ᠬᠠᠯᠬ᠎ᠠ ᠶ᠋ᠢᠨ ᠭᠣᠣᠯ-ᠪ᠂ ᠶᠠᠪᠤᠭᠤᠬᠤᠯᠠᠨХалхын гол-Б.Явуухулан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠬ᠎ᠠ ᠶ᠋ᠢᠨ ᠭᠣᠣᠯ-ᠪ᠂ ᠶᠠᠪᠤᠭᠤᠬᠤᠯᠠᠨХалхын гол-Б.Явуухулан

ᠬᠠᠯᠬ᠎ᠠ ᠶ᠋ᠢᠨ ᠭᠣᠣᠯ-ᠪ᠂ ᠶᠠᠪᠤᠭᠤᠬᠤᠯᠠᠨХалхын гол-Б.Явуухулан

2024-06-18

546

ᠬᠠᠯᠬ᠎ᠠ ᠶ᠋ᠢᠨ ᠭᠣᠣᠯ

    ᠪ᠂ ᠶᠠᠪᠤᠭᠤᠬᠤᠯᠠᠨ  
ᠡᠴᠢᠭᠡ ᠶ᠋ᠢᠨ ᠴᠠᠭᠠᠨ ᠦᠷᠭᠦᠭᠡᠨ ᠦ᠌ 
ᠡᠭᠡᠯᠢᠲᠡᠢ ᠠᠭᠤᠵᠢᠮ ᠬᠠᠶᠠᠭ᠎ᠠ ᠰᠢᠭ᠋ 
ᠲᠤᠵᠢ ᠳᠦ ᠪᠡᠨ ᠴᠡᠯᠡᠢᠬᠦ ᠳᠣᠷᠣᠨ᠎ᠠ ᠶ᠋ᠢᠨ ᠲᠠᠯ᠎ᠠ 
ᠲᠤᠭᠤᠯᠬᠤ ᠲᠣᠰᠤᠮ ᠠᠭᠤᠵᠢᠷᠠᠨ᠎ᠠ᠃

ᠳᠣᠷᠣᠨ᠎ᠠ ᠶ᠋ᠢᠨ ᠲᠠᠯ᠎ᠠ ᠶ᠋ᠢᠨ ᠬᠠᠶᠠᠭᠠᠨ ᠳ᠋ᠤ᠌ 
ᠳᠠᠢᠴᠢᠨ ᠡᠴᠢᠭᠡ ᠶ᠋ᠢᠨ ᠰᠡᠯᠡᠮ᠎ᠡ ᠰᠢᠭ 
ᠳᠣᠮᠣᠭᠲᠤ ᠴᠡᠩᠬᠡᠷ ᠬᠠᠯᠬ᠎ᠠ ᠶ᠋ᠢᠨ ᠭᠣᠣᠯ 
ᠲᠠᠰᠢᠬᠤ ᠨᠠᠷᠠᠨ ᠳ᠋ᠤ᠌ ᠭᠢᠯᠠᠯᠵᠠᠨ᠎ᠠ᠃

ᠡᠬᠡ ᠶ᠋ᠢᠨ ᠪᠦᠪᠡᠢ ᠰᠢᠩᠭᠡᠭᠰᠡᠨ
ᠡᠭᠡᠯᠢᠲᠡᠢ ᠳᠤᠯᠠᠭᠠᠨ ᠥᠯᠥᠭᠡᠢ ᠰᠢᠭ
ᠨᠤᠲᠤᠭ ᠤ᠋ᠨ ᠰᠠᠢᠬᠠᠨ ᠳᠣᠷᠣᠨ᠎ᠠ ᠶ᠋ᠢᠨ ᠲᠠᠯ᠎ᠠ ᠳ᠋ᠤ᠌
ᠨᠤᠲᠤᠭᠯᠠᠬᠤ ᠲᠣᠰᠤᠮ ᠵᠢᠷᠭᠠᠨ᠎ᠠ᠃

ᠡᠩ ᠦᠭᠡᠢ ᠲᠠᠯ᠎ᠠ ᠶ᠋ᠢᠨ ᠬᠠᠶᠠᠭᠠᠨ ᠳ᠋ᠤ᠌
ᠡᠵᠢ ᠶ᠋ᠢᠨ ᠴᠠᠭᠠᠨ ᠰᠦ ᠰᠢᠭ
ᠲᠠᠯ᠎ᠠ ᠶ᠋ᠢ ᠲᠤᠭᠤᠯᠤᠭᠰᠠᠨ ᠬᠠᠯᠬ᠎ᠠ ᠶ᠋ᠢᠨ ᠭᠣᠣᠯ
ᠲᠦᠮᠡᠨ ᠣᠯᠠᠨ ᠢ᠋ᠶ᠋ᠠᠨ ᠤᠮᠳᠠᠯᠠᠨ᠎ᠠ᠃

