ᠬᠥᠮᠦᠨ ᠬᠡᠳᠦᠨ ᠤᠳᠠᠭ᠎ᠠ ᠦᠬᠦᠵᠦ ᠪᠣᠯᠬᠤ- ᠳ· ᠨᠠᠴᠤᠭᠳᠣᠷᠵᠢХүн хэдэн удаа үхэж болох-Д.Нацагдорж
ᠳ· ᠨᠠᠴᠤᠭᠳᠣᠷᠵᠢ
ᠪᠢ ᠨᠢᠭᠡ ᠦᠬᠦᠬᠦ ᠡᠴᠡ ᠬᠣᠶᠠᠷ ᠦᠬᠦᠬᠦ ᠦᠭᠡᠢ᠃ ᠮᠠᠭᠤ ᠰᠠᠢᠨ ᠵᠣᠯᠢᠭ ᠤ᠋ᠳ ᠠ᠋! ᠭᠡᠵᠦ ᠲᠣᠰᠣᠯᠢᠭ ᠬᠦᠷᠡᠩ ᠳᠡᠪᠡᠯ ᠦ᠋ᠨ ᠡᠩᠭᠡᠷ ᠢ᠋ ᠳᠡᠯᠭᠡᠵᠦ᠂ ᠬᠦᠷᠡᠪᠲᠦᠷ ᠴᠡᠭᠡᠵᠢ ᠶ᠋ᠢ ᠭᠠᠷᠭᠠᠭᠰᠠᠨ᠂ ᠭᠬᠢᠷ ᠲᠡᠢ ᠪᠡᠶ᠎ᠡ ᠳ᠋ᠡᠭᠡᠨ ᠬᠥᠯᠥᠰᠥᠨ ᠦ᠌ ᠮᠥᠷ ᠭᠠᠷᠭᠠᠭᠰᠠᠨ ᠪᠥᠭᠡᠳ ᠰᠤᠢᠯᠠᠳᠠᠭ ᠰᠤᠭᠤᠯᠳᠠᠭ ᠨᠠᠷ ᠢ᠋ᠶ᠋ᠠᠷ ᠬᠦᠷᠢᠶᠡᠯᠡᠭᠦᠯᠦᠨ᠂ ᠯᠤᠢᠪᠠᠷᠴᠢ ᠬᠦᠦ ᠨᠡᠯᠢᠶᠡᠳ ᠶᠡᠬᠡᠮᠰᠦᠭ ᠰᠠᠭᠤᠨ᠎ᠠ᠃ ᠵᠤᠨ ᠤ᠋ ᠬᠠᠯᠠᠭᠤᠨ ᠡᠳᠦᠷ ᠨᠢᠭᠡ ᠰᠢᠯ ᠠᠷᠢᠬᠢᠨ ᠳ᠋ᠤ᠌ ᠪᠡᠶ᠎ᠡ ᠶ᠋ᠢᠨ ᠬᠠᠯᠠᠭᠤᠨ ᠨᠡᠮᠡᠭᠳᠡᠵᠦ ᠦᠭᠡ ᠣᠯᠠᠰᠢᠷᠠᠨ ᠵᠢᠷᠦᠬᠡ ᠳᠡᠯᠡᠰᠬᠦ ᠪᠣᠯᠪᠠᠴᠤ ᠰᠠᠢᠨ ᠡᠷ᠎ᠡ ᠨᠦ᠍ᠭᠦᠳ ᠭᠡᠵᠦ ᠵᠢᠱ᠌ᠢᠮ ᠦᠭᠡᠢ ᠵᠠᠯᠭᠢᠯᠠᠨᠠ᠃
