ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠨᠢᠭᠡᠳᠦᠭᠡᠷ ᠪᠦᠯᠦᠭ᠂ᠠᠩᠬᠠᠨ ᠤ ᠠᠶᠠᠯᠠᠯ (ᠭᠤᠷᠪᠠ) Сэрүүхэн тал нутаг – <свис> Вальтер Босгард ( Walter Bosshard)- Нэгдүгээр бүлэг・Анхны аялал (3)
ᠨᠢᠭᠡᠳᠦᠭᠡᠷ ᠪᠦᠯᠦᠭ ᠂ ᠠᠩᠬᠠᠨ ᠤ ᠠᠶᠠᠯᠠᠯ
ᠭᠤᠷᠪᠠ ᠂ ᠬᠠᠭᠤᠴᠢᠨ ᠮᠠᠶᠢᠭ ᠤ᠋ᠨ ᠠᠷᠠᠯᠵᠢᠶ᠎ᠠ ᠵᠢᠴᠢ ᠨᠢᠭᠡ ᠰᠢᠨ᠎ᠡ ᠮᠠᠰᠢᠨ
— ᠶᠣᠰᠣᠲᠠᠢ ᠠᠮᠢᠲᠠᠨ ᠤ᠋ ᠬᠦᠷᠢᠶᠡᠯᠡᠩ ᠳ᠋ᠦ᠍ ᠵᠤᠭᠠᠯᠠᠬᠤ ᠪᠠᠷ ᠣᠷᠣᠬᠤ ᠰᠢᠭ᠋ ᠯᠡ ᠪᠠᠢᠨ᠎ᠠ᠃ ᠦᠨ᠎ᠡ ᠪᠡᠨ ᠲᠥᠯᠥᠭᠡᠳ ᠡᠭᠦᠳᠡ ᠪᠡᠷ ᠨᠢ ᠣᠷᠣᠴᠢᠬᠠᠪᠠᠯ ᠪᠢᠳᠡ ᠳᠤᠷ᠎ᠠ ᠪᠠᠷ ᠢ᠋ᠶ᠋ᠠᠨ ᠲᠡᠳᠡᠭᠡᠷ ᠭᠠᠢᠬᠠᠮᠰᠢᠭᠲᠤ ᠬᠥᠮᠦᠰ ᠵᠢᠴᠢ ᠵᠡᠷᠯᠢᠭ ᠠᠮᠢᠲᠠᠨ ᠢ ᠠᠵᠢᠭᠯᠠᠵᠤ ᠪᠠᠢᠬᠤ ᠯᠠ ᠪᠣᠯᠤᠨ᠎ᠠ ᠭᠡᠵᠦ ᠮᠠᠷᠺᠤᠸᠨ᠋ᠲ ᠢᠨᠢᠶᠡᠨ ᠬᠡᠯᠡᠪᠡ᠃
— ᠪᠢ ᠴᠣᠬᠣᠮ ᠬᠡᠴᠢᠨᠡᠭᠡᠨ ᠤᠳᠠᠭᠠᠨ ᠠᠮᠢᠲᠠᠨ ᠤ᠋ ᠬᠦᠷᠢᠶᠡᠯᠡᠩ ᠳ᠋ᠦ᠍ ᠬᠦᠷᠴᠦ ᠲᠣᠭᠣᠷᠢᠭᠰᠠᠨ ᠦᠭᠡᠢ ᠪᠡᠨ ᠮᠠᠷᠲᠠᠴᠢᠬᠠᠵᠠᠢ᠃ ᠠᠯᠢ ᠡᠷᠲᠡ ᠯᠣᠨᠳᠣᠨ ᠳ᠋ᠤ᠌ ᠬᠠᠭᠠᠰ ᠰᠢᠯᠯᠢᠩ ᠬᠦᠷᠬᠦ ᠦᠭᠡᠢ ᠦᠨ᠎ᠡ ᠪᠡᠷ ᠣᠷᠣᠵᠤ ᠪᠠᠢᠭᠰᠠᠨ ᠮᠠᠨᠢ ᠰᠠᠨᠠᠭᠠᠨ ᠳ᠋ᠤ᠌ ᠪᠠᠢᠨ᠎ᠠ ᠭᠡᠵᠦ ᠰᠤᠢᠳ᠋ᠧᠷᠪᠤᠮ ᠪᠣᠳᠣᠯᠭᠠᠰᠢᠷᠠᠨ ᠶᠠᠷᠢᠬᠤ ᠳ᠋ᠤ᠌ ᠪᠢ :
— ᠭᠡᠬᠦ ᠳ᠋ᠦ᠍ ᠠᠳᠠ ? ᠡᠨᠡ ᠮᠠᠰᠢᠨ ᠳ᠋ᠤ᠌ ᠪᠢᠳᠡ ᠲᠠᠪᠢᠨ ᠲᠥᠭᠥᠷᠢᠭ ᠦ᠋ᠨ ᠭᠠᠢᠯᠢ ᠲᠤᠰᠢᠶᠠᠭᠠᠳ᠂ ᠪᠠᠰᠠ ᠰᠠᠭᠤᠭᠰᠠᠨ ᠬᠥᠮᠦᠨ ᠪᠣᠯᠭᠠᠨ ᠲᠠᠪᠤᠨ ᠲᠥᠭᠥᠷᠢᠭ ᠨᠡᠮᠡᠵᠦ ᠲᠤᠰᠢᠶᠠᠨ᠎ᠠ ᠭᠡᠵᠦ ᠳᠤᠷ᠎ᠠ ᠦᠭᠡᠢᠴᠡᠨ ᠶᠠᠷᠢᠪᠠ᠃
— ᠮᠠᠰᠢᠨ ᠳ᠋ᠤ᠌ ᠲᠠᠪᠢᠨ ᠲᠥᠭᠥᠷᠢᠭ ᠳᠥᠯᠥᠯᠡ ᠭᠡᠨ᠎ᠡ ? ᠭᠡᠵᠦ ᠬᠠᠰᠬᠢᠷᠤᠭᠰᠠᠨ ᠮᠠᠷᠺᠤᠸᠨ᠋ᠲ 《ᠶᠠᠭᠠᠬᠢᠭᠠᠳ ᠡᠢᠮᠦ ᠦᠨᠡᠲᠡᠢ ᠪᠣᠢ ?》 ᠭᠡᠵᠦ ᠰᠣᠴᠢᠭᠰᠠᠨ ᠪᠠᠢᠳᠠᠯ ᠲᠠᠢ ᠠᠰᠠᠭᠤᠪᠠ᠃
— ᠵᠠᠮ ᠢ᠋ᠶ᠋ᠠᠨ ᠰᠡᠯᠪᠢᠨ ᠬᠠᠮᠠᠭᠠᠯᠠᠬᠤ ᠶ᠋ᠢᠨ ᠯᠡ ᠲᠥᠯᠥᠭᠡ ᠭᠡᠵᠦ ᠰᠤᠢᠳ᠋ᠧᠷᠪᠤᠮ ᠰᠤᠷᠭᠠᠭᠰᠠᠨ ᠣᠪᠣᠷ ᠢ᠋ᠶ᠋ᠠᠷ ᠶᠠᠷᠢᠭᠠᠳ᠂ ᠵᠤᠨ ᠤ᠋ ᠶᠠᠭᠤᠮ᠎ᠠ ᠪᠠᠨ ᠠᠪᠬᠤ ᠪᠠᠷ ᠴᠢᠭᠤᠯᠤᠯᠲᠤ ᠬᠠᠭᠠᠯᠭ᠎ᠠ ᠳ᠋ᠤ᠌ ᠢᠷᠡᠭᠰᠡᠨ ᠰᠸᠸᠳ᠋ᠸᠡ ᠶ᠋ᠢᠨ ᠱᠠᠰᠢᠨ ᠰᠤᠷᠲᠠᠯᠴᠢᠯᠠᠭᠴᠢ ᠮᠠᠷᠲ᠋ᠢᠨᠰᠤᠨ ᠨᠥᠬᠥᠷ ᠭᠡᠷᠭᠡᠢ ᠬᠣᠶᠠᠷ ᠤ᠋ᠨ ᠲᠡᠷᠭᠡᠨ ᠳᠡᠭᠡᠷᠡᠬᠢ ᠶ᠋ᠢ ᠵᠠᠢᠴᠢᠯᠠᠵᠤ᠂ ᠪᠢᠳᠡᠨ ᠳ᠋ᠦ᠍ ᠣᠷᠣ ᠭᠠᠷᠭᠠᠵᠤ ᠦᠭᠭᠥᠭᠡᠳ᠄
