ᠬᠠᠷᠭᠠᠨ᠎ᠠХаргана ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠭᠠᠨ᠎ᠠХаргана

ᠬᠠᠷᠭᠠᠨ᠎ᠠХаргана

2024-06-20

1130

ᠬᠠᠷᠭᠠᠨ᠎ᠠ

    ᠬᠠᠷᠭᠠᠨ᠎ᠠ ᠪᠣᠯ ᠤᠷᠲᠤ ᠨᠠᠰᠤᠲᠤ ᠪᠤᠲᠠᠯᠢᠭ ᠤᠷᠭᠤᠮᠠᠯ ᠶᠤᠮ᠃1—4m ᠤ᠋ᠨ ᠬᠣᠭᠣᠷᠣᠨᠳᠣ ᠥᠨᠳᠥᠷ ᠤᠷᠭᠤᠵᠤ᠂ ᠵᠢᠯ ᠪᠦᠷᠢ ᠶ᠋ᠢᠨ ᠬᠠᠪᠤᠷ ᠤ᠋ᠨ5—6 ᠰᠠᠷ᠎ᠠ ᠶ᠋ᠢᠨ ᠦᠶᠡᠰ ᠢ᠋ᠶ᠋ᠡᠷ ᠴᠡᠴᠡᠭᠯᠡᠵᠦ᠂ ᠦᠷ᠎ᠡ ᠰᠠᠭᠤᠨ᠎ᠠ᠂ ᠴᠡᠴᠡᠭ ᠨᠢ ᠰᠢᠷ᠎ᠠ ᠥᠩᠭᠡᠲᠡᠢ᠂ ᠡᠷᠪᠡᠬᠡᠢ ᠬᠡᠯᠪᠡᠷᠢᠲᠡᠢ᠃ ᠦᠷ᠎ᠡ ᠨᠢ ᠲᠣᠭᠳᠣᠢ ᠲᠠᠢ᠂ ᠲᠣᠭᠳᠣᠢ ᠳᠣᠲᠣᠷ᠎ᠠ ᠨᠢ3—5 ᠦᠷ᠎ᠡ ᠶ᠋ᠢᠨ ᠮᠥᠬᠥᠯᠢᠭ ᠲᠡᠢ᠂ ᠬᠦᠷᠡᠩ ᠥᠩᠭᠡ ᠲᠡᠢ᠃ ᠥᠲᠥᠨ ᠬᠡᠯᠪᠡᠷᠢᠲᠡᠢ ᠨᠡᠢᠯᠡᠮᠡᠯ ᠨᠠᠪᠴᠢ ᠲᠠᠢ ᠂ ᠳᠡᠯᠪᠢ ᠨᠢ ᠵᠢᠵᠢᠭ ᠮᠥᠷᠲᠡᠭᠡᠨ ᠦᠵᠦᠭᠦᠷ ᠲᠦ᠍ ᠨᠢ ᠥᠷᠭᠡᠰᠦ ᠲᠡᠢ᠂ ᠮᠥᠴᠢᠷ ᠪᠦᠷᠢ ᠳ᠋ᠦ᠍6—8 ᠬᠣᠣᠰ ᠨᠠᠪᠴᠢ ᠲᠠᠢ᠂ ᠨᠠᠮᠤᠷ ᠤ᠋ᠨ ᠰᠡᠭᠦᠯᠴᠢ ᠪᠣᠯᠬᠤ ᠦᠶᠡᠰ ᠨᠠᠪᠴᠢ ᠨᠢ ᠵᠤᠯᠭᠠᠷᠠᠨ᠎ᠠ᠃ ᠨᠢᠯᠬ᠎ᠠ ᠰᠠᠯᠠᠭ᠎ᠠ ᠳ᠋ᠤ᠌ ᠨᠢ ᠥᠷᠭᠡᠰᠦ ᠲᠡᠢ᠂ ᠪᠦᠳᠦᠭᠦᠨ ᠰᠠᠯᠠᠭ᠎ᠠ᠂ ᠡᠰᠢ ᠳ᠋ᠦ᠍ ᠨᠢ ᠥᠷᠭᠡᠰᠦ ᠦᠭᠡᠢ᠃ ᠦᠨᠳᠦᠰᠦ ᠨᠢ ᠤᠷᠲᠤ ᠰᠠᠬᠤᠯᠠᠭ ᠤᠴᠢᠷ ᠠ᠋ᠴᠠ ᠭᠠᠩ ᠭᠠᠭᠰᠠᠷᠭᠠᠨ ᠳ᠋ᠤ᠌ ᠲᠡᠰᠪᠦᠷᠢᠲᠡᠢ᠂ ᠡᠯᠡᠰᠦ ᠮᠠᠩᠬ᠎ᠠ ᠶ᠋ᠢ ᠲᠣᠭᠲᠠᠪᠤᠷᠢᠵᠢᠭᠤᠯᠬᠤ ᠳ᠋ᠤ᠌ ᠮᠠᠰᠢ ᠰᠠᠢᠨ ᠬᠡᠷᠡᠭᠴᠡᠭᠡ ᠲᠡᠢ ᠤᠷᠭᠤᠮᠠᠯ ᠶᠤᠮ᠃
