《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠳᠥᠷᠪᠡᠳᠦᠭᠡᠷ ᠪᠦᠯᠦᠭ> "Хөх судар" он нөхвөр дэвтэр - Инжинаш <Тавин дөрөвдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠳᠥᠷᠪᠡᠳᠦᠭᠡᠷ ᠪᠦᠯᠦᠭ> "Хөх судар" он нөхвөр дэвтэр - Инжинаш <Тавин дөрөвдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠨ ᠳᠥᠷᠪᠡᠳᠦᠭᠡᠷ ᠪᠦᠯᠦᠭ> "Хөх судар" он нөхвөр дэвтэр - Инжинаш <Тавин дөрөвдүгээр бүлэг>

ᠠᠩᠭᠢᠯᠠᠯ:ᠲᠡᠦᠬᠡ ᠰᠣᠶᠣᠯ
2024-06-17

300

《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠨ ᠳᠥᠷᠪᠡᠳᠦᠭᠡᠷ ᠪᠦᠯᠦᠭ


       ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ᠂ ᠤᠯᠠᠭᠠᠨ ᠪᠠᠷᠰ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ  ᠶ᠋ᠢᠨ ᠬᠣᠶᠠᠳᠤᠭᠠᠷ ᠣᠨ ᠪᠠᠢᠭᠰᠠᠭᠠᠷ᠃ 

               ᠲᠠᠪᠢᠨ ᠳᠥᠷᠪᠡᠳᠦᠭᠡᠷ ᠪᠦᠯᠦᠭ  

          ᠵᠤᠯᠪᠢᠨ ᠸᠠᠩ ᠪᠤᠯᠤ ᠶ᠋ᠢ ᠰᠢᠭᠦᠵᠦ ᠵᠣᠷᠢᠮᠠᠭ ᠢ᠋ᠶ᠋ᠠᠷ ᠬᠥᠨᠥᠭᠡᠭᠰᠡᠨ ᠥᠴᠢᠭ ᠢ᠋ ᠢᠯᠡᠷᠬᠡᠢᠯᠡᠪᠡ 
          ᠵᠣᠴᠢ ᠲᠠᠢᠽᠢ ᠶ᠋ᠢᠨ ᠪᠣᠯᠵᠣᠭ᠎ᠠ ᠳ᠋ᠤᠷ ᠶᠠᠯᠠᠯᠠᠵᠤ ᠵᠠᠭᠤᠨ ᠲᠦᠮᠡᠨ ᠢ᠋ ᠵᠣᠩᠬᠢᠯᠠᠨ ᠡᠮᠢᠶᠡᠯᠭᠡᠪᠡ  
              ᠦᠭᠡᠰ ᠬᠡᠮᠡᠭᠴᠢ ᠰᠡᠳᠬᠢᠯ ᠦ᠋ᠨ ᠣᠨᠢᠰᠣ ᠶ᠋ᠢ ᠨᠡᠭᠡᠭᠡᠭᠴᠢ ᠲᠦᠯᠬᠢᠭᠦᠷ ᠢᠨᠦ ᠪᠤᠶᠤ 
              ᠦᠨᠡᠨ ᠬᠡᠮᠡᠭᠴᠢ ᠥᠪᠡᠷᠦᠨ ᠤᠬᠠᠭᠠᠨ ᠤ᠋ ᠴᠠᠭᠠᠨᠠᠬᠢ ᠢᠲᠡᠭᠡᠮᠵᠢ ᠢᠨᠤ ᠪᠣᠯᠠᠢ ᠂ 
              ᠦᠭᠡᠰ ᠢ᠋ᠶ᠋ᠡᠷ ᠦᠨᠡᠨ ᠢ᠋ ᠤᠳᠤᠷᠢᠳᠤᠭᠰᠠᠭᠠᠷ ᠦᠨᠡᠨ ᠬᠦ᠌ ᠮᠥᠨ ᠴᠢᠨᠠᠷ ᠬᠥᠳᠡᠯᠭᠡᠭᠳᠡᠪᠡᠰᠦ 
              ᠥᠪᠡᠷ ᠪᠠ ᠪᠤᠰᠤᠳ ᠤ᠋ᠨ ᠪᠦᠬᠦᠢ ᠶ᠋ᠢᠨ ᠰᠤᠳᠠᠯ ᠨᠢᠭᠡᠨ᠎ᠡ ᠬᠠᠮᠲᠤᠳᠠᠭᠰᠠᠨ ᠤ᠋ ᠰᠢᠯᠲᠠᠭᠠᠨ ᠮᠥᠨ ᠃  

       ᠲᠡᠨᠳᠡᠴᠡ ᠸᠠᠩ ᠤ᠋ᠨ ᠴᠠᠴᠠᠷ ᠲᠤᠷ ᠶᠡᠬᠡᠳᠡ ᠦᠢᠮᠡᠭᠡᠨ ᠳᠡᠭᠳᠡᠭᠰᠡᠨ᠎ᠡ᠂ ᠣᠯᠠᠨ ᠵᠢᠭᠰᠠᠭᠠᠯ ᠤ᠋ᠨ ᠨᠣᠶᠠᠳ ᠲᠦᠰᠢᠮᠡᠳ ᠪᠦᠭᠦᠳᠡᠭᠡᠷ ᠰᠣᠴᠢᠵᠤ ᠦᠵᠡᠪᠡᠰᠦ᠂ ᠦᠵᠡᠰᠡ ᠬᠦᠩ ᠠᠯᠲᠠᠨᠱᠠᠭ᠎ᠠ ᠴᠠᠴᠠᠷ ᠤ᠋ᠨ ᠪᠠᠷᠠᠭᠤᠨ ᠬᠠᠯᠬᠠᠪᠴᠢ ᠬᠥᠰᠢᠭᠡ ᠶ᠋ᠢᠨ ᠳᠠᠯᠳᠠ ᠵᠣᠭᠰᠣᠵᠤ ᠰᠡᠮᠡᠬᠡᠷ ᠴᠢᠩᠨᠠᠨ᠂ ᠪᠡᠯᠭᠦᠳᠡᠢ ᠴᠢᠨ ᠸᠠᠩ ᠪᠤᠯᠤ ᠸᠠᠩ ᠢ᠋ ᠰᠢᠭᠦᠬᠦᠢ ᠳ᠋ᠦ᠍ᠷ ᠪᠤᠯᠤ ᠸᠠᠩ ᠤ᠋ᠨ ᠰᠡᠳᠬᠢᠯ ᠬᠡᠮᠬᠡᠷᠡᠨ ᠰᠠᠨᠠᠭᠠᠨ ᠭᠡᠮᠰᠢᠵᠦ᠂ ᠴᠢᠩ ᠦᠨᠡᠨ ᠬᠡᠷᠡᠭ ᠦᠢᠯᠡᠰ ᠢ᠋ᠶ᠋ᠡᠨ ᠪᠥᠭᠡᠯᠵᠢᠨ ᠭᠠᠷᠭᠠᠭᠠᠳ ᠠᠩᠬᠠᠨ ᠳ᠋ᠤᠷ ᠬᠡᠳᠦᠢᠪᠡᠷ ᠡᠨᠡ ᠬᠡᠷᠡᠭ ᠢ ᠴᠥᠮ ᠮᠡᠳᠡᠬᠦ ᠪᠣᠯᠪᠠᠴᠤ᠂ ᠡᠭᠡᠨᠡᠭᠲᠡ ᠮᠣᠩᠭᠣᠯ ᠤᠯᠤᠰ ᠤ᠋ᠨ ᠨᠢᠭᠡᠬᠡᠨ ᠡᠲᠡᠭᠡᠳ ᠦ᠋ᠨ ᠦᠭᠡᠰ ᠪᠣᠢ ‍ᠶ᠎ᠠ ᠬᠡᠮᠡᠳᠡᠭ ᠪᠥᠯᠥᠭᠡ᠃ ᠡᠳᠦᠭᠡ ᠪᠡᠯᠭᠦᠳᠡᠢ ᠴᠢᠨ ᠸᠠᠩ ᠤ᠋ᠨ ᠡᠶᠡᠪᠡᠷᠭᠦ ᠵᠥᠭᠡᠯᠡᠨ ᠦᠭᠡ ᠠᠶᠠᠰ ᠲᠤᠷ ᠰᠡᠳᠬᠢᠯ ᠡᠪᠬᠡᠷᠡᠨ ᠢᠭᠲᠦᠯᠵᠦ ᠴᠢᠳᠬᠥᠷ ᠰᠦᠨᠡᠰᠦᠨ ᠣᠷᠣᠰᠢᠭᠰᠠᠨ ᠮᠡᠲᠦ ᠪᠣᠯᠵᠤ ᠪᠦᠲᠡᠵᠦ ᠬᠠᠭᠠᠨ ᠤᠬᠢᠯᠠᠨ ᠪᠠᠢᠵᠤ᠂ ᠥᠪᠡᠷᠦᠨ ᠠᠮᠠᠨ ᠢ᠋ᠶ᠋ᠠᠷ ᠦᠨᠡᠨ ᠢ᠋ ᠪᠦᠷᠢᠳᠬᠡᠨ ᠲᠣᠭᠠᠴᠢᠵᠤ ᠬᠦᠯᠢᠶᠡᠨ ᠠᠪᠤᠭᠠᠳ᠂ ᠪᠠᠰᠠ ᠭᠡᠮᠰᠢᠨ ᠭᠣᠮᠣᠳᠠᠵᠤ ᠭᠦᠢᠴᠡᠬᠦ ᠦᠭᠡᠢ᠂ ᠣᠯᠠᠨ ᠨᠡᠢᠲᠡ ᠪᠡᠷ ᠨᠢᠭᠡᠨᠲᠡ ᠢᠯᠡᠷᠬᠡᠶ᠎ᠡ ᠮᠡᠳᠡᠭᠰᠡᠨ ᠬᠡᠷᠡᠭ ᠲᠤᠯᠠ ᠨᠢᠭᠤᠪᠠᠴᠤ ᠨᠢᠷᠤᠭᠤ ᠢᠯᠡ᠂ ᠳᠠᠯᠳᠠᠯᠠᠪᠠᠴᠤ ᠳᠠᠯᠤ ᠢᠯᠡ ᠭᠡᠮᠡᠨ ᠰᠠᠨᠠᠵᠤ᠂ ᠰᠢᠭᠤᠳ ᠴᠥᠮ ᠢ᠋ ᠴᠢᠳᠬᠤᠨ ᠦᠯᠡᠳᠡᠭᠡᠯ ᠦᠭᠡᠢ ᠬᠡᠯᠡᠭᠡᠳ ᠡᠨᠡ ᠪᠡᠶ᠎ᠡ ᠶ᠋ᠢᠨ ᠠᠮᠢᠨ ᠭᠠᠷᠪᠠᠰᠤ ᠪᠠᠷᠠᠪᠠ ᠭᠡᠮᠡᠨ ᠴᠦᠯᠢᠰᠬᠢᠨ ᠬᠡᠯᠡᠵᠦ ᠭᠠᠷᠭᠠᠭᠰᠠᠨ᠎ᠠ᠂ ᠠᠯᠳᠠᠭᠰᠠᠭ᠎ᠠ ᠥᠪᠡᠷᠦᠨ ᠴᠢᠬᠢ ᠪᠡᠷ ᠳᠡᠭᠦᠨᠦ ᠠᠮᠠᠨ ᠠ᠋ᠴᠠ ᠰᠣᠨᠣᠰᠴᠤ ᠴᠠᠭ ᠭᠱᠠᠨ᠎ᠠ ᠲᠠᠪᠤᠨ ᠴᠤᠯᠤ᠂ ᠵᠢᠷᠭᠤᠭᠠᠨ ᠰᠠᠪᠠ ᠶ᠋ᠢᠨ ᠴᠢᠰᠤ ᠴᠥᠮ ᠴᠠᠯᠭᠢᠨ ᠦᠰᠦᠷᠴᠦ ᠡᠯᠢᠭᠡ ᠠᠭᠤᠰᠬᠢ ᠳᠡᠯᠪᠡᠷᠡᠨ ᠬᠡᠮᠬᠡᠷᠡᠵᠦ ᠲᠡᠰᠬᠡᠯ ᠦᠭᠡᠢ ᠶᠠᠰᠤ ᠤᠨᠲᠠᠷᠠᠨ ᠰᠢᠷᠪᠥᠰᠥ ᠲᠠᠰᠤᠷᠠᠵᠤ᠂ ᠨᠢᠳᠦᠨ ᠡᠴᠡ ᠭᠠᠯ ᠪᠠᠳᠠᠷᠠᠨ᠂ ᠴᠡᠭᠡᠵᠢᠨ ᠳᠣᠲᠣᠷ᠎ᠠ ᠴᠠᠬᠢᠯᠭᠠᠨ ᠳᠡᠯᠪᠡᠷᠡᠨ 《ᠠᠶ᠎ᠠ ᠲᠡᠭᠷᠢ ! 》 ᠬᠡᠮᠡᠬᠦ ᠨᠢᠭᠡᠬᠡᠨ ᠦᠭᠡ ᠪᠠᠷᠬᠢᠷᠠᠭᠠᠳ ᠰᠢᠯᠢ ᠬᠠᠨᠳᠠᠷᠤᠨ ᠰᠠᠪᠠᠵᠤ ᠣᠢᠴᠢᠭᠠᠳ ᠥᠨᠳᠥᠷ ᠳᠠᠭᠤᠨ ᠢ᠋ᠶ᠋ᠠᠷ ᠳᠠᠭᠤ ᠲᠠᠯᠪᠢᠨ ᠤᠬᠢᠯᠠᠲᠠᠯ᠎ᠠ᠂ ᠲᠡᠭᠦᠨ ᠦ᠌ ᠠᠷᠤ ᠶ᠋ᠢᠨ ᠬᠣᠢᠨ᠎ᠠ ᠠ᠋ᠴᠠ ᠶᠡᠬᠡ ᠵᠠᠩᠵᠤᠨ ᠳᠣᠣᠷᠠᠲᠤ ᠲᠠᠢᠹᠦ᠋ ᠲᠦᠰᠢᠮᠡᠯ ᠢᠳᠡᠷ ᠳᠣᠪᠣ ᠲᠡᠳᠡᠭᠡᠷ ᠦᠭᠡᠰ ᠢ᠋ ᠰᠣᠨᠣᠰᠤᠭᠰᠠᠭᠠᠷ᠂ ᠬᠡᠳᠦᠢᠨ ᠬᠢᠯᠢᠩ ᠦ᠋ᠨ ᠭᠠᠯ ᠭᠤᠷᠪᠠᠨ ᠮᠢᠩᠭᠠᠨ ᠵᠠᠩ ᠥᠨᠳᠥᠷ ᠮᠠᠨᠳᠤᠨ ᠬᠥᠬᠡ ᠠᠭᠠᠷ ᠢ ᠨᠡᠪᠲᠡᠯᠦᠨ᠂ ᠵᠢᠷᠤᠮ ᠤ᠋ᠨ ᠠᠭᠤᠷ ᠲᠤᠷ ᠠᠮᠢᠨ ᠢ᠋ᠶ᠋ᠠᠨ ᠲᠡᠪᠴᠢᠭᠡᠳ ᠭᠠᠷᠴᠤ ᠪᠤᠯᠤ ᠸᠠᠩ ᠤ᠋ᠨ ᠲᠣᠯᠣᠭᠠᠢ ᠶ᠋ᠢ ᠲᠠᠰᠤ ᠴᠠᠪᠴᠢᠨ ᠬᠠᠭᠠᠨ ᠡᠵᠡᠨ ᠦ᠌ ᠪᠡᠨ ᠥᠰᠢᠶ᠎ᠡ ᠶ᠋ᠢ ᠠᠪᠤᠭᠠᠳ ᠳᠠᠷᠠᠭ᠎ᠠ ᠪᠠᠷ ᠰᠠᠶᠢ ᠥᠪᠡᠷᠦᠨ ᠬᠦᠵᠦᠭᠦᠦ ᠪᠡᠨ ᠣᠭᠲᠣᠯᠤᠨ ᠶᠠᠯ᠎ᠠ ᠬᠦᠯᠢᠶᠡᠨ ᠦᠬᠦᠰᠦᠭᠡᠢ ᠭᠡᠮᠡᠨ ᠬᠡᠳᠦᠨ ᠵᠡᠷᠭᠡ ᠬᠥᠮᠥᠰᠬᠡ ᠬᠥᠨᠲᠥᠢᠨ ᠰᠢᠲᠦ ᠬᠠᠪᠢᠷᠴᠤ ᠴᠢᠷᠠᠢ ᠶ᠋ᠢᠨ ᠥᠩᠭᠡ ᠬᠥᠪ ᠬᠥᠬᠡᠷᠡᠨ᠂ ᠪᠦᠬᠦᠯᠢ ᠪᠡᠶ᠎ᠡ ᠳᠠᠭᠵᠢᠨ ᠴᠡᠴᠡᠷᠡᠬᠦᠶ᠎ᠡ᠂ ᠡᠳᠦᠭᠡ ᠪᠠᠰᠠ ᠠᠯᠲᠠᠨᠱᠠᠭ᠎ᠠ ᠠᠷᠤ ᠪᠠᠷ ᠬᠠᠨᠳᠠᠷᠤᠨ ᠤᠨᠠᠭᠰᠠᠨ ᠳ᠋ᠤᠷ ᠢᠳᠡᠷ ᠳᠣᠪᠣ ᠡᠭᠡᠨᠡᠭᠲᠡ ᠨᠢᠭᠡᠨ ᠲᠣᠭᠰᠢᠨ ᠪᠦᠳᠦᠭᠦᠯᠢᠭ ᠴᠡᠷᠢᠭ ᠦ᠋ᠨ ᠡᠷ᠎ᠡ ᠲᠤᠯᠠ ᠨᠠᠷᠢᠨ ᠨᠢᠭᠲᠠ ᠶᠣᠰᠣ ᠬᠠᠤᠯᠢ ᠶ᠋ᠢ ᠪᠣᠳᠣᠬᠤ ᠵᠠᠪ ᠦᠭᠡᠢ ᠪᠡᠷ ᠭᠠᠭᠴᠠ ᠰᠡᠳᠬᠢᠯ ᠦ᠋ᠨ ᠡᠭᠦᠳᠡᠨ ᠡᠴᠡ ᠪᠠᠭᠠᠲᠤᠷ ᠵᠢᠷᠤᠮ ᠪᠠᠭᠲᠠᠭ᠎ᠠ ᠶᠠᠳᠠᠨ ᠳᠣᠯᠭᠢᠰᠤᠨ ᠬᠥᠳᠡᠯᠵᠦ᠂ ᠵᠡᠭᠦᠭᠰᠡᠨ ᠢᠯᠳᠦ ᠪᠡᠨ ᠰᠤᠭᠤ ᠲᠠᠲᠠᠵᠤ ᠳᠤᠮᠳᠠᠳᠤ ᠴᠠᠴᠠᠷ ᠲᠤᠷ ᠭᠠᠷᠴᠤ ᠪᠤᠯᠤ ᠸᠠᠩ ᠢ ᠴᠠᠪᠴᠢᠬᠤ ᠪᠠᠷ ᠰᠠᠶᠢ ᠬᠥᠰᠢᠭᠡ ᠢᠷᠠᠬᠤ ᠬᠡᠮᠡᠲᠡᠯ᠎ᠡ᠂ ᠬᠠᠵᠠᠭᠤ ᠠ᠋ᠴᠠ ᠴᠢᠦᠢ ᠱᠢ ᠯᠢ ᠬᠡᠳᠦᠢᠨ ᠳᠡᠭᠦᠨᠦ ᠪᠠᠢᠳᠠᠯ ᠥᠪᠡᠷ᠎ᠡ ᠳ᠋ᠦ᠍ᠷ ᠡᠢᠨ ᠬᠦ ᠠᠭᠠᠰᠢᠯᠠᠭᠠᠳ᠂ ᠶᠠᠯ᠎ᠠ ᠣᠯᠤᠭᠤᠵᠠᠢ ᠭᠡᠮᠡᠨ ᠬᠠᠵᠠᠭᠤᠳᠠ ᠰᠡᠷᠭᠡᠢᠯᠡᠵᠦ ᠪᠠᠢᠭᠰᠠᠨ ᠲᠤᠯᠠ᠂ ᠢᠳᠡᠷ ᠳᠣᠪᠣ ᠶ᠋ᠢ ᠨᠢᠭᠡᠨᠲᠡ ᠲᠡᠪᠡᠷᠢᠭᠰᠡᠨ ᠳ᠋ᠦ᠍ᠷ ᠢᠳᠡᠷ ᠳᠣᠪᠣ ᠶ᠋ᠢᠨ ᠬᠦᠴᠦᠨ ᠬᠡᠲᠦᠷᠡᠵᠦ᠂ ᠮᠥᠷᠭᠥᠯᠳᠦᠨ ᠴᠢᠦᠢ ᠱᠢ ᠯᠢ ᠬᠣᠶᠠᠭᠤᠯᠠ ᠬᠠᠮᠲᠤᠪᠠᠷ ᠦᠮᠬᠥᠷᠢᠨ ᠤᠨᠠᠲᠠᠯ᠎ᠠ᠂ ᠮᠢᠩᠭᠠᠲᠠᠨ ᠶᠠᠭᠠᠷᠠᠨ ᠢᠷᠡᠵᠦ ᠢᠳᠡᠷ ᠳᠣᠪᠣ ᠶ᠋ᠢᠨ ᠢᠯᠳᠦᠨ ᠢ᠋ ᠪᠤᠯᠢᠶᠠᠨ ᠠᠪᠲᠠᠯ᠎ᠠ ᠵᠢᠴᠢ ᠬᠥᠪᠡᠭᠦᠨ ᠦᠨᠡᠨ ᠴᠢᠩᠳᠦ ᠬᠣᠶᠠᠷ ᠯᠤᠭ᠎ᠠ ᠭᠤᠷᠪᠠᠭᠤᠯᠠ ᠣᠷᠣᠵᠤ ᠢᠳᠡᠷ ᠳᠣᠪᠣ ᠶ᠋ᠢ ᠲᠡᠪᠡᠷᠢᠨ ᠲᠡᠳᠬᠦᠵᠦ ᠠᠪᠠᠴᠢᠬᠤᠶ᠎ᠠ᠂ ᠢᠳᠡᠷ ᠳᠣᠪᠣ᠂ ᠪᠤᠯᠤ ᠬᠠᠭᠠᠨ ᠢ᠋ ᠠᠯᠠᠵᠤ ᠴᠢᠳᠠᠬᠤ ᠦᠭᠡᠢ ᠪᠣᠯᠤᠭᠰᠠᠨ ᠳ᠋ᠠᠭᠠᠨ ᠴᠢᠬᠤᠯᠳᠠᠨ ᠬᠣᠷᠣᠰᠴᠤ ᠪᠣᠷᠣ ᠪᠦᠳᠦᠭᠦᠨ ᠬᠣᠭᠣᠯᠠᠢ ᠪᠠᠷ ᠣᠷᠬᠢᠷᠠᠨ ᠤᠬᠢᠯᠠᠭᠰᠠᠭᠠᠷ ᠲᠡᠳᠬᠦᠭᠳᠡᠨ ᠠᠪᠴᠢᠭᠳᠠᠬᠤᠶ᠎ᠠ ᠡᠢᠨ ᠬᠦ᠌ ᠶᠡᠬᠡ ᠦᠢᠮᠡᠭᠡᠨ ᠭᠠᠷᠤᠭᠰᠠᠨ ᠠᠵᠤᠭᠤ᠃ ᠡᠢᠨ ᠬᠦ᠌ ᠠᠷᠠᠢᠬᠠᠨ ᠭᠡᠵᠦ ᠸᠠᠩ ᠤ᠋ᠨ ᠵᠠᠰᠠᠭ ᠢ᠋ ᠶᠠᠪᠤᠭᠤᠯᠬᠤ ᠶᠡᠬᠡ ᠲᠥᠷᠥ ᠶ᠋ᠢᠨ ᠡᠮᠦᠨ᠎ᠡ ᠶᠣᠰᠣᠨ ᠡᠰᠡ ᠠᠯᠳᠠᠪᠠᠢ᠃ 
