ᠬᠣᠵᠢᠮᠳᠠᠭᠰᠠᠨ ᠭᠡᠮᠰᠢᠯ- ᠳ· ᠨᠠᠴᠤᠭᠳᠣᠷᠵᠢХожимдсон гэмшил-Д.Нацагдорж
ᠳ· ᠨᠠᠴᠤᠭᠳᠣᠷᠵᠢ
ᠨᠠᠰᠤ ᠵᠠᠯᠠᠭᠤ᠂ ᠦᠰᠦ ᠬᠠᠷ᠎ᠠ᠂ ᠰᠢᠲᠦ ᠴᠠᠭᠠᠨ᠂ ᠴᠢᠷᠠᠢ ᠲᠤᠩᠭᠠᠯᠠᠭ ᠨᠢᠭᠡ ᠥᠬᠢᠨ ᠲᠦᠮᠡᠨ ᠵᠢᠯ ᠦ᠋ᠨ ᠰᠢᠪᠠᠷ ᠬᠡᠷᠡᠮ ᠦ᠋ᠨ ᠳᠣᠲᠣᠷ᠎ᠠ ᠲᠡᠭᠦᠨ ᠦ᠌ ᠰᠡᠭᠦᠳᠡᠷ ᠲᠦ᠍ ᠮᠣᠩᠭᠣᠯ ᠨᠡᠷ᠎ᠡ ᠶ᠋ᠢ ᠰᠣᠯᠢᠵᠤ ᠡᠳᠦᠷ ᠢ᠋ ᠨᠣᠢᠷᠰᠤᠨ ᠥᠩᠭᠡᠷᠡᠭᠦᠯᠵᠦ᠂ ᠦᠳᠡᠰᠢ ᠶ᠋ᠢ ᠴᠡᠩᠭᠡᠨ ᠵᠢᠷᠭᠠᠭᠰᠠᠭᠠᠷ ᠶᠢᠷᠲᠢᠨᠴᠦ ᠳ᠋ᠦ᠍ ᠬᠣᠣᠰ ᠦᠭᠡᠢ ᠭᠣᠶᠣᠮᠰᠣᠭ ᠠᠯᠳᠠᠷ ᠴᠡᠴᠡᠭ ᠭᠡᠬᠦ ᠶ᠋ᠢ ᠬᠦᠯᠢᠶᠡᠵᠢ᠃ ᠡᠳᠦᠷ ᠥᠩᠭᠡᠷᠡᠬᠦ ᠪᠠᠢᠭᠠᠯᠢ ᠶ᠋ᠢᠨ ᠬᠤᠪᠢᠰᠤᠯ ᠲᠦᠷᠭᠡᠨ ᠲᠤᠯᠠ ᠬᠡᠳᠦᠢᠨ ᠬᠣᠷᠢᠨ ᠲᠠᠪᠤᠨ ᠨᠠᠰᠤ ᠬᠦᠷᠴᠡᠢ᠃ ᠪᠣᠯᠪᠠᠰᠤᠨ ᠶᠣᠰᠣᠨ ᠳ᠋ᠤ᠌ ᠪᠣᠯᠪᠠᠯ ᠵᠠᠯᠠᠭᠤ ᠨᠠᠰᠤᠨ ᠤ᠋ ᠦᠶ᠎ᠡ ᠮᠥᠨ ᠪᠥᠭᠡᠳ ᠡᠨᠡ ᠬᠦ᠌ ᠥᠬᠢᠨ ᠦ᠌ ᠪᠠᠢᠳᠠᠯ ᠢ᠋ ᠦᠵᠡᠪᠡᠯ ᠵᠠᠯᠠᠭᠤ ᠴᠠᠭ ᠤ᠋ᠨ ᠴᠣᠭ ᠨᠢ ᠬᠡᠳᠦᠢᠨ ᠪᠠᠭᠤᠷᠠᠵᠠᠢ᠃