    ᠮᠠᠨ ᠤ᠋ ᠣᠷᠣᠨ ᠤ᠋ ᠠᠭᠤᠯᠠᠷᠬᠠᠭ ᠣᠷᠣᠨ᠂ ᠡᠯᠡᠰᠦᠷᠬᠡᠭ ᠭᠠᠵᠠᠷ᠂ ᠰᠢᠯᠢ ᠬᠥᠳᠡᠭᠡ ᠪᠡᠷ ᠨᠡᠢᠳᠡᠮ ᠤᠷᠭᠤᠨ᠎ᠠ᠃ ᠪᠠᠰᠠ ᠨᠢᠩᠰᠢᠶᠠ᠂ ᠭᠠᠨᠰᠦ ᠪᠡᠷ ᠲᠠᠷᠬᠠᠵᠤ ᠪᠠᠢᠳᠠᠭ᠃
ᠬᠠᠷᠭᠠᠨ᠎ᠠ ᠶ᠋ᠢᠨ ᠪᠦᠬᠦᠢᠯᠡ ᠬᠡᠰᠡᠭ ᠪᠦᠷ ᠡᠮ ᠳ᠋ᠦ᠍ ᠣᠷᠣᠨ᠎ᠠ᠃ ᠭᠣᠣᠯᠴᠢᠯᠠᠨ ᠴᠢᠰᠤ ᠶ᠋ᠢ ᠠᠮᠢᠵᠢᠷᠠᠭᠤᠯᠬᠤ᠂ ᠴᠢᠰᠤ ᠶ᠋ᠢ ᠵᠣᠭᠰᠣᠭᠠᠬᠤ᠂ ᠡᠪᠡᠳᠬᠦ ᠶ᠋ᠢ ᠨᠠᠮᠳᠠᠭᠤᠯᠬᠤ᠂ ᠬᠣᠭᠣᠯᠠᠨ ᠤ᠋ ᠳᠤᠷᠠᠰᠢᠯ ᠢ᠋ ᠨᠡᠮᠡᠭᠳᠡᠭᠦᠯᠬᠦ ᠴᠢᠳᠠᠯ ᠲᠠᠢ᠃ ᠦᠷ᠎ᠡ ᠨᠢ ᠰᠢᠷ᠎ᠠ ᠰᠢᠭᠦᠰᠦᠲᠦ ᠶᠠᠷ᠎ᠠ ᠶ᠋ᠢ ᠵᠠᠰᠠᠨ᠎ᠠ᠃ ᠦᠨᠳᠦᠰᠦ ᠶ᠋ᠢ ᠨᠢ ᠴᠣᠭ ᠢ᠋ᠶ᠋ᠠᠷ ᠬᠠᠯᠠᠭᠠᠭᠠᠳ ᠭᠠᠷᠤᠭᠰᠠᠨ ᠰᠢᠭᠦᠰᠦ ᠪᠡᠷ ᠨᠢ ᠦᠬᠡᠷ ᠢᠯᠢᠳᠦ ᠶ᠋ᠢ ᠵᠠᠰᠠᠳᠠᠭ ᠭᠡᠵᠦ ᠨᠤᠲᠤᠭ ᠤ᠋ᠨ ᠮᠢᠨᠢ ᠲᠣᠮᠣᠭᠠᠲᠠᠨ ᠬᠡᠯᠡᠳᠡᠭ ᠪᠠᠢᠭᠰᠠᠨ ᠪᠢᠯᠡ!
    ᠪᠤᠲᠠ ᠪᠤᠭ ᠮᠠᠯ ᠤ᠋ᠨ ᠣᠬᠢ ᠰᠠᠢᠨ ᠲᠡᠵᠢᠭᠡᠯ ᠪᠣᠯᠳᠠᠭ ᠪᠥᠭᠡᠳ ᠰᠦ ᠶ᠋ᠢ ᠥᠳᠬᠡᠷᠡᠭᠦᠯᠵᠦ ᠰᠦᠨ ᠦ᠌ ᠲᠣᠰᠣᠯᠢᠭ ᠢ᠋ ᠨᠡᠮᠡᠭᠳᠡᠭᠦᠯᠳᠡᠭ᠃ ᠬᠠᠷᠭᠠᠨ᠎ᠠ ᠢᠳᠡᠭᠰᠡᠨ ᠮᠠᠯ ᠤ᠋ᠨ ᠮᠢᠬ᠎ᠠ ᠠᠮᠲᠠᠯᠢᠭ ᠪᠠᠢᠳᠠᠭ᠃

   ᠬᠢᠲᠠᠳ ᠨᠡᠷ᠎ᠡ᠄锦鸡儿
   ᠠᠩᠭ᠌ᠯᠢ ᠨᠡᠷ᠎ᠡ᠄ Caragana sinica

      ᠨᠠᠢᠷᠠᠭᠤᠯᠤᠭ᠍ᠴᠢ᠄ ᠲᠤᠶᠠᠭ᠎ᠠ