ᠠᠶᠤᠯᠲᠤ ᠪᠠᠢᠯᠳᠤᠭᠠᠨ- ᠳ· ᠨᠠᠴᠤᠭᠳᠣᠷᠵᠢАйлд байлдаан-Д.Нацагдорж
ᠳ· ᠨᠠᠴᠤᠭᠳᠣᠷᠵᠢ
ᠬᠤᠸᠠᠷ ᠤ᠋ᠨ ᠬᠠᠮᠠᠷ ᠭᠡᠳᠡᠭ ᠭᠠᠵᠠᠷ᠂ ᠭᠤᠷᠪᠠᠨ ᠵᠠᠭᠤᠨ ᠵᠢᠷᠠᠨ ᠲᠠᠪᠤᠨ ᠬᠣᠨᠣᠭ ᠲᠤᠷᠰᠢ ᠬᠣᠶᠠᠷ ᠶᠡᠬᠡ ᠬᠦᠴᠦᠲᠡᠨ ᠦ᠌ ᠪᠠᠢᠯᠳᠤᠭᠠᠨ ᠪᠣᠯᠵᠤ᠂ ᠭᠠᠵᠠᠷ ᠤ᠋ᠨ ᠬᠥᠷᠥᠰᠥ ᠥᠨᠳᠥᠷ ᠨᠠᠮ ᠢ᠋ ᠬᠠᠪᠲᠠᠭᠠᠢ ᠪᠣᠯᠭᠠᠨ᠂ ᠭᠠᠩᠭ᠎ᠠ ᠭᠣᠣ᠂ ᠬᠠᠷᠠᠩᠭᠤᠢ ᠬᠠᠪᠴᠢᠯ ᠪᠣᠯᠭᠠᠨ ᠡᠪᠳᠡᠪᠡ᠃
ᠡᠨᠡ ᠪᠠᠢᠯᠳᠤᠭᠠᠨ ᠤ᠋ ᠨᠢᠭᠡ ᠡᠲᠡᠭᠡᠳ ᠨᠢ ᠬᠥᠮᠦᠨ ᠦ᠌ ᠴᠢᠰᠤᠨ ᠳ᠋ᠤ᠌ ᠣᠷᠣᠰᠢᠭᠴᠢ ᠴᠠᠭᠠᠨ ᠪᠥᠭᠡᠮ ᠭᠡᠳᠡᠭ ᠬᠥᠮᠦᠨ ᠦ᠌ ᠪᠡᠶ᠎ᠡ ᠶ᠋ᠢ ᠬᠠᠮᠠᠭᠠᠯᠠᠭᠴᠢ ᠠᠤᠭ᠎ᠠ ᠬᠦᠴᠦᠲᠦ ᠴᠡᠷᠢᠭ ᠦ᠋ᠳ ᠪᠥᠭᠡᠳ ᠨᠥᠭᠦᠭᠡ ᠳᠠᠢᠰᠤᠨ ᠡᠲᠡᠭᠡᠳ ᠨᠢ ᠥᠩᠭᠡᠨ ᠦ᠌ ᠭᠠᠮᠰᠢᠭᠲᠤ ᠡᠪᠡᠳᠴᠢᠨ ᠦ᠌ ᠨᠢᠶᠠᠨ ᠪᠠᠢᠵᠠᠢ᠃
ᠢᠩᠭᠢᠵᠦ ᠬᠤᠸᠠᠷ ᠤ᠋ᠨ ᠬᠠᠮᠠᠷ ᠭᠡᠳᠡᠭ ᠭᠠᠵᠠᠷ ᠨᠢᠭᠡ ᠵᠢᠯ ᠲᠤᠷᠰᠢ ᠪᠠᠢᠯᠳᠤᠭᠰᠠᠭᠠᠷ ᠴᠢᠰᠤᠨ ᠳᠠᠯᠠᠢ ᠤᠷᠤᠰᠴᠤ᠂ ᠭᠠᠵᠠᠷ ᠳᠡᠯᠡᠬᠡᠢ ᠶ᠋ᠢ ᠰᠦᠢᠳᠬᠡᠨ ᠬᠥᠷᠥᠰᠥ ᠶ᠋ᠢ ᠴᠥᠮᠥᠯᠡᠭᠡᠳ᠂ ᠦᠯᠡᠳᠡᠭᠰᠡᠨ ᠨᠢ ᠭᠠᠭᠴᠠ ᠬᠦ᠌ ᠬᠣᠶᠠᠷ ᠡᠲᠡᠭᠡᠳ ᠦ᠋ᠨ ᠴᠢᠰᠤᠲᠤ ᠪᠠᠢᠯᠳᠤᠭᠠᠨ ᠤ᠋ ᠬᠡᠭᠦᠷ ᠢᠳᠡᠭᠡ ᠪᠡᠷ ᠪᠣᠯᠤᠨ ᠶᠠᠰᠤᠨ ᠠᠭᠤᠯᠠ ᠶ᠋ᠢ ᠪᠣᠰᠬᠠᠵᠠᠢ᠃
ᠡᠨᠡ ᠬᠦ᠌ ᠪᠠᠢᠯᠳᠤᠭᠠᠨ ᠠ᠋ᠴᠠ ᠡᠳᠡᠭᠡᠷ ᠬᠣᠶᠠᠷ ᠶᠡᠬᠡ ᠬᠦᠴᠦᠲᠡᠨ ᠳ᠋ᠦ᠍ ᠶᠠᠭᠤ ᠦᠯᠡᠳᠡᠵᠦ ᠶᠠᠮᠠᠷ ᠠᠰᠢᠭ ᠢ᠋ ᠣᠯᠪᠠ ᠭᠡᠪᠡᠯ᠂ ᠬᠤᠸᠠᠷ ᠤ᠋ᠨ ᠥᠨᠳᠥᠷ ᠰᠠᠢᠬᠠᠨ ᠠᠭᠤᠯᠠ ᠶ᠋ᠢ ᠬᠠᠪᠲᠠᠭᠠᠢ ᠬᠠᠷ᠎ᠠ ᠲᠠᠯ᠎ᠠ ᠪᠣᠯᠭᠠᠵᠤ᠂ ᠬᠠᠢᠷᠠᠨ ᠪᠡᠶᠡᠰ ᠢ᠋ᠶ᠋ᠡᠨ ᠰᠦᠢᠳᠬᠡᠨ ᠨᠢᠭᠡᠨ ᠵᠢᠯ ᠦ᠋ᠨ ᠠᠶᠤᠯᠲᠤ ᠪᠠᠢᠯᠳᠤᠭᠠᠨ ᠢ᠋ ᠥᠩᠭᠡᠷᠡᠭᠦᠯᠵᠡᠢ᠃
1935 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠭᠠᠷᠮ᠎ᠠ᠂ ᠣᠳᠬᠠᠨᠰᠣ᠎ᠠ