ᠣᠢᠷ᠎ᠠ ᠠ᠋ᠴᠠ ᠨᠢᠷᠤᠭᠤ ᠪᠥᠭᠡᠷ᠎ᠡ ᠡᠪᠡᠳᠬᠦ ᠪᠠ ᠡᠨᠳᠡ ᠲᠡᠨᠳᠡ ᠭᠦᠪᠳᠦᠷᠦᠦ ᠭᠠᠷᠬᠤ ᠪᠣᠯᠤᠭᠰᠠᠨ ᠨᠢ ᠲᠤᠩᠭᠠᠯᠠᠭ ᠴᠢᠷᠠᠢ ᠳ᠋ᠤ᠌ ᠲᠣᠳᠣ ᠪᠥᠭᠡᠳ ᠲᠥᠭᠥᠷᠢᠭ ᠰᠣᠷᠪᠢ ᠲᠣᠭᠲᠠᠭᠰᠠᠨ ᠲᠤᠯᠠ ᠣ ᠪᠣᠳᠣᠭ ᠢ᠋ᠶ᠋ᠠᠷ ᠬᠠᠯᠬᠠᠯᠠᠬᠤ ᠳ᠋ᠤ᠌ ᠬᠡᠴᠡᠭᠦᠦ ᠤᠴᠢᠷ ᠲᠡᠭᠦᠨ ᠳ᠋ᠦ᠍ ᠪᠠᠬᠠᠨ ᠭᠤᠲᠤᠬᠤ ᠪᠣᠯᠪᠠᠴᠤ ᠨᠢᠭᠡᠨᠲᠡ ᠳᠠᠰᠤᠭᠰᠠᠨ ᠪᠠᠢᠳᠠᠯ ᠠ᠋ᠴᠠ ᠠᠩᠭᠢᠵᠢᠷᠠᠵᠤ ᠴᠢᠳᠠᠬᠤ ᠦᠭᠡᠢ ᠪᠥᠭᠡᠳ ᠪᠠᠰᠠ ᠴᠤ ᠲᠡᠢᠮᠦ ᠰᠡᠳᠬᠢᠯ ᠦᠯᠦ ᠲᠥᠷᠥᠨ᠎ᠡ᠃
ᠨᠢᠭᠡ ᠰᠠᠢᠬᠠᠨ ᠡᠳᠦᠷ ᠨᠠᠷᠠᠨ ᠤ᠋ ᠢᠯᠴᠢ ᠬᠠᠯᠠᠭᠤᠨ ᠪᠥᠭᠡᠳ ᠬᠡᠳᠦ ᠬᠣᠨᠣᠭ ᠪᠣᠷᠣᠭᠠᠨ ᠣᠷᠣᠭᠰᠠᠨ ᠦᠭᠡᠢ ᠲᠤᠯᠠ ᠪᠦᠭᠴᠢᠮᠬᠡᠨ ᠪᠠᠢᠵᠠᠢ᠃ ᠭᠡᠲᠡᠯ᠎ᠡ ᠬᠠᠰᠢᠶᠠᠨ ᠤ᠋ ᠬᠠᠭᠠᠯᠭ᠎ᠠ ᠨᠡᠭᠡᠭᠡᠭᠳᠡᠬᠦ ᠶ᠋ᠢᠨ ᠳᠣᠬᠢᠶ᠎ᠠ ᠲᠣᠮᠣ ᠬᠤᠩᠬ᠎ᠠ ᠳᠤᠤᠭᠠᠷᠬᠤ ᠳ᠋ᠤ᠌ ᠦᠵᠡᠪᠡᠯ ᠡᠮᠡᠭᠡᠨ ᠨᠠᠮᠠᠭᠠᠷ᠂ ᠯᠠᠮᠠ ᠪᠠᠭᠰᠢ ᠶ᠋ᠢᠨ ᠬᠠᠮᠲᠤ ᠣᠷᠣᠵᠤ ᠶᠠᠪᠤᠭ᠎ᠠ ᠦᠵᠡᠭᠳᠡᠬᠦ ᠳ᠋ᠦ᠍ ᠨᠢᠭᠡ ᠤᠳᠠᠭ᠎ᠠ ᠪᠢᠰᠢᠷᠡᠯ ᠲᠡᠢ ᠨᠠᠮᠠᠨᠴᠢᠯᠠᠨ᠂ ᠪᠠᠷᠢᠴᠠᠨ ᠳ᠋ᠤᠨᠢ ᠶᠠᠭᠤ ᠥᠭᠬᠦ ᠪᠡᠨ ᠪᠣᠳᠣᠨ᠎ᠠ᠃ ᠰᠢᠪᠠᠷᠴᠢᠨ ᠯᠢ ᠶ᠋ᠢᠨ ᠭᠠᠷ ᠰᠤᠯᠠ ᠲᠤᠯᠠ ᠲᠡᠭᠦᠨ ᠢ᠋ ᠢᠷᠡᠪᠡᠯ ᠮᠥᠩᠭᠥ ᠨᠡᠬᠡᠬᠦ ᠶ᠋ᠢ ᠬᠦᠰᠡᠨ᠎ᠡ᠃ ᠪᠠᠭᠰᠢ ᠯᠠᠮᠠ ᠣᠷᠣᠵᠤ ᠢᠷᠡᠭᠡᠳ᠂ ᠰᠤᠳᠠᠰᠤ ᠪᠠᠷᠢᠵᠤ ᠡᠷᠢᠭᠡ ᠲᠠᠲᠠᠭᠠᠳ᠄《ᠭᠡᠮ ᠦᠭᠡᠢ᠂ ᠪᠠᠭ᠎ᠠ ᠪᠤᠵᠠᠷ ᠪᠠᠢᠨ᠎ᠠ》 ᠭᠡᠳ ᠡᠪᠦᠷ ᠡᠴᠡ ᠪᠡᠨ ᠰᠣᠯᠢᠭᠤᠯᠤᠨ ᠬᠦᠷᠲᠡᠬᠦ ᠡᠮ ᠳᠠᠩ ᠬᠠᠢᠷᠠᠯᠠᠪᠠ᠃ ᠲᠡᠭᠡᠭᠡᠳ ᠪᠠᠭ᠎ᠠ ᠰᠠᠭ᠎ᠠ ᠤᠩᠰᠢᠯᠭ᠎ᠠ ᠬᠡᠷᠡᠭ ᠲᠡᠢ ᠭᠡᠭᠴᠢ ᠶ᠋ᠢ ᠰᠠᠨᠠᠭᠤᠯᠤᠭᠠᠳ ᠶᠠᠪᠤᠬᠤ ᠭᠡᠲᠡᠯ᠎ᠡ ᠪᠠᠭᠰᠢ ᠶ᠋ᠢᠨ ᠪᠠᠷᠢᠴᠠᠨ ᠳ᠋ᠤ᠌ ᠪᠠᠢᠭᠰᠠᠨ ᠭᠠᠭᠴᠠ ᠲᠠᠪᠤᠲᠤ ᠶ᠋ᠢᠨ ᠴᠠᠭᠠᠰᠤ ᠶ᠋ᠢ ᠪᠠᠷᠢᠪᠠ᠃
ᠵᠢᠯ ᠦ᠋ᠨ ᠳᠥᠷᠪᠡᠨ ᠤᠯᠠᠷᠢᠯ ᠭᠡᠭᠴᠢ ᠶᠠᠭᠤᠲᠠᠢ ᠰᠠᠢᠬᠠᠨ ᠢ᠋ᠶ᠋ᠠᠷ ᠡᠭᠡᠯᠵᠢᠯᠡᠨ᠎ᠡ᠃ ᠨᠢᠭᠡ ᠵᠢᠯ ᠦ᠋ᠨ ᠲᠤᠷᠰᠢ ᠭᠡᠷ ᠡᠴᠡ ᠭᠠᠷᠬᠤ ᠦᠭᠡᠢ ᠭᠡᠭᠴᠢ ᠶᠠᠭᠤ ᠤᠢᠳᠬᠠᠷ ᠲᠠᠢ ᠵᠣᠪᠠᠯᠠᠩ ᠪᠣᠢ!
