ᠤᠬᠠᠭᠠᠨᠲᠠᠢ ᠶᠠᠫᠤᠨᠴᠤᠳ ᠤᠨ ᠴᠡᠴᠡᠭ ᠦᠨ ᠠᠮᠢᠰᠬᠤᠭ᠎ᠠ – ᠶᠣᠨᠳᠣᠨ ᠤ ᠪᠢᠯᠢᠭ᠌ - ᠪᠠᠭᠠᠲᠤᠷ Ухаантай япончуудын цэцгийн амьсгаа –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠬᠠᠭᠠᠨᠲᠠᠢ ᠶᠠᠫᠤᠨᠴᠤᠳ ᠤᠨ ᠴᠡᠴᠡᠭ ᠦᠨ ᠠᠮᠢᠰᠬᠤᠭ᠎ᠠ – ᠶᠣᠨᠳᠣᠨ ᠤ ᠪᠢᠯᠢᠭ᠌ - ᠪᠠᠭᠠᠲᠤᠷ Ухаантай япончуудын цэцгийн амьсгаа –Ёндоны Билиг - Баатар

ᠤᠬᠠᠭᠠᠨᠲᠠᠢ ᠶᠠᠫᠤᠨᠴᠤᠳ ᠤᠨ ᠴᠡᠴᠡᠭ ᠦᠨ ᠠᠮᠢᠰᠬᠤᠭ᠎ᠠ – ᠶᠣᠨᠳᠣᠨ ᠤ ᠪᠢᠯᠢᠭ᠌ - ᠪᠠᠭᠠᠲᠤᠷ Ухаантай япончуудын цэцгийн амьсгаа –Ёндоны Билиг - Баатар

2024-06-18

251

ᠤᠬᠠᠭᠠᠨᠲᠠᠢ ᠶᠠᠫᠤᠨᠴᠤᠳ ᠤᠨ ᠴᠡᠴᠡᠭ ᠦᠨ ᠠᠮᠢᠰᠬᠤᠭ᠎ᠠ


 ᠨᠠᠷᠠᠨ ᠭᠦᠷᠦᠨ ᠦ᠌ ᠰᠠᠢᠨ ᠶᠠᠫᠣᠨᠴᠤᠳ ᠢ᠋ 
 ᠨᠠᠷᠮᠠᠢ ᠮᠣᠩᠭᠣᠯ ᠤ᠋ᠨ ᠵᠢᠭᠡ ᠭᠡᠵᠦ 
 ᠶᠢᠰᠦᠨ ᠵᠠᠭᠤᠨ ᠤ᠋ ᠲᠤᠷᠰᠢ ᠶᠠᠷᠢᠭᠠᠳ ᠯᠠ 
 ᠶᠡᠬᠡ ᠢᠲᠡᠭᠡᠯ ᠢᠪᠡᠭᠡᠯ ᠬᠠᠢᠷᠠᠯᠠᠭᠠᠳ ᠯᠠ 
 ᠥᠨᠥᠳᠥᠷ ᠲᠦ᠍ ᠳᠠᠪᠬᠢᠵᠤ ᠢᠷᠡᠭᠰᠡᠨ ᠪᠢᠯᠢᠤ? 
 ᠥᠨᠥᠳᠥᠷ ᠲᠡᠳᠡᠨᠦᠰ ᠮᠢᠨᠢ ᠮᠠᠰᠢ ᠬᠥᠭᠵᠢᠵᠡᠢ 
 ᠬᠥᠭᠡᠷᠦᠬᠦᠢ ᠴᠦ᠍ ᠳᠧ᠂ ᠬᠥᠭᠵᠢᠯᠭᠦᠢ ᠶᠠᠭᠠᠬᠢᠬᠤᠪ 
 ᠬᠥᠷᠥᠰᠥ ᠨᠤᠲᠤᠭ ᠨᠢ ᠵᠢᠵᠢᠭᠬᠡᠨ ᠴᠦ᠍ ᠭᠡᠰᠡᠨ 
 ᠬᠥᠮᠦᠰ ᠨᠢ ᠭᠦᠶᠦᠯᠭᠡ ᠬᠥᠩᠭᠡᠨ ᠤᠬᠠᠭᠠᠨᠲᠠᠢ 
 ᠬᠦᠴᠦᠷᠬᠡᠭ ᠪᠣᠯᠪᠠᠰᠤᠨ ᠭᠠᠯ ᠰᠡᠳᠬᠢᠬᠦᠢ ᠲᠡᠢ 
 ᠬᠡᠵᠢᠶ᠎ᠡ ᠴᠦ᠍ ᠦᠯᠦ ᠤᠷᠪᠠᠬᠤ ᠴᠡᠭᠡᠷ ᠲᠡᠢ 
 ᠬᠡᠮᠵᠢᠶᠡᠯᠡᠰᠢ ᠦᠭᠡᠢ ᠲᠠᠩᠭᠠᠷᠢᠭ ᠲᠠᠮᠢᠷ ᠲᠠᠢ 
 ᠬᠠᠭᠠᠨ ᠳ᠋ᠠᠭᠠᠨ ᠳᠡᠩᠳᠡᠭᠦᠦ ᠴᠢᠩ ᠵᠢᠷᠤᠮ ᠲᠠᠢ 
 ᠬᠠᠲᠠᠪᠴᠢᠨ ᠵᠠᠷᠤᠴᠢ ᠦᠭᠡᠢ ᠶᠦᠮ ᠴᠢᠨᠢ ᠠ᠋ 
 ᠬᠠᠷᠢᠨ ᠨᠢᠭᠡ ᠠᠯᠳᠠᠭ᠎ᠠ ᠭᠠᠷᠭᠠᠭᠰᠠᠨ ᠴᠦ᠍ 
 ᠬᠠᠲᠠᠭᠤ ᠰᠠᠬᠢᠯᠭ᠎ᠠ ᠪᠠᠷ ᠵᠠᠰᠠᠵᠤ ᠴᠢᠳᠠᠭᠰᠠᠨ 
 ᠰᠠᠴᠤᠷᠠᠩᠭᠤᠢ ᠬᠢᠴᠢᠶᠡᠩᠭᠦᠢ ᠪᠠᠳᠠᠷᠠᠩᠭᠤᠢ ᠶ᠋ᠢᠨ   
 ᠰᠠᠮᠤᠷᠠᠢ ᠵᠣᠷᠢᠭ ᠰᠠᠨᠠᠭ᠎ᠠ ᠨᠢ ᠳᠡᠯᠭᠡᠷᠡᠩᠭᠦᠢ 
 ᠳᠠᠪᠰᠢᠩᠭᠤᠢ ᠤᠯᠤᠰ ᠤ᠋ᠳ ᠤ᠋ᠨ ᠳᠣᠲᠣᠷ᠎ᠠ 
 ᠲᠣᠯᠣᠭᠠᠢ ᠶᠣᠷᠣᠳᠠᠭᠠᠳ ᠯᠠ ᠮᠠᠩᠯᠠᠢᠯᠠᠵᠠᠢ᠃ 
 ᠬᠠᠮᠤᠭ ᠠᠷᠠᠳ ᠢ᠋ᠶ᠋ᠠᠷ ᠢ᠋ᠶ᠋ᠠᠨ ᠨᠢᠭᠡᠨ ᠵᠦᠭ 