— ᠵᠠ ᠶᠠᠭᠠᠬᠢᠬᠤ ᠪᠣᠢ ! ᠪᠠᠬᠠᠨ ᠰᠢᠬᠠᠭᠤ ᠯᠠ ᠪᠣᠯᠬᠤ ᠮᠠᠶᠢᠭᠲᠠᠢ ᠪᠠᠢᠨ᠎ᠠ᠃ ᠤᠴᠢᠷ ᠨᠢ ᠮᠠᠷᠲ᠋ᠢᠨᠰᠤᠨ ᠪᠠᠰᠠ ᠪᠤᠰᠤᠳ ᠱᠠᠰᠢᠨ ᠰᠤᠷᠲᠠᠯᠴᠢᠯᠠᠭᠴᠢ ᠳ᠋ᠠᠭᠠᠨ ᠬᠡᠷᠡᠭ ᠲᠡᠢ ᠡᠳ᠋ᠯᠡᠯ ᠬᠡᠷᠡᠭᠯᠡᠯ ᠵᠢᠴᠢ ᠢᠳᠡᠵᠦ ᠤᠤᠭᠤᠬᠤ ᠶᠠᠭᠤᠮ᠎ᠠ ᠶ᠋ᠢ ᠠᠪᠴᠤ ᠶᠠᠪᠤᠬᠤ ᠬᠡᠷᠡᠭᠲᠡᠢ᠃ ᠭᠡᠬᠦ ᠳ᠋ᠦ᠍ ᠡᠨᠡ ᠴᠢᠨᠢ ᠮᠢᠨᠦ ᠲᠠ ᠨᠠᠷ ᠲᠤ᠌ ᠣᠯᠵᠤ ᠳᠡᠢᠯᠬᠦ ᠬᠠᠮᠤᠭ ᠤ᠋ᠨ ᠰᠠᠢᠨ ᠮᠥᠷᠲᠡᠭᠡᠨ ᠬᠠᠮᠤᠭ ᠤ᠋ᠨ ᠬᠢᠮᠳᠠ ᠠᠶᠠᠯᠠᠯ ᠤ᠋ᠨ ᠤᠨᠤᠭ᠎ᠠ ᠰᠢᠦ ᠳᠡ ᠭᠡᠯᠡ᠃
ᠮᠠᠷᠺᠣᠸᠨ᠋ᠲ ᠰᠠᠨᠠᠬ᠎ᠠ ᠵᠣᠪᠠᠭᠰᠠᠨ ᠮᠠᠶᠢᠭᠲᠠᠢ ᠡᠨᠡ ᠬᠦ᠌ ᠬᠠᠭᠤᠴᠢᠨ ᠹᠦᠳ᠋ ᠮᠠᠰᠢᠨ ᠢ᠋ ᠠᠵᠢᠭᠯᠠᠭᠰᠠᠨ ᠢ᠋ᠶ᠋ᠠᠨ ᠮᠠᠰᠢᠨ ᠠᠶᠠᠯᠠᠭᠰᠠᠨ ᠺᠢᠯᠣᠮᠧᠲ᠋ᠷ ᠦ᠋ᠨ ᠲᠣᠭ᠎ᠠ ᠶ᠋ᠢ ᠬᠠᠷᠠᠭᠠᠳ ᠰᠡᠵᠢᠭᠯᠡᠭᠰᠡᠨ ᠠᠶᠠᠰ ᠲᠠᠢ ᠪᠠᠷ᠄
— ᠳᠥᠷᠪᠡᠨ ᠲᠦᠮᠡ ᠬᠣᠶᠠᠷ ᠮᠢᠩᠭᠠᠨ ᠺᠢᠯᠣᠮᠧᠲ᠋ᠷ ᠭᠡᠵᠢ ᠤᠤ ? ᠭᠡᠵᠦ ᠠᠰᠠᠭᠤᠪᠠ᠃
— ᠡᠨᠡ ᠺᠢᠯᠣᠮᠧᠲ᠋ᠷ ᠦ᠋ᠨ ᠲᠣᠭ᠎ᠠ ᠴᠢᠨᠢ ᠳᠠᠭᠤᠰᠲᠠᠯ᠎ᠠ ᠪᠠᠨ ᠡᠷᠭᠢᠭᠡᠳ ᠣᠳᠣ ᠬᠣᠶᠠᠳᠠᠬᠢ ᠲᠣᠭᠠᠯᠠᠯᠭ᠎ᠠ ᠳ᠋ᠠᠭᠠᠨ ᠪᠠᠢᠭ᠎ᠠ ᠶᠤᠮ᠃ ᠲᠡᠷᠡ ᠴᠢᠨᠢ ᠲᠡᠭᠡᠭᠡᠳ ᠪᠠᠰᠠ ᠬᠡᠳᠦᠨ ᠰᠠᠷ᠎ᠠ ᠬᠥᠳᠡᠯᠬᠦ ᠪᠡᠨ ᠪᠣᠯᠢᠭᠰᠠᠨ ᠶᠤᠮ ᠰᠢᠦ ᠳᠡ! ᠬᠡᠵᠢᠶ᠎ᠡ ᠨᠢᠭᠡ ᠴᠠᠭ ᠭᠠᠷᠭᠠᠵᠤ ᠪᠠᠢᠴᠠᠭᠠᠵᠤ ᠦᠵᠡᠶ᠎ᠡ ᠳᠡ ᠬᠦ ᠂ ᠶᠠᠭᠤ ᠨᠢ ᠳᠤᠲᠠᠭᠰᠠᠨ ᠢ᠋ ᠪᠦᠦ ᠮᠡᠳᠡ᠃ ᠭᠡᠬᠦ ᠳ᠋ᠦ᠍ ᠬᠡᠳᠦᠢ ᠶᠠᠪᠤᠭᠰᠠᠨ ᠭᠡᠳᠡᠭ ᠨᠢ ᠴᠢᠬᠤᠯᠠ ᠪᠢᠰᠢ ᠂ ᠬᠠᠷᠢᠨ ᠮᠣᠲ᠋ᠣᠷ ᠨᠢ ᠠᠵᠢᠯᠯᠠᠬᠤ ᠡᠰᠡᠬᠦ ᠨᠢ ᠯᠡ ᠴᠢᠬᠤᠯᠠ ᠪᠣᠯᠤᠨ᠎ᠠ ᠭᠡᠵᠦ ᠮᠠᠷᠲ᠋ᠢᠨᠰᠤᠨ ᠲᠠᠢᠯᠪᠤᠷᠢᠯᠠᠯᠠ᠃
— ᠲᠡᠷᠡ ᠴᠦ᠍ ᠲᠡᠢᠮᠦ ! ᠮᠣᠲ᠋ᠣᠷ ᠨᠢ ᠂ ᠲᠡᠭᠡᠭᠡᠳ ᠭᠠᠢᠭᠤᠢ ᠪᠢᠵᠡ ᠳᠡ?
— ᠶᠣᠰᠣᠲᠠᠢ ᠰᠠᠢᠨ! ᠲᠠᠯ᠎ᠠ ᠭᠠᠵᠠᠷ ᠬᠦᠷᠦᠯ᠎ᠡ ᠯᠡ ᠭᠡᠪᠡᠯ ᠮᠠᠰᠢᠨ ᠮᠢᠨᠢ ᠲᠠᠤᠯᠠᠢ ᠭᠡᠵᠦ ᠮᠡᠳᠡ ᠭᠡᠵᠦ ᠮᠠᠷᠲ᠋ᠢᠨᠰᠤᠨ ᠢᠨᠢᠶᠡᠮᠰᠦᠭᠯᠡᠨ ᠣᠮᠣᠭᠲᠠᠢ ᠶᠠᠷᠢᠪᠠ᠃
— ᠲᠠᠯ᠎ᠠ ᠳ᠋ᠤ᠌ ᠬᠦᠷᠬᠦ ᠡᠴᠡ ᠡᠮᠦᠨ᠎ᠡ ᠨᠢ?
— ᠳᠠᠪᠠᠭ᠎ᠠ ᠥᠭᠡᠳᠡᠯᠡᠬᠦ ᠦᠶ᠎ᠡ ᠳ᠋ᠦ᠍ ᠲᠠ ᠨᠠᠷ ᠵᠢᠭᠠᠬᠠᠨ ᠬᠠᠪᠰᠤᠷᠬᠤ ᠬᠡᠷᠡᠭ ᠭᠠᠷᠴᠤ ᠮᠠᠭᠠᠳ ᠦᠭᠡᠢ᠃
— ᠲᠦᠯᠬᠢᠬᠦ ᠤᠤ?