ᠰᠢᠪᠠᠷᠴᠢᠨ ᠯᠢ ᠦᠵᠡᠭᠳᠡᠬᠦ ᠦᠭᠡᠢ ᠪᠣᠯᠤᠭᠰᠠᠭᠠᠷ ᠨᠢᠭᠡ ᠵᠢᠯ ᠪᠣᠯᠤᠭᠰᠠᠨ ᠤ᠋ ᠬᠣᠢᠨ᠎ᠠ ᠠᠷᠠᠢ ᠨᠢᠭᠡ ᠣᠷᠣᠵᠤ ᠢᠷᠡᠬᠦ ᠳ᠋ᠦ᠍ ᠲᠠᠨᠢᠭᠳᠠᠬᠤ ᠶ᠋ᠢᠨ ᠡᠷᠬᠡ ᠦᠭᠡᠢ ᠪᠣᠯᠤᠭᠰᠠᠨ ᠰᠢᠷᠬ᠎ᠠ ᠲᠠᠢ ᠨᠢᠭᠤᠷ ᠤ᠋ᠨ ᠳᠤᠮᠳᠠ ᠠ᠋ᠴᠠ ᠢᠷᠠᠯᠵᠠᠭᠰᠠᠨ ᠴᠠᠭᠠᠨ ᠰᠢᠳᠦ ᠭᠠᠷᠭᠠᠵᠤ《ᠶᠠᠩᠴᠢᠶᠠᠨ》 ᠭᠡᠬᠦ ᠳ᠋ᠦ᠍ ᠢᠷᠭᠡᠨ ᠯᠢ ᠰᠠᠨᠠᠭ᠎ᠠ ᠠᠯᠲᠠᠨ ᠮᠥᠩᠭᠥ ᠦᠭᠡᠢ ᠭᠡᠵᠦ ᠤᠷᠢᠳᠤ ᠶ᠋ᠢᠨ ᠪᠠᠢᠳᠠᠯ ᠢ᠋ ᠮᠠᠷᠲᠠᠵᠠᠢ᠃
ᠭᠠᠭᠴᠠ ᠬᠦ᠌ ᠫᠢᠣᠨᠧᠷ ᠳᠣᠷᠵᠢ ᠪᠠᠭ᠎ᠠ ᠰᠤᠷᠭᠠᠭᠤᠯᠢ ᠶ᠋ᠢᠨ ᠰᠤᠷᠤᠭᠴᠢ ᠪᠥᠭᠡᠳ ᠡᠳᠡᠨ ᠦ᠌ ᠲᠠᠨᠢᠯ ᠲᠤᠯᠠ ᠰᠤᠷᠭᠠᠭᠤᠯᠢ ᠶ᠋ᠢᠨ ᠴᠢᠯᠥᠭᠡ ᠴᠠᠭ ᠢ᠋ᠶ᠋ᠠᠷ ᠡᠵᠢ ᠶ᠋ᠢᠨ ᠬᠦᠰᠡᠯ ᠢ᠋ᠶ᠋ᠡᠷ ᠬᠥᠭᠡᠷᠦᠬᠦᠢ ᠥᠬᠢᠨ ᠢ᠋ ᠡᠷᠭᠢᠬᠦ ᠪᠡᠷ ᠢᠷᠡᠭᠰᠡᠨ ᠲᠤᠯᠠ ᠨᠡᠯᠢᠶᠡᠳ ᠰᠠᠭᠤᠵᠤ ᠪᠠᠢᠭᠠᠳ᠄《ᠡᠪᠡᠳᠴᠢᠨ ᠭᠡᠭᠴᠢ ᠪᠠᠰᠠ ᠨᠢᠭᠡ ᠬᠡᠴᠡᠭᠦᠦ ᠵᠦᠢᠯ᠂ ᠡᠭᠦᠨ ᠦ᠌ ᠳᠣᠲᠣᠷ᠎ᠠ ᠠ᠋ᠴᠠ ᠥᠩᠭᠡᠨ ᠦ᠌ ᠡᠪᠡᠳᠴᠢᠨ ᠪᠣᠯᠪᠠᠯ ᠨᠡᠩ ᠪᠡᠷᠬᠡ ᠡᠪᠡᠳᠴᠢᠨ᠂ ᠡᠭᠦᠨ ᠢ᠋ ᠭᠠᠭᠴᠠ ᠬᠦ᠌ ᠰᠢᠨᠵᠢᠯᠡᠬᠦ ᠤᠬᠠᠭᠠᠨ ᠤ᠋ ᠡᠮᠨᠡᠯᠭᠡ ᠠᠮᠠᠷᠬᠠᠨ ᠠᠨᠠᠭᠠᠵᠤ ᠴᠢᠳᠠᠨ᠎ᠠ》 ᠭᠡᠬᠦ ᠳ᠋ᠦ᠍ ᠢᠷᠭᠡᠨ ᠯᠢ《ᠠᠢ ᠲᠡᠷᠡ ᠦᠨᠡᠨ ᠪᠢᠰᠢ ᠤᠤ᠃ ᠪᠢ ᠡᠨᠡ ᠵᠢᠯ ᠡᠷᠡᠭᠦᠯ ᠢ᠋ ᠬᠠᠮᠠᠭᠠᠯᠠᠬᠤ ᠭᠠᠵᠠᠷ ᠬᠡᠪᠲᠡᠭᠰᠡᠨ ᠪᠠᠢᠨ᠎ᠠ᠃ ᠬᠡᠳᠦᠬᠡᠨ ᠲᠠᠷᠢᠭᠰᠠᠨ᠂ ᠠᠮᠠᠷᠬᠠᠨ ᠡᠳᠡᠭᠡᠷᠡᠭᠰᠡᠨ》 ᠭᠡᠵᠦ ᠳᠤᠲᠠᠭᠤ ᠬᠠᠭᠠᠰ ᠬᠡᠳᠦᠨ ᠮᠣᠩᠭᠣᠯ ᠦᠭᠡ ᠬᠡᠯᠡᠬᠦ ᠳ᠋ᠦ᠍ ᠬᠡᠦᠬᠡᠨ ᠦ᠌ ᠳᠣᠲᠣᠷ᠎ᠠ ᠬᠥᠭᠰᠢᠨ ᠵᠠᠯᠠᠭᠤ ᠬᠥᠮᠦᠨ ᠪᠦᠷᠢ ᠶ᠋ᠢᠨ ᠦᠭᠡ ᠦᠨᠡᠨ ᠪᠣᠳᠣᠭᠳᠠᠵᠤ᠂ ᠡᠷᠡᠭᠦᠯ ᠢ᠋ ᠬᠠᠮᠠᠭᠠᠯᠠᠬᠤ ᠭᠠᠵᠠᠷ ᠣᠴᠢᠬᠤ ᠪᠠᠷ ᠰᠢᠢᠳᠪᠡ᠃ ᠴᠣᠬᠣᠮ ᠣᠴᠢᠬᠤ ᠭᠡᠭᠴᠢ ᠵᠣᠪᠠᠯᠠᠩ ᠲᠠᠢ ᠪᠣᠯᠪᠠᠴᠤ ᠨᠢᠭᠡᠨᠲᠡ ᠡᠪᠡᠳᠴᠢᠨ ᠬᠦᠷᠦᠭᠰᠡᠨ ᠤᠴᠢᠷ ᠠᠷᠭ᠎ᠠ ᠪᠤᠶᠤ ᠲᠡᠷᠡ ᠳᠠᠷᠤᠢ ᠢᠷᠭᠡᠨ ᠯᠢ ᠪᠡᠷ ᠲᠡᠷᠭᠡ ᠠᠪᠴᠢᠷᠠᠭᠤᠯᠤᠨ ᠬᠦᠷᠴᠦ ᠣᠴᠢᠪᠠᠯ ᠤᠤᠯ ᠡᠪᠡᠳᠴᠢᠨ ᠢ᠋ ᠬᠤᠷᠳᠤᠨ ᠡᠳᠡᠭᠡᠭᠡᠬᠦ ᠭᠡᠵᠦ ᠬᠤᠭᠤᠴᠠᠭ᠎ᠠ ᠳᠤᠷᠠᠳᠬᠤ ᠪᠣᠯᠪᠠᠴᠤ ᠰᠠᠮᠠᠭᠤᠨ ᠤ᠋ ᠠᠵᠢᠯ ᠢ᠋ ᠪᠤᠷᠤᠭᠤᠰᠢᠶᠠᠬᠤ ᠨᠢ ᠨᠢᠭᠤᠷ ᠬᠢᠬᠦ ᠭᠠᠵᠠᠷ ᠦᠯᠦ ᠣᠯᠳᠠᠬᠤ ᠪᠥᠭᠡᠳ ᠬᠠᠷᠢᠨ ᠡᠷᠭᠢᠴᠡᠭᠦᠯᠦᠨ ᠪᠣᠳᠣᠪᠠᠯ ᠭᠡᠮᠰᠢᠯ ᠨᠢ ᠬᠣᠵᠢᠮᠳᠠᠵᠠᠢ᠃
1935 ᠣᠨ
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠣᠳᠬᠠᠨᠰᠣ᠎ᠠ᠂ ᠭᠠᠷᠮ᠎ᠠ