 ᠬᠠᠪᠤᠷ ᠤ᠋ᠨ ᠰᠠᠺᠦᠷᠠ ᠴᠡᠴᠡᠭ ᠢ᠋ᠶ᠋ᠡᠷ ᠠᠮᠢᠰᠬᠤᠵᠤ 
 ᠬᠠᠨ ᠲᠡᠭᠷᠢ ᠶ᠋ᠢᠨ ᠹᠦᠵᠢ ᠠᠭᠤᠯᠠ ᠪᠠᠨ ᠯᠠ 
 ᠬᠠᠷᠠᠩᠭᠤᠢ ᠶ᠋ᠢᠨ ᠳᠤᠮᠳᠠᠬᠢ ᠵᠤᠯᠠ ᠰᠢᠭ᠋ ᠲᠠᠬᠢᠵᠤ 
 ᠬᠠᠮᠢᠭ᠎ᠠ ᠬᠣᠯᠠ ᠶ᠋ᠢᠨ ᠮᠥᠷᠥᠭᠡᠳᠦᠯ ᠢ᠋ᠶ᠋ᠡᠨ ᠯᠡ 
 ᠬᠠᠲᠤᠨ ᠪᠥᠮᠪᠥᠷᠴᠡᠭ ᠲᠦ᠍ ᠭᠠᠢᠭᠤᠢ ᠪᠦᠲᠦᠭᠡᠵᠦ 
 ᠢᠷᠡᠵᠦ ᠮᠡᠳᠡᠬᠦ ᠯᠤᠲᠤ ᠭᠠᠵᠠᠷ ᠬᠥᠳᠡᠯᠦᠯᠲᠡ ᠶ᠋ᠢ 
 ᠢᠷᠲᠡᠢ ᠠᠪᠢᠶᠠᠰ ᠢ᠋ᠶ᠋ᠠᠷ ᠢ᠋ᠶ᠋ᠠᠨ ᠱᠠᠯ ᠬᠥᠩᠭᠡᠯᠡᠵᠦ 
 ᠶᠢᠷᠲᠢᠨᠴᠦ ᠲᠦᠮᠡᠨ ᠦ᠌ ᠣᠶᠤᠨ ᠢ᠋ ᠰᠢᠲᠦᠵᠦ 
 ᠶᠡᠬᠡᠮᠰᠦᠭ ᠡᠷᠬᠢᠮᠰᠦᠭ ᠭᠠᠪᠢᠶ᠎ᠠ ᠪᠠᠢᠭᠤᠯᠵᠠᠢ 
 ᠬᠠᠪᠤᠷ ᠤ᠋ᠨ ᠠᠩᠬᠢᠯᠤᠮ᠎ᠠ ᠪᠤᠮᠠᠨ ᠴᠡᠴᠡᠭ ᠢ᠋ᠶ᠋ᠡᠷ 
 ᠬᠠᠨᠤᠰᠢ ᠦᠭᠡᠢ ᠠᠮᠢᠰᠬᠤᠭᠠᠭᠰᠠᠨ ᠶᠢᠷᠲᠢᠨᠴᠦᠰ  
 ᠬᠠᠢᠷᠠᠲᠤ ᠳᠣᠲᠣᠨᠣ ᠠᠨᠳᠠ  ᠪ᠂ ᠪᠣᠯᠣᠳ ᠤ᠋ᠨ 
 ᠬᠠᠯᠠᠭᠤᠨ ᠪᠦᠯᠢ ᠣᠷᠣᠩᠨᠠᠭᠰᠠᠨ ᠶᠠᠫᠣᠨ ᠠᠷᠠᠯ 
 ᠬᠠᠷᠢᠭᠤ ᠲᠠᠯᠠᠷᠬᠠᠯ ᠬᠠᠢᠬᠤ ᠡᠷᠢᠯ ᠲᠠᠢ ᠯᠠ ᠠᠢᠯ 
 ᠬᠠᠷᠢᠨ ᠨᠠᠮ᠎ᠠ ᠶ᠋ᠢ ᠯᠡ ᠬᠦᠯᠢᠶᠡᠭᠰᠡᠨ ᠮᠡᠯᠮᠡᠢ 
  ᠁  ᠶᠡᠷᠦ ᠪᠤᠰᠤ ᠶ᠋ᠢᠨ ᠶᠠᠫᠣᠨᠴᠤᠳ 
  ᠁  ᠶᠢᠷᠲᠢᠨᠴᠦ ᠳ᠋ᠦ᠍ ᠬᠣᠣᠰ ᠦᠭᠡᠢ ᠨᠠᠷᠠᠨ  
 ᠵᠢᠭᠡ ᠨᠠᠷ ᠢ᠋ᠶ᠋ᠠᠨ ᠪᠢ ᠪᠠᠢᠩᠭᠤ ᠰᠠᠨᠠᠳᠠᠭ ᠠ᠋ 
 ᠵᠡᠭᠡᠷ᠎ᠡ ᠶ᠋ᠢᠨ ᠮᠢᠬ᠎ᠠ ᠬᠠᠶᠠ ᠢᠳᠡᠳᠡᠭ᠃  

          2024᠂ 4᠂  6᠃  ᠦᠳᠡᠰᠢ  

             ᠣᠷᠳᠣᠰ ᠬᠣᠲᠠᠨ᠎ᠠ ᠪᠦᠲᠦᠭᠡᠪᠡᠢ᠃