— ᠲᠡᠷᠡ ᠴᠦ᠍ ᠪᠠᠭᠲᠠᠨ᠎ᠠ᠃ ᠬᠡᠳᠦᠢ ᠬᠤᠷᠳᠤᠨ ᠳᠠᠪᠬᠢᠳᠠᠭ ᠢ᠋ ᠲᠠᠯ᠎ᠠ ᠳ᠋ᠤ᠌ ᠬᠦᠷᠦᠭᠡᠳ ᠯᠡ ᠲᠠ ᠨᠠᠷ ᠶᠣᠰᠣᠲᠠᠢ ᠭᠠᠢᠬᠠᠬᠤ ᠶᠤᠮ ᠠ᠋ ! ᠭᠡᠳ ᠨᠠᠳᠠ ᠤᠷᠤᠭᠤ ᠬᠠᠨᠳᠤᠵᠤ ᠲᠠ ᠬᠡᠳᠦᠢ ᠠᠴᠢᠶ᠎ᠠ ᠲᠠᠢ ᠪᠣᠢ? ᠭᠡᠯᠡ᠃
— ᠶᠣᠰᠣᠲᠠᠢ ᠪᠠᠭ᠎ᠠ᠂ ᠬᠣᠶᠠᠷ ᠴᠦᠩᠬᠦ᠃
— ᠮᠠᠰᠢᠨ ᠤ᠋ ᠣᠷᠣᠢ ᠳᠡᠭᠡᠷ᠎ᠡ ᠯᠡ ᠤᠶᠠᠵᠤ ᠲᠣᠭᠲᠠᠭᠠᠨ᠎ᠠ ᠳᠠ᠂ ᠥᠭᠡᠷ᠎ᠡ ᠠᠷᠭ᠎ᠠ ᠠᠯᠠᠭ᠎ᠠ ᠭᠡᠵᠦ ᠮᠠᠷᠲ᠋ᠢᠨᠰᠤᠨ ᠶᠠᠷᠢᠬᠤ ᠳ᠋ᠤ᠌ ᠮᠠᠷᠺᠦᠸᠨᠲ ᠦ᠋ᠨ ᠴᠢᠷᠠᠢ ᠳ᠋ᠤ᠌ ᠴᠥᠬᠥᠷᠡᠭᠰᠡᠨ ᠪᠠᠢᠳᠠᠯ ᠢᠯᠡᠳᠲᠡ ᠬᠠᠷᠠᠭᠳᠠᠵᠤ᠂ ᠪᠢᠳᠡᠨ ᠦ᠌ ᠠᠶᠠᠯᠠᠯ ᠳ᠋ᠤ᠌ ᠤᠴᠠᠷᠠᠵᠤ ᠮᠡᠳᠡᠬᠦ ᠵᠣᠪᠠᠯᠠᠩ ᠤ᠋ᠨ ᠲᠤᠬᠠᠢ᠂ ᠵᠢᠱ᠌ᠢᠶᠡᠯᠡᠪᠡᠯ ᠪᠣᠢᠳᠠ ᠪᠥᠭᠯᠡᠭᠦᠦ ᠭᠠᠵᠠᠷ ᠮᠠᠰᠢᠨ ᠡᠪᠳᠡᠷᠡᠬᠦ᠂ ᠳᠡᠭᠡᠷᠡᠮᠴᠢᠳ ᠲᠡᠢ ᠤᠴᠠᠷᠠᠬᠤ᠂ ᠡᠳᠦᠷ ᠲᠤᠵᠢ ᠬᠥᠮᠦᠨ ᠦᠭᠡᠢ ᠲᠠᠯ᠎ᠠ ᠪᠠᠷ ᠶᠠᠪᠠᠭᠠᠨ ᠠᠯᠬᠤᠬᠤ ᠭᠡᠬᠦ ᠮᠡᠲᠦ ᠪᠡᠷ ᠨᠠᠳᠠ ᠳ᠋ᠤ᠌ ᠲᠣᠭᠠᠯᠠᠵᠤ ᠭᠠᠷᠪᠠ᠃ ᠲᠡᠭᠦᠨ ᠦ᠌ ᠪᠣᠳᠣᠯ ᠢ᠋ ᠥᠭᠡᠷ᠎ᠡ ᠵᠦᠭ ᠲᠦ᠍ ᠬᠥᠲᠥᠯᠬᠦ ᠶ᠋ᠢᠨ ᠲᠤᠰᠠᠳᠠ ᠪᠢ ᠠᠭᠤᠯᠵᠠᠬᠤ ᠭᠡᠵᠦ ᠪᠠᠢᠭᠰᠠᠨ ᠨᠠᠢᠵᠠ ᠤᠷᠤᠭᠤ ᠪᠠᠨ ᠳᠠᠭᠠᠭᠤᠯᠵᠤ ᠶᠠᠪᠤᠯ᠎ᠠ᠃ ᠰᠤᠢᠳ᠋ᠧᠷᠪᠤᠮ ᠤ᠋ᠨ ᠭᠡᠷ ᠡᠴᠡ ᠬᠣᠯᠠ ᠪᠤᠰᠤ ᠭᠠᠵᠠᠷ ᠲᠤ᠌《WOSTWAG 》 ᠤ᠋ᠨ ᠪᠠᠢᠰᠢᠩ ᠤ᠋ᠳ ᠪᠠᠢᠷᠢᠯᠠᠨ᠎ᠠ᠃《WOSTWAG 》ᠭᠡᠳᠡᠭ ᠨᠢ ᠪᠠᠷᠠᠭᠤᠨ ᠵᠡᠭᠦᠨ ᠡᠸᠦᠷᠦ᠋ᠫᠡ ᠶ᠋ᠢᠨ ᠪᠠᠷᠠᠭ᠎ᠠ ᠠᠷᠠᠯᠵᠢᠶᠠᠨ ᠤ᠋ ᠺᠣᠮᠫᠠᠨᠢ ᠭᠡᠳᠡᠭ ᠦ᠋ᠨ ᠣᠬᠤᠷᠴᠢᠯᠠᠭᠰᠠᠨ ᠨᠡᠷᠡᠢᠳᠦᠯ᠃ ᠠᠳᠠ ᠮᠢᠨᠦ ᠬᠠᠭᠤᠴᠢᠨ ᠲᠠᠨᠢᠯ ᠪᠥᠭᠡᠳ ᠠᠳᠠᠬᠢ ᠬᠥᠮᠦᠰ ᠲᠦ᠍ 《ᠴᠢᠭᠤᠯᠤᠯᠲᠤ ᠬᠠᠭᠠᠯᠭ᠎ᠠ ᠶ᠋ᠢᠨ ᠸᠠᠩ 》 ᠭᠡᠮᠡᠨ ᠳᠠᠭᠤᠳᠠᠭᠳᠠᠳᠠᠭ ᠫᠦᠷᠫᠢᠰᠰ ᠰᠠᠭᠤᠳᠠᠭ᠃ ᠲᠡᠷᠡ ᠪᠣᠯ ᠯᠠᠲ᠋ᠠᠸᠢᠶᠠ ᠶ᠋ᠢᠨ ᠬᠥᠮᠦᠨ᠂ ᠠᠵᠢᠯ ᠳ᠋ᠠᠭᠠᠨ ᠴᠣᠭ ᠰᠦᠯᠳᠡ ᠪᠠᠳᠠᠷᠠᠩᠭᠤᠢ᠂ ᠮᠠᠢᠮᠠᠢ ᠶ᠋ᠢᠨ ᠤᠬᠠᠭᠠᠨ ᠳ᠋ᠠᠭᠠᠨ ᠮᠡᠷᠭᠡᠰᠢᠭᠰᠡᠨ ᠪᠥᠭᠡᠳ ᠥᠭᠭᠢᠶᠡᠮᠦᠷᠴᠢ ᠵᠠᠩ ᠲᠠᠢ ᠪᠠᠢᠳᠠᠭ ᠣᠷᠣᠰ ᠤ᠋ᠨ ᠨᠢᠭᠡᠨ ᠬᠡᠷᠭᠡᠮᠲᠡᠨ ᠶᠦᠮ᠃ ᠲᠡᠭᠦᠨ ᠦ᠌ ᠺᠣᠮᠫᠠᠨᠢ ᠨᠢ ᠠᠷᠤ ᠮᠣᠩᠭᠣᠯ ᠤ᠋ᠨ ᠠᠷᠠᠯᠵᠢᠶ᠎ᠠ ᠶ᠋ᠢ ᠭᠠᠭᠴᠠᠭᠠᠷ ᠡᠵᠡᠮᠰᠢᠳᠡᠭ᠃ ᠬᠥᠮᠦᠰ ᠬᠡᠷᠡᠮ ᠳᠠᠭᠠᠤ ᠲᠣᠭᠣᠰᠣ ᠲᠠᠢ ᠵᠡᠭᠡᠯᠢ ᠪᠡᠷ ᠢᠨᠠᠭᠰᠢ ᠴᠢᠨᠠᠭᠰᠢ ᠶᠠᠪᠤᠬᠤ ᠪᠤᠶᠤ ᠮᠣᠳᠣᠨ ᠬᠠᠭᠠᠯᠭ᠎ᠠ ᠶ᠋ᠢᠨ ᠡᠮᠦᠨ᠎ᠡ ᠵᠣᠭᠰᠣᠬᠤ ᠳ᠋ᠠᠭᠠᠨ ᠡᠨᠡ ᠬᠦ᠌ ᠬᠡᠷᠡᠮ ᠦ᠋ᠨ ᠴᠠᠭᠠᠨ᠎ᠠ ᠬᠡᠳᠦᠢ ᠠᠷᠪᠢᠨ ᠡᠳ᠋ ᠡᠷᠳᠡᠨᠢᠰ ᠣᠪᠣᠭᠠᠯᠠᠵᠤ ᠪᠠᠢᠬᠤ ᠶ᠋ᠢ ᠬᠡᠷᠬᠢᠨ ᠣᠢᠯᠠᠭᠠᠬᠤ ᠪᠢᠯᠡ !