       ᠲᠡᠨᠳᠡᠴᠡ ᠠᠯᠲᠠᠨᠱᠠᠭ᠎ᠠ ᠠᠶ᠎ᠠ ᠭᠡᠮᠡᠨ ᠠᠷᠤ ᠪᠠᠷ ᠭᠠᠵᠠᠷ ᠲᠤᠷ ᠤᠨᠠᠵᠤ᠂ ᠮᠠᠯᠠᠭ᠎ᠠ ᠮᠤᠯᠲᠤᠷᠠᠨ ᠦᠰᠦ ᠠᠯᠳᠠᠷᠠᠵᠤ᠂ ᠡᠩᠭᠡᠷ ᠢ᠋ᠶ᠋ᠡᠨ ᠤᠷᠠᠵᠤ ᠪᠡᠶ᠎ᠡ ᠪᠡᠷ ᠭᠠᠵᠠᠷ ᠢ᠋ ᠳᠡᠯᠡᠳᠦᠨ᠂ ᠣᠷᠬᠢᠷᠠᠨ ᠤᠬᠢᠯᠠᠵᠤ ᠥᠨᠳᠥᠷ ᠳᠠᠭᠤᠨ ᠢ᠋ᠶ᠋ᠠᠷ ᠡᠨᠡᠯᠦᠨ ᠰᠢᠨᠠᠯᠤᠨ ᠪᠠᠷᠬᠢᠷᠠᠨ ᠥᠭᠦᠯᠡᠷᠦᠨ᠄ 
      《ᠡᠴᠢᠭᠡ ᠬᠠᠭᠠᠨ ᠤ᠋ ᠭᠡᠭᠡᠨ ᠰᠦᠯᠳᠡ ᠢᠯᠡᠳᠲᠡ ᠠᠢᠯᠠᠳᠤᠨ᠂ ᠥᠴᠥᠭᠡᠳᠦᠷ ᠰᠥᠨᠢ ᠶ᠋ᠢᠨ ᠵᠡᠭᠦᠳᠦᠨ ᠳ᠋ᠦ᠍ᠷ ᠪᠠᠶᠠᠰᠬᠤᠯᠠᠩ ᠤ᠋ᠨ ᠳᠦᠷᠢ ᠪᠡᠷ ᠢᠯᠡᠷᠡᠵᠦ ᠦᠵᠡᠭᠳᠡᠭᠰᠡᠨ ᠢᠨᠦ ᠡᠨᠡ ᠡᠳᠦᠷ ᠬᠣᠶᠠᠷ ᠤᠯᠤᠰ ᠤ᠋ᠨ ᠬᠤᠷᠠᠯ ᠤ᠋ᠨ ᠡᠮᠦᠨ᠎ᠡ ᠡᠴᠢᠭᠡ ᠬᠠᠭᠠᠨ ᠤ᠋ ᠬᠥᠨᠥᠭᠡᠭᠳᠡᠭᠰᠡᠨ ᠦᠨᠡᠨ ᠴᠠᠭᠠᠨ ᠢᠯᠡᠷᠡᠬᠦᠢ ᠶ᠋ᠢᠨ ᠲᠤᠯᠠ ᠪᠠᠢᠭᠰᠠᠨ ᠢ᠋ ᠰᠠᠶᠢ ᠣᠯᠵᠤ ᠮᠡᠳᠡᠪᠡᠢ᠃ ᠬᠣᠶᠠᠷ ᠤᠯᠤᠰ ᠤ᠋ᠨ ᠲᠡᠢᠨ ᠳᠡᠭᠳᠡᠬᠦ ᠢᠨᠦ ᠡᠷᠲᠡᠨ ᠡᠴᠡ ᠪᠠᠢᠬᠰᠠᠠᠭᠠᠷ ᠢᠷᠡᠭᠰᠡᠨ ᠡᠩ ᠦ᠋ᠨ ᠦᠢᠯᠡ᠂ ᠬᠣᠴᠢ ᠦᠭᠡᠢ ᠲᠥᠷᠥᠭᠰᠡᠨ ᠦᠷ᠎ᠡ ᠬᠥᠪᠡᠭᠦᠨ᠂ ᠲᠥᠷᠥᠭᠰᠡᠨ ᠠᠪᠠᠭ᠎ᠠ ᠡᠴᠢᠭᠡ ᠪᠡᠨ ᠲᠡᠢᠨ ᠦ᠌ ᠳᠤᠮᠳᠠ ᠬᠠᠳᠬᠤᠵᠤ ᠠᠯᠠᠬᠤ ᠠᠨᠤ᠂ ᠵᠠᠭᠤᠨ ᠮᠢᠩᠭᠠᠨ ᠦᠶ᠎ᠡ ᠳ᠋ᠦ᠍ᠷ ᠨᠢᠭᠡᠨ ᠬᠣᠶᠠᠷ ᠴᠤ᠌ ᠦᠭᠡᠢ ᠬᠡᠷᠡᠭ᠂ ᠡᠳᠦᠭᠡ ᠰᠠᠶᠢ ᠦᠨᠡᠨ ᠴᠠᠭᠠᠨ ᠦᠨᠡᠬᠡᠷ ᠢᠯᠡᠷᠡᠵᠦ᠂ ᠢᠯᠠᠩᠭᠤᠶ᠎ᠠ ᠴᠢᠩᠭᠢᠰ ᠬᠠᠭᠠᠨ ᠤ᠋ ᠦᠯᠢᠭᠡᠷᠯᠡᠰᠢ ᠦᠭᠡᠢ ᠦᠯᠡᠮᠵᠢ ᠥᠷᠥᠰᠢᠶᠡᠯ ᠬᠡᠰᠢᠭ ᠢ᠋ᠶ᠋ᠡᠷ ᠡᠴᠢᠭᠡ ᠬᠠᠭᠠᠨ ᠤ᠋ ᠴᠢᠨᠳᠠᠷ ᠢ᠋ ᠡᠷᠬᠢᠯᠡᠨ ᠦᠵᠡᠵᠦ ᠮᠥᠩᠬᠡᠯᠡᠨ ᠪᠤᠮᠪᠠᠯᠠᠵᠤ᠂ ᠴᠠᠭᠠᠨ ᠴᠢᠯᠠᠭᠤᠨ ᠣᠪᠣᠭ᠎ᠠ ᠪᠣᠰᠬᠠᠨ ᠲᠡᠮᠳᠡᠭ ᠪᠣᠯᠭᠠᠨ᠂ ᠳᠤᠲᠠᠭᠠᠵᠤ ᠪᠠᠷᠢᠭᠳᠠᠭᠰᠠᠨ ᠬᠠᠳᠠᠴᠢᠨ ᠠᠢᠮᠠᠭ ᠤ᠋ᠨ ᠡᠵᠡᠨ ᠷᠠᠬᠤᠯᠢ᠂ ᠰᠠᠯᠴᠢᠭᠤᠳ ᠠᠢᠮᠠᠭ ᠤ᠋ᠨ ᠡᠵᠡᠨ ᠮᠠᠨᠠᠩ ᠢ᠋ ᠬᠠᠭᠤᠮᠠᠭᠠᠢ ᠱᠠᠯᠢᠭ ᠭᠡᠮᠡᠨ ᠳᠣᠩᠭᠣᠳᠤᠨ ᠶᠠᠯᠠᠯᠠᠵᠤ᠂ ᠮᠢᠨᠦ ᠡᠴᠢᠭᠡ ᠬᠠᠭᠠᠨ ᠤ᠋ ᠮᠣᠩᠬᠣᠨ ᠢ᠋ ᠲᠠᠬᠢᠭᠤᠯᠤᠨ ᠬᠠᠷᠠᠭᠠᠯᠵᠠᠭᠤᠯᠤᠭᠰᠠᠨ ᠪᠠ ᠵᠠᠩᠵᠤᠨ ᠢᠳᠡᠷ ᠳᠣᠪᠣ᠂ ᠮᠢᠩᠭᠠᠲᠠᠨ ᠨᠠᠷ ᠬᠠᠭᠠᠨ ᠡᠴᠢᠭᠡ ᠶ᠋ᠢᠨ ᠴᠣᠭᠴᠠ ᠮᠠᠬᠠᠪᠣᠳ ᠤ᠋ᠨ ᠰᠢᠷᠬ᠎ᠠ ᠶ᠋ᠢ ᠨᠢᠳᠦ ᠪᠡᠷ ᠦᠵᠡᠨ᠂ ᠭᠠᠷ ᠢ᠋ᠶ᠋ᠠᠷ ᠤᠬᠢᠶᠠᠯᠴᠠᠨ ᠮᠥᠩᠬᠡᠯᠡᠭᠰᠡᠨ ᠢᠲᠡᠭᠡᠮᠵᠢ ᠪᠣᠢ ᠲᠤᠯᠠ ᠬᠥᠪᠡᠭᠦᠨ ᠪᠢ ᠳᠡᠭᠷᠢᠯᠢᠭ ᠡᠵᠡᠨ ᠴᠢᠩᠭᠢᠰ ᠬᠠᠭᠠᠨ ᠳ᠋ᠤᠷ ᠳᠠᠭᠠᠵᠤ᠂ ᠴᠢᠩ ᠦᠨᠡᠨ ᠢ᠋ ᠬᠦᠯᠢᠶᠡᠭᠰᠡᠭᠡᠷ ᠡᠨᠡ ᠡᠳᠦᠷ ᠢᠯᠡᠷᠡᠭᠰᠡᠨ ᠳ᠋ᠦ᠍ᠷ ᠠᠲᠠᠵᠤ ᠲᠠᠰᠢᠶᠠᠷᠠᠨ ᠳᠠᠢᠰᠤᠨ᠎ᠠ ᠳᠠᠭᠠᠭᠰᠠᠨ ᠶᠠᠯ᠎ᠠ ᠪᠤᠷᠤᠭᠤ ᠦᠭᠡᠢ ᠪᠣᠯᠤᠭᠰᠠᠨ ᠢ᠋ ᠬᠠᠮᠤᠭ ᠣᠭᠲᠠᠷᠭᠤᠢ ᠶ᠋ᠢᠨ ᠲᠡᠭᠷᠢ ᠰᠠᠬᠢᠭᠤᠯᠰᠤᠨ ᠬᠠᠭᠠᠨ ᠡᠴᠢᠭᠡ ᠶ᠋ᠢᠨ ᠰᠦᠷ ᠰᠦᠯᠳᠡ ᠬᠢᠭᠡᠳ ᠬᠠᠮᠲᠤ ᠤᠯᠤᠰ ᠤ᠋ᠨ ᠬᠥᠮᠦᠨ ᠠᠮᠢᠲᠠᠨ ᠬᠠᠷᠠᠩᠭᠤᠢ ᠠᠭᠠᠷ ᠤ᠋ᠨ ᠠᠯᠪᠢᠨ ᠴᠢᠳᠬᠥᠷ ᠲᠣᠷ ᠬᠦᠷᠲᠡᠯ᠎ᠡ ᠢᠯᠡ ᠳᠠᠯᠳᠠ ᠨᠡᠢᠲᠡ ᠪᠡᠷ ᠲᠣᠷ ᠴᠥᠮ ᠢᠯᠡᠷᠬᠡᠢ ᠲᠣᠳᠣᠷᠬᠠᠢ ᠪᠣᠯᠤᠭᠰᠠᠨ ᠤ᠋ ᠲᠤᠯᠠᠳᠠ᠂ ᠡᠳᠦᠭᠡ ᠡᠳᠦᠢᠴᠢᠨᠡᠭᠡᠨ ᠵᠢᠯ ᠡᠴᠢᠭᠡ ᠬᠠᠭᠠᠨ ᠤ᠋ ᠪᠠᠨ ᠦᠨᠡᠨ ᠥᠰᠢᠶ᠎ᠡ ᠶ᠋ᠢ ᠠᠪᠴᠤ ᠴᠢᠳᠠᠭᠠᠳᠤᠢ ᠠᠨᠤ ᠬᠥᠮᠦᠨ ᠲᠥᠷᠥᠯᠬᠢᠲᠡᠨ ᠦ᠌ ᠲᠡᠷᠢᠭᠦᠨ ᠶᠡᠬᠡ ᠶᠠᠯ᠎ᠠ ᠪᠣᠯᠬᠤ ᠲᠤᠯᠠ ᠦᠬᠦᠪᠡᠰᠦ ᠰᠠᠶᠢ ᠡᠨᠡ ᠶᠠᠯ᠎ᠠ ᠳ᠋ᠤᠷ ᠲᠡᠩᠴᠡᠬᠦᠢ ᠶ᠋ᠢᠨ ᠣᠴᠢᠷ᠎ᠠ᠂ ᠡᠨᠡ ᠦᠨᠡᠨ ᠴᠠᠭᠠᠨ ᠢᠯᠡᠷᠡᠭᠰᠡᠨ ᠳ᠋ᠦ᠍ᠷ ᠦᠬᠦᠪᠡᠴᠦ ᠣᠳᠣ ᠭᠡᠭᠡᠬᠡᠨ ᠲᠣᠳᠣᠷᠬᠠᠢ ᠪᠣᠯᠪᠠ ! 》ᠭᠡᠮᠡᠨ ᠡᠷᠳᠡᠨᠢ ᠶ᠋ᠢᠨ ᠰᠡᠯᠡᠮ᠎ᠡ ᠪᠡᠨ ᠰᠤᠭᠤ ᠲᠠᠲᠠᠵᠤ᠂ ᠬᠦᠵᠦᠭᠦᠦ ᠪᠡᠨ ᠣᠭᠲᠣᠯᠵᠤ ᠦᠬᠦᠰᠦᠭᠡᠢ ᠬᠡᠮᠡᠭᠰᠡᠨ ᠳ᠋ᠦ᠍ᠷ ᠪᠡᠯᠭᠦᠳᠡᠢ ᠴᠢᠩ ᠸᠠᠩ ᠳᠣᠲᠣᠷ᠎ᠠ ᠪᠠᠨ ᠰᠡᠮᠡᠬᠡᠷ ᠪᠠᠶᠠᠷᠯᠠᠨ : 《ᠰᠢᠨ᠎ᠡ ᠬᠠᠭᠤᠴᠢᠨ ᠨᠠᠢ᠍ᠮᠠᠨ ᠤᠯᠤᠰ ᠤ᠋ᠨ ᠲᠣᠭᠲᠠᠬᠤ ᠡᠰᠡᠬᠦ ᠴᠥᠮ ᠡᠨᠡ ᠨᠢᠭᠡᠨ ᠠᠩᠭᠢ ᠶ᠋ᠢᠨ ᠦᠭᠡᠰ ᠲᠣᠷ ᠪᠣᠢ᠂ ᠡᠨᠡ ᠬᠦ᠌ ᠶᠠᠪᠤᠳᠠᠯ ᠢ᠋ᠶ᠋ᠠᠷ ᠦᠵᠡᠬᠦᠯ᠎ᠡ᠂ ᠠᠬ᠎ᠠ ᠡᠵᠡᠨ ᠴᠢᠩᠭᠢᠰ ᠬᠠᠭᠠᠨ ᠦᠨᠡᠬᠡᠷ ᠢ᠋ᠶ᠋ᠡᠷ ᠲᠩᠷᠢ ᠰᠠᠬᠢᠭᠤᠯᠰᠤᠨ ᠣᠷᠴᠢᠯᠠᠩ ᠳ᠋ᠤᠷ ᠪᠠᠭᠤᠵᠤ ᠲᠥᠷᠥᠭᠰᠡᠨ ᠶᠡᠬᠡ ᠦᠨᠡᠨ ᠮᠡᠳᠡᠷᠡᠯ ᠢ᠋ᠶ᠋ᠡᠷ ᠪᠦᠬᠦᠨ ᠢ᠋ ᠶᠡᠷᠦᠩᠬᠡᠢᠯᠡᠬᠦ ᠠᠵᠤᠭᠤ!》ᠭᠡᠮᠡᠨ ᠮᠡᠩᠳᠡᠨ ᠰᠡᠩᠳᠡᠨ ᠥᠪᠡᠷᠦᠨ ᠪᠡᠶ᠎ᠡ ᠪᠡᠷ ᠬᠠᠯᠬᠠᠪᠴᠢᠨ ᠤ᠋ ᠪᠠᠷᠠᠭᠤᠨᠲᠠ ᠣᠷᠣᠵᠤ ᠠᠯᠲᠠᠨᠱᠠᠭ᠎ᠠ ᠶ᠋ᠢᠨ ᠰᠡᠯᠡᠮ᠎ᠡ ᠶ᠋ᠢ ᠪᠤᠯᠢᠶᠠᠨ ᠠᠪᠴᠤ᠂ ᠬᠣᠷᠢᠭᠯᠠᠨ ᠥᠭᠦᠯᠡᠷᠦᠨ᠄ 
      《ᠶᠡᠬᠡ ᠡᠷ᠎ᠡ ᠡᠵᠡᠨ ᠪᠠ ᠡᠴᠢᠭᠡ ᠶ᠋ᠢᠨ ᠥᠰᠢᠶ᠎ᠡ ᠶ᠋ᠢ ᠨᠡᠬᠡᠬᠦᠢ ᠳ᠋ᠦ᠍ᠷ ᠡᠨᠡ ᠪᠡᠶ᠎ᠡ ᠶ᠋ᠢ ᠡᠷᠬᠡᠪᠰᠢ ᠦᠯᠡᠳᠡᠭᠡᠨ ᠲᠡᠵᠢᠭᠡᠪᠡᠰᠦ ᠰᠠᠶᠢ ᠥᠰᠢᠶ᠎ᠡ ᠶ᠋ᠢ ᠴᠠᠭᠠᠳᠬᠠᠵᠤ ᠴᠢᠳᠠᠮᠤᠢ᠃ ᠥᠴᠦᠬᠡᠨ ᠴᠢᠬᠤᠯ ᠣᠬᠣᠷ ᠦᠵᠡᠯ ᠢ᠋ᠶ᠋ᠡᠷ ᠪᠡᠶ᠎ᠡ ᠪᠡᠨ ᠪᠤᠰᠠᠨᠢᠭᠤᠯᠪᠠᠰᠤ᠂ ᠦᠨᠡᠨ ᠥᠰᠢᠶ᠎ᠡ ᠶ᠋ᠢ ᠬᠡᠨ ᠴᠠᠭᠠᠳᠬᠠᠵᠤ ᠥᠭᠬᠦ ᠪᠣᠢ ? ᠪᠣᠯᠪᠠᠰᠤᠷᠠᠯ ᠭᠦᠢᠴᠡᠭᠳᠡᠵᠦ ᠪᠤᠰᠤᠳ ᠬᠥᠮᠥᠨ᠎ᠡ ᠠᠯᠠᠭᠳᠠᠪᠠᠴᠤ᠂ ᠬᠥᠪᠡᠭᠦᠨ ᠪᠣᠯᠤᠭᠴᠢᠳ ᠥᠰᠢᠶ᠎ᠡ ᠪᠡᠨ ᠠᠪᠤᠪᠠ ᠬᠡᠮᠡᠵᠦ ᠪᠣᠯᠤᠮᠤᠢ ᠤᠤ ? 》ᠭᠡᠮᠡᠨ ᠬᠣᠷᠢᠭᠯᠠᠨ ᠬᠡᠯᠡᠬᠦᠶ᠎ᠡ᠂ ᠰᠡᠷᠭᠦᠯᠡᠩ ᠭᠦᠩᠵᠦ ᠰᠣᠯᠤᠩᠭᠤᠤ᠎ᠡ ᠣᠯᠠᠨ ᠰᠠᠢᠳ ᠲᠦᠰᠢᠮᠡᠳ ᠢ᠋ᠶ᠋ᠡᠨ ᠠᠪᠴᠤ ᠢᠷᠡᠨ ᠬᠣᠷᠢᠭᠯᠠᠨ ᠭᠤᠶᠤᠴᠢᠯᠠᠵᠤ᠂ ᠴᠡᠷᠢᠭ ᠦ᠋ᠨ ᠬᠦᠷᠢᠶ᠎ᠡ ᠳ᠋ᠦ᠍ᠷ ᠠᠪᠠᠴᠢᠲᠠᠯ᠎ᠠ᠂ ᠲᠡᠨᠳᠡ ᠶᠡᠬᠡᠯ᠎ᠡ ᠦᠢᠮᠡᠯᠳᠦᠨ᠂ ᠬᠠᠭᠠᠨ ᠤ᠋ ᠵᠢᠭᠰᠠᠭᠠᠯ ᠣᠢᠷ᠎ᠠ ᠬᠦᠷᠴᠦ ᠢᠷᠡᠪᠡ ᠭᠡᠮᠡᠨ ᠬᠠᠭᠠᠯᠭᠠᠨ ᠲᠦᠰᠢᠮᠡᠯ ᠣᠷᠣᠵᠤ ᠰᠥᠭᠥᠳᠴᠦ ᠮᠡᠳᠡᠭᠦᠯᠦᠭᠰᠡᠨ᠎ᠡ ᠸᠠᠩ ᠶᠠᠭᠠᠷᠠᠨ᠂ ᠪᠤᠯᠤ ᠸᠠᠩ ᠤ᠋ᠨ ᠪᠡᠶ᠎ᠡ ᠶ᠋ᠢ ᠬᠠᠳᠠᠭᠠᠯᠠᠬᠤ ᠬᠣᠷᠢᠨ ᠴᠡᠷᠢᠭ ᠬᠢᠭᠡᠳ ᠲᠡᠷᠢᠭᠦᠯᠡᠭᠰᠡᠨ ᠲᠦᠰᠢᠮᠡᠯ ᠷᠠᠰᠢᠶᠠᠨ ᠢ᠋ ᠨᠢᠭᠤᠷ ᠤ᠋ᠨ ᠡᠮᠦᠨ᠎ᠡ ᠪᠡᠨ ᠵᠡᠷᠭᠡᠴᠡᠭᠦᠯᠦᠨ ᠵᠣᠭᠰᠣᠭᠠᠵᠤ ᠴᠢᠩᠳᠠᠯᠠᠨ ᠵᠠᠬᠢᠷᠤᠨ: 《ᠡᠨᠡ ᠸᠠᠩ ᠬᠡᠮᠡᠭᠴᠢ ᠨᠢᠭᠡᠨ ᠤᠯᠤᠰ ᠤ᠋ᠨ ᠡᠵᠡᠨ ᠬᠠᠭᠠᠨ ᠪᠥᠭᠡᠳ ᠪᠣᠭᠳᠠ ᠡᠵᠡᠨ ᠦ᠌ ᠪᠠᠭᠤᠯᠭᠠᠭᠰᠠᠨ ᠮᠠᠰᠢ ᠴᠢᠩᠭ᠎ᠠ ᠴᠠᠭᠠᠵᠠ ᠬᠠᠤᠯᠢ ᠪᠣᠢ᠃ ᠲᠡᠳᠡᠨ ᠦ᠌ ᠭᠡᠷᠦᠨ ᠥᠰᠢᠶ᠎ᠡ᠂ ᠳᠠᠢᠰᠤᠨ ᠤ᠋ ᠦᠢᠮᠡᠭᠡᠨ ᠱᠤᠤᠭᠢᠶᠠᠨ ᠢ᠋ ᠲᠠ ᠨᠠᠷ ᠴᠥᠮ ᠨᠢᠳᠦᠨ ᠢ᠋ᠶ᠋ᠡᠷ ᠦᠵᠡᠭᠰᠡᠨ ᠪᠢᠰᠢᠦ ? ᠬᠢᠴᠢᠶᠡᠬᠦᠢ ᠶ᠋ᠢᠨ ᠳᠡᠭᠡᠷ᠎ᠡ ᠬᠢᠴᠢᠶᠡᠨ᠂ ᠰᠡᠷᠡᠮᠵᠢᠯᠡᠬᠦᠢ ᠶ᠋ᠢᠨ ᠳᠡᠭᠡᠷ᠎ᠡ ᠰᠡᠷᠡᠮᠵᠢᠯᠡᠭᠲᠦᠨ᠃ ᠲᠡᠢᠨ ᠳᠠᠢᠰᠤᠨ ᠤ᠋ ᠳᠣᠲᠣᠷ᠎ᠠ ᠬᠠᠮᠠᠭᠠᠯᠠᠨ ᠰᠠᠬᠢᠬᠤᠢ ᠶ᠋ᠢᠨ ᠶᠣᠰᠣᠭᠠᠷ ᠬᠠᠮᠠᠭᠠᠯᠠᠨ ᠰᠠᠬᠢᠭᠲᠤᠨ᠂ ᠥᠴᠦᠬᠡᠨ ᠲᠡᠳᠦᠢ ᠴᠦ᠍ ᠣᠰᠣᠯ ᠴᠠᠯᠠᠭᠠᠢ ᠪᠣᠯᠤᠭᠠᠳ᠂ ᠬᠠᠭᠠᠨ ᠡᠵᠡᠨ ᠦ᠌ ᠠᠢᠯᠠᠳᠤᠨ ᠪᠠᠢᠴᠠᠭᠠᠬᠤᠢ ᠳ᠋ᠤᠷ ᠬᠡᠷᠪᠡ ᠪᠠᠬᠠᠨ ᠶᠠᠷᠰᠢᠭ ᠤᠷᠰᠢᠭ ᠳᠡᠭᠳᠡᠨ᠂ ᠡᠨᠡ ᠸᠠᠩ ᠤ᠋ᠨ ᠠᠮᠢᠨ ᠪᠡᠶ᠎ᠡ ᠳ᠋ᠦ᠍ᠷ ᠥᠴᠦᠬᠡᠨ ᠲᠡᠳᠦᠢ ᠬᠣᠣᠷ ᠬᠥᠨᠥᠭᠡᠯ ᠪᠣᠯᠪᠠᠰᠤ᠂ ᠲᠠᠨ ᠤ᠋ ᠪᠦᠭᠦᠳᠡᠭᠡᠷ ᠬᠠᠭᠠᠨ ᠡᠵᠡᠨ ᠦ᠌ ᠬᠠᠲᠠᠭᠤ ᠬᠤᠷᠴᠠ ᠴᠠᠭᠠᠵᠠ ᠠ᠋ᠴᠠ ᠬᠡᠷᠬᠢᠪᠡᠴᠦ ᠬᠡᠯᠲᠦᠷᠢᠨ ᠭᠡᠲᠦᠯᠬᠦᠶ᠎ᠡ ᠪᠡᠷᠬᠡ ᠲᠤᠯᠠ ᠰᠠᠢᠲᠤᠷ ᠬᠢᠴᠢᠶᠡᠨ ᠲᠡᠮᠳᠡᠭᠯᠡᠭᠲᠦᠨ! 