ᠪᠠᠰᠠ ᠢᠯᠠᠭ᠎ᠠ ᠬᠠᠵᠠᠭᠤ ᠳ᠋ᠤᠨᠢ ᠨᠥᠬᠥᠷᠯᠡᠨᠡ᠃
ᠨᠢᠭᠡ ᠡᠳᠦᠷ ᠯᠤᠢᠪᠠᠷᠴᠢ ᠬᠦᠦ ᠶ᠋ᠢᠨ ᠪᠡᠶ᠎ᠡ ᠪᠠᠵᠠᠭᠠᠬᠤ ᠦᠭᠡᠢ᠂ ᠬᠣᠭᠣᠯᠠᠨ ᠳ᠋ᠤ᠌ ᠳᠤᠷ᠎ᠠ ᠦᠭᠡᠢ᠂ ᠭᠡᠳᠡᠰᠦ ᠨᠢ ᠡᠪᠡᠳᠦᠭᠡᠳ᠂ ᠲᠤᠩ ᠴᠤ᠌ ᠶᠠᠭᠠᠬᠢᠬᠤ ᠶ᠋ᠢ ᠮᠡᠳᠡᠬᠦ ᠦᠭᠡᠢ ᠪᠠᠢᠲᠠᠯ᠎ᠠ ᠰᠤᠢᠯᠠᠳᠠᠭ ᠰᠤᠭᠤᠯᠳᠠᠭ ᠨᠠᠷ ᠠᠷᠭ᠎ᠠ ᠰᠦᠪᠡᠭᠴᠢᠯᠡᠭᠰᠡᠭᠡᠷ᠂ ᠡᠴᠦᠰ ᠲᠦ᠍ ᠡᠷᠡᠭᠦᠯ ᠢ᠋ ᠬᠠᠮᠠᠭᠠᠯᠠᠬᠤ ᠭᠠᠵᠠᠷ ᠠᠪᠴᠤ ᠬᠦᠷᠪᠡᠯ᠂
ᠳ᠋ᠣᠺᠲ᠋ᠣᠷ ᠠ᠋ᠴᠠ ᠵᠣᠬᠢᠬᠤ ᠲᠠᠰᠤᠯᠭᠠᠨ ᠳ᠋ᠤ᠌ ᠬᠡᠪᠲᠡᠭᠦᠯᠪᠡ᠃ ᠨᠢᠭᠡ ᠳᠣᠯᠣᠭ᠎ᠠ ᠬᠣᠨᠣᠭ ᠳᠣᠳᠣᠮ ᠬᠣᠭᠣᠯᠠ ᠤᠮᠳᠠ ᠶ᠋ᠢ ᠲᠣᠬᠢᠷᠠᠭᠤᠯᠤᠨ ᠥᠭᠴᠦ ᠪᠠᠢᠭᠰᠠᠭᠠᠷ᠂ ᠨᠢᠭᠡ ᠡᠳᠦᠷ ᠮᠡᠰᠡ ᠵᠠᠰᠠᠯ ᠤ᠋ᠨ ᠲᠠᠰᠤᠯᠭᠠᠨ ᠳ᠋ᠤ᠌ ᠣᠷᠣᠭᠤᠯᠤᠨ ᠬᠡᠪᠲᠡᠭᠦᠯᠵᠦ᠂ ᠲᠠᠪᠤ ᠵᠢᠷᠭᠤᠭᠠᠨ ᠳ᠋ᠣᠺᠲ᠋ᠣᠷ ᠤ᠋ᠳ ᠴᠠᠭᠠᠨ ᠬᠤᠪᠴᠠᠰᠤ ᠡᠮᠦᠰᠦᠭᠡᠳ ᠬᠦᠷᠢᠶᠡᠯᠡᠨ ᠵᠣᠭᠰᠣᠵᠤ᠂ ᠠᠮᠠ ᠬᠠᠮᠠᠷ ᠢ᠋ᠶ᠋ᠠᠨ ᠪᠢᠲᠡᠭᠦᠯᠡᠨ᠂ ᠭᠢᠯᠠᠭᠠᠷ ᠭᠢᠯᠠᠭᠠᠷ ᠮᠡᠰᠡ ᠨᠦ᠍ᠭᠦᠳ ᠢ᠋ ᠭᠢᠯᠠᠯᠵᠠᠭᠤᠯᠤᠨ᠂ ᠦᠨᠡᠬᠡᠷ ᠰᠡᠳᠬᠢᠰᠢ ᠦᠭᠡᠢ ᠠᠶᠤᠮᠰᠢᠭ ᠲᠠᠢ ᠪᠠᠢᠳᠠᠯ ᠦᠵᠡᠭᠳᠡᠭᠰᠡᠨ ᠪᠥᠭᠡᠳ ᠮᠠᠨ ᠤ᠋ ᠬᠦᠦ ᠠᠶᠤᠬᠤ ᠶ᠋ᠢᠨ ᠶᠡᠬᠡ ᠪᠡᠷ ᠠᠶᠤᠵᠤ᠂ ᠨᠢᠳᠦ ᠡᠷᠭᠢᠯᠳᠦᠭᠦᠯᠦᠨ ᠬᠡᠪᠲᠡᠨ᠎ᠡ᠃
ᠬᠡᠳᠦᠢᠨ ᠲᠡᠭᠦᠨ ᠦ᠌ ᠮᠡᠳᠡᠷᠡᠯ ᠢ᠋ ᠠᠯᠳᠠᠭᠤᠯᠤᠨ᠂ ᠲᠦᠷ ᠴᠠᠭ ᠤ᠋ᠨ ᠦᠬᠦᠯ ᠳ᠋ᠦ᠍ ᠣᠷᠣᠭᠤᠯᠤᠨ᠂ ᠭᠡᠳᠡᠰᠦ ᠶ᠋ᠢ ᠨᠢ ᠬᠠᠭᠠᠯᠤᠨ ᠮᠤᠬᠤᠷ ᠣᠯᠣᠭᠠᠢ ᠶ᠋ᠢ ᠨᠢ ᠣᠭᠲᠣᠯᠤᠨ ᠠᠪᠤᠪᠠ᠃
ᠤᠳᠠᠯ ᠦᠭᠡᠢ ᠭᠡᠳᠡᠰᠦ ᠶ᠋ᠢ ᠳᠠᠬᠢᠨ ᠣᠶᠣᠵᠤ ᠪᠢᠲᠡᠭᠦᠯᠡᠭᠡᠳ ᠳᠠᠭᠤᠰᠤᠮᠠᠭᠴᠠ᠂ ᠲᠡᠷᠡ ᠤᠨᠲᠠᠭᠰᠠᠨ ᠨᠣᠢᠷ ᠠ᠋ᠴᠠ ᠰᠡᠷᠢᠵᠦ᠂ ᠲᠤᠩᠭᠠᠯᠠᠭ ᠭᠡᠷᠡᠯ ᠲᠡᠢ ᠲᠣᠮᠣ ᠰᠢᠯ ᠦ᠋ᠳ ᠢ᠋ ᠬᠠᠷᠠᠵᠤ᠂ ᠶᠢᠷᠲᠢᠨᠴᠦ ᠶ᠋ᠢᠨ ᠨᠠᠷᠠᠨ ᠤ᠋ ᠭᠡᠷᠡᠯ ᠲᠡᠢ ᠰᠢᠨ᠎ᠡ ᠲᠠᠨᠢᠯᠴᠠᠪᠠ᠃
1935 ᠣᠨ
※ ᠲᠠᠢᠯᠪᠤᠷᠢ※
