᠡᠳᠦᠷ 
 ᠬᠤᠯᠵᠢᠨ ᠠᠴᠢ ᠨᠢ ᠪᠢ ᠯᠡ ᠡᠨᠳᠡ ᠢᠷᠡᠯ᠎ᠡ 
 ᠠᠷᠠᠯᠵᠢᠶ᠎ᠠ ᠮᠠᠢᠮᠠᠢ ᠶ᠋ᠢᠨ ᠠᠯᠳᠠᠷᠲᠤ ᠲᠥᠪ 
 ᠠᠯᠮᠠᠰ ᠳ᠋ᠣᠯᠯᠠᠷ ᠢ᠋ᠶ᠋ᠠᠷ ᠪᠥᠭᠡᠯᠵᠢᠬᠦ ᠡᠨᠡ ᠨᠡᠢᠰᠯᠡᠯ 
 ᠠᠬᠢᠨ ᠳᠠᠬᠢᠨ ᠬᠡᠴᠦᠨᠡᠨ ᠠᠤᠭ᠎ᠠ ᠬᠥᠭᠵᠢᠯ ᠢ᠋ 
 ᠠᠷᠠᠳ ᠢᠷᠭᠡᠳ ᠲᠦ᠍ ᠬᠤᠷᠤᠢᠯᠠᠬᠤ ᠪᠣᠯ ᠠ᠋ 
 ᠳᠣᠷᠣᠨᠠᠳᠠᠬᠢᠨ ᠤ᠋ ᠠᠮᠢᠰᠬᠤᠭ᠎ᠠ ᠬᠢᠯᠠᠯᠵᠠᠬᠤᠢ 
 ᠳᠣᠷᠣᠨ᠎ᠠ ᠶ᠋ᠢᠨ ᠭᠡᠷᠡᠯᠲᠦ ᠰᠤᠪᠤᠳ ᠠ᠋ 
 ᠲᠡᠭᠷᠢ ᠣᠷᠴᠢᠯᠠᠩ ᠤ᠋ᠨ ᠤᠳᠤᠳ ᠢ᠋ ᠴᠦ᠍ 
 ᠲᠡᠪᠡᠷᠢᠭᠡᠳ ᠪᠦᠪᠡᠢᠯᠡᠭᠰᠡᠨ ᠰᠢᠨᠤᠯ ᠲᠠ ᠤᠤ 
 ᠲᠡᠭᠡᠪᠡᠯ ᠪᠢ ᠬᠤᠷᠳᠤᠨ ᠨᠡᠢᠰᠯᠡᠯ ᠪᠡᠭᠡᠵᠢᠩ ᠳ᠋ᠦ᠍ 
 ᠲᠡᠭᠦᠨ ᠲᠡᠢ ᠪᠡᠨ ᠵᠣᠯᠭᠠᠬᠤ ᠪᠠᠷ ᠶᠠᠪᠤᠯ᠎ᠠ 
 ᠪᠠᠶᠠᠷᠲᠠᠢ᠂ ᠱᠠᠯ ᠷᠣᠮᠠᠨᠲ᠋ᠢᠭ ᠱᠠᠩᠬᠠᠢ ᠮᠢᠨᠢ 
 ᠠᠬᠢᠨ ᠠᠭᠤᠯᠵᠠᠬᠤ ᠶ᠋ᠢᠨ ᠢᠷᠦᠭᠡᠯ ᠲᠠᠯᠪᠢᠶ᠎ᠠ 
 ᠪᠠᠶᠠᠷᠲᠠᠢ᠂ ᠨᠦᠰᠡᠷ ᠲᠣᠮᠣ ᠰᠢᠨᠠᠭ᠎ᠠ ᠮᠢᠨᠢ 
 ᠪᠢ ᠠᠮᠲᠠ ᠶ᠋ᠢ ᠴᠢᠨᠢ ᠭᠠᠢᠭᠤᠢ ᠲᠠᠨᠢᠯ᠎ᠠ 
 ᠰᠢᠨᠠᠭᠠᠨ ᠡᠰᠢ ᠶ᠋ᠢ ᠶᠠᠭᠠᠬᠢᠵᠤ ᠪᠠᠷᠢᠬᠤ ᠶ᠋ᠢ ᠴᠦ᠍
 ᠰᠦᠨᠡᠰᠦᠨ ᠳ᠋ᠡᠭᠡᠨ ᠰᠢᠩᠭᠡᠲᠡᠯ᠎ᠡ ᠮᠡᠳᠡᠯ᠎ᠡ 
 ᠁ ᠁ ᠁ 

                   2024᠂ 6᠂ 19᠃ 08᠄ 49᠃   
 
                      ᠱᠠᠩᠬᠠᠢ ᠬᠣᠲᠠᠨ᠎ᠠ ᠨᠣᠣᠷᠠᠭᠯᠠᠩᠬᠠᠨ 
                   ᠨᠠᠨᠵᠢᠩ ᠬᠣᠲᠠᠨ ᠤ᠋ ᠳᠡᠷᠭᠡᠳᠡᠭᠦᠷ ᠲᠢᠭᠯᠡᠨ 
                   ᠪᠡᠭᠡᠵᠢᠩ ᠬᠦᠷᠬᠦ ᠯᠤᠲᠤ ᠬᠤᠷᠳᠤ ᠲᠠᠢ 
                   ᠭᠠᠯᠲᠤ ᠲᠡᠷᠭᠡᠨ ᠳᠡᠭᠡᠷ᠎ᠡ ᠴᠡᠪᠡᠷ ᠣᠩᠭᠣᠳ ᠢᠶᠠᠷ 
                   ᠬᠢᠴᠢᠶᠡᠩᠭᠦᠢ ᠬᠢᠷᠬᠠᠢ ᠰᠡᠳᠬᠢᠨ ᠪᠦᠲᠦᠭᠡᠪᠡᠢ᠃ 

                       ᠱᠠᠩᠬᠠᠢ ᠠᠴᠠ ᠪᠡᠭᠡᠵᠢᠩ ᠬᠦᠷᠬᠦ ᠯᠤᠲᠤ ᠭᠠᠯᠲᠤ 
                       ᠳᠡᠩᠳᠡᠭᠦᠦ ᠨᠢᠰᠬᠦ ᠮᠡᠲᠦ ᠬᠤᠷᠳᠤᠨ᠎ᠠ᠃