ᠠᠭᠤᠵᠢᠮ ᠤ᠋ᠨ ᠬᠣᠯᠠ ᠳᠦ ᠪᠡᠨ ᠴᠤᠤᠷᠢᠶᠠᠲᠤᠭᠰᠠᠨ
ᠤᠷᠲᠤ ᠶ᠋ᠢᠨ ᠳᠠᠭᠤᠤ ᠶ᠋ᠢᠨ ᠡᠭᠡᠰᠢᠭ ᠰᠢᠭ
ᠰᠡᠯᠡᠭᠦᠨ ᠠᠭᠤᠳᠠᠮ ᠳᠣᠷᠣᠨ᠎ᠠ ᠶ᠋ᠢᠨ ᠲᠠᠯ᠎ᠠ
ᠰᠡᠳᠬᠢᠯ ᠵᠢᠷᠦᠬᠡ ᠶ᠋ᠢ ᠪᠤᠯᠢᠶᠠᠨ᠎ᠠ᠃

ᠳᠣᠷᠣᠨ᠎ᠠ ᠶ᠋ᠢᠨ ᠲᠠᠯ᠎ᠠ ᠶ᠋ᠢᠨ ᠬᠠᠶᠠᠭᠠᠨ ᠳ᠋ᠤ᠌
ᠳᠣᠲᠣᠨᠣ ᠶ᠋ᠢᠨ ᠬᠠᠨᠢ ᠶ᠋ᠢᠨ ᠮᠡᠯᠮᠡᠢ ᠰᠢᠭ
ᠬᠠᠯᠬ᠎ᠠ ᠶ᠋ᠢᠨ ᠰᠠᠢᠬᠠᠨ ᠬᠠᠯᠬ᠎ᠠ ᠶ᠋ᠢᠨ ᠭᠣᠣᠯ
ᠬᠠᠢᠷ᠎ᠠ ᠪᠠᠷ ᠪᠢᠯᠬᠠᠨ ᠮᠡᠯᠮᠡᠷᠡᠨ᠎ᠡ᠃

ᠡᠴᠢᠭᠡ ᠶ᠋ᠢᠨ ᠴᠠᠭᠠᠨ ᠦᠷᠭᠦᠭᠡᠨ ᠦ᠌
ᠡᠭᠡᠯᠢᠲᠡᠢ ᠠᠭᠤᠵᠢᠮ ᠬᠠᠶᠠᠭ᠎ᠠ ᠰᠢᠭ᠋
ᠲᠤᠵᠢ ᠳᠦ ᠪᠡᠨ ᠴᠡᠯᠡᠢᠬᠦ ᠳᠣᠷᠣᠨ᠎ᠠ ᠶ᠋ᠢᠨ ᠲᠠᠯ᠎ᠠ
ᠲᠤᠭᠤᠯᠬᠤ ᠲᠣᠰᠤᠮ ᠠᠭᠤᠵᠢᠷᠠᠨ᠎ᠠ᠃

ᠳᠣᠷᠣᠨ᠎ᠠ ᠶ᠋ᠢᠨ ᠲᠠᠯ᠎ᠠ ᠶ᠋ᠢᠨ ᠬᠠᠶᠠᠭᠠᠨ ᠳ᠋ᠤ᠌
ᠳᠠᠢᠴᠢᠨ ᠡᠴᠢᠭᠡ ᠶ᠋ᠢᠨ ᠰᠡᠯᠡᠮ᠎ᠡ ᠰᠢᠭ
ᠳᠣᠮᠣᠭᠲᠤ ᠴᠡᠩᠬᠡᠷ ᠬᠠᠯᠬ᠎ᠠ ᠶ᠋ᠢᠨ ᠭᠣᠣᠯ
ᠲᠠᠰᠢᠬᠤ ᠨᠠᠷᠠᠨ ᠳ᠋ᠤ᠌ ᠭᠢᠯᠠᠯᠵᠠᠨ᠎ᠠ᠃

   1979 ᠣᠨ ᠬᠠᠯᠬ᠎ᠠ ᠭᠣᠣᠯ

ХАЛХЫН ГОЛ
    Б. Явуухулан
Эцгийн цагаан өргөөний
Ээлтэй уужим хаяа шиг
Туждаа цэлийх Дорнын тал
Туулах тусам уужирна.

Дорнын талын хаяанд
Дайчин эцгийн сэлэм шиг
Домогт цэнхэр Халхын гол
Таших наранд гялалзана.

Эхийн бүүвэй шингэсэн
Ээлтэй дулаан өлгий шиг
Нутгийн сайхан Дорнын талд
Нутаглах тусам жаргана.

Энгүй талын хаяанд
Ээжийн цагаан сүү шиг
Талыг туулсан Халхын гол
Түмэн олноо умдаална.

Уужмын холдоо цуурайтсан
Уртын дууны эгшиг шиг
Сэлгүүн уудам Дорнын тал
Сэтгэл зүрх булаана.

Дорнын талын хаяанд
Дотнын ханийн мэлмий шиг
Халхын сайхан Халхын гол
Хайраар бялхан мэлмэрнэ.

Эцгийн цагаан өргөөний
Ээлтэй уужим хаяа шиг
Туждаа цэлийх Дорнын тал
Туулах тусам уужирна.

Дорнын талын хаяанд
Дайчин эцгийн сэлэм шиг
Домогт цэнхэр Халхын гол
Таших наранд гялалзана.

   1979 он. Халх гол

https://aygatsai.com/category/mn-culture/



   ᠦᠰᠦᠭ ᠬᠥᠷᠪᠡᠭᠦᠯᠦᠭᠴᠢ᠄ ᠨᠤᠮᠤᠴᠢᠨ ᠪᠢᠯᠢᠭ