》 ᠭᠡᠮᠡᠨ ᠸᠠᠩ ᠤ᠋ᠨ ᠲᠡᠮᠳᠡᠭᠲᠦ ᠵᠡᠪᠰᠡᠭ ᠬᠣᠷᠢᠨ ᠨᠢᠭᠡᠨ ᠵᠦᠢᠯ ᠢ᠋ ᠨᠢᠭᠡᠨ ᠬᠢᠭᠢᠷᠢ ᠯᠦ᠍ᠭᠡ ᠲᠤᠰᠢᠶᠠᠨ ᠥᠭᠴᠦ᠂ ᠰᠤᠯᠠ ᠬᠥᠮᠦᠨ ᠣᠷᠣᠬᠤ ᠶ᠋ᠢ ᠴᠠᠭᠠᠵᠠᠯᠠᠨ᠂ ᠸᠠᠩ ᠪᠤᠯᠤ ᠶ᠋ᠢ ᠮᠥᠩᠭᠥᠨ ᠭᠢᠨᠵᠢ ᠲᠡᠢ ᠲᠤᠰᠢᠶᠠᠨ ᠦᠭᠲᠡᠯ᠎ᠡ ᠪᠤᠯᠤ ᠸᠠᠩ ᠳᠡᠭᠦᠨᠦ ᠠᠮᠢᠨ ᠢ᠋ ᠬᠠᠮᠠᠭᠠᠯᠠᠭᠤᠯᠤᠨ ᠰᠠᠬᠢᠭᠤᠯᠬᠤᠢ ᠬᠡᠰᠢᠭ ᠲᠣᠷ ᠳᠠᠬᠢᠨ ᠳᠠᠬᠢᠨ ᠲᠠᠯᠠᠷᠬᠠᠨ ᠮᠥᠷᠭᠥᠮᠦᠢ᠃ 
          ᠰᠤᠯᠠ ᠰᠢᠯᠦᠭ 
         ᠠᠮᠢᠳᠤᠷᠠᠬᠤᠢ ᠶ᠋ᠢᠨ ᠠᠮᠲᠠ ᠶ᠋ᠢ ᠭᠦᠨ ᠮᠡᠳᠡᠪᠡᠰᠦ ᠦᠬᠦᠬᠦᠢ ᠶ᠋ᠢᠨ ᠴᠠᠭ ᠲᠤᠷ ᠲᠡᠰᠬᠦᠶ᠎ᠡ ᠪᠡᠷᠬᠡ 
         ᠠᠯᠠᠯᠳᠤᠬᠤᠢ ᠶ᠋ᠢᠨ ᠵᠠᠪᠰᠢᠶᠠᠨ ᠢ᠋ ᠶᠡᠬᠡᠳᠡ ᠣᠯᠪᠠᠰᠤ ᠳᠠᠷᠤᠭᠳᠠᠭᠰᠠᠨ ᠦᠶ᠎ᠡ ᠳ᠋ᠦ᠍ᠷ ᠬᠦᠯᠢᠴᠡᠬᠦᠶ᠎ᠡ ᠪᠡᠷᠬᠡ᠃ 
         ᠠᠳᠬᠠᠭ ᠤ᠋ᠨ ᠲᠡᠮᠡᠴᠡᠯ ᠢ᠋ ᠡᠭᠦᠷᠢᠳᠡ ᠪᠢᠰᠢᠯᠭᠠᠭᠰᠠᠨ ᠪᠤᠯᠤ ᠸᠠᠩ ᠠᠮᠢᠳᠤᠷᠠᠬᠤᠶ᠎ᠠ ᠮᠠᠰᠢ ᠪᠠᠬᠠᠲᠠᠢ 
         ᠠᠩᠬᠠᠨ ᠤ᠋ ᠬᠠᠷ᠎ᠠ ᠬᠢᠳᠠᠨ ᠤ᠋ ᠶᠧ ᠯᠢᠦᠢ ᡁᠢ ᠯᠦ᠍ ᠬᠦ ᠡᠭᠦᠨ ᠳ᠋ᠦ᠍ᠷ ᠦᠯᠢᠳᠬᠡᠪᠡᠰᠦ ᠡᠷ᠎ᠡ ᠠᠵᠤᠭᠤ᠃ 
         ᠠᠬᠤᠢ ᠶᠡᠬᠡ ᠲᠠᠢᠱᠠᠩ ᠬᠤᠸᠠᠩᠳᠢ ᠡᠷᠭᠦᠲᠡᠯ᠎ᠡ ᠦᠯᠦ ᠠᠮᠢᠳᠤᠷᠠᠬᠤ ᠶᠧ ᠯᠢᠦᠢ ᡁᠢ ᠯᠦ᠍ ᠬᠦ 
         ᠡᠡᠳᠡᠪᠡᠰᠢ ᠴᠢᠬᠤᠯ ᠶᠠᠯᠠᠲᠠᠨ ᠤ᠋ ᠬᠣᠷᠢᠭᠤᠯ ᠳ᠋ᠤᠷ ᠬᠡᠪᠲᠡᠵᠦ ᠠᠮᠢᠳᠤᠷᠠᠭᠴᠢ ᠪᠤᠯᠤ ᠸᠠᠩ᠃ 
         ᠠᠶ᠎ᠠ ᠬᠣᠬᠣᠢ ᠬᠣᠶᠠᠭᠤᠯᠠ ᠴᠥᠮ ᠬᠠᠭᠠᠨ ᠬᠡᠮᠡᠭᠳᠡᠬᠦ ᠨᠡᠷ᠎ᠡ ᠴᠣᠯᠠᠲᠠᠨ ᠪᠥᠭᠡᠲᠡᠯ᠎ᠡ 
         ᠠᠮᠢᠳᠤᠷᠠᠯ ᠳᠤᠷᠠᠯᠠᠯ ᠤ᠋ᠨ ᠠᠪᠤᠴᠠ ᠠᠨᠤ ᠠᠪᠠᠢ ᠶᠠᠭᠤᠲᠠᠢ ᠡᠨᠡ ᠮᠡᠲᠦ ᠥᠪᠡᠷ᠎ᠡ ? 

       ᠲᠡᠨᠳᠡᠴᠡ ᠴᠡᠷᠢᠭ ᠦ᠋ᠨ ᠬᠦᠷᠢᠶ᠎ᠡ ᠪᠦᠷᠢ ᠳ᠋ᠦ᠍ᠷ ᠬᠡᠩᠭᠡᠷᠭᠡ ᠬᠠᠷᠠᠩᠭ᠎ᠠ ᠶ᠋ᠢᠨ ᠳᠣᠬᠢᠶ᠎ᠠ ᠲᠡᠮᠳᠡᠭ ᠳᠦᠷᠬᠢᠷᠡᠯᠴᠡᠨ ᠬᠠᠭᠠᠨ ᠡᠵᠡᠨ ᠢ᠋ ᠤᠭᠲᠤᠬᠤᠢ ᠶ᠋ᠢ ᠪᠡᠯᠡᠳᠬᠡᠨ ᠦᠢᠮᠡᠯᠳᠦᠬᠦᠶ᠎ᠡ᠂ ᠪᠡᠯᠭᠦᠳᠡᠢ ᠴᠢᠨ ᠸᠠᠩ ᠶᠠᠭᠠᠷᠠᠨ ᠪᠤᠯᠤ ᠸᠠᠩ ᠢ᠋ ᠰᠠᠢᠨ ᠦᠭᠡ ᠪᠡᠷ ᠲᠣᠬᠣᠷᠤᠭᠤᠯᠤᠨ ᠠᠯᠪᠠᠨ ᠤ᠋ ᠲᠤᠰᠢᠶᠠᠯᠳᠠᠨ᠎ᠠ ᠲᠤᠰᠢᠶᠠᠨ ᠥᠭᠴᠦ ᠢᠯᠡᠭᠡᠲᠡᠯ᠎ᠡ᠂ ᠵᠢᠨᠦᠩ ᠦ᠋ᠨ ᠵᠠᠬᠢᠷᠭᠠᠨ ᠤ᠋ ᠭᠠᠵᠠᠷ ᠠ᠋ᠴᠠ ᠴᠢᠨ ᠸᠠᠩ ᠪᠡᠯᠭᠦᠳᠡᠢ ᠶ᠋ᠢ ᠭᠤᠷᠪᠠᠨ ᠬᠦᠷᠢᠶᠡᠨ ᠦ᠌ ᠡᠵᠡᠳ ᠲᠡᠷᠢᠭᠦᠯᠡᠭᠴᠢ ᠶ᠋ᠢ ᠠᠪᠴᠤ ᠬᠠᠭᠠᠨ ᠡᠵᠡᠨ ᠢ᠋ ᠲᠡᠷᠢᠭᠦᠨ ᠤᠭᠲᠤᠯᠭᠠᠨ᠎ᠠ ᠤᠭᠲᠤᠭᠲᠤᠨ ᠭᠡᠮᠡᠨ ᠵᠠᠷᠯᠠᠨ ᠢᠷᠡᠭᠰᠡᠨ᠎ᠡ᠂ ᠪᠡᠯᠡᠨ ᠪᠦᠬᠦᠢ ᠳᠣᠬᠢᠶ᠎ᠠ ᠪᠠᠨ ᠲᠠᠯᠪᠢᠵᠤ᠂ ᠵᠣᠭᠰᠣᠭᠠᠪᠠᠷ ᠳᠠᠷᠤᠢ ᠲᠤᠭ ᠬᠥᠳᠡᠯᠭᠡᠨ ᠬᠦᠨᠳᠦᠯᠡᠪᠡ᠃ ᠵᠢᠴᠢ ᠡᠳᠦᠷ ᠦ᠋ᠨ ᠳᠡᠳ᠋ ᠤᠭᠲᠤᠯᠭᠠᠨ᠎ᠠ ᠪᠤᠭᠤᠷᠵᠢ ᠪᠤᠭᠤᠷᠤᠯ ᠬᠣᠶᠠᠷ ᠶᠡᠬᠡ ᠲᠠᠢᠪᠤᠤ ᠬᠦᠩ ᠬᠦᠯᠦᠭ ᠨᠣᠶᠠᠨ᠂ ᠪᠤᠯᠤ ᠸᠠᠩ ᠢ᠋ ᠬᠦᠯᠢᠨ ᠠᠪᠴᠢᠷᠠᠵᠤ ᠶᠡᠬᠡ ᠮᠢᠩᠭᠠᠨ ᠢ᠋ᠶ᠋ᠠᠷ ᠤᠭᠲᠤᠪᠠ᠃ ᠭᠤᠲᠠᠭᠠᠷ ᠡᠳᠦᠷ ᠲᠣᠷ ᠬᠣᠲᠠᠨ ᠤ᠋ ᠭᠠᠳᠠᠨ᠎ᠠ ᠮᠤᠬᠤᠯᠢ᠂ ᠪᠦᠬᠦ ᠥᠪᠡᠷ ᠪᠠ ᠪᠤᠰᠤᠳ ᠤ᠋ᠨ ᠣᠯᠠᠨ ᠠᠢᠮᠠᠭ ᠤ᠋ᠨ ᠭᠠᠪᠢᠶᠠᠲᠤ ᠡᠵᠡᠳ ᠨᠠᠷ ᠢ᠋ ᠳᠠᠭᠠᠭᠤᠯᠤᠨ ᠰᠥᠭᠥᠳᠦᠨ ᠮᠥᠷᠭᠥᠵᠦ ᠤᠭᠲᠤᠬᠤᠶ᠎ᠠ᠂ ᠪᠣᠭᠳᠠ ᠡᠵᠡᠨ ᠤᠷᠢᠳᠤ ᠡᠳᠦᠷ ᠪᠤᠯᠤ ᠸᠠᠩ ᠢ᠋ ᠦᠵᠡᠭᠡᠳ ᠵᠠᠷᠯᠢᠭ ᠦᠭᠡᠢ ᠬᠡᠮᠡᠬᠦᠢ ᠳ᠋ᠦ᠍ᠷ ᠡᠨᠡ ᠡᠳᠦᠷ ᠪᠠᠰᠠ ᠠᠪᠴᠤ ᠲᠡᠷᠢᠭᠦᠨ ᠳ᠋ᠦ᠍ᠷ ᠰᠥᠭᠥᠳᠬᠡᠭᠰᠡᠨ᠎ᠡ᠂ ᠬᠠᠭᠠᠨ ᠵᠢᠨᠦᠩ ᠮᠤᠬᠤᠯᠢ ᠳ᠋ᠤᠷ ᠮᠣᠳᠣᠷ ᠢ᠋ᠶ᠋ᠠᠷ ᠰᠠᠷᠬᠤᠳ ᠬᠦᠷᠲᠡᠭᠡᠨ ᠡᠭᠡᠵᠦ᠂ ᠪᠤᠯᠤ ᠸᠠᠩ ᠢ᠋ ᠦᠵᠡᠭᠡᠳ ᠪᠠᠶᠠᠷ ᠦᠭᠡᠢ  ᠪᠣᠯᠵᠤ ᠵᠠᠷᠯᠢᠭ ᠪᠣᠯᠤᠷᠤᠨ : 《ᠡᠵᠡᠨ ᠡᠴᠢᠭᠡ ᠪᠡᠨ ᠭᠠᠷᠳᠠᠵᠤ ᠠᠯᠠᠭᠰᠠᠨ ᠳᠠᠪᠬᠤᠷ ᠶᠠᠯᠠᠲᠠᠨ ᠢ᠋ ᠲᠡᠵᠢᠭᠡᠭᠰᠡᠨ ᠮᠤᠩᠬᠠᠭ᠂ ᠡᠴᠢᠭᠡ ᠠᠬ᠎ᠠ ᠶ᠋ᠢᠨ ᠡᠰᠢ ᠬᠡᠯᠬᠢᠶ᠎ᠡ ᠶ᠋ᠢ ᠡᠰᠡᠷᠭᠦᠴᠡᠨ ᠲᠠᠰᠤᠯᠤᠭᠰᠠᠨ ᠢᠴᠢᠩᠭᠦᠷᠡᠯ ᠦᠭᠡᠢ ᠬᠣᠬᠢᠶ᠎ᠠ ᠬᠠᠭᠠᠨ ᠴᠣᠯᠠ ᠶ᠋ᠢ ᠬᠠᠰᠤᠵᠤ ᠡᠪᠳᠡᠭᠡᠳ᠂ ᠬᠠᠷᠠᠩᠭᠤᠢ ᠶᠠᠯᠠᠳᠠᠨ᠎ᠠ ᠰᠠᠴᠠᠭᠤ ᠪᠤᠯᠬ᠎ᠠ !》 ᠬᠡᠮᠡᠭᠰᠡᠨ᠎ᠡ᠂ ᠬᠠᠵᠠᠭᠤ ᠳ᠋ᠤᠷ ᠬᠠᠳᠠᠭᠠᠯᠠᠬᠤ ᠬᠠᠷᠠᠭᠤᠯ ᠤ᠋ᠨ ᠰᠠᠢᠳ ᠤ᠋ᠳ ᠪᠤᠯᠤ ᠶ᠋ᠢᠨ ᠬᠠᠢᠷᠠᠨ ᠰᠠᠢᠬᠠᠨ ᠰᠢᠷ᠎ᠠ ᠮᠠᠩᠨᠤᠭ ᠬᠠᠭᠠᠨ ᠤ᠋ ᠮᠠᠯᠠᠭ᠎ᠠ ᠶ᠋ᠢ ᠠᠨᠤ ᠬᠠᠷᠴᠢᠭᠢᠨᠠᠨ ᠫᠠᠷᠴᠢᠭᠢᠨᠠᠲᠠᠯ᠎ᠠ ᠤᠷᠠᠵᠤ ᠰᠢᠪᠲᠤᠴᠢᠭᠠᠳ ᠬᠠᠷ᠎ᠠ ᠦᠨᠡᠭᠡᠨ ᠵᠢᠩᠰᠡᠨ ᠦ᠌ ᠳᠡᠪᠢᠰᠬᠡᠷ ᠢ᠋ ᠢᠨᠦ ᠬᠠᠭ᠎ᠠ ᠲᠠᠲᠠᠵᠤ ᠠᠪᠤᠭᠠᠳ ᠬᠠᠷ᠎ᠠ ᠲᠡᠮᠦᠷ ᠭᠢᠨᠵᠢ ᠰᠤᠭᠤᠨᠠᠭ ᠢ᠋ᠶ᠋ᠠᠷ ᠬᠠᠯᠠᠨ ᠭᠢᠨᠵᠢᠯᠡᠭᠡᠳ᠂ ᠬᠠᠲᠠᠭᠤ ᠵᠠᠩᠳᠤᠷᠤᠨ ᠢᠰᠬᠦᠴᠢᠨ ᠤᠨᠠᠭᠠᠵᠤ᠂ ᠦᠮᠭᠥᠷᠢᠳᠦᠭᠦᠯᠦᠨ ᠲᠣᠭᠣᠷᠢᠳᠠᠭᠤᠯᠵᠤ ᠴᠢᠷᠴᠦ ᠠᠪᠠᠴᠢᠪᠠ᠃ ᠠᠶ᠎ᠠ ᠡᠭᠦᠨ ᠳ᠋ᠦ᠍ᠷ ᠠᠯᠲᠠᠨᠱᠠᠭ᠎ᠠ ᠶ᠋ᠢᠨ ᠠᠢᠮᠠᠭ ᠤᠯᠤᠰ ᠤ᠋ᠨ ᠬᠣᠲᠠᠯᠠᠭᠠᠷ ᠡᠷ᠎ᠡ ᠡᠮ᠎ᠡ ᠡᠵᠡᠨ ᠰᠠᠢᠳ ᠴᠡᠷᠢᠭ ᠢᠷᠭᠡᠨ ᠬᠥᠲᠥᠴᠢ ᠪᠥᠯᠴᠢᠨ ᠳ᠋ᠦ᠍ᠷ ᠬᠦᠷᠲᠡᠯ᠎ᠡ ᠬᠠᠭᠠᠨ ᠡᠵᠡᠨ ᠦ᠌ ᠬᠠᠳᠠᠨ ᠵᠠᠰᠠᠭ ᠲᠤᠷ ᠬᠠᠮᠤᠭ ᠶᠠᠰᠤ ᠦᠰᠦ ᠤᠨᠲᠠᠷᠠᠲᠠᠯ᠎ᠠ ᠰᠢᠳᠦᠨ ᠰᠦᠰᠦᠭᠯᠡᠵᠦ ᠂ ᠱᠣᠭᠰᠢᠯᠴᠠᠨ ᠤᠬᠢᠯᠠᠯᠴᠠᠨ ᠬᠡᠰᠢᠭ ᠲᠣᠷ ᠮᠥᠷᠭᠥᠬᠦᠶ᠎ᠡ᠂ ᠨᠡᠩ ᠢᠯᠡᠭᠦᠦ ᠬᠥᠭᠰᠢᠨ ᠬᠥᠭᠡᠷᠳᠡᠩ ᠲᠠᠢᠹᠦ᠋ ᠲᠦᠰᠢᠮᠡᠯ ᠢᠳᠡᠷ ᠳᠣᠪᠣ ᠳᠥᠷᠪᠡᠨ ᠮᠥᠴᠡ ᠪᠡᠷ ᠵᠠᠮ ᠤ᠋ᠨ ᠬᠠᠵᠠᠭᠤᠳᠠ ᠮᠥᠯᠬᠥᠨ ᠰᠥᠭᠥᠳᠴᠦ ᠪᠠᠢᠭᠰᠠᠨ ᠤ᠋ ᠲᠤᠯᠠᠳᠠ ᠬᠠᠭᠠᠨ ᠡᠵᠡᠨ᠂ ᠪᠤᠯᠤ ᠸᠠᠩ ᠤ᠋ᠨ ᠬᠠᠮᠤᠭ ᠴᠣᠯᠠ ᠶ᠋ᠢ ᠬᠠᠰᠤᠵᠤ᠂ ᠬᠠᠷᠠᠩᠭᠤᠢ ᠶᠠᠯᠠᠲᠠᠨ ᠪᠣᠯᠭ᠎ᠠ ᠬᠡᠮᠡᠬᠦ ᠵᠠᠷᠯᠢᠭ ᠪᠣᠯᠬᠤᠶ᠎ᠠ ᠬᠠᠷᠠᠨ ᠬᠠᠷᠠᠨ ᠦᠵᠡᠵᠦ᠂ ᠬᠠᠲᠠᠭᠤ ᠰᠢᠷᠣᠢ ᠶ᠋ᠢᠨ ᠵᠠᠮ ᠳ᠋ᠤᠷ ᠬᠠᠪᠤᠳᠤᠨ ᠬᠥᠭᠡᠷᠲᠡᠯ᠎ᠡ ᠮᠥᠷᠭᠥᠵᠦ᠄ 
          ᠪᠣᠭᠳᠠ ᠡᠵᠡᠨ ᠮᠢᠨᠦ   
          ᠪᠣᠭᠣᠮᠢᠯᠠᠬᠤ ᠵᠠᠷᠯᠢᠭ ᠪᠠᠭᠤᠯᠭ᠎ᠠ᠂  
          ᠬᠠᠭᠠᠨ ᠡᠵᠡᠨ ᠮᠢᠨᠦ  
          ᠬᠠᠪᠴᠢᠬᠤ ᠵᠠᠷᠯᠢᠭ ᠪᠠᠭᠤᠯᠭ᠎ᠠ ᠂  
          ᠲᠡᠩᠬᠡᠷᠢᠯᠢᠭ ᠡᠵᠡᠨ ᠮᠢᠨᠦ    
          ᠲᠡᠩᠬᠡᠭᠦᠯᠬᠦ ᠵᠠᠷᠯᠢᠭ ᠪᠠᠭᠤᠯᠭ᠎ᠠ ᠂
          ᠠᠯᠲᠠᠨ ᠡᠵᠡᠨ ᠮᠢᠨᠦ 
          ᠠᠯᠠᠬᠤ ᠵᠠᠷᠯᠢᠭ ᠪᠠᠭᠤᠯᠭ᠎ᠠ ! 