ᠫᠦᠷᠫᠢᠰᠰ ᠥᠪᠡᠷ ᠦ᠋ᠨ ᠪᠠᠭᠠᠬᠠᠨ ᠠᠯᠪᠠᠨ ᠭᠡᠷ ᠲᠡᠭᠡᠨ ᠵᠠᠬᠢᠳᠠᠯ ᠤ᠋ᠨ ᠣᠪᠣᠭ᠎ᠠ᠂ ᠦᠯᠢᠭᠡᠷ ᠬᠡᠪ ᠪᠣᠯᠤᠨ ᠣᠯᠠᠨ ᠵᠠᠭᠪᠤᠷ ᠤ᠋ᠨ ᠳᠤᠮᠳᠠ ᠰᠠᠭᠤᠵᠤ ᠪᠠᠢᠯ᠎ᠠ᠃ ᠬᠡᠷᠡᠮ ᠳᠡᠭᠡᠷ᠎ᠡ ᠪᠡᠨ ᠬᠢᠲᠠᠳ ᠠᠷᠠᠯᠵᠢᠶᠠᠴᠢᠳ ᠤ᠋ᠨ ᠬᠦᠷᠭᠡᠭᠰᠡᠨ ᠬᠡᠳᠦᠨ ᠬᠠᠳᠬᠤᠮᠠᠯ ᠲᠠᠢ ᠬᠡᠮᠡᠷᠯᠢᠭ ᠲᠤᠭ ᠡᠯᠭᠦᠵᠡᠢ᠃
ᠠᠩᠬ᠎ᠠ ᠡᠬᠢᠯᠡᠬᠦ ᠳ᠋ᠡᠭᠡᠨ ᠳᠡᠯᠭᠡᠭᠦᠷ ᠨᠢ ᠶᠠᠭ ᠯᠠ ᠬᠠᠭᠤᠴᠢᠨ ᠡᠳ᠋ᠯᠡᠯ ᠦ᠋ᠨ ᠳᠡᠯᠭᠡᠭᠦᠷ ᠰᠢᠭ ᠬᠠᠷᠠᠭᠳᠠᠵᠤ ᠪᠠᠢᠭᠰᠠᠨ ᠪᠣᠯᠪᠠᠴᠤ ᠤᠳᠠᠯ ᠦᠭᠡᠢ ᠪᠠᠷᠠᠭᠠᠨ ᠤ᠋ ᠭᠡᠷ ᠦ᠋ᠳ ᠦ᠋ᠨ ᠨᠡᠭᠡᠭᠡᠭᠳᠡᠬᠦ ᠶ᠋ᠢ ᠳᠠᠭᠠᠯᠳᠤᠨ ᠲᠡᠷᠡ ᠣᠯᠠᠨ ᠡᠳ᠋ ᠡᠷᠳᠡᠨᠢᠰ ᠨᠢᠳᠦᠨ ᠡᠮᠦᠨ᠎ᠡ ᠢᠷᠠᠢᠨ ᠬᠠᠷᠠᠭᠳᠠᠯ᠎ᠠ᠃ ᠮᠢᠩᠭ᠎ᠠ ᠪᠠᠷ ᠲᠣᠭᠠᠯᠠᠭᠳᠠᠬᠤ ᠪᠤᠯᠠᠭᠠᠨ ᠤ᠋ ᠠᠷᠠᠰᠤ ᠪᠣᠯᠤᠨ ᠦᠨᠡᠭᠡᠨ ᠦ᠌ ᠠᠷᠠᠰᠤ ᠶ᠋ᠢ ᠣᠪᠣᠭᠠᠯᠠᠵᠠᠢ᠃ ᠭᠤᠷᠪᠠᠨ ᠠᠵᠢᠯᠲᠠᠨ ᠶᠠᠭ ᠭᠣᠶᠣ ᠰᠠᠢᠬᠠᠨ ᠰᠡᠭᠦᠯ ᠲᠡᠢ ᠴᠠᠭᠠᠨ ᠢᠷᠪᠢᠰ ᠦ᠋ᠨ ᠠᠷᠠᠰᠤ ᠶ᠋ᠢ ᠶᠡᠬᠡ ᠪᠠᠭ᠎ᠠ᠂ ᠥᠩᠭᠡ ᠴᠢᠨᠠᠷ ᠢ᠋ᠶ᠋ᠠᠷ ᠨᠢ ᠪᠣᠯᠪᠠᠰᠤᠷᠠᠩᠭᠤᠢ ᠰᠢᠯᠢᠵᠦ ᠰᠢᠳᠡᠯᠡᠨᠡ᠃ ᠡᠨᠡᠬᠡᠨ ᠬᠣᠷᠣᠮ ᠳ᠋ᠤ᠌ ᠲᠡᠳᠡ ᠶᠠᠭ ᠯᠠ ᠡᠳᠡᠭᠡᠷ ᠦ᠋ᠨ ᠳᠣᠲᠣᠷᠠᠬᠢ ᠨᠢᠭᠡ ᠬᠡᠰᠡᠭ ᠠᠷᠠᠰᠤ ᠨᠢ ᠲᠡᠳᠡᠨ ᠦ᠌ ᠰᠠᠷ᠎ᠠ ᠶ᠋ᠢᠨ ᠣᠯᠬᠤ ᠮᠥᠩᠭᠥᠨ ᠡᠴᠡ ᠬᠣᠯᠠ ᠢᠯᠡᠭᠦᠦ ᠭᠡᠳᠡᠭ ᠢ᠋ᠶ᠋ᠡᠨ ᠮᠠᠷᠲᠠᠭᠰᠠᠨ ᠮᠡᠲᠦ᠃
ᠫᠦᠷᠫᠢᠰᠰ ᠪᠢᠳᠡᠨ ᠢ᠋ ᠦᠷᠭᠦᠯᠵᠢᠯᠡᠨ ᠳᠠᠭᠠᠭᠤᠯᠤᠭᠰᠠᠭᠠᠷ ᠡᠮ ᠦ᠋ᠨ ᠮᠠᠲᠧᠷᠢᠶᠠᠯ ᠤ᠋ᠨ ᠥᠷᠥᠬᠡᠨᠡ ᠣᠷᠣᠯ᠎ᠠ᠃ ᠲᠡᠨᠳᠡ ᠪᠤᠭᠤ ᠶ᠋ᠢᠨ ᠡᠪᠡᠷ ᠢ ᠪᠠᠭᠯᠠᠨ ᠬᠤᠷᠢᠶᠠᠵᠠᠢ᠃ ᠬᠠᠢᠷᠴᠠᠭ ᠪᠣᠯᠭᠠᠨ ᠳ᠋ᠤ᠌ ᠠᠷᠪᠠ ᠪᠤᠶᠤ ᠠᠷᠪᠠᠨ ᠬᠣᠶᠠᠷ ᠢ᠋ᠶ᠋ᠠᠷ ᠰᠠᠪᠠᠯᠠᠨ᠂ ᠴᠢᠨᠠᠷᠯᠢᠭ ᠬᠠᠲᠠᠭᠠᠬᠤ ᠶ᠋ᠢᠨ ᠲᠤᠰᠠᠳᠠ ᠬᠠᠪᠤᠷ ᠤ᠋ᠨ ᠮᠣᠳᠣᠨ ᠤ᠋ ᠬᠥᠬᠡ ᠬᠦᠷᠡᠪᠲᠦᠷ ᠬᠠᠯᠢᠰᠤ ᠪᠠᠷ ᠬᠤᠴᠢᠵᠤ ᠥᠷᠥᠵᠡᠢ᠃
— ᠵᠠᠬᠢᠶᠠᠯᠠᠭ᠎ᠠ ᠶᠡᠷᠦ ᠡᠴᠡ ᠪᠠᠭᠤᠷᠠᠬᠤ ᠦᠭᠡᠢ ᠶᠦᠮ ᠠ᠋ ! ᠬᠢᠮᠢ ᠶ᠋ᠢᠨ ᠦᠢᠯᠡᠳᠪᠦᠷᠢ ᠨᠦ᠍ᠭᠥᠳ ᠲᠡᠭᠦᠨ ᠢ᠋ ᠡᠮ ᠳ᠋ᠡᠭᠡᠨ ᠬᠡᠷᠡᠭᠯᠡᠬᠦ᠂ ᠬᠢᠲᠠᠳ ᠤ᠋ᠳ ᠪᠠᠰᠠ ᠤᠯᠠᠮᠵᠢᠯᠠᠯᠲᠤ ᠡᠮᠨᠡᠯᠭᠡ ᠳ᠋ᠡᠭᠡᠨ ᠬᠡᠷᠡᠭᠯᠡᠬᠦ ᠲᠤᠯᠠ ᠬᠠᠭᠠᠰ ᠲᠢᠪ ᠦ᠋ᠨ ᠴᠠᠭᠠᠨᠠᠬᠢ ᠬᠣᠯᠠ ᠠ᠋ᠴᠠ ᠵᠥᠭᠡᠭᠡᠪᠦᠷᠢᠯᠡᠨ ᠢᠷᠡᠬᠦ ᠦᠨᠡᠲᠡᠢ ᠵᠠᠷᠤᠳᠠᠯ ᠢ᠋ ᠭᠠᠷᠭᠠᠬᠤ ᠳ᠋ᠤ᠌ ᠪᠡᠯᠡᠬᠡᠨ ᠯᠡ ᠪᠠᠢᠭ᠎ᠠ ᠭᠡᠵᠦ ᠲᠡᠷᠡ ᠲᠠᠢᠯᠪᠤᠷᠢᠯᠠᠪᠠ᠃
ᠬᠦᠷᠢᠶᠡᠨ ᠦ᠌ ᠳᠤᠮᠳᠠ ᠮᠣᠳᠣᠨ ᠬᠠᠢᠷᠴᠠᠭ ᠤ᠋ᠳ ᠢ᠋ ᠬᠠᠳᠠᠨ ᠪᠢᠲᠡᠭᠦᠮᠵᠢᠯᠡᠵᠦ᠂ ᠳᠠᠬᠢᠨ ᠳᠡᠭᠡᠰᠦ ᠪᠡᠷ ᠪᠣᠭᠣᠵᠤ ᠪᠠᠢᠪᠠ᠃ ᠬᠠᠢᠷᠴᠠᠭ ᠤ᠋ᠨ ᠤᠷᠲᠤ ᠲᠠᠯ᠎ᠠ ᠳ᠋ᠤᠨᠢ ᠬᠠᠷ᠎ᠠ ᠪᠡᠬᠡ ᠪᠡᠷ ᠬᠦᠷᠬᠦ ᠭᠠᠵᠠᠷ ᠤ᠋ᠨ ᠨᠡᠷ᠎ᠡ ᠶ᠋ᠢ ᠤᠯᠠᠭᠠᠨᠪᠠᠭᠠᠲᠤᠷ ᠭᠡᠵᠦ ᠪᠢᠴᠢᠭᠰᠡᠨ ᠪᠠᠢᠯ᠎ᠠ ( ᠵᠢᠷᠤᠭ 8) ᠃ ᠡᠨᠡ ᠨᠢ ᠤᠤᠯ ᠤ᠋ᠨ ᠶᠡᠬᠡ ᠬᠦᠷᠢᠶ᠎ᠡ ᠠᠵᠢ᠃ 《ᠴᠤᠸᠠᠨ 》 ᠦᠰᠦᠭᠲᠡᠢ᠂ ᠦᠬᠡᠷ ᠦ᠋ᠨ ᠴᠢᠰᠤ ᠪᠠ ᠴᠠᠢ ᠶ᠋ᠢᠨ ᠨᠠᠪᠴᠢ ᠪᠠᠷ ᠨᠡᠢᠯᠡᠭᠦᠯᠵᠦ ᠬᠢᠭᠰᠡᠨ ᠲᠣᠭᠣᠰᠬ᠎ᠠ ᠮᠡᠲᠦ ᠳᠥᠷᠪᠡᠯᠵᠢᠨ ᠴᠠᠢ ᠤᠪᠣᠭᠠᠯᠳᠠᠲᠠᠢ᠃ ᠤᠳᠠᠯ ᠦᠭᠡᠢ ᠲᠡᠷᠡ ᠨᠢ ᠪᠦᠬᠦ ᠠᠽᠢᠶ᠎ᠠ ᠶ᠋ᠢ ᠭᠡᠲᠦᠯᠦᠨ ᠣᠷᠣᠰ ᠪᠤᠶᠤ ᠲᠥᠪᠡᠳ ᠬᠦᠷᠴᠦ ᠮᠥᠩᠭᠥ ᠪᠡᠷ ᠰᠣᠯᠢᠭᠳᠠᠬᠤ ᠪᠣᠯᠤᠨ᠎ᠠ ᠃ ᠨᠢᠭᠡ ᠠᠵᠢᠯᠴᠢᠨ ᠳᠦᠭᠦᠷᠡᠩ ᠮᠣᠩᠭᠣᠯ ᠭᠤᠲᠤᠯ ᠲᠠᠢ ᠲᠡᠷᠭᠡ ᠵᠢᠳᠬᠦᠭᠰᠡᠭᠡᠷ ᠭᠠᠷᠴᠤ ᠢᠷᠡᠯ᠎ᠡ᠃
— ᠡᠨᠡ ᠪᠣᠯ ᠪᠢᠳᠡᠨ ᠦ᠌ ᠮᠣᠩᠭᠣᠯ ᠳ᠋ᠠᠬᠢ ᠬᠠᠮᠤᠭ ᠤ᠋ᠨ ᠰᠠᠢᠨ ᠭᠠᠷᠳᠠᠭ ᠪᠠᠷᠠᠭ᠎ᠠ ᠰᠢᠦ ! ᠭᠡᠳ ᠫᠦᠷᠫᠢᠰᠰ ᠬᠡᠳᠦᠨ ᠬᠣᠣᠰ ᠭᠤᠲᠤᠯ ᠢ ᠲᠡᠷᠭᠡᠨ ᠡᠴᠡ ᠠᠪᠤᠯ᠎ᠠ᠃ ᠡᠳᠡᠭᠡᠷ ᠭᠤᠲᠤᠯ ᠨᠢ ᠬᠠᠷ᠎ᠠ ᠥᠩᠭᠡ ᠶ᠋ᠢᠨ ᠠᠷᠠᠰᠤ ᠪᠠᠷ ᠡᠩ ᠦ᠋ᠨ ᠮᠠᠶᠢᠭᠲᠠᠢ ᠬᠢᠵᠦ᠂ ᠤᠯᠠᠭᠠᠨ ᠨᠣᠭᠣᠭᠠᠨ ᠴᠠᠭᠠᠨ ᠰᠢᠷ᠎ᠠ ᠥᠩᠭᠡ ᠪᠡᠷ ᠬᠠᠪᠴᠢᠶᠠᠷᠢᠯᠠᠵᠤ ᠡᠮᠵᠢᠵᠡᠢ᠃ ᠭᠤᠲᠤᠯ ᠤ᠋ᠨ ᠬᠣᠩᠰᠢᠶᠠᠷ ᠨᠢ ᠪᠦᠷ ᠡᠷᠲᠡᠭᠡᠷ ᠪᠠᠢᠵᠤ ᠂ ᠡᠨᠡ ᠨᠢ ᠳᠤᠮᠳᠠᠳᠤ ᠠᠽᠢᠶ᠎ᠠ ᠶ᠋ᠢᠨ ᠠᠷᠠᠳ ᠣᠯᠠᠨ ᠤ᠋ ᠤᠨᠣᠬᠠ ᠤᠨᠤᠬᠤ ᠳ᠋ᠤ᠌ ᠵᠣᠬᠢᠴᠠᠭᠤᠯᠤᠭᠰᠠᠨ ᠠᠵᠢ᠃
