ᠭᠣᠣᠯ ᠤ᠋ᠨ ᠬᠢᠶᠠᠭГолын хиаг ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠣᠯ ᠤ᠋ᠨ ᠬᠢᠶᠠᠭГолын хиаг

ᠭᠣᠣᠯ ᠤ᠋ᠨ ᠬᠢᠶᠠᠭГолын хиаг

2024-06-19

510

ᠭᠣᠣᠯ ᠤ᠋ᠨ ᠬᠢᠶᠠᠭ

                     ᠦᠶᠡᠲᠦ ᠤᠷᠭᠤᠮᠠᠯ ᠤ᠋ᠨ ᠢᠵᠠᠭᠤᠷ 
   ᠣᠯᠠᠨ ᠨᠠᠰᠤᠲᠤ ᠡᠪᠡᠰᠦᠯᠢᠭ ᠤᠷᠭᠤᠮᠠᠯ᠂ ᠬᠥᠨᠳᠡᠯᠡᠨ ᠤᠷᠭᠤᠬᠤ ᠦᠨᠳᠦᠰᠦᠯᠢᠭ ᠡᠰᠢ ᠲᠡᠢ᠃ ᠰᠦᠷᠡᠯ ᠨᠢ 60—80cm ᠥᠨᠳᠥᠷ ᠰᠢᠯᠤᠭᠤᠨ ᠤᠷᠭᠤᠨ᠎ᠠ᠂ ᠭᠢᠯᠦᠭᠡᠷ ᠪᠥᠭᠡᠳ ᠴᠠᠭᠠᠨ ᠣ ᠲᠠᠢ᠂ 3—5 ᠦᠶ᠎ᠡ ᠲᠡᠢ᠃ ᠨᠠᠪᠴᠢᠨ ᠤ᠋ ᠲᠣᠭᠳᠣᠢ ᠨᠢ ᠡᠰᠢ ᠪᠡᠨ ᠴᠢᠩᠭ᠎ᠠ ᠪᠠᠭᠯᠠᠨ᠎ᠠ᠂ ᠳᠡᠭᠡᠳᠦ ᠬᠡᠰᠡᠭ ᠦ᠋ᠨ ᠬᠢᠨᠢ ᠶᠡᠷᠦ ᠳ᠋ᠡᠭᠡᠨ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠣᠬᠣᠷ ;  ᠨᠠᠪᠴᠢ ᠨᠢ ᠲᠡᠭᠰᠢᠬᠡᠨ ᠬᠠᠪᠲᠠᠭᠠᠢ᠂ 10—20cm ᠤᠷᠲᠤ᠂ 5—10mm ᠥᠷᠭᠡᠨ᠂  ᠠᠷᠤ ᠲᠠᠯ᠎ᠠ ᠨᠢ ᠭᠢᠯᠦᠭᠡᠷ᠂ ᠳᠡᠭᠡᠳᠦ ᠲᠠᠯ᠎ᠠ ᠨᠢ ᠰᠢᠷᠦᠭᠦᠨ ᠪᠤᠶᠤ ᠲᠠᠷᠠᠮᠠᠭ ᠦᠰᠦ ᠲᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠰᠢᠯᠤᠭᠤᠨ᠂ 10—18cm ᠤᠷᠲᠤ᠂ 8—15mm ᠥᠷᠭᠡᠨ ; ᠵᠢᠵᠢᠭ ᠲᠦᠷᠦᠭᠦᠦ ᠨᠢ1.2—1.8cm ᠤᠷᠲᠤ᠂ 6—10mm ᠥᠷᠭᠡᠨ᠂ 6—10  ᠴᠡᠴᠡᠭ ᠲᠡᠢ ;  ᠵᠢᠵᠢᠭ ᠲᠦᠷᠦᠭᠦᠦ ᠶ᠋ᠢᠨ ᠲᠡᠩᠭᠡᠯᠢᠭ ᠦ᠋ᠨ ᠦᠶ᠎ᠡ ᠶ᠋ᠢᠨ ᠬᠣᠭᠣᠷᠣᠨᠳᠣᠬᠢ ᠵᠠᠢ ᠨᠢ 1.5mm ᠣᠷᠴᠢᠮ ᠤᠷᠲᠤ᠂ ᠦᠰᠦ ᠦᠭᠡᠢ ;  