ᠭᠡᠮᠡᠨ ᠪᠥᠮᠪᠥᠷᠢᠲᠡᠨ ᠦᠮᠬᠥᠷᠢᠲᠦᠵᠦ᠂ ᠪᠤᠷᠬᠢᠷᠠᠨ ᠮᠥᠷᠭᠥᠯᠬᠢᠯᠡᠭᠦᠶ᠎ᠡ᠂ ᠪᠦᠬᠦᠯᠢ ᠪᠡᠶ᠎ᠡ ᠳ᠋ᠦᠷ ᠰᠢᠪᠡᠷ ᠰᠢᠷᠣᠢ ᠨᠠᠭᠠᠯᠳᠤᠨ ᠰᠠᠬᠠᠯ ᠦᠰᠦ ᠨᠢᠰᠦ ᠨᠢᠯᠪᠤᠰᠤᠨ᠎ᠠ ᠡᠯᠡᠰᠦ ᠲᠣᠭᠣᠰᠣ ᠪᠢᠯᠳᠠᠨ ᠰᠢᠷᠠᠯᠳᠤᠵᠤ᠂ ᠪᠠᠰᠠ ᠬᠠᠭᠠᠨ ᠡᠵᠡᠨ ᠦ᠌ ᠬᠠᠲᠠᠭᠤ ᠵᠠᠷᠯᠢᠭ ᠪᠠᠭᠤᠵᠤ᠂ ᠬᠠᠳᠠᠭᠠᠯᠠᠬᠤ ᠴᠡᠷᠢᠭ ᠦ᠋ᠳ ᠪᠤᠯᠤ ᠸᠠᠩ ᠢ᠋ ᠪᠣᠭᠣᠮᠢᠳᠠᠨ ᠣᠢᠴᠢᠭᠤᠯᠵᠤ ᠢᠰᠬᠦᠴᠢᠨ ᠤᠨᠠᠭᠠᠵᠤ ᠬᠦᠯᠢᠭᠡᠳ ᠴᠢᠷᠦᠨ ᠠᠪᠠᠴᠢᠬᠤᠶ᠎ᠠ᠂ ᠲᠡᠷᠡ ᠢᠳᠡᠷ ᠳᠣᠪᠣ ᠬᠡᠳᠦᠨ ᠵᠠᠩ ᠤ᠋ᠨ ᠬᠣᠯᠠ ᠬᠣᠭᠣᠰᠣᠨ ᠭᠠᠵᠠᠷ ᠲᠤᠷ ᠰᠢᠳᠦ ᠪᠡᠨ ᠬᠠᠭ᠎ᠠ ᠬᠠᠵᠠᠵᠤ ᠨᠢᠳᠦ ᠪᠡᠨ ᠪᠤᠯᠲᠠᠷᠠᠲᠠᠯ᠎ᠠ ᠬᠦᠯᠦᠢᠵᠦ᠂ ᠪᠡᠪᠡᠬᠡᠢ ᠪᠡᠨ ᠵᠠᠭᠤᠨ᠂ ᠲᠡᠳᠡᠭᠡᠷ ᠴᠡᠷᠢᠭ ᠦ᠋ᠳ ᠦ᠋ᠨ ᠮᠥᠷᠥ ᠪᠡᠷ ᠬᠦᠴᠦᠯᠡᠨ ᠲᠦᠯᠬᠢᠬᠦ ᠮᠡᠲᠦ ᠰᠡᠷᠪᠡᠯᠵᠡᠨ ᠪᠥᠵᠢᠭᠯᠡᠨ ᠪᠤᠯᠤ ᠸᠠᠩ ᠢ᠋ ᠬᠣᠭᠣᠰᠣᠨ ᠭᠠᠵᠠᠷ ᠲᠤᠷ ᠬᠦᠴᠦᠨ ᠦ᠌ ᠴᠢᠨᠡᠭᠡ ᠪᠡᠷ ᠢᠰᠬᠦᠴᠢᠬᠦ ᠮᠡᠲᠦ᠂ ᠪᠠᠵᠢᠭᠳᠠᠬᠤ ᠠᠳᠠᠯᠢ᠂ ᠴᠢᠷᠬᠦ ᠮᠡᠲᠦ᠂ ᠨᠢᠳᠤᠷᠭᠠᠳᠠᠬᠤ ᠠᠳᠠᠯᠢ ᠪᠠᠷ ᠲᠣᠭᠣᠰᠣᠨ ᠪᠤᠲᠠᠷᠠᠭᠤᠯᠤᠨ ᠭᠠᠷ ᠰᠡᠷᠪᠡᠯᠵᠡᠨ ᠬᠥᠯ ᠳᠡᠪᠬᠡᠴᠡᠨ᠂ ᠠᠮᠠᠨ ᠢ᠋ᠶ᠋ᠠᠷ ᠬᠠᠵᠠᠯᠭᠢᠯᠠᠨ᠂ ᠲᠣᠯᠣᠭᠠᠢ ᠪᠠᠷ ᠮᠥᠷᠬᠥᠯᠬᠢᠯᠡᠬᠦ ᠮᠡᠲᠦ᠂ ᠥᠮᠭᠥᠷᠢᠨ ᠲᠣᠭᠣᠷᠢᠳᠠᠵᠤ ᠦᠰᠦᠷᠦᠨ ᠪᠣᠰᠴᠤ᠂ ᠪᠠᠰᠠ ᠳᠠᠷᠤᠨ ᠬᠡᠪᠲᠡᠬᠦᠶ᠎ᠡ᠂ ᠵᠠᠭᠤᠨ ᠨᠣᠶᠠᠳ᠂ ᠮᠢᠩᠭᠠᠨ ᠵᠠᠩᠵᠤᠨ ᠢᠨᠢᠶᠡᠳᠦᠮ ᠡᠰᠡ ᠠᠯᠳᠠᠭᠰᠠᠨ ᠬᠥᠮᠦᠨ ᠦᠭᠡᠢ ᠶ᠋ᠢ ᠴᠦ᠍ ᠪᠠᠢᠲᠤᠭᠠᠢ᠂ ᠲᠠᠢᠽᠦ ᠴᠢᠩᠭᠢᠰ ᠬᠠᠭᠠᠨ ᠴᠤ᠌ ᠥᠴᠦᠬᠡᠨ ᠮᠦᠰᠢᠶᠡᠵᠦ᠂ ᠣᠯᠠᠨ ᠨᠣᠶᠠᠳ ᠲᠦᠰᠢᠮᠡᠳ ᠸᠠᠩ ᠰᠠᠢᠳ ᠤ᠋ᠳ ᠤ᠋ᠨ ᠵᠦᠭ ᠵᠠᠷᠯᠢᠭ ᠪᠣᠯᠤᠷᠤᠨ :
      《ᠲᠡᠨᠡᠭ ᠰᠠᠢᠳ ᠲᠡᠷᠡ ᠳᠡᠭᠦᠨᠦ ᠡᠵᠡᠨ ᠦ᠌ ᠪᠡᠨ ᠲᠥᠯᠥᠭᠡ ᠲᠡᠰᠴᠦ ᠶᠠᠳᠠᠬᠤ ᠴᠢᠩ ᠦᠨᠡᠨ ᠵᠢᠷᠤᠮ ᠪᠣᠯᠠᠢ ! ᠵᠢᠨᠦᠩ ᠢᠯᠭᠠᠨ ᠱᠠᠩᠨᠠᠭᠲᠤᠨ》ᠬᠡᠮᠡᠪᠡᠢ᠃ ᠡᠭᠦᠨ ᠳ᠋ᠦ᠍ᠷ ᠨᠠᠢ᠍ᠮᠠᠨ ᠤ᠋ ᠣᠯᠠᠨ ᠰᠠᠢᠳ ᠤ᠋ᠳ ᠶᠡᠬᠡᠯ᠎ᠡ ᠠᠶᠤᠯᠳᠤᠨ᠂ ᠴᠢᠦᠢ ᠱᠢ ᠯᠢ᠂ ᠮᠢᠩᠭᠠᠲᠠᠨ᠂ ᠦᠨᠡᠨ ᠴᠢᠩᠳᠦ ᠲᠠᠨ ᠮᠡᠩᠳᠡᠨ ᠰᠡᠩᠳᠡᠨ᠂ ᠢᠳᠡᠷ ᠳᠣᠪᠣ ᠶ᠋ᠢ ᠬᠠᠭᠠᠨ ᠤ᠋ ᠡᠮᠦᠨ᠎ᠡ ᠶᠣᠰᠣᠨ ᠠᠯᠳᠠᠭᠤᠵᠠᠢ ᠭᠡᠮᠡᠨ ᠶᠠᠭᠠᠷᠠᠨ ᠬᠣᠷᠢᠭᠯᠠᠨ ᠲᠠᠲᠠᠵᠤ ᠪᠠᠷᠢᠨ ᠰᠥᠭᠥᠳᠬᠡᠵᠦ ᠮᠥᠷᠭᠥᠭᠦᠯᠲᠡᠯ᠎ᠡ᠂ ᠵᠢᠨᠦᠩ ᠦ᠋ᠨ ᠡᠮᠦᠨ᠎ᠡ ᠡᠴᠡ ᠨᠢᠭᠡᠨ ᠪᠢᠴᠢᠬᠠᠨ ᠤᠯᠠᠭᠠ ᠳᠠᠯᠪᠠᠭ᠎ᠠ ᠪᠠ ᠪᠠᠰᠠ ᠨᠢᠭᠡᠨ ᠴᠠᠭᠠᠵᠠ ᠶ᠋ᠢᠨ ᠵᠡᠪᠡ ᠵᠠᠭᠤᠨ ᠯᠠᠩ ᠮᠥᠩᠭᠥ ᠱᠠᠩᠨᠠᠨ ᠬᠦᠷᠴᠦ ᠢᠷᠡᠭᠰᠡᠨ ᠳᠠᠯᠪᠠᠭ᠎ᠠ ᠵᠡᠪᠡ ᠢᠨᠦ ᠴᠢᠦᠢ ᠴᠦ ᠯᠢᠦᠢ ᠶ᠋ᠢ ᠡᠷᠢᠨ ᠪᠠᠷᠢᠬᠤᠢ ᠳ᠋ᠤᠷ ᠬᠠᠮᠢᠭ᠎ᠠ ᠬᠦᠷᠪᠡᠰᠦ ᠳᠠᠷᠤᠢ ᠲᠡᠨᠳᠡᠬᠢ ᠵᠠᠩᠵᠤᠨ ᠴᠡᠷᠢᠭ ᠢ᠋ ᠳᠤᠷ᠎ᠠ ᠪᠠᠷ ᠵᠠᠷᠯᠠᠵᠤ ᠳᠠᠢᠴᠢᠯᠠᠬᠤ ᠶᠠᠪᠤᠳᠠᠯ ᠳ᠋ᠤᠷ ᠲᠤᠰᠠᠯᠠᠭᠤᠯᠬᠤ ᠲᠡᠮᠳᠡᠭ ᠠᠵᠤᠭᠤ᠃ ᠨᠠᠢ᠍ᠮᠠᠨ ᠤ᠋ ᠡᠵᠡᠨ ᠠᠯᠲᠠᠨᠱᠠᠭ᠎ᠠ ᠲᠡᠷᠢᠭᠦᠯᠡᠨ ᠳᠠᠬᠢᠨ ᠨᠡᠬᠡᠨ ᠭᠦᠢᠴᠡᠵᠦ᠂ ᠵᠠᠮ ᠤ᠋ᠨ ᠬᠠᠵᠠᠭᠤᠳᠠ ᠰᠥᠭᠥᠳᠴᠦ ᠬᠡᠰᠢᠭ ᠲᠣᠷ ᠮᠥᠷᠭᠥᠪᠡ᠃ 
       ᠲᠡᠭᠦᠨᠴᠡ ᠶᠡᠬᠡ ᠫᠤᠤ ᠬᠥᠭᠵᠢᠮ ᠡᠭᠦᠰᠬᠡᠨ ᠬᠠᠭᠠᠨ ᠡᠵᠡᠨ ᠬᠣᠲᠠ ᠳ᠋ᠤᠷ ᠣᠷᠣᠵᠤ᠂ ᠳᠣᠲᠣᠭᠠᠳᠤ ᠣᠷᠳᠣᠨ ᠬᠦᠷᠢᠶᠡᠯᠡᠩ ᠦ᠋ᠨ ᠳᠡᠭᠡᠷᠡᠬᠢ ᠲᠠᠭᠲᠤ ᠳ᠋ᠤᠷ ᠪᠠᠷᠢᠭᠰᠠᠨ ᠶᠡᠷᠡᠨ ᠶᠢᠰᠦᠨ ᠬᠠᠨᠠᠲᠤ ᠠᠯᠲᠠᠨ ᠣᠷᠣᠢᠲᠤ ᠰᠢᠷ᠎ᠠ ᠯᠤᠤ ᠶ᠋ᠢᠨ ᠬᠠᠨ ᠦᠷᠭᠦᠭᠡᠨ᠎ᠡ ᠵᠠᠯᠠᠷᠠᠨ ᠪᠠᠭᠤᠵᠤ᠂ ᠵᠠᠭᠤᠨ ᠰᠠᠢᠳ ᠮᠥᠷᠭᠥᠵᠦ ᠪᠠᠷᠠᠭᠰᠠᠨ ᠬᠣᠢᠨ᠎ᠠ ᠰᠠᠶᠢ ᠶᠢᠰᠦ ᠶᠢᠰᠦᠨ ᠰᠢᠷᠡᠭᠡᠲᠦ ᠶᠡᠬᠡ ᠬᠤᠷᠢᠮ ᠢ᠋ ᠵᠡᠷᠭᠡᠯᠡᠨ ᠵᠢᠭᠰᠠᠭᠠᠵᠤ᠂ ᠬᠥᠭᠵᠢᠮ ᠡᠭᠦᠰᠬᠡᠨ ᠮᠤᠬᠤᠯᠢ ᠲᠡᠷᠢᠭᠦᠯᠡᠨ ᠰᠥᠭᠥᠳᠴᠦ᠂ ᠴᠢᠨ ᠸᠠᠩ ᠪᠦᠬᠦ ᠪᠡᠯᠭᠦᠳᠡᠢ ᠲᠡᠷᠢᠭᠦᠯᠡᠨ᠂ ᠪᠤᠭᠤᠷᠵᠢ ᠪᠤᠭᠤᠷᠤᠯ ᠴᠢᠯᠠᠭᠤᠨ ᠭᠤᠷᠪᠠᠨ ᠬᠦᠯᠦᠭ ᠲᠠᠢᠪᠤᠤ᠂ ᠬᠦᠩ ᠠᠯᠲᠠᠨᠱᠠᠭ᠎ᠠ᠂ ᠳᠡᠭᠡᠳᠦ ᠲᠠᠢᠹᠦ᠋ ᠲᠡᠮᠦᠷ᠂ ᠰᠡᠷᠭᠦᠯᠡᠩ ᠭᠦᠩᠵᠦ ᠰᠣᠯᠣᠩᠭᠤᠤ᠎ᠡ ᠲᠠᠨ ᠤ᠋ ᠡᠲᠡᠭᠡᠳ ᠡᠴᠡ ᠡᠬᠢᠯᠡᠨ ᠬᠦᠯᠦᠭ ᠪᠤᠭᠤᠷᠵᠢ᠂ ᠸᠠᠩ ᠪᠡᠯᠭᠦᠳᠡᠢ ᠬᠣᠶᠠᠭᠤᠯᠠ ᠬᠣᠣᠰ ᠬᠤᠨᠳᠠᠭ᠎ᠠ ᠡᠷᠭᠦᠵᠦ ᠲᠡᠷᠢᠭᠦᠨ ᠭᠠᠪᠢᠶ᠎ᠠ ᠶ᠋ᠢ ᠲᠡᠮᠳᠡᠭᠯᠡᠨ᠂ ᠪᠤᠭᠤᠷᠵᠢ ᠪᠤᠭᠤᠷᠤᠯ ᠢ ᠲᠡᠷᠢᠭᠦᠨ ᠰᠠᠭᠤᠳᠠᠯ᠂ ᠨᠠᠭᠠᠴᠤ ᠬᠦᠩ ᠠᠵᠢᠨᠠᠢ ᠮᠡᠷᠭᠡᠨ ᠬᠤᠳᠠᠷᠭ᠎ᠠ ᠪᠠᠭᠠᠲᠤᠷ ᠳᠡᠳ᠋ ᠰᠠᠭᠤᠳᠠᠯ᠂ ᠴᠢᠨ ᠸᠠᠩ ᠪᠦᠬᠦ ᠪᠡᠯᠭᠦᠳᠡᠢ ᠠᠯᠲᠠᠨᠱᠠᠭ᠎ᠠ᠂ ᠲᠡᠮᠦᠷ ᠲᠠᠢᠹᠦ᠋ ᠭᠤᠲᠠᠭᠠᠷ ᠰᠠᠭᠤᠳᠠᠯ᠂ ᠵᠢᠨᠦᠩ ᠲᠠᠢᠪᠤᠤ ᠮᠤᠬᠤᠯᠢ ᠨᠣᠶᠠᠨ ᠠ᠋ᠴᠠ ᠠᠩᠭᠢᠳᠠ ᠬᠦᠴᠦᠯᠡᠨ ᠵᠢᠳᠬᠦᠭᠰᠡᠨ ᠵᠠᠩᠵᠤᠨ ᠠᠯᠤᠬ᠎ᠠ ᠰᠦᠬᠡ ᠶ᠋ᠢᠨ ᠵᠡᠷᠭᠡ ᠶ᠋ᠢᠨ ᠠᠷᠠᠳ ᠢ᠋ ᠠᠪᠴᠤ ᠪᠠᠷᠠᠭᠤᠨ ᠡᠲᠡᠭᠡᠳ ᠦ᠋ᠨ ᠳᠡᠭᠡᠳᠦ ᠮᠥᠷ ᠲᠣᠷ ᠵᠢᠭᠰᠠᠭᠠᠨ᠂ ᠭᠠᠪᠢᠶᠠᠲᠤ ᠰᠠᠢᠳ ᠤ᠋ᠳ ᠢ᠋ ᠳᠠᠢᠴᠢᠯᠠᠬᠤ ᠰᠠᠭᠤᠳᠠᠯ ᠳ᠋ᠤᠷ ᠵᠣᠭᠰᠣᠵᠤ᠂ ᠪᠣᠭᠳᠠ ᠲᠠᠢᠽᠦ ᠴᠢᠩᠭᠢᠰ ᠬᠠᠭᠠᠨ ᠵᠠᠷᠯᠢᠭ ᠪᠠᠭᠤᠯᠭᠠᠨ ᠸᠠᠩ ᠰᠠᠢᠳ᠂ ᠵᠠᠭᠤᠨ ᠨᠣᠶᠠᠳ ᠢ᠋ ᠬᠤᠷᠢᠮ ᠳ᠋ᠤᠷ ᠰᠠᠭᠤ ᠬᠡᠮᠡᠲᠡᠯ᠎ᠡ᠂ ᠵᠠᠭᠤᠨ ᠲᠦᠰᠢᠮᠡᠳ ᠬᠡᠰᠢᠭ ᠲᠣᠷ ᠮᠥᠷᠭᠥᠵᠦ᠂ ᠲᠣᠭᠲᠠᠭᠠᠭᠰᠠᠨ ᠣᠷᠣᠨ ᠣᠷᠣᠨ ᠳ᠋ᠠᠭᠠᠨ ᠬᠣᠶᠠᠷ ᠰᠠᠢᠳ ᠨᠢᠭᠡᠨ ᠰᠢᠷᠡᠭᠡ᠂ ᠳᠣᠣᠷᠠᠲᠤ ᠲᠠᠢᠹᠦ᠋ ᠲᠦᠰᠢᠮᠡᠳ ᠲᠣᠷ ᠲᠤᠯᠲᠠᠯ᠎ᠠ ᠵᠠᠭᠤᠨ ᠰᠢᠷᠡᠭᠡ ᠰᠠᠭᠤᠵᠤ᠂ ᠪᠣᠭᠳᠠ ᠶ᠋ᠢᠨ ᠬᠥᠭᠵᠢᠮ ᠭᠤᠷᠪᠠᠨ ᠵᠡᠷᠭᠡ ᠦᠯᠢᠶᠡᠨ ᠳᠡᠯᠡᠳᠴᠦ᠂ ᠬᠠᠭᠠᠨ ᠤ᠋ ᠳᠠᠷᠠᠰᠤ ᠲᠠᠪᠤᠨ ᠵᠡᠷᠭᠡ ᠱᠠᠭᠠᠷᠳᠠᠨ ᠪᠠᠭᠤᠵᠤ ᠢᠷᠡᠭᠡᠳ᠂ ᠳᠡᠭᠡᠷ᠎ᠡ ᠡᠴᠡ ᠬᠠᠭᠠᠨ ᠡᠵᠡᠨ ᠵᠠᠷᠯᠢᠭ ᠪᠣᠯᠤᠷᠤᠨ᠄ 