ᠥᠭᠦᠯᠡᠬᠦ ᠨᠢ᠄ ᠬᠥᠮᠦᠨ ᠦ᠌ ᠴᠢᠰᠤᠨ ᠤ᠋ ᠳᠣᠲᠣᠷ᠎ᠠ ᠣᠷᠣᠰᠢᠬᠤ ᠴᠠᠭᠠᠨ ᠲᠥᠭᠥᠷᠢᠭ ᠢ᠋ ᠭᠷᠧᠺ ᠬᠡᠯᠡ ᠪᠡᠷ ᠯᠧᠢᠺᠣᠽᠢᠲ ᠭᠡᠳᠡᠭ ᠪᠥᠭᠡᠳ ᠶᠠᠮᠠᠷ ᠨᠢᠭᠡ ᠡᠪᠡᠳᠴᠢᠨ ᠲᠣᠬᠢᠶᠠᠯᠳᠤᠬᠤ ᠳ᠋ᠤ᠌᠂ ᠲᠡᠭᠦᠨ ᠦ᠌ ᠨᠢᠶᠠᠨ ᠬᠣᠷᠣᠬᠠᠢ ᠬᠥᠮᠦᠨ ᠦ᠌ ᠴᠢᠰᠤᠨ ᠳ᠋ᠤ᠌ ᠣᠷᠣᠵᠤ ᠦᠷᠡᠵᠢᠨ᠂ ᠪᠡᠶ᠎ᠡ ᠶ᠋ᠢ ᠡᠪᠡᠳᠴᠢᠯᠡᠭᠦᠯᠦᠨ ᠬᠣᠣᠷᠯᠠᠳᠠᠭ ᠲᠤᠯᠠ ᠲᠡᠷᠡ ᠬᠦ᠌ ᠴᠢᠰᠤᠨ ᠤ᠋ ᠴᠠᠭᠠᠨ ᠲᠥᠭᠥᠷᠢᠭ ᠲᠡᠭᠦᠨ ᠢ᠋ ᠦᠵᠡᠮᠡᠭᠴᠡ᠂ ᠵᠢᠱ᠌ᠢᠶᠡᠯᠡᠪᠡᠯ ᠠᠢᠯ ᠤ᠋ᠨ ᠬᠣᠲᠠᠨ ᠳ᠋ᠤ᠌ ᠴᠢᠨᠣ᠎ᠠ ᠣᠷᠣᠬᠤ ᠳ᠋ᠤ᠌ ᠭᠡᠷ ᠦ᠋ᠨ ᠨᠣᠬᠠᠢ ᠡᠮᠦᠨ᠎ᠡ ᠡᠴᠡ ᠨᠢ ᠡᠰᠡᠷᠭᠦᠴᠡᠨ ᠲᠡᠮᠡᠴᠡᠳᠡᠭ ᠲᠡᠢ ᠠᠳᠠᠯᠢ᠂ ᠡᠪᠡᠳᠴᠢᠨ ᠦ᠌ ᠨᠢᠶᠠᠨ ᠬᠣᠷᠣᠬᠠᠢ ᠲᠠᠢ ᠲᠤᠯᠤᠯᠳᠤᠨ ᠪᠠᠢᠯᠳᠤᠨ᠎ᠠ᠃ ᠠᠯᠢᠪᠠ ᠬᠥᠮᠦᠨ ᠦ᠌ ᠪᠡᠶ᠎ᠡ ᠮᠠᠬᠠᠪᠣᠳ ᠨᠢ ᠴᠢᠭᠢᠷᠠᠭ ᠪᠣᠯᠣᠳ ᠴᠢᠰᠤᠨ ᠤ᠋ ᠴᠠᠭᠠᠨ ᠲᠥᠭᠥᠷᠢᠭ ᠨᠢ ᠪᠠᠶᠠᠯᠢᠭ ᠴᠢᠳᠠᠯ ᠲᠠᠢ ᠪᠠᠢᠪᠠᠯ ᠡᠪᠡᠳᠴᠢᠨ ᠦ᠌ ᠬᠣᠷᠣᠬᠠᠢ ᠳᠡᠢᠯᠦᠭᠳᠡᠨ ᠶᠠᠭᠤ ᠴᠣ ᠦᠯᠡᠳᠡᠵᠦ ᠴᠢᠳᠠᠯ ᠦᠭᠡᠢ ᠰᠥᠨᠥᠨ᠎ᠡ᠃