《wostwAG ᠪᠠᠷᠤᠭ ᠯᠠ ᠪᠦᠬᠦ ᠶᠠᠭᠤᠮ᠎ᠠ ᠶ᠋ᠢ ᠮᠠᠢᠮᠠᠢᠯᠠᠳᠠᠭ ᠪᠠᠢᠵᠠᠢ᠃ ᠬᠡᠪ ᠦ᠋ᠨ ᠴᠠᠢ᠂ ᠠᠷᠠᠰᠤ᠂ ᠲᠣᠷᠭ᠎ᠠ ᠳᠤᠷᠳᠤᠩ᠂ ᠱᠠᠬᠠᠢ ᠭᠤᠲᠤᠯ᠂ ᠡᠮ ᠲᠣᠮ᠂ ᠤᠨᠣᠬᠠ ᠮᠠᠰᠢᠨ᠂ ᠴᠠᠢᠷ ᠤ᠋ᠨ ᠰᠠᠪᠠ ᠰᠠᠭᠤᠯᠠᠭ᠎ᠠ᠂ ᠮᠣᠩᠭᠣᠯ ᠡᠮᠡᠭᠡᠯ ᠂ ᠮᠠᠢᠬᠠᠨ ᠭᠡᠷ ᠂ ᠳ᠋ᠧᠩ ᠂ ᠭᠠᠷ ᠴᠢᠳᠧᠩ ᠪᠣᠯᠤᠨ ᠡᠸᠦᠷᠦ᠋ᠫᠡ ᠠᠽᠢᠶ᠎ᠠ ᠳ᠋ᠤ᠌ ᠳᠡᠯᠭᠡᠷᠡᠭᠰᠡᠨ ᠬᠢᠮᠳᠠ ᠦᠨ᠎ᠡ ᠶ᠋ᠢᠨ ᠡᠳ᠋ᠯᠡᠯ ᠬᠡᠷᠡᠭᠰᠡᠯ ᠦ᠋ᠳ ᠪᠣᠯᠤᠨ᠎ᠠ᠃
— ᠢᠩᠭᠢᠵᠦ ᠯᠡ ᠪᠢ ᠴᠢᠮ᠎ᠠ ᠳ᠋ᠤ᠌ ᠵᠡᠭᠦᠨ ᠡᠨᠡᠳᠬᠡᠭ ᠦ᠋ᠨ ᠬᠠᠭᠤᠴᠢᠨ ᠺᠣᠮᠫᠠᠨᠢ ᠶ᠋ᠢᠨ ᠨᠢᠭᠡ ᠳᠡᠯᠭᠡᠭᠦᠷ ᠢ᠋ ᠲᠠᠨᠢᠯᠴᠠᠭᠤᠯᠵᠤ ᠪᠠᠢᠨ᠎ᠠ ᠭᠡᠬᠦ ᠳ᠋ᠦ᠍ ᠨᠠᠮ᠎ᠠ ᠶ᠋ᠢ ᠮᠠᠷᠺᠦᠸᠨ᠋ᠲ ᠵᠦᠭ ᠵᠢᠭᠠᠬᠤ ᠳ᠋ᠤ᠌ ᠲᠡᠷᠡ
— ᠪᠦᠷ ᠪᠢᠰᠢ ᠰᠢᠦ ᠳᠡ! ᠲᠠ ᠲᠡᠷᠡ ᠪᠥᠬᠥᠭᠡᠭ ᠲᠦ᠍ ᠵᠣᠭᠰᠣᠬᠤ ᠪᠠᠢᠬᠤ ᠮᠠᠰᠢᠨ ᠢ᠋ ᠬᠠᠷᠠᠵᠤ ᠪᠠᠢᠨ᠎ᠠ ᠤᠤ ? ᠭᠡᠯᠡ᠃ ᠨᠡᠯᠢᠶᠡᠳ ᠵᠠᠢᠲᠠᠢ ᠵᠣᠭᠰᠣᠵᠤ ᠪᠠᠢᠭᠰᠠᠨ ᠫᠦᠷᠫᠢᠰᠰ ᠪᠢᠳᠡᠨ ᠦ᠌ ᠬᠠᠮᠤᠭ ᠤ᠋ᠨ ᠰᠡᠭᠦᠯᠴᠢ ᠶ᠋ᠢᠨ ᠶᠠᠷᠢᠶ᠎ᠠ ᠶ᠋ᠢ ᠣᠯᠵᠤ ᠰᠣᠨᠣᠰᠤᠭᠠᠳ :
— ᠵᠠ ᠳᠠ᠂ ᠲᠠ ᠲᠡᠷᠡ ᠮᠠᠰᠢᠨ ᠢ ᠬᠡᠳᠦᠢ ᠤᠳᠠᠭᠠᠨ ᠬᠡᠷᠡᠭᠯᠡᠭᠰᠡᠨ ᠴᠦ᠍ ᠪᠣᠯᠤᠨ᠎ᠠ ᠭᠡᠯᠡ᠃
ᠮᠠᠷᠺᠦᠸᠨ᠋ᠲ ᠨᠠᠳᠠ ᠤᠷᠤᠭᠤ ᠬᠦᠰᠡᠯ ᠳᠦᠭᠦᠷᠦᠭᠰᠡᠨ ᠬᠠᠷᠠᠴᠠ ᠪᠠᠷ ᠬᠠᠷᠠᠵᠤ ᠠᠪᠤᠯ᠎ᠠ᠃ ᠡᠢᠮᠦ ᠰᠠᠢᠬᠠᠨ ᠶᠠᠪᠤᠳᠠᠯ ᠭᠡᠵᠦ ᠬᠠᠮᠢᠭ᠎ᠠ ᠪᠠᠢᠬᠤ ᠪᠣᠢ ! ᠭᠡᠬᠦ ᠳ᠋ᠦ᠍ ᠦᠨ᠎ᠡ ᠬᠠᠩᠰᠢ ᠶ᠋ᠢ ᠨᠢ ᠲᠥᠯᠥᠵᠦ ᠳᠡᠢᠯᠬᠦ ᠦᠭᠡᠢ ᠯᠡ ᠪᠠᠢᠬ᠎ᠠ᠃ ᠪᠢ ᠳᠣᠣᠷ᠎ᠠ ᠪᠠᠨ ᠦᠨ᠎ᠡ ᠶ᠋ᠢ ᠨᠢ ᠠᠰᠠᠭᠤᠪᠠ᠃
— ᠡᠢᠮᠦ ᠶᠠᠭᠤᠮ᠎ᠠ ᠪᠤᠤ ᠶᠠᠷᠢᠭᠠᠳ ᠪᠠᠢ ᠭᠡᠵᠦ ᠫᠦᠷᠫᠢᠰᠰ ᠭᠣᠮᠣᠳᠠᠬᠤ ᠶ᠋ᠢᠨ ᠨᠠᠭᠠᠭᠤᠷ ᠪᠣᠯᠤᠭᠰᠠᠨ ᠢ᠋ᠶ᠋ᠠᠨ ᠵᠠᠯᠭᠠᠭᠠᠳ ᠡᠨᠡ ᠮᠠᠰᠢᠨ ᠮᠠᠷᠭᠠᠰᠢ ᠥᠷᠯᠥᠭᠡ ᠲᠠᠨ ᠤ᠋ ᠡᠭᠦᠳᠡᠨ ᠳ᠋ᠦ᠍ ᠪᠠᠢᠬᠤ ᠪᠣᠯᠤᠨ᠎ᠠ᠂ ᠪᠢ ᠲᠠᠨ ᠳ᠋ᠤ᠌ ᠰᠢᠯᠣᠹ ᠭᠡᠳᠡᠭ ᠬᠠᠮᠤᠭ ᠤ᠋ᠨ ᠰᠠᠢᠨ ᠵᠢᠯᠣᠭᠣᠴᠢ ᠪᠠᠨ ᠶᠠᠪᠤᠭᠤᠯᠤᠶ᠎ᠠ᠃ ᠲᠡᠷᠡ ᠮᠠᠨᠢ ᠠᠷᠪᠠᠨ ᠵᠢᠯ ᠦ᠋ᠨ ᠲᠤᠷᠰᠢ ᠮᠣᠩᠭᠣᠯ ᠣᠷᠣᠨ ᠢ᠋ᠶ᠋ᠠᠷ ᠨᠠᠭᠠᠰᠢ ᠴᠠᠭᠠᠰᠢ ᠳᠣᠪᠲᠣᠯᠭᠠᠭᠰᠠᠭᠠᠷ ᠢᠷᠡᠭᠰᠡᠨ ᠶᠦᠮ᠃ ᠲᠠᠯ᠎ᠠ ᠨᠤᠲᠤᠭ ᠤ᠋ᠨ ᠪᠠᠢᠳᠠᠭ ᠵᠠᠮ ᠱᠤᠭᠤᠮ᠂ ᠳᠡᠭᠡᠷᠡᠮ ᠦ᠋ᠨ ᠲᠦᠷᠦᠭᠦᠴᠦᠳ᠂ ᠲᠣᠰᠣ ᠨᠡᠮᠡᠬᠦ ᠭᠠᠵᠠᠷ᠂ ᠢᠵᠠᠭᠤᠷᠲᠠᠳ ᠸᠠᠩ ᠬᠦᠩ ᠨᠠᠷ ᠢ ᠲᠠᠨᠢᠳᠠᠭ ᠪᠥᠭᠡᠳ ᠪᠠᠨᠴᠢᠨ ᠪᠣᠭᠳᠠ ᠶ᠋ᠢᠨ ᠮᠣᠩᠭᠣᠯ ᠳ᠋ᠤ᠌ ᠠᠢᠯᠴᠢᠯᠠᠬᠤ ᠠᠶᠠᠯᠠᠯ ᠳ᠋ᠤ᠌ ᠮᠠᠰᠢᠨ ᠢ ᠨᠢ ᠪᠠᠷᠢᠵᠤ ᠥᠭᠭᠦᠭᠰᠡᠨ ᠰᠢᠦ ᠳᠡ ! ᠭᠡᠯᠡ᠃