      《ᠲᠥᠷᠥ ᠶ᠋ᠢᠨ ᠬᠣᠲᠠᠯᠠᠭᠠᠷ ᠤ᠋ᠨ ᠣᠯᠠᠨ ᠸᠠᠩ᠂ ᠶᠡᠬᠡ ᠰᠠᠢᠳ ᠤ᠋ᠳ ᠠ᠋ᠴᠠ ᠡᠬᠢᠯᠡᠨ ᠭᠤᠷᠪᠠᠨ ᠳᠡᠰ ᠦ᠋ᠨ ᠲᠠᠢᠹᠦ᠋ ᠲᠦᠰᠢᠮᠡᠳ ᠲᠣᠷ ᠬᠦᠷᠲᠡᠯ᠎ᠡ ᠰᠠᠢᠬᠠᠨ ᠰᠣᠨᠣᠰᠴᠤ ᠬᠢᠨᠠᠨ ᠲᠡᠮᠳᠡᠭᠯᠡᠵᠦ ᠠᠪᠤᠭᠲᠤᠨ : ᠮᠡᠬᠦᠰ ᠮᠢᠨᠦ ᠰᠠᠭᠤᠷᠢᠨ ᠳ᠋ᠤᠷ ᠰᠠᠭᠤᠭᠰᠠᠨ ᠡᠨᠡ ᠤᠯᠠᠭᠠᠨ ᠪᠠᠷᠰ ᠵᠢᠯ ᠡᠴᠡ ᠳᠡᠭᠡᠭᠰᠢ ᠲᠣᠭᠠᠯᠠᠵᠤ ᠭᠤᠷᠪᠠᠨ ᠵᠠᠭᠤᠨ ᠬᠣᠶᠠᠷ ᠣᠨ ᠤ᠋ ᠬᠥᠬᠡ ᠪᠠᠷᠰ ᠵᠢᠯ — ᠳᠠᠩ ᠤᠯᠤᠰ ᠤ᠋ᠨ ᠬᠣᠷᠢᠳᠤᠭᠠᠷ ᠦᠶ᠎ᠡ ᠶ᠋ᠢᠨ ᠡᠵᠡᠨ᠂ ᠳᠠᠩ  ᠵᠤᠤᠽᠥ᠋ᠩ ᠦ᠋ᠨ ᠵᠢᠩ ᠹᠦ ᠶ᠋ᠢᠨ ᠭᠤᠷᠪᠠᠳᠤᠭᠠᠷ ᠣᠨ ᠢ᠋ ᠴᠢᠶᠠᠨ ᠨᠢᠩ ᠦ᠋ᠨ ᠲᠡᠷᠢᠭᠦᠨ ᠣᠨ ᠭᠡᠮᠡᠨ ᠬᠠᠯᠠᠭᠰᠠᠨ ᠲᠡᠷᠡ ᠣᠨ ᠠ᠋ᠴᠠ ᠮᠠᠨ ᠤ᠋ ᠡᠨᠡ ᠤᠮᠠᠷᠠᠲᠤ ᠭᠠᠵᠠᠷ ᠣᠷᠣᠨ ᠤ᠋ ᠴᠢᠳᠠᠯᠲᠠᠨ ᠪᠦᠬᠦ ᠠᠢᠮᠠᠭ ᠤᠯᠤᠰ ᠤ᠋ᠳ ᠢ᠋ ᠬᠤᠷᠢᠶᠠᠮᠵᠢᠯᠠᠨ ᠡᠵᠡᠯᠡᠵᠦ᠂ ᠬᠢᠲᠠᠳ ᠦᠭᠡᠰ ᠢ᠋ᠶ᠋ᠡᠷ ᠴᠢᠳᠠᠨ ᠭᠡᠮᠡᠨ ᠨᠡᠷᠡᠢᠳᠦᠭᠰᠡᠨ ᠬᠢᠳᠠᠨ ᠤ᠋ ᠶᠧ ᠯᠢᠦᠢ ᠣᠪᠣᠭ ᠤ᠋ᠨ ᠠ ᠪᠤᠤ ᠵᠢᠢ᠂ ᠬᠢᠲᠠᠳ ᠨᠡᠷ᠎ᠡ ᠪᠡᠨ ᠢ ᠬᠡᠮᠡᠭᠰᠡᠨ ᠬᠢᠳᠠᠨ ᠤ᠋ ᠸᠠᠩ ᠰᠠᠭᠤᠵᠤ᠂ ᠶᠡᠬᠡ ᠤᠯᠤᠰ ᠪᠣᠯᠤᠭᠠᠳ᠂ ᠳᠡᠭᠦᠨᠦ ᠬᠥᠪᠡᠭᠦᠨ ᠳ᠋ᠦ᠍ᠷ ᠤᠯᠠᠮᠵᠢᠯᠠᠨ ᠯᠢᠶᠣᠣ ᠲᠠᠢᠽᠦ᠋ᠩ ᠬᠡᠮᠡᠭᠡᠳ᠂ ᠾᠧᠦ ᠳᠠᠩ — ᠬᠣᠢᠲᠤ ᠳᠠᠩ ᠢ᠋ ᠮᠥᠬᠥᠭᠡᠭᠡᠳ᠂ ᠬᠣᠢᠲᠤ ᠶ᠋ᠢᠨ ᠤᠯᠤᠰ ᠢ᠋ ᠡᠵᠡᠯᠡᠵᠦ᠂ ᠬᠢᠳᠠᠨ ᠬᠡᠮᠡᠬᠦ ᠬᠠᠭᠤᠴᠢᠨ ᠨᠡᠷ᠎ᠡ ᠪᠡᠨ ᠬᠠᠯᠠᠵᠤ᠂ ᠶᠡᠬᠡ ᠳ᠋ᠠᠢ ᠯᠢᠶᠣᠣ ᠤᠯᠤᠰ ᠪᠣᠯᠤᠭᠰᠠᠨ ᠠ᠋ᠴᠠ ᠡᠬᠢᠯᠡᠨ᠂ ᠯᠢᠶᠣᠣ ᠱᠢᠽᠦ᠋ᠩ᠂ ᠯᠢᠶᠣᠣ ᠮᠦᠽᠦ᠋ᠩ᠂ ᠯᠢᠶᠣᠣ ᠵᠠᠩᠽᠥ᠋ᠩ᠂ ᠯᠢᠶᠣᠣ ᠱᠸᠩᠽᠥ᠋ᠩ ᠦ᠋ᠨ ᠵᠡᠷᠭᠡ ᠶ᠋ᠢᠨ ᠬᠠᠳ ᠲᠤᠷ ᠬᠦᠷᠴᠦ ᠪᠠᠢᠲᠠᠯ᠎ᠠ᠂ ᠬᠣᠢᠲᠤ ᠵᠧᠦ ᠭᠦᠷᠦᠨ ᠦ᠌ ᠵᠣᠣ ᠣᠪᠣᠭᠲᠤ ᠺᠤᠸᠠᠩ ᠢᠨ ᠦ᠌ ᠪᠠᠢᠭᠤᠯᠤᠭᠰᠠᠨ ᠬᠣᠢᠲᠤ ᠪᠢᠶᠠᠨ ᠯᠢᠶᠠᠩ ᠪᠠᠯᠭᠠᠰᠤᠨ ᠤ᠋ ᠰᠥᠩ ᠤᠯᠤᠰ ᠤ᠋ᠨ ᠦᠷᠡᠰ ᠠᠴᠢ᠂ ᠠᠯᠲᠠᠨ ᠤᠯᠤᠰ ᠲᠤᠷ ᠪᠠᠷᠢᠭᠳᠠᠵᠤ ᠠᠪᠠᠴᠢᠭᠳᠠᠭᠰᠠᠨ᠂ ᠰᠥᠩ ᠦ᠋ᠨ ᠾᠦᠢᠽᠥ᠋ᠩ᠂ ᠴᠢᠡᠽᠥ᠋ᠩ ᠬᠦᠷᠲᠡᠯ᠎ᠡ ᠬᠣᠢᠲᠤ᠂ ᠡᠮᠦᠨ᠎ᠡ ᠶ᠋ᠢ ᠬᠤᠪᠢᠶᠠᠯᠴᠠᠨ ᠡᠵᠡᠯᠡᠵᠦ ᠬᠠᠮᠲᠤ ᠬᠣᠯᠢᠴᠠᠯᠳᠤᠨ᠂ ᠯᠢᠶᠣᠣ ᠰᠢᠩᠽᠦ᠋ᠩ᠂ ᠳ᠋ᠤᠤᠽᠥ᠋ᠩ ᠳ᠋ᠦ᠍ᠷ ᠬᠦᠷᠲᠡᠯ᠎ᠡ ᠶᠢᠰᠦᠨ ᠬᠠᠭᠠᠨ ᠤ᠋ ᠬᠣᠶᠠᠷ ᠵᠠᠭᠤᠨ ᠪᠥᠭᠡᠳ ᠶᠢᠰᠦᠨ ᠵᠢᠯ ᠳᠡᠭᠡᠷ᠎ᠡ᠂ ᠡᠳᠦᠭᠡᠬᠢ ᠶ᠋ᠢᠨ ᠠᠯᠲᠠᠨ ᠤ᠋ ᠲᠠᠢᠽᠥ᠋ᠩ ᠡᠤ ᠵᠣ᠌ ᠶ᠋ᠢᠨ ᠦᠶ᠎ᠡ ᠳ᠋ᠦ᠍ᠷ ᠨᠢᠭᠡᠨ ᠤᠳᠠᠭ᠎ᠠ ᠮᠥᠬᠥᠵᠦ ᠲᠠᠰᠤᠷᠠᠭᠳᠠᠭᠰᠠᠨ ᠪᠣᠯᠪᠠᠴᠤ ᠮᠥᠨ ᠬᠦ᠌ ᠯᠢᠶᠣᠣ ᠲᠠᠢᠽᠦ ᠠ ᠪᠤᠤ ᠵᠢᠢ ᠢ ᠶ᠋ᠢᠨ ᠨᠠᠢ᠍ᠮᠠᠳᠤᠭᠠᠷ ᠦᠶ᠎ᠡ ᠶ᠋ᠢᠨ ᠠᠴᠢ ᠶᠧ ᠯᠢᠦᠢ ᠳᠡ ᠱᠢ᠂ ᠯᠢᠶᠣᠣ ᠶ᠋ᠢᠨ ᠲᠥᠷᠥ ᠪᠡᠨ ᠳᠠᠬᠢᠨ ᠪᠠᠢᠭᠤᠯᠵᠤ ᠪᠠᠷᠠᠭᠤᠨᠰᠢ ᠨᠡᠭᠦᠨ ᠨᠡᠷ᠎ᠡ ᠪᠡᠨ ᠰᠢ ᠯᠢᠶᠣᠣ — ᠬᠠᠷ᠎ᠠ ᠬᠢᠳᠠᠨ ᠭᠡᠮᠡᠨ ᠨᠡᠷᠡᠯᠡᠭᠰᠡᠨ ᠡᠴᠡ ᠡᠬᠢᠯᠡᠨ᠂ ᠲᠡᠭᠦᠨ ᠦ᠌ ᠬᠥᠪᠡᠭᠦᠨ ᠯᠢᠶᠣᠣ ᠵᠸᠡᠽᠥ᠋ᠩ ᠳ᠋ᠦ᠍ᠷ ᠤᠯᠠᠮᠵᠢᠯᠠᠨ᠂ ᠰᠡᠭᠦᠯ ᠦ᠋ᠨ ᠦᠶ᠎ᠡ ᠶ᠋ᠢᠨ ᠡᠬᠡᠨᠡᠷ ᠡᠵᠡᠨ᠂ ᠬᠠᠳᠠᠮ ᠡᠬᠡ ᠪᠡᠷᠢ ᠬᠣᠶᠠᠷ ᠾᠧᠦ᠂ ᠬᠥᠭᠰᠢᠨ ᠵᠠᠯᠠᠭᠤ ᠬᠣᠶᠠᠷ ᠾᠧᠦ᠂ ᠲᠠᠢᠬᠡᠦ ᠡᠵᠡᠨ ᠡᠴᠡ ᠳᠣᠷᠣᠭᠰᠢ᠂ ᠪᠠᠰᠠ ᠡᠳᠦᠭᠡᠬᠢ ᠲᠠᠪᠤᠬᠠᠨ ᠣᠨ ᠤ᠋ ᠡᠮᠦᠨ᠎ᠡ ᠴᠠᠭᠠᠭᠴᠢᠨ ᠲᠠᠬᠢᠶ᠎ᠠ ᠵᠢᠯ ᠳ᠋ᠦ᠍ᠷ ᠮᠥᠨ ᠡᠨᠡ ᠨᠠᠢ᠍ᠮᠠᠨ ᠤᠯᠤᠰ ᠤ᠋ᠨ ᠴᠢᠦ᠋ ᠴᠦ ᠯᠢᠦᠢ ᠶ᠋ᠢᠨ ᠭᠡᠨᠡᠳᠡᠭᠦᠯᠵᠦ ᠪᠠᠷᠢᠵᠤ ᠬᠥᠨᠥᠭᠡᠭᠰᠡᠨ ᠯᠢᠶᠣᠣ ᠶ᠋ᠢᠨ ᠡᠴᠦᠰ ᠦ᠋ᠨ ᠡᠵᠡᠨ ᠶᠧ ᠯᠢᠦᠢ ᡁᠢ ᠯᠦ᠍ ᠬᠦ ᠳ᠋ᠦ᠍ᠷ ᠬᠦᠷᠲᠡᠯ᠎ᠡ ᠪᠠᠰᠠ ᠬᠦ᠌ ᠲᠠᠪᠤᠨ ᠤᠳᠠᠭ᠎ᠠ ᠶ᠋ᠢᠨ ᠡᠵᠡᠨ ᠵᠠᠯᠭᠠᠮᠵᠢᠯᠠᠨ ᠨᠠᠶᠠᠨ ᠨᠠᠢ᠍ᠮᠠᠨ ᠣᠨ ᠪᠣᠯᠤᠭᠰᠠᠨ ᠲᠠᠢ ᠤᠷᠢᠳ ᠬᠣᠵᠢᠳ ᠢ᠋ ᠬᠠᠮᠲᠤᠳᠬᠠᠪᠠᠰᠤ ᠨᠡᠢᠲᠡ ᠬᠣᠶᠠᠷ ᠵᠠᠭᠤᠨ ᠶᠡᠷᠡᠨ ᠳᠣᠯᠣᠭᠠᠨ ᠵᠢᠯ ᠰᠠᠭᠤᠭᠰᠠᠨ ᠪᠥᠯᠥᠭᠡ᠃ ᠡᠳᠦᠭᠡ ᠮᠥᠬᠥᠭᠰᠡᠨ ᠡᠴᠡ ᠪᠠᠰᠠ ᠵᠢᠷᠭᠤᠭᠠᠨ ᠵᠢᠯ ᠪᠣᠯᠤᠭᠰᠠᠨ ᠲᠠᠢ ᠲᠡᠷᠡ ᠬᠥᠬᠡ ᠬᠤᠯᠤᠭᠠᠨ᠎ᠠ ᠵᠢᠯ ᠡᠴᠡ ᠡᠨᠡ ᠤᠯᠠᠭᠠᠨ ᠪᠠᠷᠰ ᠵᠢᠯ ᠪᠣᠯᠲᠠᠯ᠎ᠠ ᠴᠢᠪ ᠴᠢᠬᠡ ᠭᠤᠷᠪᠠᠨ ᠵᠠᠭᠤᠨ ᠪᠥᠭᠡᠳ ᠭᠤᠷᠪᠠᠨ ᠣᠨ ᠪᠣᠯᠵᠤᠬᠤᠢ᠃ ᠡᠨᠡ ᠵᠠᠪᠰᠠᠷ᠎ᠠ ᠪᠠᠰᠠ ᠨᠢᠭᠡᠨ ᠬᠢᠳᠠᠨ ᠬᠡᠮᠡᠬᠦ ᠤᠯᠤᠰ ᠠᠢᠮᠠᠭ ᠤ᠋ᠨ ᠪᠢᠴᠢᠬᠠᠨ ᠰᠠᠯᠪᠤᠷᠢ ᠭᠠᠷᠴᠤ᠂ ᠴᠢᠦᠢ ᠴᠦ ᠯᠢᠦᠢ ᠯᠤ᠌ᠭᠡ ᠬᠦᠴᠦᠨ ᠨᠢᠭᠡᠳᠴᠦ ᠮᠠᠨ ᠤ᠋ ᠤᠯᠤᠰ ᠤ᠋ᠨ ᠵᠡᠭᠦᠨ ᠡᠮᠦᠨᠡᠭᠦᠷ ᠣᠷᠣᠵᠤ ᠬᠠᠯᠳᠠᠨ ᠪᠠᠢᠯᠳᠤᠷ᠎ᠠ ᠢᠷᠡᠭᠰᠡᠨ ᠬᠢᠳᠠᠨ ᠤ᠋ ᠥᠴᠦᠬᠡᠨ ᠡᠵᠡᠨ ᠠ ᠯᠦᠨ ᠸᠠᠩ ᠬᠡᠮᠡᠭᠴᠢ ᠬᠡᠳᠦᠢᠪᠡᠷ ᠮᠥᠨ ᠬᠦ᠌ ᠬᠠᠭᠤᠴᠢᠨ ᠳ᠋ᠠᠢ ᠯᠢᠶᠣᠣ ᠤᠯᠤᠰ ᠤ᠋ᠨ ᠦᠯᠡᠳᠡᠪᠦᠷᠢ ᠶᠧ ᠯᠢᠦᠢ ᠣᠪᠣᠭ ᠤ᠋ᠨ ᠨᠢᠭᠡᠨ ᠤᠭᠰᠠᠭ᠎ᠠ ᠮᠥᠨ ᠪᠣᠯᠪᠠᠴᠤ ᠴᠤᠬᠤᠮᠬᠠᠨ ᠪᠠᠰᠠ ᠯᠢᠶᠣᠣ ᠤᠯᠤᠰ ᠤ᠋ᠨ ᠨᠢᠭᠡᠨ ᠤᠭᠰᠠᠭ᠎ᠠ ᠶ᠋ᠢᠨ ᠳᠣᠲᠣᠷᠠᠬᠢ ᠤᠷᠪᠠᠭᠰᠠᠨ ᠥᠰᠢᠶᠡᠲᠦ ᠲᠡᠷᠰᠯᠡᠭᠦᠦ ᠨᠢᠭᠡᠨ ᠰᠠᠯᠠᠭ᠎ᠠ ᠠᠨᠤ ᠪᠣᠯᠠᠢ᠃ ᠡᠨᠡ ᠢᠨᠦ ᠴᠢᠪ ᠴᠢᠬᠡ ᠨᠠᠢ᠍ᠮᠠᠨ ᠠᠢᠮᠠᠭ ᠤ᠋ᠨ ᠴᠢᠦᠢ ᠴᠦ ᠯᠢᠦᠢ ᠲᠥᠷᠥᠭᠰᠡᠨ ᠠᠪᠠᠭ᠎ᠠ ᠡᠴᠢᠭᠡ ᠪᠡᠨ ᠲᠠᠢᠶᠠᠩ ᠬᠠᠭᠠᠨ ᠢ᠋ ᠠᠯᠠᠭᠰᠠᠨ ᠬᠡᠷᠡᠭ ᠯᠦᠭᠡ ᠠᠪ ᠠᠳᠠᠯᠢ ᠶᠠᠪᠤᠳᠠᠯ ᠪᠤᠶᠤ᠃ ᠡᠨᠡ ᠶᠧ ᠯᠢᠦᠢ ᠠ ᠯᠦᠨ᠂ ᠨᠠᠢ᠍ᠮᠠᠨ ᠤ᠋ ᠴᠢᠦᠢ ᠴᠦ ᠯᠢᠦᠢ ᠯᠦ᠍ᠭᠡ ᠤᠷᠤᠭ ᠪᠠᠷᠢᠨ ᠰᠦᠯᠪᠡᠭᠡᠯᠡᠨ ᠨᠢᠭᠡᠳᠴᠦ᠂ ᠤᠯᠤᠰ ᠢ᠋ᠶ᠋ᠠᠨ ᠬᠤᠳᠠᠯᠳᠤᠨ ᠡᠵᠡᠨ ᠢ᠋ᠶ᠋ᠡᠨ ᠪᠠᠷᠢᠭᠤᠯᠵᠤ᠂ ᠰᠠᠶᠢ ᠦᠯᠡᠳᠡᠵᠦ ᠬᠣᠴᠣᠷᠤᠭᠰᠠᠨ ᠨᠢᠭᠡᠨ ᠪᠢᠴᠢᠬᠠᠨ ᠵᠣᠪᠬᠢᠰ ᠢ᠋ ᠡᠵᠡᠯᠡᠨ ᠸᠠᠩ ᠬᠡᠮᠡᠭᠳᠡᠵᠦ᠂ ᠤᠭ ᠬᠠᠭᠤᠴᠢᠨ ᠬᠢᠳᠠᠨ ᠬᠡᠮᠡᠬᠦ ᠪᠡᠷ ᠬᠠᠯᠠᠨ ᠨᠡᠷᠡᠯᠡᠭᠡᠳ᠂ ᠴᠢ ᠸᠠᠩ ᠬᠡᠮᠡᠵᠦᠬᠦᠢ᠃ ᠡᠨᠡ ᠢᠨᠤ ᠴᠢᠪ ᠴᠢᠬᠡ ᠨᠠᠢ᠍ᠮᠠᠨ ᠤ᠋ ᠲᠥᠷᠥᠭᠰᠡᠨ ᠠᠪᠠᠭ᠎ᠠ ᠪᠠᠨ ᠠᠯᠠᠵᠤ᠂ ᠥᠪᠡᠷ ᠦ᠋ᠨ ᠤᠯᠤᠰ ᠢ᠋ᠶ᠋ᠠᠨ ᠮᠥᠬᠥᠭᠡᠭᠰᠡᠨ ᠴᠢᠦᠢ ᠴᠦ ᠯᠢᠦᠢ ᠶ᠋ᠢᠨ ᠬᠠᠮᠵᠢᠯ ᠬᠣᠷᠰᠢᠶ᠎ᠠ ᠪᠣᠯᠤᠯᠴᠠᠨ ᠶᠠᠪᠤᠯᠴᠠᠭᠰᠠᠨ ᠬᠠᠷᠭᠢᠰ ᠨᠠᠷ ᠤ᠋ᠨ ᠬᠠᠷᠢᠭᠤᠯᠠᠯ᠂ ᠪᠤᠷᠤᠩᠬᠤᠢ ᠨᠠᠷ ᠤ᠋ᠨ ᠪᠣᠯᠪᠠᠰᠤᠷᠠᠯ ᠪᠣᠯᠵᠤ᠂ ᠬᠣᠶᠠᠷ ᠡᠲᠡᠭᠡᠳ ᠬᠠᠮᠲᠤᠪᠠᠷ ᠪᠤᠰᠠᠨᠢᠨ ᠪᠤᠷᠤᠭᠤᠳᠴᠤ᠂ ᠪᠤᠲᠠᠷᠠᠨ ᠰᠠᠷᠨᠢᠭᠰᠠᠨ ᠠᠨᠤ ᠪᠤᠰᠤ ᠤᠤ ?  