ᠬᠠᠯᠢᠰᠤ ᠨᠢ ᠬᠠᠪᠲᠠᠭᠠᠢ ᠲᠡᠪᠡᠨᠡ ᠰᠢᠭ ᠪᠤᠶᠤ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠬᠣ ᠦᠵᠦᠭᠦᠷ ᠲᠡᠢ ᠪᠤᠶᠤ ᠣᠬᠣᠷ ᠰᠤᠷ ᠲᠠᠢ᠂ 5—7 ᠰᠤᠳᠠᠯ ᠲᠠᠢ᠂ ᠲᠣᠷᠭᠠᠨ ᠬᠠᠯᠢᠰᠤᠯᠢᠭ ᠬᠥᠪᠡᠭᠡ ᠲᠡᠢ᠂ 1—1.5cm ᠤᠷᠲᠤ ;  ᠭᠠᠳᠠᠷ ᠬᠡᠪᠡᠭ ᠨᠢ 5—7 ᠰᠤᠳᠠᠯ ᠲᠠᠢ᠂ ᠱᠤᠪᠲᠤᠭᠠᠷ ᠦᠵᠦᠭᠦᠷ ᠲᠡᠢ ᠪᠤᠶᠤ ᠣᠬᠣᠷ ᠰᠤᠷ ᠲᠠᠢ᠂ ᠤᠭ ᠲᠤᠨᠢ ᠮᠠᠰᠢ ᠣᠬᠣᠷ ᠵᠢᠵᠢᠭ ᠰᠠᠭᠤᠷᠢ ᠲᠠᠪᠠᠭ ᠲᠠᠢ ;  ᠳᠣᠲᠣᠷ ᠬᠡᠪᠡᠭ ᠨᠢ ᠭᠠᠳᠠᠷ ᠬᠡᠪᠡᠭ ᠡᠴᠡ ᠣᠬᠣᠷ᠂ ᠬᠣᠶᠠᠷ ᠰᠤᠳᠠᠯ ᠲᠠᠢ᠂ ᠲᠣᠷᠭᠠᠨ ᠬᠠᠯᠢᠰᠤᠯᠢᠭ ᠬᠥᠪᠡᠭᠡ ᠲᠡᠢ᠂ ᠳᠣᠲᠣᠭᠰᠢ ᠬᠤᠮᠢᠷᠠᠨ᠎ᠠ᠂ ᠠᠷᠤ ᠶ᠋ᠢᠨ ᠭᠣᠣᠯ ᠰᠤᠳᠠᠯ ᠳ᠋ᠤᠨᠢ ᠨᠠᠷᠢᠨ ᠦᠰᠦ ᠲᠡᠢ ;  ᠲᠣᠭᠣᠰᠣᠪᠴᠢ ᠨᠢ 5mm ᠣᠷᠴᠢᠮ ᠤᠷᠲᠤ᠂ ᠰᠢᠷ᠎ᠠ᠃
   ᠮᠠᠨ ᠤ᠋ ᠤᠯᠤᠰ ᠤ᠋ᠨ ᠥᠪᠥᠷ ᠮᠣᠩᠭᠣᠯ᠂ ᠰᠢᠨᠵᠢᠶᠠᠩ᠂ ᠬᠥᠬᠡᠨᠠᠭᠤᠷ ᠵᠡᠷᠭᠡ ᠮᠣᠵᠢ ᠣᠷᠣᠨ ᠳ᠋ᠤ᠌ ᠪᠦᠷ ᠤᠷᠭᠤᠳᠠᠭ᠃ ᠡᠯ᠎ᠡ ᠮᠣᠵᠢ ᠣᠷᠣᠨ ᠤ᠋ ᠲᠠᠷᠢᠶᠠᠯᠠᠩ ᠤ᠋ᠨ ᠰᠢᠨᠵᠢᠯᠡᠬᠦ ᠤᠬᠠᠭᠠᠨ ᠤ᠋ ᠭᠠᠵᠠᠷ ᠪᠦᠷ ᠠᠷᠠᠴᠢᠯᠠᠨ ᠲᠠᠷᠢᠵᠤ ᠪᠣᠢ᠃
   ᠴᠢᠨᠠᠷ ᠰᠠᠢᠨ ᠪᠣᠷᠳᠣᠭ᠎ᠠ ᠡᠪᠡᠰᠦ ᠮᠥᠨ᠂ ᠲᠥᠷᠥᠯ ᠪᠦᠷᠢ ᠶ᠋ᠢᠨ ᠮᠠᠯ ᠤᠨᠤᠭ᠎ᠠ ᠪᠦᠷ ᠢᠳᠡᠬᠦ ᠳᠤᠷᠠᠲᠠᠢ᠃

   ᠬᠢᠲᠠᠳ ᠨᠡᠷ᠎ᠡ᠄偃麦草
   ᠠᠩᠭ᠌ᠯᠢ ᠨᠡᠷ᠎ᠡ᠄ Elytrigia repens (L.) Desv. ex B. D. Jackson

    ᠦᠰᠦᠭ ᠠᠮᠢᠯᠠᠭᠤᠯᠤᠭᠴᠢ᠄ ᠳ· ᠡᠷᠬᠢᠮᠪᠠᠭᠠᠲᠤᠷ
    ᠬᠢᠨᠠᠭᠴᠢ᠄ ᠫᠣ· ᠴᠠᠭᠠᠨ