ᠭᠢᠯᠲᠦᠭᠡᠨᠡᠭᠰᠡᠨ ᠰᠠᠢᠬᠠᠨ ᠮᠠᠰᠢᠨ ᠡᠮᠦᠨ᠎ᠡ ᠮᠢᠨᠢ ᠵᠣᠭᠰᠣᠵᠤ᠂ ᠳᠤᠷ᠎ᠠ ᠶ᠋ᠢ ᠮᠢᠨᠢ ᠠᠷᠭ᠎ᠠ ᠦᠭᠡᠢ ᠲᠠᠲᠠᠬᠤ ᠳ᠋ᠤ᠌ ᠡᠢᠮᠦ ᠭᠣᠶᠣ ᠰᠠᠨᠠᠭᠤᠯᠭ᠎ᠠ ᠶ᠋ᠢ ᠡᠰᠡᠷᠭᠦᠴᠡᠬᠦ ᠵᠣᠷᠢᠭ ᠨᠠᠳᠠ ᠥᠴᠦᠬᠡᠨ ᠴᠦ᠍ ᠠᠯᠠᠭ᠎ᠠ᠃
— ᠵᠠ᠂ ᠣᠳᠣ ᠪᠢ ᠶᠠᠭᠠᠬᠢᠵᠤ ᠡᠨᠡ ᠬᠦ᠌ ᠠᠶᠠᠯᠠᠯ ᠤ᠋ᠨ ᠬᠤᠪᠢᠷᠠᠯᠲᠠ ᠪᠠᠨ ᠰᠠᠢᠨ ᠰᠠᠨᠠᠭ᠎ᠠ ᠲᠠᠢ ᠱᠠᠰᠢᠨ ᠳᠡᠯᠭᠡᠷᠡᠭᠦᠯᠦᠭᠴᠢ ᠰᠦᠢᠳ᠋ᠸᠷᠪᠤᠮ ᠳ᠋ᠤ᠌ ᠶᠠᠷᠢᠳᠠᠭ ᠪᠢᠯᠡ? ᠪᠠᠰᠠ ᠮᠠᠷᠲ᠋ᠢᠨᠰᠤᠨ ᠳ᠋ᠤ᠌ ᠥᠭᠭᠦᠨ᠎ᠡ ᠭᠡᠵᠦ ᠠᠮᠠᠯᠠᠭᠰᠠᠨ ᠪᠸᠨᠽᠢᠨ ᠦ᠌ ᠮᠥᠩᠭᠥ ᠪᠡᠨ ᠶᠠᠭᠠᠬᠢᠳᠠᠭ ᠪᠢᠯᠡ? ᠭᠡᠵᠦ ᠪᠢ ᠪᠤᠴᠠᠭᠠᠨ ᠠᠰᠠᠭᠤᠪᠠ᠃
ᠫᠦᠷᠫᠢᠰᠰ ᠦ᠋ᠨ ᠥᠪᠡᠷ ᠦ᠋ᠨ ᠠᠵᠢᠯᠲᠠᠳ ᠲᠠᠭᠠᠨ ᠵᠣᠷᠢᠭᠤᠯᠤᠭᠰᠠᠨ 《ᠬᠠᠭᠠᠯᠭ᠎ᠠ — ᠺᠯᠦ᠋ᠪ 》 ᠲᠦ᠍ ᠪᠢ ᠲᠦᠷᠭᠡᠬᠡᠨ ᠬᠡᠳᠦᠨ ᠮᠥᠷ ᠵᠠᠬᠢᠶ᠎ᠠ ᠪᠢᠴᠢᠭᠡᠳ ᠰᠦᠢᠳ᠋ᠸᠷᠪᠤᠮ ᠳ᠋ᠤ᠌ ᠢᠯᠡᠭᠡᠪᠡ᠃
— ᠵᠠᠬᠢᠳᠠᠯ ᠭᠡᠳᠡᠭ ᠨᠢ ᠶᠡᠬᠡ ᠠᠮᠠᠷᠬᠠᠨ ᠶᠤᠮ ᠰᠢᠦ ᠂ ᠪᠢᠳᠡᠨ ᠦ᠌ ᠠᠩᠬᠠᠨ ᠤ᠋ ᠭᠠᠢᠬᠠᠮᠰᠢᠭᠲᠤ ᠤᠴᠠᠷᠠᠯ ᠢᠩᠭᠢᠵᠦ ᠰᠠᠢᠬᠠᠨ ᠰᠢᠢᠳᠪᠦᠷᠢᠯᠡᠭᠳᠡᠪᠡ᠃ ᠣᠷᠣᠢ ᠪᠢᠳᠡᠨ ᠢ ᠪᠤᠴᠠᠬᠤ ᠳ᠋ᠤ᠌ ᠵᠥᠪᠬᠡᠨ ᠨᠢᠭᠡᠨᠲᠡ ᠪᠡᠶᠡᠯᠡᠭᠳᠡᠭᠰᠡᠨ ᠬᠡᠷᠡᠭ ᠤᠴᠢᠷ ᠪᠣᠯᠭᠠᠵᠤ ᠯᠠ ᠶᠠᠷᠢᠯᠴᠠᠬᠤ ᠪᠣᠯᠤᠨ᠎ᠠ ᠭᠡᠵᠦ ᠮᠠᠷᠺᠦᠸᠨ᠋ᠲ ᠶᠠᠷᠢᠯ᠎ᠠ᠃
ᠡᠨᠡ ᠬᠣᠭᠣᠷᠣᠨᠳᠣ ᠫᠦᠷᠫᠢᠰᠰ ᠳᠣᠣᠷᠠᠬᠢ ᠬᠥᠮᠦᠨ ᠢ᠋ᠶ᠋ᠡᠨ ᠠᠯᠪᠠᠨ ᠤ᠋ ᠭᠠᠵᠠᠷ ᠤ᠋ᠳ ᠲᠤ᠌ ᠲᠣᠮᠢᠯᠠᠨ ᠮᠠᠰᠢᠨ ᠤ᠋ ᠠᠶᠠᠯᠠᠯ ᠤ᠋ᠨ ᠵᠥᠪᠰᠢᠶᠡᠷᠡᠯ ᠠᠪᠤᠭᠤᠯᠵᠤ᠂ ᠮᠠᠰᠢᠨ ᠳ᠋ᠠᠭᠠᠨ ᠲᠣᠰᠣ ᠨᠡᠮᠡᠭᠦᠯᠦᠭᠰᠡᠨ ᠮᠥᠷᠲᠡᠭᠡᠨ ᠪᠢᠳᠡᠨ ᠦ᠌ ᠨᠢᠭᠡ ᠭᠠᠷᠠᠭ ᠠᠶᠠᠯᠠᠵᠤ᠂ ᠭᠦᠢᠴᠡᠬᠦ ᠪᠸᠨ᠋ᠽᠢᠨ ᠢ ᠠᠴᠢᠶᠠᠯᠠᠵᠤ ᠥᠭᠪᠡ᠃ ᠳᠠᠷᠠᠭ᠎ᠠ ᠨᠢ ᠪᠢᠳᠡᠨ ᠢ ᠬᠣᠭᠣᠯᠠᠨ ᠳ᠋ᠤ᠌ ᠤᠷᠢᠨ ᠵᠣᠴᠢᠯᠠᠪᠠ᠃ ᠰᠠᠺᠤᠰᠺ᠂ ᠸᠥᠳ᠋ᠺᠡ᠂ ᠦᠵᠦᠮ ᠦ᠋ᠨ ᠳᠠᠷᠠᠰᠤ᠂ ᠴᠢᠨᠠᠭᠰᠢᠯᠠᠪᠠᠯ ᠨᠢᠭᠡ ᠯᠣᠩᠬᠣ ᠰᠠᠢᠨ ᠰᠦ ᠲᠡᠢ ᠵᠢᠩᠬᠢᠨᠢ ᠣᠷᠣᠰ ᠬᠣᠭᠣᠯᠠ ᠪᠠᠢᠯ᠎ᠠ᠃ ᠪᠢᠳᠡᠨ ᠢ ᠶᠡᠬᠡ ᠣᠷᠣᠢ ᠠᠷᠢᠬᠢᠨ ᠳ᠋ᠤ᠌ ᠳᠦᠢᠷᠡᠭᠰᠡᠨ ᠲᠣᠯᠣᠭᠠᠢ ᠪᠠ ᠬᠦᠨᠳᠦᠷᠡᠭᠰᠡᠨ ᠬᠥᠯ ᠲᠡᠢ ᠪᠡᠷ ᠱᠠᠰᠢᠨ ᠳᠡᠯᠭᠡᠷᠡᠭᠦᠯᠦᠭᠴᠢ ᠶ᠋ᠢᠨ ᠳ᠋ᠦ᠍ ᠪᠤᠴᠠᠨ ᠢᠷᠡᠬᠦ ᠳ᠋ᠦ᠍ ᠰᠦᠢᠳ᠋ᠸᠷᠪᠤᠮ ᠭᠤᠸᠠᠢ ᠮᠠᠨᠢ ᠬᠠᠭᠤᠴᠢᠨ ᠲᠦᠰᠢᠯᠭᠡ ᠲᠡᠢ ᠰᠠᠨᠳᠠᠯᠢ ᠳᠡᠭᠡᠷ᠎ᠡ ᠰᠥᠭᠥᠳᠦᠨ ᠰᠠᠭᠤᠭᠠᠳ᠂ ᠪᠢᠪᠯᠢ ᠤᠩᠰᠢᠵᠤ ᠪᠠᠢᠬᠤ ᠲᠠᠢ ᠨᠢ ᠬᠠᠷᠭᠤᠯ᠎ᠠ᠃
— ᠲᠠ ᠨᠠᠷ ᠤ᠋ᠨ ᠰᠢᠨ᠎ᠡ ᠤᠨᠤᠭ᠎ᠠ ᠲᠠᠢ ᠪᠣᠯᠤᠭᠰᠠᠨ ᠳ᠋ᠤ᠌ ᠶᠣᠰᠣᠲᠠᠢ ᠪᠠᠶᠠᠷᠯᠠᠯ᠎ᠠ᠂ ᠪᠢ ᠴᠢᠨᠢ! ᠭᠡᠵᠦ ᠪᠢᠳᠡᠨ ᠲᠡᠢ ᠮᠡᠨᠳᠦᠯᠡᠭᠰᠡᠨ ᠢ᠋ᠶ᠋ᠡᠨ ᠵᠠᠯᠭᠠᠭᠠᠳ᠂ ᠥᠴᠥᠭᠡᠳᠦᠷ ᠡᠴᠡ ᠡᠬᠢᠯᠡᠭᠡᠳ ᠪᠢ ᠲᠠᠨᠤᠰ ᠤ᠋ᠨ ᠲᠥᠯᠥᠭᠡ ᠰᠠᠨᠠᠭ᠎ᠠ ᠪᠣᠯᠵᠤ ᠪᠠᠢᠭᠰᠠᠨ ᠶᠤᠮ᠃ ᠥᠨᠥ ᠦᠳᠡ ᠡᠴᠡ ᠬᠣᠢᠰᠢ ᠲᠠ ᠨᠠᠷ ᠤ᠋ᠨ ᠵᠠᠬᠢᠶ᠎ᠠ ᠶ᠋ᠢ ᠣᠯᠤᠭᠰᠠᠨ ᠤ᠋ ᠳᠠᠷᠠᠭᠠᠬᠠᠨ ᠮᠠᠷᠲ᠋ᠢᠨᠰᠤᠨ ᠬᠦᠷᠴᠦ ᠢᠷᠡᠭᠡᠳ ᠨᠠᠳᠠᠳᠤ ᠡᠢᠮᠦ ᠣᠯᠠᠨ ᠠᠴᠢᠶ᠎ᠠ ᠴᠦᠩᠬᠦ ᠶ᠋ᠢ ᠬᠠᠮᠢᠭ᠎ᠠ ᠨᠢ ᠠᠴᠢᠶᠠᠯᠠᠬᠤ ᠵᠠᠢ ᠣᠯᠬᠤ ᠪᠠᠨ ᠮᠡᠳᠡᠬᠦ ᠦᠭᠡᠢ ᠪᠠᠢᠨ᠎ᠠ ᠭᠡᠵᠦ ᠬᠡᠯᠡᠭᠰᠡᠨ ᠶᠦᠮ ᠭᠡᠯᠡ᠃
— ᠠᠶᠠᠯᠠᠯ ᠮᠠᠨᠢ ᠰᠠᠢᠨ ᠣᠳᠣᠨ ᠳ᠋ᠤ᠌ ᠲᠣᠬᠢᠶᠠᠯ᠎ᠠ᠃ ᠵᠢᠷᠭᠤᠭᠠᠨ ᠴᠠᠭ ᠲᠤ᠌ ᠫᠦᠷᠫᠢᠰᠰ ᠠᠪᠤᠭᠠᠢ ᠶ᠋ᠢᠨ ᠭᠠᠩᠭᠠᠩ ᠮᠠᠰᠢᠨ ᠬᠦᠷᠴᠦ ᠢᠷᠡᠨ᠎ᠡ ᠳᠠ᠂ ᠲᠡᠷᠡ ᠪᠣᠯᠲᠠᠯ᠎ᠠ ᠪᠢᠳᠡ ᠵᠠᠪᠠᠯ ᠡᠨᠡ ᠦᠵᠦᠮ ᠦ᠋ᠨ ᠳᠠᠷᠠᠰᠤ᠂ ᠸᠤᠳ᠋ᠺᠠ ᠵᠢᠴᠢ ᠣᠯᠠᠨ ᠵᠦᠢᠯ ᠦ᠋ᠨ ᠣᠷᠣᠰ ᠢᠳᠡᠭᠡᠨ ᠢ᠋ᠶ᠋ᠡᠨ ᠰᠢᠩᠭᠡᠭᠡᠬᠦ ᠬᠡᠷᠡᠭᠲᠡᠢ᠃ ᠪᠢ ᠦᠵᠡᠪᠡᠯ᠂ ᠣᠳᠣ ᠤᠨᠲᠠᠶ᠎ᠠ ᠳᠠ ! ᠭᠡᠵᠦ ᠮᠠᠷᠺᠤᠸᠨ᠋ᠲ ᠶᠠᠷᠢᠪᠠ᠃
ᠰᠤᠢᠳ᠋ᠸᠷᠪᠤᠮ ᠪᠢᠳᠡᠨ ᠢ ᠥᠷᠥᠭᠡᠨ ᠦ᠌ ᠡᠭᠦᠳᠡᠨ ᠳ᠋ᠦ᠍ ᠬᠦᠷᠲᠡᠯ᠎ᠡ ᠬᠦᠷᠭᠡᠭᠰᠡᠨ ᠪᠥᠭᠡᠳ ᠪᠢᠳᠡᠨ ᠦ᠌ ᠰᠠᠨᠠᠭᠠᠨ ᠳ᠋ᠤ᠌ ᠦᠭᠡᠢ ᠬᠤᠪᠢᠷᠠᠯᠲᠠ ᠳ᠋ᠤ᠌ ᠦᠨᠡᠨ ᠰᠡᠳᠬᠢᠯ ᠡᠴᠡ ᠪᠡᠨ ᠪᠠᠶᠠᠷᠯᠠᠵᠤ ᠪᠠᠢᠯ᠎ᠠ᠃
ᠵᠢᠷᠤᠭ 7᠂ 8᠂ 9



