ᠳᠠᠯᠳᠠ ᠶ᠋ᠢ ᠦᠵᠡᠭᠴᠢ- ᠳ· ᠨᠠᠴᠤᠭᠳᠣᠷᠵᠢДалдыг үзэгч-Д.Нацагдорж ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠯᠳᠠ ᠶ᠋ᠢ ᠦᠵᠡᠭᠴᠢ- ᠳ· ᠨᠠᠴᠤᠭᠳᠣᠷᠵᠢДалдыг үзэгч-Д.Нацагдорж

ᠳᠠᠯᠳᠠ ᠶ᠋ᠢ ᠦᠵᠡᠭᠴᠢ- ᠳ· ᠨᠠᠴᠤᠭᠳᠣᠷᠵᠢДалдыг үзэгч-Д.Нацагдорж

2024-06-20

324

           ᠳ᠂ ᠨᠠᠴᠤᠭᠳᠣᠷᠵᠢ 
       ᠠᠯᠤᠰ ᠤ᠋ᠨ ᠬᠠᠷᠠᠩᠭᠤᠢ ᠠ᠋ᠴᠠ ᠮᠥᠷᠭᠥᠯ ᠦ᠋ᠨ ᠪᠢᠰᠬᠢᠭᠦᠷ ᠰᠣᠨᠣᠰᠳᠠᠵᠤ ᠪᠠᠢᠬᠤ ᠪᠥᠭᠡᠳ ᠡᠪᠡᠳᠴᠢᠲᠡᠢ ᠡᠮᠡᠭᠡ ᠡᠬᠡ ᠣᠷᠣᠨ ᠳᠡᠭᠡᠷ᠎ᠡ ᠬᠡᠪᠲᠡᠵᠦ᠂ ᠭᠡᠷ ᠦ᠋ᠨ ᠵᠡᠭᠦᠨ ᠮᠤᠬᠤᠷ ᠲᠤ ᠶᠣᠢᠯᠠᠨ᠎ᠠ᠃ ᠪᠠᠭᠰᠢ ᠯᠠᠮᠠ ᠬᠣᠢᠮᠣᠷ ᠰᠠᠭᠤᠵᠤ ᠨᠣᠮ ᠤᠩᠰᠢᠨ᠎ᠠ᠃ ᠬᠣᠶᠠᠷ ᠥᠬᠢᠨ ᠡᠬᠡ ᠶ᠋ᠢᠨ ᠳᠡᠷᠭᠡᠳᠡ ᠤᠬᠢᠯᠠᠨ ᠭᠠᠰᠠᠯᠤᠨ᠂ ᠵᠣᠪᠠᠯᠠᠩ ᠤ᠋ᠨ ᠮᠠᠨᠠᠨ ᠳ᠋ᠤ᠌ ᠲᠥᠭᠡᠷᠢᠨ᠎ᠡ᠃ ᠣᠳᠣ ᠪᠢᠳᠡᠨ ᠢ᠋ ᠵᠦᠳᠡᠭᠦᠷᠢ ᠡᠴᠡ ᠠᠪᠤᠷᠠᠬᠤ ᠪᠤᠷᠬᠠᠨ ᠬᠠᠮᠢᠭ᠎ᠠ ᠪᠠᠢᠭ᠎ᠠ ᠪᠣᠯ ᠭᠡᠵᠦ ᠳᠡᠮᠡᠢ ᠮᠥᠷᠥᠭᠡᠳᠦᠨ ᠨᠢᠯᠪᠤᠰᠤᠨ ᠬᠡᠯᠬᠢᠶ᠎ᠡ ᠶ᠋ᠢ ᠴᠤᠪᠤᠷᠢᠭᠤᠯᠤᠨ᠎ᠠ᠃
        ᠠᠷᠭ᠎ᠠ ᠪᠤᠶᠤ ᠡᠴᠦᠰ ᠦ᠋ᠨ ᠰᠢᠢᠳᠪᠦᠷᠢ ᠶ᠋ᠢ ᠬᠦᠰᠡᠬᠦ ᠳ᠋ᠦ᠍᠂ ᠠᠢᠯ ᠤ᠋ᠨ ᠵᠠᠯᠠᠭᠤ ᠬᠠᠷ᠎ᠠ ᠬᠦᠦ ᠳ᠋ᠣᠺᠲ᠋ᠣᠷ ᠲᠤ ᠣᠴᠢᠬᠤ ᠬᠦᠰᠡᠯ ᠢ᠋ ᠭᠠᠷᠭᠠᠬᠤ ᠳ᠋ᠤ᠌ ᠲᠡᠷᠡ ᠶᠣᠰᠣᠭᠠᠷ ᠪᠣᠯᠵᠤ ᠣᠴᠢᠬᠤ ᠳ᠋ᠤ᠌᠂ ᠳᠠᠷᠤᠢᠬᠠᠨ ᠨᠢᠭᠡ ᠲᠠᠰᠤᠯᠭᠠᠨ ᠳ᠋ᠤ᠌ ᠣᠷᠣᠭᠤᠯᠤᠨ ᠴᠡᠪᠡᠷ ᠴᠠᠭᠠᠨ ᠳᠠᠪᠤᠤ ᠲᠠᠢ ᠣᠷᠣ ᠳᠡᠭᠡᠷ᠎ᠡ ᠬᠡᠪᠲᠡᠭᠦᠯᠪᠡ᠃ ᠲᠡᠳᠦᠢ ᠯᠡ ᠤᠳᠠᠯ ᠦᠭᠡᠢ ᠴᠠᠭᠠᠨ ᠬᠤᠪᠴᠠᠰᠤ ᠡᠮᠦᠰᠦᠭᠰᠡᠨ ᠳ᠋ᠣᠺᠲ᠋ᠣᠷ ᠭᠡᠷᠡᠯ ᠦ᠋ᠨ ᠲᠣᠪᠴᠢ ᠶ᠋ᠢ ᠮᠤᠰᠬᠢᠨ ᠬᠠᠷᠠᠩᠭᠤᠢ ᠪᠣᠯᠭᠠᠮᠠᠭᠴᠠ᠂ ᠬᠦᠴᠦ ᠲᠡᠢ ᠭᠡᠷᠡᠯ ᠥᠨᠥᠬᠢ ᠡᠮᠡᠭᠡᠨ ᠦ᠌ ᠴᠡᠭᠡᠵᠢᠨ ᠳ᠋ᠦ᠍ ᠲᠣᠰᠴᠤ᠂ ᠴᠡᠭᠡᠵᠢᠨ ᠦ᠌ ᠳᠣᠲᠣᠷᠠᠬᠢ ᠠᠭᠤᠰᠬᠢ ᠵᠢᠷᠦᠬᠡ ᠡᠷᠬᠡᠲᠡᠨ ᠢ᠋ ᠢᠯᠡ ᠦᠵᠡᠭᠰᠡᠨ ᠮᠡᠲᠦ ᠲᠣᠳᠣᠷᠠᠭᠤᠯᠬᠤ ᠶ᠋ᠢ ᠠᠵᠢᠭᠯᠠᠪᠠᠯ᠂ ᠵᠢᠷᠦᠬᠡᠨ ᠦ᠌ ᠬᠥᠳᠡᠯᠵᠦ᠂ ᠰᠤᠨᠵᠤ ᠠᠭᠰᠢᠬᠤ᠂ ᠶᠡᠬᠡ ᠪᠠᠭ᠎ᠠ ᠪᠣᠯᠬᠤ ᠨᠢ ᠦᠵᠡᠭᠳᠡᠨ᠎ᠡ᠃ ᠤᠳᠠᠯ ᠦᠭᠡᠢ ᠳᠠᠬᠢᠨ ᠭᠡᠷᠡᠯ ᠢ᠋ᠶ᠋ᠡᠨ ᠨᠣᠴᠣᠭᠠᠵᠤ ᠡᠨᠡ ᠡᠪᠡᠳᠴᠢᠨ ᠢ᠋ ᠣᠳᠣ ᠰᠤᠪᠢᠯᠠᠬᠤ ᠳ᠋ᠤ᠌ ᠲᠡᠢᠮᠦ ᠬᠦᠨᠳᠦ ᠪᠢᠰᠢ᠃ ᠭᠠᠭᠴᠠ ᠬᠦ᠌ ᠤᠳᠠᠲᠠᠯ᠎ᠠ ᠨᠡᠰᠢ ᠢᠷᠡᠭᠰᠡᠨ ᠦᠭᠡᠢ ᠨᠢ ᠠᠷᠠᠢ ᠬᠣᠵᠢᠮᠳᠠᠵᠠᠢ᠃ ᠭᠡᠪᠡᠴᠦ ᠪᠢ ᠡᠳᠡᠭᠡᠷᠡᠭᠦᠯᠵᠦ ᠥᠭᠭᠦᠶ᠎ᠡ ᠭᠡᠵᠦ ᠳ᠋ᠣᠺᠲ᠋ᠣᠷ ᠥᠭᠦᠯᠡᠬᠦ ᠳ᠋ᠦ᠍ ᠲᠡᠭᠦᠨ ᠦ᠌ ᠡᠷᠡᠦ ᠶ᠋ᠢᠨ ᠳᠣᠣᠷᠠᠬᠢ ᠰᠠᠬᠠᠯ ᠨᠢ ᠬᠥᠳᠡᠯᠦᠨ᠎ᠡ᠃
       ᠬᠣᠶᠠᠷ ᠥᠬᠢᠨ ᠶᠡᠬᠡᠳᠡ ᠪᠠᠶᠠᠷᠯᠠᠨ ᠤᠷᠢᠳᠤ ᠶ᠋ᠢᠨ ᠪᠠᠢᠳᠠᠯ ᠢ᠋ ᠰᠠᠨᠠᠬᠤ ᠪᠥᠭᠡᠳ ᠴᠣᠬᠣᠮ ᠡᠨᠳᠡ ᠦᠵᠡᠭᠰᠡᠨ ᠪᠦᠭᠦᠳᠡ ᠶ᠋ᠢ ᠡᠷᠭᠢᠴᠡᠭᠦᠯᠪᠡᠯ ᠤᠷᠢᠳᠤ ᠶ᠋ᠢᠨ ᠪᠠᠢᠳᠠᠯ ᠨᠢ ᠢᠨᠢᠶᠡᠳᠦᠮ ᠪᠣᠯᠬᠤ ᠮᠡᠲᠦ ᠪᠣᠯᠪᠠᠴᠤ ᠪᠠᠰᠠ ᠴᠤ ᠣᠳᠣ ᠡᠳᠡᠭᠡᠷᠡᠭᠰᠡᠨ ᠢ᠋ ᠦᠵᠡᠭᠡ ᠦᠭᠡᠢ ᠲᠤᠯᠠ ᠰᠡᠳᠬᠢᠯ ᠳ᠋ᠦ᠍ ᠬᠠᠩᠭᠠᠯᠲᠠ ᠦᠭᠡᠢ᠂ ᠬᠠᠷᠢᠨ ᠪᠠᠶᠠᠷ ᠤ᠋ᠨ ᠴᠢᠷᠠᠢ ᠳ᠋ᠤ᠌ ᠭᠠᠢᠬᠠᠭᠰᠠᠨ ᠮᠡᠲᠦ ᠵᠤᠷᠪᠤᠰ ᠵᠤᠷᠪᠤᠰ ᠴᠠᠭᠠᠨ ᠲᠤᠶᠠᠭ᠎ᠠ ᠲᠠᠲᠠᠨ᠎ᠠ᠃ ᠲᠡᠭᠡᠵᠦ ᠨᠢᠭᠡ ᠦᠳᠡᠰᠢ ᠶ᠋ᠢ ᠲᠡᠨᠳᠡ ᠥᠩᠭᠡᠷᠡᠭᠦᠯᠦᠨ ᠳᠠᠷᠠᠭ᠎ᠠ ᠶ᠋ᠢᠨ ᠡᠳᠦᠷ ᠢ᠋ ᠬᠦᠯᠢᠶᠡᠭᠰᠡᠭᠡᠷ᠂ ᠬᠡᠳᠦ ᠬᠡᠳᠦᠨ ᠬᠣᠨᠣᠭ ᠪᠣᠯᠬᠤ ᠳ᠋ᠤ᠌ ᠵᠠᠷᠢᠮ ᠳ᠋ᠠᠭᠠᠨ ᠪᠡᠶᠡᠰᠦᠨ᠂ ᠵᠠᠷᠢᠮ ᠳ᠋ᠠᠭᠠᠨ ᠵᠣᠪᠠᠨ ᠨᠡᠯᠢᠶᠡᠳ ᠣᠯᠠᠨ ᠬᠣᠨᠣᠭ ᠪᠣᠯᠤᠭᠰᠠᠨ ᠤ᠋ ᠬᠣᠢᠨ᠎ᠠ ᠭᠡᠨᠡᠳᠲᠡ ᠨᠢᠭᠡᠨ ᠡᠳᠦᠷ ᠡᠮᠡᠭᠡᠨ ᠦ᠌ ᠪᠡᠶ᠎ᠡ ᠤᠯᠠᠮ ᠮᠠᠭᠤᠳᠴᠤ ᠠᠮᠢᠰᠬᠤᠯ ᠠᠪᠴᠤ ᠶᠠᠳᠠᠨ᠂ ᠨᠢᠳᠦ ᠪᠡᠨ ᠴᠠᠭᠠᠨ ᠢ᠋ᠶ᠋ᠠᠷ ᠡᠷᠭᠢᠯᠳᠦᠭᠦᠯᠬᠦ ᠳ᠋ᠦ᠍ ᠬᠣᠶᠠᠷ ᠥᠬᠢᠨ ᠵᠡᠷᠭᠡ ᠵᠡᠷᠭᠡ ᠤᠬᠢᠯᠠᠨ᠂ ᠳᠠᠭᠤ ᠲᠠᠰᠤᠷᠠᠬᠤ ᠦᠭᠡᠢ ᠪᠣᠯᠣᠮᠠᠭᠴᠠ ᠬᠡᠳᠦ ᠬᠡᠳᠦᠨ ᠳ᠋ᠣᠺᠲ᠋ᠣᠷ ᠢᠷᠡᠭᠡᠳ᠂ ᠬᠠᠷᠢᠯᠴᠠᠨ ᠵᠥᠪᠯᠡᠯᠳᠦᠵᠦ ᠪᠠᠢᠭᠰᠠᠭᠠᠷ ᠨᠢᠭᠡ ᠴᠦ᠍ ᠬᠥᠮᠦᠨ ᠦᠯᠡᠳᠡᠭᠡᠯ ᠦᠭᠡᠢ ᠪᠦᠭᠦᠳᠡ ᠬᠥᠮᠦᠨ ᠢ᠋ ᠲᠠᠰᠤᠯᠭᠠᠨ ᠠ᠋ᠴᠠ ᠭᠠᠷᠭᠠᠵᠤ᠂ ᠭᠠᠭᠴᠠᠬᠠᠨ ᠳ᠋ᠣᠺᠲ᠋ᠣᠷ ᠦᠯᠡᠳᠡᠭᠡᠳ ᠡᠮᠨᠡᠵᠦ ᠡᠬᠢᠯᠡᠭᠰᠡᠨ ᠪᠥᠭᠡᠳ ᠡᠨᠡ ᠵᠠᠭᠤᠷ᠎ᠠ ᠬᠥᠮᠦᠨ ᠪᠦᠷᠢ ᠶ᠋ᠢᠨ ᠰᠡᠳᠬᠢᠯ ᠬᠥᠳᠡᠯᠦᠨ᠂ ᠴᠣᠬᠣᠮ ᠠᠮᠢᠰᠬᠤᠯ ᠢ᠋ᠶ᠋ᠠᠨ ᠬᠤᠷᠢᠶᠠᠵᠤ ᠪᠠᠢᠭ᠎ᠠ ᠪᠣᠯᠪᠠᠤ ᠭᠡᠬᠦ ᠡᠴᠡ ᠥᠭᠡᠷ᠎ᠡ ᠶᠠᠭᠤ ᠴᠤ ᠦᠯᠦ ᠪᠣᠳᠣᠭᠳᠠᠨ᠎ᠠ᠃ ᠭᠠᠭᠴᠠ ᠬᠦ᠌ ᠬᠥᠭᠡᠷᠦᠬᠦᠢ ᠬᠣᠶᠠᠷ ᠥᠬᠢᠨ ᠠᠩᠭᠢᠷ ᠤ᠋ᠨ ᠥᠨᠥᠴᠢᠷᠡᠭᠰᠡᠨ ᠵᠤᠯᠵᠠᠭ᠎ᠠ ᠠᠳᠠᠯᠢ ᠳᠠᠭᠤ ᠶ᠋ᠢ ᠬᠣᠣᠰᠯᠠᠭᠤᠯᠤᠨ ᠤᠬᠢᠯᠠᠨ᠎ᠠ᠃
       ᠭᠡᠲᠡᠯ᠎ᠡ ᠡᠭᠦᠳᠡ ᠨᠡᠭᠡᠭᠡᠭᠳᠡᠵᠦ ᠳ᠋ᠣᠺᠲ᠋ᠣᠷ ᠭᠠᠷᠴᠤ ᠢᠷᠡᠭᠡᠳ ᠣᠳᠣ ᠵᠦᠭᠡᠷ ᠰᠠᠢᠨ ᠪᠣᠯᠤᠨ᠎ᠠ ᠭᠡᠵᠦ ᠬᠡᠳᠦᠬᠡᠨ ᠦᠭᠡ ᠬᠡᠯᠡᠭᠡᠳ᠂ ᠰᠤᠪᠢᠯᠠᠭᠴᠢ ᠳ᠋ᠤ᠌ ᠣᠷᠣᠰ ᠬᠡᠯᠡ ᠪᠡᠷ ᠬᠡᠳᠦᠨ ᠦᠭᠡ ᠬᠡᠯᠡᠵᠦ ᠳᠠᠭᠤᠰᠬᠤ ᠳ᠋ᠤ᠌ ᠬᠣᠶᠠᠷ ᠥᠬᠢᠨ ᠵᠡᠷᠭᠡ ᠵᠡᠷᠭᠡ ᠪᠡᠷ ᠯᠠᠪᠯᠠᠪᠠᠯ ᠣᠳᠣ ᠭᠤᠷᠪᠠ ᠬᠣᠨᠣᠭᠠᠳ ᠡᠳᠡᠭᠡᠨ᠎ᠡ ᠭᠡᠪᠡ᠃ ᠡᠨᠡ ᠭᠤᠷᠪᠠᠨ ᠦᠭᠡ ᠶ᠋ᠢ ᠬᠣᠶᠠᠷ ᠥᠬᠢᠨ ᠰᠣᠨᠣᠰᠤᠮᠠᠭᠴᠠ ᠦᠨᠡᠬᠡᠷ ᠶᠢᠷᠲᠢᠨᠴᠦ ᠳ᠋ᠦ᠍ ᠬᠣᠣᠰ ᠦᠭᠡᠢ ᠪᠤᠷᠬᠠᠨ ᠮᠡᠲᠦ ᠳ᠋ᠣᠺᠲ᠋ᠣᠷ ᠠ᠋ ᠭᠡᠵᠦ ᠲᠦᠮᠡᠨᠲᠡ ᠪᠠᠶᠠᠷᠯᠠᠨ ᠨᠢᠭᠡ ᠰᠥᠨᠢ ᠲᠤᠷᠰᠢ ᠬᠡᠯᠡᠯᠴᠡᠨ ᠤᠷᠢᠳᠤ ᠦᠵᠡᠭᠡ ᠦᠭᠡᠢ ᠰᠠᠢᠬᠠᠨ ᠵᠡᠭᠦᠳᠦ ᠵᠡᠭᠦᠳᠦᠯᠡᠨ ᠤᠨᠲᠠᠵᠠᠢ᠃

             1935 ᠣᠨ

   ᠦᠰᠦᠭ ᠠᠮᠢᠯᠠᠭᠤᠯᠤᠭᠴᠢ᠄ ᠰᠤᠳᠤᠯᠲᠤ
   ᠬᠢᠨᠠᠭᠴᠢ᠄ ᠰᠡᠬᠡᠭᠡᠷᠡᠯ᠂ ᠣᠳᠬᠠᠨᠰᠣ᠎ᠠ