ᠴᠢᠰᠤᠨ ᠤ᠋ ᠨᠢᠭᠡ ᠬᠡᠰᠡᠭ ᠴᠠᠭᠠᠨ ᠲᠥᠭᠥᠷᠢᠭ ᠶᠠᠮᠠᠷ ᠨᠢᠭᠡ ᠡᠪᠡᠳᠴᠢᠨ ᠦ᠌ ᠨᠢᠶᠠᠨ ᠬᠣᠷᠣᠬᠠᠢ ᠲᠠᠢ ᠤᠴᠠᠷᠠᠪᠠᠯ ᠪᠦᠬᠦᠢ ᠯᠡ ᠴᠢᠰᠤᠨ ᠳ᠋ᠠᠬᠢ ᠪᠤᠰᠤᠳ ᠨᠥᠬᠥᠳ ᠢ᠋ᠶ᠋ᠡᠨ ᠵᠠᠷᠯᠠᠨ ᠳᠠᠭᠤᠳᠠᠬᠤ ᠪᠥᠭᠡᠳ ᠬᠦᠴᠦᠨ ᠬᠠᠪᠰᠤᠷᠤᠨ ᠨᠢᠶᠠᠨ ᠬᠣᠷᠣᠬᠠᠢ ᠲᠠᠢ ᠲᠤᠯᠤᠯᠴᠠᠳᠠᠭ ᠪᠠᠢᠨ᠎ᠠ᠃ ᠡᠨᠡ ᠨᠢ ᠤᠯᠤᠰ ᠤ᠋ᠨ ᠠᠷᠠᠳ ᠪᠦᠬᠦᠨ ᠢ᠋ᠶ᠋ᠡᠷ ᠬᠦᠴᠦᠨ ᠬᠠᠪᠰᠤᠷᠤᠨ ᠭᠠᠳᠠᠭᠠᠳᠤ ᠶ᠋ᠢᠨ ᠳᠠᠢᠰᠤᠨ ᠢ᠋ ᠳᠠᠷᠤᠳᠠᠭ ᠠ᠋ᠴᠠ ᠶᠠᠭᠤᠨ ᠤ᠋ ᠥᠭᠡᠷ᠎ᠡ ᠠᠵᠢ᠃ ᠬᠡᠷᠪᠡ ᠡᠪᠡᠳᠴᠢᠨ ᠦ᠌ ᠨᠢᠶᠠᠨ ᠬᠣᠷᠣᠬᠠᠢ ᠲᠠᠢᠯᠵᠤ᠂ ᠬᠥᠮᠦᠨ ᠦ᠌ ᠪᠡᠶ᠎ᠡ ᠶ᠋ᠢᠨ ᠳᠣᠲᠣᠷ᠎ᠠ ᠭᠠᠵᠠᠷ ᠡᠵᠡᠯᠡᠪᠡᠯ ᠳᠠᠷᠤᠢ ᠬᠥᠮᠦᠨ ᠢ᠋ ᠡᠪᠡᠳᠴᠢᠯᠡᠭᠦᠯᠦᠨ ᠴᠢᠳᠠᠨ᠎ᠠ᠃ ᠡᠢᠮᠦ ᠶ᠋ᠢᠨ ᠲᠤᠯᠠ ᠴᠠᠭᠠᠨ ᠪᠤᠷᠬᠠᠨ ᠵᠡᠷᠭᠡ ᠶᠠᠮᠠᠷ ᠨᠢᠭᠡᠨ ᠡᠪᠡᠳᠴᠢᠨ ᠳ᠋ᠦ᠍ ᠤᠷᠢᠳᠠ ᠠ᠋ᠴᠠ ᠬᠠᠮᠠᠭᠠᠯᠠᠵᠤ ᠲᠠᠷᠢᠯᠭ᠎ᠠ ᠬᠢᠳᠡᠭ ᠨᠢ ᠲᠡᠷᠡ ᠬᠦ᠌ ᠡᠪᠡᠳᠴᠢᠨ ᠦ᠌ ᠨᠢᠶᠠᠨ ᠬᠣᠷᠣᠬᠠᠢ ᠶ᠋ᠢ ᠠᠪᠤᠭᠠᠳ ᠰᠢᠨᠵᠢᠯᠡᠬᠦ ᠤᠬᠠᠭᠠᠨ ᠤ᠋ ᠠᠷᠭ᠎ᠠ ᠪᠠᠷ ᠬᠦᠴᠦ ᠶ᠋ᠢ ᠨᠢ ᠮᠠᠭᠤᠳᠠᠭᠠᠭᠠᠳ᠂ ᠴᠢᠰᠤᠨ ᠤ᠋ ᠴᠠᠭᠠᠨ ᠲᠥᠭᠥᠷᠢᠭ ᠲᠦ᠍ ᠳᠡᠢᠯᠬᠦ ᠳ᠋ᠦ᠍ ᠬᠢᠯᠪᠠᠷ ᠪᠣᠯᠭᠠᠨ ᠴᠢᠰᠤᠨ ᠤ᠋ ᠴᠠᠭᠠᠨ ᠲᠥᠭᠥᠷᠢᠭ ᠲᠡᠷᠡ ᠵᠦᠢᠯ ᠦ᠋ᠨ ᠨᠢᠶᠠᠨ ᠬᠣᠷᠣᠬᠠᠢ ᠶ᠋ᠢ ᠳᠠᠷᠤᠬᠤ ᠠᠷᠭ᠎ᠠ ᠶ᠋ᠢ ᠰᠤᠷᠴᠤ ᠠᠪᠤᠭᠠᠳ ᠬᠣᠵᠢᠮ ᠮᠥᠨ ᠬᠦ᠌ ᠡᠪᠡᠳᠴᠢᠨ ᠦ᠌ ᠵᠢᠩᠬᠢᠨᠢ ᠬᠦᠴᠦ ᠲᠡᠢ ᠬᠣᠷᠣᠬᠠᠢ ᠢᠷᠡᠪᠡᠯ ᠳᠠᠷᠤᠢ ᠰᠥᠨᠥᠭᠡᠨ ᠳᠠᠷᠤᠳᠠᠭ ᠪᠠᠢᠨ᠎ᠠ᠃ ᠲᠠᠷᠢᠭᠤᠯᠤᠭᠰᠠᠨ ᠢ᠋ᠶ᠋ᠠᠷ ᠲᠡᠷᠡ ᠬᠦ᠌ ᠡᠪᠡᠳᠴᠢᠨ ᠬᠠᠯᠳᠠᠬᠤ ᠦᠭᠡᠢ ᠪᠣᠯᠳᠠᠭ ᠤ᠋ᠨ ᠤᠴᠢᠷ ᠡᠨᠡ ᠪᠠᠢᠵᠠᠢ᠃ ᠶᠠᠮᠠᠷ ᠨᠢᠭᠡ ᠡᠪᠡᠳᠴᠢᠨ ᠡᠴᠡ ᠰᠡᠷᠭᠡᠢᠯᠡᠬᠦ ᠶ᠋ᠢᠨ ᠲᠤᠯᠠ ᠤᠷᠢᠳᠠ ᠠ᠋ᠴᠠ ᠳᠠᠷᠢᠭᠤᠯᠪᠠᠯ ᠵᠣᠬᠢᠨ᠎ᠠ᠃
ᠦᠰᠦᠭ ᠠᠮᠢᠯᠠᠭᠤᠯᠤᠭᠴᠢ᠄ ᠰᠠᠢᠨᠪᠢᠯᠢᠭ᠌᠂ ᠰᠤᠳᠤᠯᠲᠤ
ᠬᠢᠨᠠᠭᠴᠢ ᠪᠠᠭᠰᠢ᠄ ᠭᠠᠷᠮ᠎ᠠ᠂ ᠣᠳᠬᠠᠨᠰᠣ᠎ᠠ