ᠬᠠᠢᠷᠠᠬᠠᠨ ! ᠮᠠᠨ ᠤ᠋ ᠤᠮᠠᠷᠠᠲᠤ ᠭᠠᠵᠠᠷ ᠤ᠋ᠨ ᠴᠢᠳᠠᠯᠲᠠᠨ ᠬᠦᠴᠦᠲᠡᠨ ᠢ᠋ᠶ᠋ᠡᠨ ᠲᠡᠵᠢᠭᠡᠨ ᠬᠥᠬᠢᠭᠦᠯᠵᠦ᠂ ᠡᠮᠦᠨᠡᠲᠦ ᠬᠢᠲᠠᠳ ᠲᠤᠷ ᠦᠬᠦᠨ ᠲᠤᠯᠵᠤ ᠦᠯᠦ ᠪᠣᠭᠣᠯᠴᠢᠯᠠᠭᠤᠯᠤᠨ ᠬᠠᠮᠠᠭᠠᠯᠠᠭᠰᠠᠨ ᠬᠠᠭᠤᠴᠢᠨ ᠯᠢᠶᠣᠣ ᠤᠯᠤᠰ ᠢ᠋ ᠮᠥᠬᠥᠭᠡᠭᠰᠡᠨ ᠢᠨᠤ ᠮᠠᠰᠢᠳᠠ ᠭᠠᠰᠢᠭᠤᠨ ᠪᠣᠯᠠᠢ ! ᠲᠡᠢᠨ ᠬᠦ᠌ ᠮᠡᠬᠦᠰ ᠪᠢ᠂ ᠮᠠᠨ ᠤ᠋ ᠤᠮᠠᠷᠠᠲᠤ ᠶ᠋ᠢᠨ ᠤᠭ ᠦᠨᠳᠦᠰᠦᠲᠦ ᠬᠠᠲᠠᠭᠤᠵᠢᠯᠲᠤ ᠯᠢᠶᠣᠣ ᠤᠯᠤᠰ ᠤ᠋ᠨ ᠶᠧ ᠯᠢᠦᠢ ᠠᠢᠮᠠᠭ ᠤ᠋ᠨ ᠦᠨᠡᠩᠬᠦ ᠤᠭᠰᠠᠭ᠎ᠠ᠂ ᠦᠨᠡᠩᠭᠦ ᠦᠷ᠎ᠡ ᠰᠢᠮ᠎ᠡ ᠶ᠋ᠢᠨ ᠠᠴᠢᠨᠠᠷ ᠤᠴᠢᠨᠠᠷ ᠢ᠋ ᠠᠨᠤ ᠣᠯᠵᠤ᠂ ᠬᠠᠭᠤᠴᠢᠨ ᠡᠵᠡᠳ ᠦ᠋ᠨ ᠵᠠᠯᠭᠠᠮᠵᠢ ᠶ᠋ᠢ ᠲᠣᠭᠲᠠᠨᠢᠭᠤᠯᠤᠨ ᠪᠠᠢᠭᠤᠯᠵᠤ᠂ ᠬᠠᠭᠤᠴᠢᠨ ᠳ᠋ᠠᠢ ᠯᠢᠶᠣᠣ ᠤᠯᠤᠰ ᠤ᠋ᠨ ᠭᠣᠣᠯ ᠲᠠᠬᠢᠯᠭ᠎ᠠ ᠶ᠋ᠢ ᠠᠨᠤ ᠵᠠᠯᠭᠠᠮᠵᠢᠯᠠᠨ ᠳᠠᠬᠢᠭᠤᠯᠵᠤ ᠴᠢᠳᠠᠭᠤᠯᠤᠮᠤᠢ ᠭᠡᠮᠡᠨ ᠰᠠᠨᠠᠮᠤᠢ᠃ ᠮᠡᠬᠦᠰ ᠪᠢ ᠥᠨᠥᠬᠡᠨ ᠦᠵᠡᠬᠦᠯ᠎ᠡ᠂ ᠯᠢᠶᠣᠣ ᠳ᠋ᠦᠩ ᠦ᠋ᠨ ᠭᠠᠵᠠᠷ ᠤ᠋ᠨ ᠶᠧ ᠯᠢᠦᠢ ᠠᠢᠮᠠᠭ ᠤ᠋ᠨ ᠭᠣᠣᠯ ᠰᠠᠯᠠᠭᠠᠨ ᠤ᠋ ᠯᠢᠦ ᠭᠧ ᠨᠡᠷᠡᠲᠦ ᠯᠢᠶᠣᠣ ᠶ᠋ᠢᠨ ᠤᠭᠰᠠᠭ᠎ᠠ ᠣᠴᠢ ᠶ᠋ᠢᠨ ᠨᠢᠭᠤᠷ ᠴᠢᠷᠠᠢ ᠶ᠋ᠢ ᠬᠡᠳᠦᠢᠪᠡᠷ ᠦᠵᠡᠭᠡᠳᠦᠢ ᠪᠣᠯᠪᠠᠴᠤ ᠲᠡᠭᠦᠨᠤ ᠶᠠᠪᠤᠳᠠᠯ ᠦᠵᠡᠯ ᠪᠠ ᠲᠡᠭᠦᠨ ᠦ᠌ ᠠᠢᠯᠠᠳᠬᠠᠭᠰᠠᠨ ᠪᠣᠳᠣᠷᠣᠣᠯ ᠪᠢᠴᠢᠭ ᠦ᠋ᠨ ᠦᠭᠡᠰ ᠢ᠋ ᠦᠵᠡᠪᠡᠰᠦ ᠲᠡᠭᠦᠨ ᠦ᠌ ᠬᠥᠮᠦᠨ ᠢᠨᠦ ᠮᠠᠰᠢᠳᠠ ᠠᠭᠤᠳᠠᠮ ᠲᠠᠯᠪᠢᠭᠤ᠂ ᠣᠶᠤᠨ ᠮᠡᠳᠡᠯᠲᠦ ᠬᠥᠮᠦᠨ ᠤ ᠲᠥᠯᠥᠪ ᠪᠣᠢ ᠠᠮᠤᠢ᠂ ᠬᠣᠢᠴᠢ ᠡᠳᠦᠷ ᠪᠢ ᠲᠥᠷᠥ ᠨᠢᠭᠡᠳᠦᠭᠰᠡᠨ ᠦᠶ᠎ᠡ ᠳ᠋ᠦ᠍ᠷ ᠲᠡᠭᠦᠨ ᠢ᠋ᠶ᠋ᠡᠷ ᠳ᠋ᠠᠢ ᠯᠢᠶᠣᠣ ᠶ᠋ᠢᠨ ᠲᠠᠬᠢᠯᠭ᠎ᠠ ᠶ᠋ᠢ ᠵᠠᠯᠭᠠᠮᠵᠢᠯᠠᠭᠤᠯᠪᠠᠰᠤ ᠪᠣᠯᠤᠮᠠᠷ ᠮᠡᠲᠦ᠃ ᠵᠢᠴᠢ ᠡᠳᠦᠭᠡ ᠡᠨᠡ ᠨᠠᠢ᠍ᠮᠠᠨ ᠤᠯᠤᠰ ᠲᠤᠷ ᠬᠠᠭᠤᠴᠢᠨ ᠳ᠋ᠠᠢ ᠯᠢᠶᠣᠣ ᠤᠯᠤᠰ ᠤ᠋ᠨ ᠡᠷᠲᠡᠨ ᠦ᠌ ᠡᠪᠦᠭᠡᠳ ᠦ᠋ᠨ ᠲᠠᠬᠢᠯᠭ᠎ᠠ ᠶ᠋ᠢᠨ ᠰᠦᠮ᠎ᠡ ᠶ᠋ᠢᠨ ᠣᠷᠣᠨ ᠰᠠᠭᠤᠷᠢ ᠶ᠋ᠢᠨ ᠣᠷᠣ ᠳᠦᠷᠰᠦ ᠪᠣᠢ ᠶ᠋ᠢᠨ ᠲᠤᠯᠠᠳᠠ᠂ ᠬᠠᠭᠤᠴᠢᠨ ᠢ᠋ ᠰᠠᠨᠠᠵᠤ᠂ ᠲᠡᠭᠦᠨ ᠳ᠋ᠦ᠍ᠷ ᠲᠠᠬᠢᠯ ᠲᠣᠭᠲᠠᠭᠠᠨ ᠬᠠᠢᠷᠠᠯᠠᠵᠤ᠂ ᠮᠥᠨ ᠬᠦ᠌ ᠯᠢᠶᠣᠣ ᠶ᠋ᠢ ᠮᠥᠬᠥᠭᠡᠭᠰᠡᠨ ᠨᠠᠢ᠍ᠮᠠᠨ ᠤ᠋ ᠪᠤᠰᠤ ᠵᠥᠪ ᠰᠠᠨᠠᠭᠠᠨ ᠤ᠋ ᠨᠢᠭᠡᠨ ᠤᠭᠰᠠᠭ᠎ᠠ ᠪᠠᠷ ᠯᠢᠶᠣᠣ ᠤᠯᠤᠰ ᠲᠤᠷ ᠪᠤᠷᠤᠭᠤ ᠬᠦᠯᠢᠶᠡᠯᠭᠡᠨ ᠲᠦᠷ ᠳᠠᠬᠢᠭᠤᠯᠤᠨ ᠪᠠᠢᠵᠤ᠂ ᠳᠠᠷᠠᠭ᠎ᠠ ᠳ᠋ᠤᠷ ᠰᠠᠶᠢ ᠨᠠᠢ᠍ᠮᠠᠨ ᠤᠯᠤᠰ ᠤ᠋ᠨ ᠤᠭ ᠦᠨᠳᠦᠰᠦᠨ ᠦ᠌ ᠤᠷᠢᠳᠤᠰ ᠡᠪᠦᠭᠡᠳ ᠡᠴᠡ ᠡᠬᠢᠯᠡᠨ ᠳᠠᠷᠠᠭᠠᠯᠠᠭᠰᠠᠭᠠᠷ᠂ ᠴᠢᠬᠡ ᠴᠢᠭᠢᠷᠠᠭᠰᠢᠯᠳᠤ ᠲᠠᠢᠶᠠᠩ ᠬᠠᠭᠠᠨ ᠪᠣᠯᠣᠢ ᠳ᠋ᠤᠷ ᠬᠦᠷᠲᠡᠯ᠎ᠡ ᠮᠢᠨᠦ ᠵᠠᠷᠯᠢᠭ ᠢ᠋ᠶ᠋ᠠᠷ ᠲᠠᠬᠢᠯᠭ᠎ᠠ ᠲᠣᠭᠲᠠᠭᠠᠨ ᠪᠠᠢᠭᠤᠯᠵᠤ᠂ ᠯᠢᠶᠣᠣ ᠤᠯᠤᠰ ᠤ᠋ᠨ ᠲᠠᠬᠢᠯᠭ᠎ᠠ ᠶ᠋ᠢᠨ ᠰᠦᠮ᠎ᠡ ᠡᠴᠡ ᠳᠡᠰᠯᠡᠭᠦᠯᠵᠦ ᠳᠠᠬᠢᠭᠤᠯᠪᠠᠰᠤ᠂ ᠤᠷᠢᠳ ᠬᠣᠵᠢᠳ ᠤ᠋ᠨ ᠤᠴᠢᠷ ᠶᠠᠪᠤᠳᠠᠯ ᠤ᠋ᠨ ᠵᠥᠷᠢᠴᠡᠯ ᠲᠡᠮᠡᠴᠡᠯ ᠪᠠ ᠡᠬᠢ ᠰᠡᠭᠦᠯ ᠦ᠋ᠨ ᠬᠠᠷᠢᠯᠴᠠᠨ ᠮᠥᠬᠥᠭᠰᠡᠨ ᠦ᠌ ᠥᠰᠢᠶ᠎ᠡ ᠬᠣᠷᠣᠰᠤᠯ ᠤ᠋ᠨ ᠬᠠᠷᠢᠭᠤᠯᠠᠯ ᠪᠣᠯᠪᠠᠰᠤᠷᠠᠯ ᠶᠠᠷᠠᠭᠳᠠᠭᠠᠨ ᠭᠦᠢᠴᠡᠭᠳᠡᠵᠦ ᠠᠷᠢᠯᠤᠨ ᠲᠠᠷᠬᠠᠯᠴᠠᠭᠰᠠᠨ ᠢ᠋ᠶ᠋ᠠᠷ ᠠᠨᠤ ᠬᠠᠷᠢᠯᠴᠠᠨ ᠵᠣᠬᠢᠯᠳᠤᠭᠤᠯᠵᠤ᠂ ᠡᠷᠲᠡ ᠡᠳᠦᠭᠡᠬᠢ ᠶ᠋ᠢᠨ ᠵᠢᠷᠤᠮ ᠶᠣᠰᠣᠯᠠᠯ ᠤ᠋ᠨ ᠦᠯᠡᠳᠡᠪᠦᠷᠢ ᠬᠣᠴᠣᠷᠯᠠᠯ ᠪᠣᠯᠭᠠᠰᠤᠭᠠᠢ᠃ ᠬᠣᠢᠴᠢ ᠡᠳᠦᠷ ᠳ᠋ᠠᠢ ᠯᠢᠶᠣᠣ ᠶ᠋ᠢᠨ ᠨᠢᠭᠡᠨ ᠰᠠᠯᠠᠭᠠᠨ ᠤ᠋ ᠭᠣᠣᠯ ᠤᠭᠰᠠᠭ᠎ᠠ ᠶ᠋ᠢᠨ ᠶᠧ ᠯᠢᠦᠢ ᠯᠢᠦ ᠭᠧ᠂ ᠯᠢᠶᠣᠣ ᠳ᠋ᠦᠩ ᠦ᠋ᠨ ᠭᠠᠵᠠᠷ᠎ᠠ ᠦᠨᠡᠬᠡᠷ ᠦᠨᠡᠨ ᠵᠣᠷᠢᠭ ᠵᠢᠷᠤᠮ ᠢ᠋ᠶ᠋ᠠᠷ ᠤᠷᠢᠳᠤᠰ ᠤ᠋ᠨ ᠬᠥᠷᠥᠩᠭᠡ ᠪᠡᠨ ᠮᠠᠨᠳᠤᠭᠤᠯᠤᠨ ᠴᠢᠳᠠᠬᠤ ᠪᠣᠯᠬᠤᠯ᠎ᠠ ᠲᠠᠨ ᠤ᠋ ᠡᠨᠡ ᠲᠡᠳᠡᠨ ᠦ᠌ ᠲᠥᠯᠥᠭᠡ ᠲᠥᠯᠥᠭᠡᠯᠡᠨ᠂ ᠯᠢᠶᠣᠣ ᠶ᠋ᠢᠨ ᠲᠠᠬᠢᠯᠭ᠎ᠠ ᠶ᠋ᠢ ᠡᠰᠡ ᠲᠠᠰᠤᠷᠠᠭᠤᠯᠤᠨ ᠳᠠᠬᠢᠵᠤ ᠪᠠᠢᠢᠭᠰᠠᠨ ᠭᠦᠨ ᠬᠦᠨᠳᠦ ᠥᠨᠳᠥᠷ ᠶᠡᠬᠡ ᠭᠠᠪᠢᠶ᠎ᠠ ᠡᠷᠳᠡᠮᠲᠦ ᠠᠴᠢᠯᠠᠯ ᠵᠢᠷᠤᠮᠲᠤ ᠣᠨᠴᠣᠭᠣᠢ ᠬᠡᠰᠢᠭ ᠲᠡᠢ ᠲᠠᠬᠢᠯᠭ᠎ᠠ ᠪᠠᠷ ᠲᠠᠬᠢᠭᠤᠯᠪᠠᠰᠤ᠂ ᠬᠠᠭᠤᠴᠢᠨ ᠥᠰᠢᠶ᠎ᠡ ᠤᠬᠢᠶᠠᠭᠳᠠᠨ ᠠᠷᠢᠯᠵᠤ᠂ ᠮᠢᠨᠦ ᠨᠢᠭᠡᠨ ᠲᠥᠷᠥ ᠳ᠋ᠦ᠍ᠷ ᠵᠢᠳᠬᠦᠯᠴᠡᠬᠦᠢ ᠳ᠋ᠦ᠍ᠷ ᠨᠠᠢᠷ ᠵᠢᠷᠤᠮᠲᠤ ᠲᠦᠰᠢᠯᠭᠡ ᠢᠪᠡᠯᠭᠡ ᠪᠣᠯᠬᠤ ᠪᠥᠭᠡᠳ ᠪᠠᠰᠠ ᠮᠡᠬᠦᠰ ᠮᠢᠨᠦ ᠬᠠᠭᠤᠴᠢᠨ ᠪᠠᠢᠭᠰᠠᠨ ᠠᠳᠠᠯᠢ ᠰᠠᠴᠠᠭᠤ ᠤᠯᠤᠰ ᠠᠢᠮᠠᠭ ᠤ᠋ᠳ ᠤ᠋ᠨ ᠦᠷ᠎ᠡ ᠠᠴᠢ ᠪᠠ ᠤᠭᠰᠠᠭ᠎ᠠ ᠦᠨᠳᠦᠰᠦᠨ ᠦ᠌ ᠲᠠᠬᠢᠯ ᠲᠠᠪᠢᠭ ᠤ᠋ᠨ ᠤᠲᠤᠭ᠎ᠠ ᠠᠭᠤᠷ ᠢ ᠦᠯᠦ ᠲᠠᠰᠤᠷᠠᠭᠤᠯᠬᠤ᠂ ᠶᠣᠰᠣᠲᠤ ᠬᠠᠳ ᠡᠵᠡᠳ ᠲᠣᠷ ᠳᠠᠭᠤᠷᠢᠶᠠᠯᠲᠠ ᠮᠥᠷᠳᠡᠯ ᠢ᠋ ᠢᠷᠡᠭᠡᠳᠦᠢ ᠬᠣᠢᠴᠢᠬᠢ ᠦᠶ᠎ᠡ ᠶ᠋ᠢᠨ ᠴᠠᠭ ᠦᠶᠡᠰ ᠲᠣᠷ ᠬᠣᠴᠣᠷᠯᠠᠯ ᠪᠣᠯᠭᠠᠨ ᠵᠠᠭᠤᠨ ᠤᠯᠤᠰ ᠤ᠋ᠳ ᠤ᠋ᠨ ᠮᠢᠩᠭᠠᠨ ᠦᠶ᠎ᠡ ᠶ᠋ᠢᠨ ᠮᠡᠷᠭᠡᠨ ᠭᠡᠭᠡᠬᠡᠨ ᠬᠠᠭᠠᠨ ᠡᠵᠡᠨ ᠪᠣᠯᠤᠭᠴᠢᠳ ᠲᠤᠷ ᠦᠯᠡᠳᠡᠭᠡᠬᠦ ᠲᠠᠭᠠᠯᠠᠯ ᠳ᠋ᠤᠷ ᠮᠢᠨᠦ ᠨᠡᠢᠯᠡᠭᠦᠯᠲᠦᠭᠡᠢ ᠬᠡᠮᠡᠬᠦᠢ ᠶ᠋ᠢᠨ ᠲᠤᠯᠠᠳᠠ᠂ ᠡᠨᠡ ᠦᠢᠯᠡᠰ ᠢ᠋ ᠲᠤᠰᠠᠯᠠᠵᠤ ᠨᠠᠢ᠍ᠮᠠᠨ ᠠᠢᠮᠠᠭ ᠤ᠋ᠨ ᠭᠣᠣᠯ ᠰᠠᠯᠠᠭᠠᠨ ᠤ᠋ ᠲᠠᠢᠽᠢ ᠬᠦᠩ ᠠᠯᠲᠠᠨᠱᠠᠭ᠎ᠠ ᠳ᠋ᠤᠷ ᠪᠠᠭᠤᠯᠭᠠᠨ᠂ ᠯᠢᠶᠣᠣ ᠬᠢᠭᠡᠳ ᠨᠠᠢ᠍ᠮᠠᠨ ᠤ᠋ ᠬᠣᠶᠠᠷ ᠲᠠᠬᠢᠯᠭ᠎ᠠ ᠶ᠋ᠢ ᠦᠨᠡᠮᠴᠢᠯᠡᠨ ᠵᠠᠯᠭᠠᠵᠤ ᠲᠠᠬᠢᠬᠤ ᠶ᠋ᠢ ᠵᠣᠩᠬᠢᠯᠠᠨ ᠴᠢᠬᠤᠯᠠᠴᠢᠯᠠᠨ ᠲᠤᠰᠢᠶᠠᠮᠤᠢ᠃ ᠬᠣᠯᠠ ᠪᠠ ᠣᠢᠷ᠎ᠠ᠂ ᠥᠪᠡᠷ ᠪᠠ ᠪᠤᠰᠤᠳ ᠤ᠋ᠨ ᠵᠠᠭᠤᠨ ᠨᠣᠶᠠᠳ ᠬᠢᠭᠡᠳ ᠮᠢᠩᠭᠠᠨ ᠲᠦᠰᠢᠮᠡᠳ ᠲᠠᠨ ᠤ᠋ ᠰᠠᠨᠠᠭᠠᠨ ᠳ᠋ᠤᠷ ᠶᠠᠮᠪᠠᠷ ᠪᠣᠢ ? 》ᠬᠡᠮᠡᠭᠰᠡᠨ ᠳ᠋ᠦ᠍ᠷ ᠶᠡᠬᠡ ᠲᠥᠷᠥ ᠶ᠋ᠢᠨ ᠬᠣᠲᠠᠯᠠᠭᠠᠷ ᠸᠠᠩ ᠨᠣᠶᠠᠳ ᠶᠡᠬᠡ ᠰᠠᠢᠳ ᠤ᠋ᠳ ᠠ᠋ᠴᠠ ᠳᠠᠷᠠᠭᠠᠯᠠᠨ ᠵᠠᠭᠤᠨ ᠮᠢᠩᠭᠠᠨ ᠤ᠋ ᠲᠦᠰᠢᠮᠡᠳ ᠳᠠᠢᠪᠠᠩ ᠵᠠᠩᠵᠤᠨ ᠪᠠᠭᠠᠲᠤᠳ ᠲᠤᠷ ᠬᠦᠷᠲᠡᠯ᠎ᠡ ᠰᠢᠨ᠎ᠡ ᠳᠠᠭᠠᠭᠰᠠᠨ᠂ ᠭᠠᠳᠠᠭᠠᠳᠤ ᠵᠡᠷᠯᠢᠭ ᠠᠢᠮᠠᠭ ᠤ᠋ᠨ ᠤᠯᠤᠰ ᠤ᠋ᠳ ᠤ᠋ᠨ ᠡᠵᠡᠳ ᠲᠣᠷ ᠬᠦᠷᠲᠡᠯ᠎ᠡ᠂ ᠲᠠᠢᠽᠦ ᠴᠢᠩᠭᠢᠰ ᠬᠠᠭᠠᠨ ᠤ᠋ ᠠᠭᠠᠷ ᠣᠭᠲᠠᠷᠭᠤᠢ ᠮᠡᠲᠦ ᠠᠭᠤᠳᠠᠮ᠂ ᠳᠠᠯᠠᠢ ᠳᠡᠯᠡᠬᠡᠢ ᠠᠳᠠᠯᠢ ᠨᠡᠯᠦᠢᠮ᠎ᠡ ᠬᠣᠯᠠ ᠤᠷᠲᠤ ᠥᠨᠳᠥᠷ ᠠᠭᠯᠠᠭ ᠥᠷᠥᠰᠢᠶᠡᠯ ᠵᠢᠷᠤᠮ ᠬᠡᠰᠢᠭ ᠰᠢᠮ᠎ᠡ ᠶ᠋ᠢ ᠦᠵᠡᠭᠡᠳ ᠴᠥᠮ ᠢ᠋ᠶ᠋ᠡᠷ ᠨᠢᠳᠦᠨ ᠡᠴᠡᠭᠡᠨ ᠨᠢᠯᠪᠤᠰᠤᠨ ᠴᠤᠪᠤᠷᠠᠭᠤᠯᠤᠨ᠂ 《ᠲᠦᠮᠡᠨ ᠨᠠᠰᠤᠲᠤ᠂ ᠲᠦᠮᠡᠨ ᠨᠠᠰᠤᠲᠤ᠂ ᠲᠦᠭ ᠲᠦᠮᠡᠨ ᠨᠠᠰᠤᠲᠤ !》ᠭᠡᠮᠡᠨ ᠲᠥᠷᠥ ᠳᠦᠷᠭᠢᠯᠡᠲᠡᠯ᠎ᠡ ᠳᠠᠭᠤᠳᠠᠯᠴᠠᠨ ᠮᠥᠷᠭᠦᠯᠬᠢᠯᠡᠪᠡ᠃ ᠨᠡᠩ ᠢᠯᠠᠩᠭᠤᠶ᠎ᠠ᠂ ᠠᠯᠳᠠᠡᠰᠠᠭ᠎ᠠ ᠪᠠᠷ :  
       ᠠᠪᠤᠷᠠᠯᠲᠤ ᠳᠡᠭᠡᠳᠦ ᠪᠣᠭᠳᠠ ᠴᠢᠩᠭᠢᠰ ᠦ᠋ᠨ 
       ᠠᠬᠤᠢ ᠶᠡᠬᠡ ᠣᠯᠣᠮ ᠦᠭᠡᠢ ᠳᠠᠯᠠᠢ ᠠᠳᠠᠯᠢ ᠥᠷᠥᠰᠢᠶᠡᠯ ᠨᠢᠭᠦᠯᠡᠰᠬᠦᠢ ᠳ᠋ᠦ᠍ᠷ 
       ᠠᠷᠤ ᠥᠪᠥᠷ ᠦ᠋ᠨ ᠶᠠᠰᠤ ᠬᠥᠰᠦ  
       ᠭᠠᠪᠠᠯᠠ ᠴᠢᠮᠥᠭᠡ ᠳ᠋ᠦ᠍ᠷ ᠨᠡᠪᠲᠡᠷᠡᠲᠡᠯ᠎ᠡ ᠰᠢᠳᠦᠨ ᠰᠦᠰᠦᠭᠯᠡᠮᠦᠢ᠃ 
ᠭᠡᠮᠡᠨ ᠮᠠᠯᠠᠭ᠎ᠠ ᠪᠠᠨ ᠠᠪᠴᠤ ᠱᠣᠭᠰᠢᠨ ᠤᠬᠢᠯᠠᠵᠤ᠂ ᠪᠡᠶ᠎ᠡ ᠪᠡᠨ ᠬᠥᠰᠡᠷ ᠳᠡᠯᠡᠳᠦᠨ ᠲᠠᠢᠶᠠᠩ ᠬᠠᠭᠠᠨ ᠤ᠋ ᠰᠠᠬᠢᠭᠤᠯᠰᠤᠨ ᠰᠠᠭᠤᠷᠢ ᠪᠠᠢᠭᠤᠯ ᠬᠡᠮᠡᠭᠰᠡᠨ ᠵᠠᠷᠯᠢᠭ ᠤ᠋ᠨ ᠬᠦᠨᠳᠦ ᠬᠡᠰᠢᠭ ᠲᠣᠷ ᠮᠥᠷᠭᠥᠵᠦ᠂ ᠡᠴᠢᠭᠡ ᠡᠬᠡ ᠶ᠋ᠢᠨ ᠬᠡᠭᠦᠷ ᠮᠤᠩᠭᠣᠨ ᠤ᠋ ᠲᠠᠬᠢᠯᠭ᠎ᠠ ᠬᠠᠢᠷᠠᠯᠠᠭᠰᠠᠨ ᠶᠣᠰᠣᠯᠠᠯ ᠤ᠋ᠨ ᠬᠣᠷᠢᠨ ᠳᠥᠷᠪᠡ᠊ᠨ ᠵᠡᠷᠭᠡ ᠶ᠋ᠢᠨ ᠰᠥᠭᠥᠳᠦᠯ ᠮᠥᠷᠭᠥᠯ ᠢ ᠭᠦᠢᠴᠡᠳᠬᠡᠨ ᠮᠥᠷᠭᠥᠵᠦ ᠪᠣᠭᠳᠠ ᠡᠵᠡᠨ ᠦ᠌ ᠮᠠᠨ ᠤ᠋ ᠲᠤᠬᠠᠢ ᠠᠯᠲᠠᠨ ᠵᠠᠷᠯᠢᠭ ᠢ᠋ ᠣᠯᠠᠨ ᠪᠢᠴᠢᠭ ᠦ᠋ᠨ ᠬᠠᠭᠠᠨ ᠪᠣᠰᠬᠤ ᠰᠠᠭᠤᠬᠤ ᠶ᠋ᠢ ᠲᠡᠮᠳᠡᠭᠯᠡᠬᠦ ᠬᠡᠰᠢᠭ ᠥᠷᠥᠰᠢᠶᠡᠯ ᠵᠠᠷᠯᠢᠭ ᠰᠣᠶᠣᠷᠬᠠᠯ ᠢ᠋ ᠪᠢᠴᠢᠭᠯᠡᠭᠴᠢ ᠭᠤᠴᠢᠨ ᠵᠢᠷᠭᠤᠭᠠᠨ ᠤᠢᠭᠤᠷ ᠦᠰᠦᠭ ᠦ᠋ᠨ ᠪᠢᠴᠢᠭ ᠦ᠋ᠨ ᠰᠠᠢᠳ ᠤ᠋ᠳ᠂ ᠭᠤᠴᠢᠨ ᠵᠢᠷᠭᠤᠭᠠᠨ ᠰᠠᠮᠪᠠᠷ᠎ᠠ ᠰᠢᠪᠠᠭ᠎ᠠ ᠳ᠋ᠤᠷ ᠵᠠᠷᠯᠢᠭ ᠦᠭᠡᠰ ᠦ᠋ᠨ ᠦᠰᠦᠭ ᠳᠠᠷᠠᠭᠠᠯᠠᠨ ᠪᠢᠴᠢᠭᠦᠯᠵᠦ ᠬᠢᠲᠠᠳ ᠦᠰᠦᠭ ᠦ᠋ᠨ ᠲᠡᠮᠳᠡᠭᠯᠡᠯ ᠳᠠᠩᠰᠠ ᠶ᠋ᠢ ᠪᠠᠷᠢᠭᠴᠢ ᠯᠢᠦ ᠵᠦᠩ ᠯᠦ᠍᠂ ᠵᠢᠴᠢ ᠳ᠋ᠠᠲᠠᠳᠤᠩᠭ᠎ᠠ ᠬᠣᠶᠠᠭᠤᠯᠠ ᠶ᠋ᠢᠨ ᠬᠢᠲᠠᠳ ᠦᠰᠦᠭ ᠪᠠ ᠤᠢᠭᠤᠷ ᠦᠰᠦᠭ ᠦ᠋ᠨ ᠰᠠᠮᠪᠠᠷ᠎ᠠ ᠰᠢᠪᠠᠭ᠎ᠠ ᠳᠡᠪᠲᠡᠷ ᠳᠠᠩᠰᠠᠨ᠎ᠠ ᠴᠥᠮ ᠳᠠᠪᠬᠤᠷᠯᠠᠨ ᠬᠠᠳᠠᠭᠤᠯᠤᠨ ᠪᠢᠴᠢᠭᠦᠯᠵᠦ ᠠᠪᠤᠭᠠᠳ ᠬᠤᠯᠤᠰᠤ ᠪᠠ ᠴᠢᠯᠠᠭᠤ ᠳ᠋ᠤᠷ ᠰᠡᠢᠯᠵᠦ᠂ ᠲᠡᠮᠦᠷ ᠬᠢᠭᠡᠳ ᠠᠯᠲᠠᠨ ᠳ᠋ᠤᠷ ᠳᠣᠬᠬᠢᠭᠤᠯᠤᠨ ᠲᠡᠮᠦᠷ ᠠᠪᠳᠠᠷ᠎ᠠ ᠭᠠᠤᠯᠢᠨ ᠬᠣᠷᠭᠣ ᠳ᠋ᠤᠷ ᠳᠠᠷᠤᠨ᠂ ᠳᠠᠯᠠᠨ ᠲᠠᠪᠤᠨ ᠠᠢᠮᠠᠭ ᠲᠤᠷ ᠲᠠᠷᠬᠠᠭᠠᠨ ᠲᠦᠭᠡᠭᠡᠯᠭᠡᠨ ᠬᠠᠳᠠᠭᠠᠯᠠᠭᠤᠯᠤᠨ ᠰᠤᠳᠤᠷᠯᠠᠨ ᠲᠡᠮᠳᠡᠭᠯᠡᠭᠦᠯᠪᠡᠢ᠃ ᠡᠨᠡ ᠦᠨᠡᠬᠡᠷ᠄  
         ᠲᠠᠰᠤᠷᠠᠭᠰᠠᠨ ᠢ᠋ ᠵᠠᠯᠭᠠᠯᠭᠠᠨ ᠮᠥᠬᠥᠭᠰᠡᠨ ᠢ᠋ ᠡᠨᠡᠷᠢᠬᠦ ᠪᠣᠭᠳᠠ ᠬᠥᠮᠦᠨ ᠦ᠌ ᠰᠡᠳᠬᠢᠯ 
         ᠲᠠᠯᠠᠭᠰᠠᠨ ᠢ᠋ ᠲᠡᠵᠢᠭᠡᠨ ᠦᠬᠦᠬᠦ ᠶ᠋ᠢ ᠲᠡᠩᠬᠡᠷᠡᠭᠦᠯᠬᠦ ᠪᠤᠶᠠᠨᠲᠤ ᠬᠠᠳ ᠤ᠋ᠨ ᠶᠠᠪᠤᠳᠠᠯ᠃ 
         ᠲᠠᠰᠤᠷᠬᠠᠢ ᠪᠣᠭᠳᠠ ᠠᠮᠤᠭᠤᠯᠠᠩ ᠡᠵᠡᠨ ᠡᠨᠡ ᠦᠢᠯᠡᠰ ᠢ᠋ ᠰᠠᠢᠰᠢᠶᠠᠨ ᠮᠥᠷᠳᠡᠵᠦ 
         ᠲᠠᠬᠢᠯ ᠲᠠᠰᠤᠷᠠᠭᠰᠠᠨ ᠤᠯᠤᠰ ᠤ᠋ᠨ ᠦᠷᠡᠰ ᠢ᠋ ᠡᠷᠢᠭᠦᠯᠦᠨ ᠢᠷᠡᠭᠦᠯᠵᠦ ᠲᠠᠬᠢᠭᠤᠯᠪᠠᠢ᠃ 
       ᠰᠤᠯᠠ ᠲᠡᠮᠳᠡᠭᠯᠡᠯ ᠢ᠋ ᠬᠤᠷᠢᠶᠠᠵᠤ᠂ ᠰᠤᠳᠤᠷ ᠤ᠋ᠨ ᠭᠣᠣᠯ ᠢ᠋ ᠥᠭᠦᠯᠡᠬᠦ ᠢᠨᠦ᠂ ᠲᠡᠨᠳᠡᠴᠡ ᠡᠨᠡ ᠬᠦ᠌ ᠰᠢᠨ᠎ᠡ ᠬᠠᠭᠤᠴᠢᠨ ᠬᠣᠶᠠᠷ ᠨᠠᠢ᠍ᠮᠠᠨ ᠤ᠋ ᠭᠠᠵᠠᠷ ᠣᠷᠣᠨ ᠢ᠋ ᠡᠪᠯᠡᠨ ᠵᠣᠬᠢᠴᠠᠭᠤᠯᠤᠨ ᠲᠣᠭᠲᠠᠭᠠᠨ ᠬᠠᠲᠠᠭᠰᠢᠭᠤᠯᠬᠤᠢ ᠳ᠋ᠤᠷ ᠨᠡᠯᠢᠶᠡᠳ ᠶᠠᠷᠰᠢᠭ ᠪᠣᠢ ᠶ᠋ᠢᠨ ᠲᠤᠯᠠᠳᠠ᠂ ᠲᠡᠭᠷᠢ ᠶ᠋ᠢᠨ ᠬᠥᠪᠡᠭᠦᠨ ᠦ᠌ ᠶᠡᠬᠡ ᠵᠢᠭᠰᠠᠭᠠᠯ ᠤ᠋ᠨ ᠴᠡᠷᠢᠭ ᠮᠣᠷᠢᠨ ᠡᠨᠡ ᠬᠠᠭᠤᠴᠢᠨ ᠨᠠᠢ᠍ᠮᠠᠨ ᠤ᠋ ᠦᠷᠦᠮᠴᠢ ᠮᠣᠵᠢ ᠳ᠋ᠤᠷ ᠵᠤᠰᠠᠨ ᠥᠩᠭᠡᠷᠡᠬᠦᠢ ᠶ᠋ᠢᠨ ᠲᠤᠯᠠ ᠶᠡᠬᠡ ᠵᠠᠩᠵᠤᠨ ᠬᠦᠯᠦᠭ ᠨᠣᠶᠠᠨ ᠲᠠᠢᠪᠤᠤ ᠪᠤᠭᠤᠷᠵᠢ ᠳ᠋ᠤᠷ ᠶᠡᠬᠡ ᠨᠡᠢᠭᠡᠮ ᠬᠦᠷᠢᠶᠡᠨ ᠦ᠌ ᠴᠡᠷᠢᠭ ᠮᠣᠷᠢᠳ ᠤ᠋ᠨ ᠨᠢᠭᠡᠨ ᠬᠠᠭᠠᠰ ᠢ᠋ ᠬᠤᠪᠢᠶᠠᠨ ᠥᠭᠴᠦ᠂ ᠤᠯᠤᠰ ᠲᠤᠷ ᠡᠭᠡᠭᠦᠯᠦᠨ ᠲᠡᠢ ᠴᠢᠩ ᠲᠠᠢᠬᠡᠦ ᠶ᠋ᠢᠨ ᠠᠮᠤᠭᠤᠯᠠᠩ ᠢ᠋ ᠠᠢᠯᠠᠤᠬᠠᠯᠭᠠᠨ᠂ ᠤᠯᠤᠰ ᠲᠤᠷ ᠲᠠᠩᠭᠤᠳ ᠤᠯᠤᠰ ᠢ᠋ ᠰᠡᠷᠭᠡᠢᠯᠡᠭᠦᠯᠦᠨ ᠂ ᠡᠮᠦᠨ᠎ᠡ ᠬᠢᠳᠠᠨ ᠢ᠋ ᠲᠤᠷᠰᠢᠭᠤᠯᠤᠨ ᠰᠠᠬᠢᠭᠤᠯᠤᠷ᠎ᠠ ᠡᠭᠡᠭᠦᠯᠬᠦᠶ᠎ᠡ᠂ ᠮᠥᠨ ᠲᠠᠰᠢᠷᠠᠮ᠎ᠠ ᠡᠨᠡ ᠤᠳᠠᠭ᠎ᠠ ᠶ᠋ᠢᠨ ᠨᠠᠢ᠍ᠮᠠᠨ ᠢ ᠲᠦᠪᠰᠢᠳᠬᠡᠭᠰᠡᠨ ᠶᠡᠬᠡ ᠴᠡᠷᠢᠭ ᠦ᠋ᠨ ᠢᠯᠡ ᠳ᠋ᠦ᠍ᠷ ᠳᠥᠷᠪᠡᠨ ᠠᠩᠭᠢ᠂ ᠨᠢᠭᠤᠴᠠ ᠳ᠋ᠤᠷ ᠳᠣᠯᠣᠭᠠᠨ ᠵᠠᠮ ᠤ᠋ᠨ ᠵᠠᠩᠵᠤᠨ ᠴᠡᠷᠢᠭ ᠦ᠋ᠳ ᠦ᠋ᠨ ᠭᠠᠪᠢᠶ᠎ᠠ ᠵᠢᠳᠬᠦᠯ ᠪᠠ ᠶᠠᠯ᠎ᠠ ᠣᠰᠣᠯ ᠢ᠋ ᠢᠯᠭᠠᠨ ᠰᠠᠯᠭᠠᠨ ᠪᠣᠭᠳᠠ ᠶ᠋ᠢᠨ ᠭᠡᠭᠡᠨ ᠢ᠋ᠶ᠋ᠡᠷ ᠰᠢᠭᠦᠨ ᠰᠢᠳᠭᠡᠯᠭᠡᠭᠦᠢ ᠳ᠋ᠦ᠍ᠷ ᠲᠠᠢᠪᠤᠤ ᠴᠢᠯᠠᠭᠤᠨ ᠤ᠋ ᠵᠠᠷᠯᠢᠭ ᠭᠣᠶᠣᠷ᠎ᠠ ᠢᠷᠡᠭᠰᠡᠨ ᠯᠦ᠍ᠭᠡ ᠬᠠᠪᠰᠤᠷᠤᠭᠤᠯᠤᠨ ᠪᠠᠭᠤᠭᠰᠠᠨ ᠵᠠᠷᠯᠢᠭ ᠲᠤᠷ᠄《ᠲᠠᠢᠽᠢ ᠴᠢᠨ ᠸᠠᠩ ᠵᠣᠴᠢ ᠶ᠋ᠢ ᠮᠥᠨ ᠡᠨᠡ ᠨᠠᠢ᠍ᠮᠠᠨ ᠤ᠋ ᠦᠷᠦᠮᠴᠢ ᠶ᠋ᠢᠨ ᠪᠠᠯᠭᠠᠰᠤᠨ᠎ᠠ ᠵᠠᠷᠯᠠᠭᠤᠯᠤᠨ ᠰᠢᠳᠬᠡᠯ ᠦ᠋ᠨ ᠵᠠᠷᠯᠢᠭ ᠢ᠋ ᠭᠤᠲᠠᠭᠠᠷ ᠭᠠᠪᠢᠶ᠎ᠠ ᠭᠤᠷᠪᠠᠳᠤᠭᠠᠷ ᠬᠦᠷᠢᠶ᠎ᠡ ᠂ ᠨᠠᠢ᠍ᠮᠠᠨ ᠤ᠋ ᠠᠯᠲᠠᠨᠱᠠᠭ᠎ᠠ ᠶ᠋ᠢᠨ ᠨᠢᠭᠡᠨ ᠵᠠᠮ ᠤ᠋ᠨ ᠵᠠᠩᠵᠤᠨ ᠴᠡᠷᠢᠭ ᠦ᠋ᠳ ᠢ᠋ ᠢᠯᠭᠠᠬᠤᠢ ᠳ᠋ᠤᠷ ᠰᠢᠨ᠎ᠡ ᠨᠠᠢ᠍ᠮᠠᠨ ᠤ᠋ ᠲᠡᠷᠢᠭᠦᠨ ᠠᠩᠭᠢ ᠶ᠋ᠢᠨ ᠴᠡᠷᠢᠭ ᠦ᠋ᠨ ᠬᠣᠰᠢᠭᠤᠴᠢ ᠶᠠᠪᠤᠭᠰᠠᠨ ᠰᠡᠷᠭᠦᠯᠡᠩ ᠭᠦᠩᠵᠦ ᠰᠣᠯᠣᠩᠭᠤᠤ᠎ᠡ ᠶ᠋ᠢᠨ ᠲᠥᠷᠬᠥᠮ ᠦ᠋ᠨ ᠤᠷᠤᠭ ᠥᠬᠢᠨ᠂ ᠰᠠᠷᠯᠢᠭ᠋ ᠤ᠋ᠨ ᠪᠦᠸᠸᠵᠦ᠂ ᠰᠠᠢᠬᠠᠨ ᠭᠦᠦᠷ ᠠᠪᠠᠬᠠᠢ ᠳᠥᠷᠪᠡᠨ ᠲᠦᠮᠡᠨ ᠦ᠌ ᠲᠣᠭᠰᠢᠨ ᠬᠤᠲᠤᠩᠭᠤᠳ ᠢ᠋ ᠡᠭᠡᠭᠦᠯᠦᠭᠰᠡᠨ ᠲᠡᠷᠢᠭᠦᠨ ᠭᠠᠪᠢᠶ᠎ᠠ᠂ ᠨᠠᠢ᠍ᠮᠠᠨ ᠤ᠋ ᠴᠡᠷᠢᠭ ᠦ᠋ᠨ ᠳᠡᠳ᠋ ᠡᠵᠡᠨ᠂ ᠰᠡᠷᠭᠦᠯᠡᠩ ᠭᠦᠩᠵᠦ ᠰᠣᠯᠤᠩᠭᠤᠤ᠎ᠡ ᠶ᠋ᠢᠨ ᠳᠤᠷ᠎ᠠ ᠶ᠋ᠢ ᠠᠰᠠᠭᠤᠨ ᠪᠠᠢᠵᠤ ᠬᠥᠬᠢᠭᠡᠨ ᠬᠥᠮᠦᠵᠢᠭᠦᠯᠬᠦ ᠶ᠋ᠢ ᠦᠵᠡᠭᠦᠯᠦᠭᠲᠦᠨ !》 ᠬᠡᠮᠡᠭᠰᠡᠨ ᠢ᠋ᠶ᠋ᠡᠷ ᠶᠡᠬᠡ ᠵᠢᠨᠦᠩ ᠦ᠋ᠨ ᠭᠠᠵᠠᠷ ᠠ᠋ᠴᠠ ᠰᠤᠯᠤᠩᠭᠤᠤ᠎ᠡ ᠶ᠋ᠢᠨ ᠳᠤᠷ᠎ᠠ ᠶ᠋ᠢ ᠠᠰᠠᠭᠤᠭᠰᠠᠨ ᠳ᠋ᠤᠷ ᠰᠣᠯᠣᠩᠭᠤᠤ᠎ᠡ ᠶ᠋ᠢᠨ ᠮᠡᠳᠡᠭᠦᠯᠦᠭᠰᠡᠨ ᠢᠨᠦ :《ᠡᠮᠦᠨ᠎ᠡ ᠴᠡᠷᠢᠭ ᠦ᠋ᠨ ᠬᠣᠰᠢᠭᠤᠴᠢ᠂ ᠰᠠᠢᠬᠠᠨ ᠭᠦᠦᠷ ᠠᠪᠠᠬᠠᠢ ᠶ᠋ᠢᠨ ᠡᠣᠭ ᠦᠨᠳᠦᠰᠦᠨ ᠤ ᠢᠵᠠᠭᠤᠷ ᠬᠣᠲᠠᠯᠠ ᠠᠨᠤ ᠮᠠᠨ ᠤ᠋ ᠠᠢᠮᠠᠭ ᠤᠯᠤᠰ ᠤ᠋ᠳ ᠯᠤᠭ᠎ᠠ ᠳᠠᠩ ᠰᠠᠴᠠᠭᠤ ᠤᠯᠤᠰ ᠠᠢᠮᠠᠭ ᠤ᠋ᠨ ᠰᠠᠷᠯᠢᠭ᠋ ᠤᠯᠤᠰ ᠤ᠋ᠨ ᠡᠵᠡᠳ ᠦ᠋ᠨ ᠪᠦᠸᠸᠵᠤ ᠠᠪᠠᠬᠠᠢ ᠪᠥᠭᠡᠳ ᠲᠡᠭᠦᠨ ᠦ᠌ ᠥᠩᠭᠡ ᠡᠷᠳᠡᠮ᠂ ᠶᠠᠪᠤᠳᠠᠯ ᠦᠵᠡᠯ ᠭᠡᠭᠡᠬᠡᠨ ᠲᠣᠳᠣᠷᠬᠠᠢ ᠶ᠋ᠢᠨ ᠳᠡᠭᠡᠷ᠎ᠡ᠂ ᠳᠡᠭᠦᠨᠦ ᠴᠡᠷᠢᠭ ᠦ᠋ᠨ ᠬᠦᠷᠢᠶᠡᠨ ᠦ᠌ ᠭᠠᠪᠢᠶ᠎ᠠ ᠵᠢᠳᠬᠦᠯᠭᠡ ᠢᠨᠦ ᠴᠢᠩ ᠦᠨᠡᠨ᠂ ᠭᠠᠭᠴᠠ ᠬᠡᠦᠬᠡᠨ ᠬᠥᠮᠦᠨ ᠦ᠌ ᠨᠢᠭᠡᠨ ᠪᠡᠶ᠎ᠡ ᠶ᠋ᠢᠨ ᠬᠣᠣᠰ ᠬᠣᠯᠪᠣᠭᠠᠨ ᠠᠨᠤ ᠬᠦᠨᠳᠦ ᠴᠢᠬᠤᠯᠠ ᠲᠤᠯᠠ ᠣᠯᠳᠠᠬᠤᠯ᠎ᠠ ᠲᠡᠭᠦᠨ ᠦ᠌ ᠡᠨᠡ ᠥᠴᠦᠬᠡᠨ ᠵᠢᠳᠬᠦᠯᠭᠡ ᠳ᠋ᠦ᠍ᠷ ᠰᠠᠴᠠᠭᠤ ᠳᠠᠩ ᠰᠠᠢᠳ ᠡᠬᠡᠨᠡᠷ ᠰᠤᠯᠤᠩᠭᠤᠤ᠎ᠡ ᠮᠢᠨᠦ ᠨᠥᠬᠥᠷ ᠡᠷ᠎ᠡ ᠬᠦᠩ ᠠᠯᠲᠠᠨᠱᠠᠭ᠎ᠠ ᠳ᠋ᠤᠷ ᠳᠡᠳ᠋ ᠭᠡᠷᠭᠡᠢ ᠪᠣᠯᠭᠠᠨ ᠵᠠᠷᠯᠢᠭ ᠢ᠋ᠶ᠋ᠠᠷ ᠱᠠᠩᠨᠠᠨ ᠵᠢᠭᠠᠵᠤ ᠬᠠᠢᠷᠠᠯᠠᠬᠤ ᠶ᠋ᠢ ᠬᠦᠰᠡᠨ ᠪᠠᠷᠠᠯᠠᠮᠤᠢ 》ᠬᠡᠮᠡᠭᠰᠡᠨ ᠢ᠋ ᠵᠢᠨᠦᠩ ᠮᠤᠬᠤᠯᠢ ᠠᠢᠯᠠᠳᠬᠠᠵᠤ ᠥᠭᠭᠦᠭᠰᠡᠨ᠎ᠡ ᠳᠡᠭᠡᠷᠡᠬᠢ ᠶ᠋ᠢᠨ ᠵᠠᠷᠯᠢᠭ ᠪᠠᠭᠤᠭᠰᠠᠨ ᠠᠨᠤ᠄ 
      《ᠴᠡᠷᠢᠭ ᠦ᠋ᠨ ᠭᠠᠪᠢᠶ᠎ᠠ ᠳ᠋ᠤᠷ ᠡᠷᠭᠦᠮᠵᠢᠯᠡᠬᠦᠶ᠎ᠡ ᠳᠣᠲᠣᠭᠠᠳᠤ ᠡᠷᠬᠢᠮ ᠤᠷᠤᠭ ᠵᠢᠭᠠᠬᠤ ᠠᠨᠤ ᠡᠷᠲᠡᠨ ᠡᠴᠡ ᠪᠠᠢᠭᠰᠠᠭᠠᠷ ᠢᠷᠡᠭᠰᠡᠨ ᠬᠠᠭᠤᠴᠢᠨ ᠸᠠᠩ ᠤ᠋ᠨ ᠬᠠᠤᠯᠢ ᠮᠥᠨ ᠪᠣᠯᠪᠠᠴᠤ ᠶᠡᠬᠡ ᠪᠠᠭ᠎ᠠ ᠪᠠ ᠳᠠᠩ ᠳᠠᠪᠬᠤᠷ ᠤ᠋ᠨ ᠢᠯᠭᠠᠮᠵᠢ ᠬᠤᠪᠢᠶᠠᠷᠢ ᠪᠠᠢᠳᠠᠭ ᠤ᠋ᠨ ᠲᠤᠯᠠᠳᠠ ᠬᠡᠦᠬᠡᠨ ᠦ᠌ ᠳᠤᠷᠠᠯᠠᠯ ᠮᠥᠨ ᠪᠤᠰᠤ ᠶ᠋ᠢ ᠲᠣᠳᠣᠷᠬᠠᠢᠯᠠᠨ ᠠᠰᠠᠭᠤᠬᠤ᠂ ᠲᠡᠷᠡ ᠬᠡᠦᠬᠡᠨ ᠦ᠌ ᠲᠥᠷᠥᠭᠰᠡᠨ ᠡᠴᠢᠭᠡ ᠡᠬᠡ ᠢᠨᠦ ᠡᠨᠳᠡ ᠦᠭᠡᠢ ᠲᠤᠯᠠ ᠴᠡᠷᠢᠭ ᠦ᠋ᠨ ᠬᠦᠷᠢᠶᠡᠨ ᠦ᠌ ᠳᠣᠲᠣᠷ᠎ᠠ ᠬᠢᠨᠠᠨ ᠲᠣᠭᠲᠠᠭᠠᠬᠤᠶ᠎ᠠ ᠪᠡᠷᠬᠡ᠂ ᠨᠠᠢ᠍ᠮᠠᠨ ᠤ᠋ ᠡᠷ᠎ᠡ ᠡᠮ᠎ᠡ ᠭᠡᠷ ᠦ᠋ᠨ ᠬᠣᠲᠠᠯᠠᠭᠠᠷ ᠤ᠋ᠨ ᠶᠡᠬᠡ ᠴᠡᠷᠢᠭ ᠲᠡᠢ ᠢᠨᠦ ᠤᠯᠤᠰ ᠲᠤᠷ ᠡᠭᠡᠬᠦᠯᠡᠷ ᠳᠡᠭᠦᠨᠦ ᠵᠠᠩᠵᠤᠨ ᠴᠡᠷᠢᠭ ᠦ᠋ᠳ ᠦ᠋ᠨ ᠭᠠᠪᠢᠶ᠎ᠠ ᠶᠠᠯ᠎ᠠ ᠶ᠋ᠢ ᠢᠯᠭᠠᠨ ᠰᠢᠳᠬᠡᠬᠦᠢ ᠶ᠋ᠢᠨ ᠵᠠᠪᠰᠠᠷ᠎ᠠ ᠬᠣᠶᠠᠷ ᠡᠲᠡᠭᠡᠳ ᠦ᠋ᠨ ᠤᠷᠤᠭ ᠢ᠋ ᠵᠢᠭᠠᠨ ᠱᠠᠩᠨᠠᠬᠤ ᠤᠴᠢᠷ ᠢ᠋ ᠤᠯᠤᠰ ᠤ᠋ᠨ ᠡᠬᠡ — ᠭᠡᠷᠡᠯᠲᠦ ᠶᠡᠬᠡᠮᠰᠦᠭ ᠬᠤᠸᠠᠩᠬᠡᠦ ᠳ᠋ᠦ᠍ᠷ ᠠᠢᠯᠠᠳᠬᠠᠯᠭᠠᠨ ᠬᠣᠶᠠᠷ ᠡᠲᠡᠭᠡᠳ ᠢ ᠨᠢᠭᠤᠷ ᠪᠠᠷᠠᠭᠠᠳᠠᠭᠤᠯᠤᠨ ᠪᠠᠢᠵᠤ᠂ ᠤᠯᠤᠰ ᠪᠠ ᠭᠡᠷ᠂ ᠥᠪᠡᠷ ᠪᠠ ᠪᠤᠰᠤᠳ᠂ ᠢᠨᠠᠳᠤ ᠪᠠ ᠴᠢᠨᠠᠳᠤ᠂ ᠳᠣᠲᠣᠭᠠᠳᠤ ᠪᠠ ᠭᠠᠳᠠᠭᠠᠳᠤ᠂ ᠬᠠᠤᠯᠢ ᠪᠠ ᠳᠦᠷᠢᠮ ᠳ᠋ᠦ᠍ᠷ ᠵᠣᠬᠢᠴᠠᠭᠤᠯᠤᠨ᠂ ᠬᠤᠶᠷ ᠡᠲᠡᠭᠡᠳ ᠦ᠋ᠨ ᠡᠷ᠎ᠡ ᠡᠮ᠎ᠡ ᠶ᠋ᠢᠨ ᠪᠡᠶᠡᠰᠦᠨ ᠪᠢᠰᠢᠷᠡᠬᠦ ᠪᠡᠷ ᠢᠨᠦ ᠱᠠᠩᠨᠠᠨ ᠡᠷᠭᠦᠮᠵᠢᠯᠡᠬᠦ ᠶ᠋ᠢ ᠵᠠᠷᠯᠢᠭ ᠪᠠᠭᠤᠯᠭᠠᠨ ᠲᠣᠭᠲᠠᠭᠠᠭᠠᠳ᠂ ᠮᠡᠬᠦᠰ ᠮᠢᠨᠦ ᠰᠢᠨ᠎ᠡ ᠬᠠᠭᠤᠴᠢᠨ ᠬᠣᠶᠠᠷ ᠨᠠᠢ᠍ᠮᠠᠨ ᠤ᠋ ᠭᠠᠵᠠᠷ ᠣᠷᠣᠨ᠂ ᠠᠷᠠᠳ ᠢᠷᠭᠡᠳ ᠢ᠋ ᠲᠣᠬᠣᠨᠢᠭᠤᠯᠤᠨ ᠲᠣᠭᠲᠠᠭᠠᠬᠤ ᠵᠠᠰᠠᠭ ᠴᠠᠭᠠᠵᠠ ᠶ᠋ᠢ ᠬᠦᠯᠢᠶᠡᠵᠦ ᠠᠪᠤᠭᠲᠤᠨ 》ᠬᠡᠮᠡᠵᠦᠬᠦᠢ᠃  
       ᠲᠡᠳᠦᠢ ᠵᠢᠨᠦᠩ ᠦ᠋ᠨ ᠭᠠᠵᠠᠷ ᠠ᠋ᠴᠠ ᠵᠠᠷᠯᠢᠭ ᠢ᠋ ᠤᠯᠠᠮᠵᠢᠯᠠᠨ ᠪᠠᠭᠤᠯᠭᠠᠵᠤ᠂ ᠨᠠᠢ᠍ᠮᠠᠨ ᠤ᠋ ᠠᠯᠲᠠᠨᠱᠠᠭ᠎ᠠ ᠶ᠋ᠢᠨ ᠭᠡᠷᠦᠨ ᠬᠣᠲᠠᠯᠠᠭᠠᠷ ᠢ᠋ ᠤᠳᠤᠷᠢᠳᠤᠨ ᠪᠠᠷᠠᠭᠠᠳᠠᠭᠤᠯᠵᠤ᠂ ᠤᠯᠤᠰ ᠢ᠋ ᠠᠨᠤ ᠲᠣᠭᠲᠠᠭᠠᠵᠤ ᠥᠭᠬᠦ ᠬᠦᠨᠳᠦ ᠵᠠᠷᠯᠢᠭ ᠤ᠋ᠨ ᠬᠡᠰᠢᠭ ᠲᠣᠷ ᠮᠥᠷᠭᠥᠭᠦᠯᠵᠦ᠂ ᠶᠡᠬᠡ ᠵᠠᠩᠵᠤᠨ ᠲᠠᠢᠪᠤᠤ ᠪᠤᠭᠤᠷᠵᠢ ᠶ᠋ᠢᠨ ᠴᠡᠷᠢᠭ ᠯᠦ᠍ᠭᠡ ᠬᠠᠮᠲᠤ ᠫᠤᠤ ᠲᠠᠯᠪᠢᠨ ᠳᠡᠢᠯᠦᠭᠰᠡᠨ ᠴᠡᠷᠢᠭ ᠦ᠋ᠨ ᠶᠣᠰᠣᠭᠠᠷ ᠡᠭᠡᠭᠦᠯᠦᠨ ᠮᠣᠷᠳᠠᠭᠤᠯᠪᠠ᠃ 
       ᠲᠡᠨᠳᠡᠴᠡ ᠵᠤᠨ ᠤ᠋ ᠬᠠᠯᠠᠭᠤᠨ ᠢ᠋ ᠡᠨᠡ ᠦᠷᠦᠮᠴᠢ ᠶ᠋ᠢᠨ ᠨᠠᠢ᠌ᠮᠠᠨ᠎ᠠ ᠵᠤᠰᠠᠨ ᠥᠩᠭᠡᠷᠡᠬᠦ ᠶ᠋ᠢ ᠵᠠᠷᠯᠠᠵᠤ᠂ ᠡᠨᠡ ᠤᠳᠠᠭ᠎ᠠ ᠨᠠᠢ᠍ᠮᠠᠨ ᠢ᠋ ᠲᠠᠢᠯᠤᠨ ᠲᠦᠪᠰᠢᠳᠬᠡᠭᠰᠡᠨ ᠢᠯᠡᠷᠬᠡᠢ ᠲᠠᠪᠤᠨ ᠵᠠᠮ᠂ ᠳᠠᠯᠳᠠ ᠬᠣᠶᠠᠷ ᠬᠦᠷᠢᠶ᠎ᠡ ᠲᠡᠢ ᠨᠡᠢᠲᠡ ᠳᠣᠯᠣᠭᠠᠨ ᠠᠩᠭᠢ ᠶ᠋ᠢᠨ ᠵᠠᠩᠵᠤᠨ ᠪᠠᠭᠠᠲᠤᠳ᠂ ᠴᠡᠷᠢᠭ ᠬᠤᠶᠠᠭ ᠢ᠋ ᠠᠩᠭᠢ ᠪᠠᠷ ᠢᠯᠭᠠᠨ ᠰᠠᠯᠭᠠᠨ ᠱᠠᠩᠨᠠᠨ ᠡᠷᠭᠦᠮᠵᠢᠯᠡᠬᠦᠶ᠎ᠡ ᠡᠳᠦᠷ ᠬᠣᠨᠣᠭ ᠨᠡᠯᠢᠶᠡᠳ ᠰᠠᠭᠠᠳᠠᠬᠤᠢ ᠶ᠋ᠢᠨ ᠲᠤᠯᠠ᠂ ᠳᠡᠰ ᠳᠠᠷᠠᠭᠠᠯᠠᠨ᠂ ᠨᠠᠷᠢᠪᠴᠢᠯᠠᠨ ᠪᠠᠢᠴᠠᠭᠠᠵᠤ ᠬᠢᠨᠠᠨ ᠲᠣᠭᠲᠠᠭᠠᠨ᠂ ᠴᠡᠷᠢᠭ ᠲᠡᠢᠨ ᠤ ᠶᠠᠭᠠᠷᠠᠯ ᠮᠡᠭᠳᠡᠷᠡᠯ ᠦ᠋ᠨ ᠴᠠᠭ ᠲᠤᠷ ᠬᠦᠨᠳᠦ ᠬᠥᠩᠭᠡᠨ ᠳᠠᠩ ᠦᠭᠡᠢ ᠪᠣᠯᠤᠭᠰᠠᠨ ᠢ᠋ ᠲᠡᠭᠰᠢᠷᠡᠭᠦᠯᠦᠨ ᠬᠢᠨᠠᠨ ᠢᠯᠭᠠᠭᠰᠠᠭᠠᠷ᠂ ᠡᠮᠦᠨᠡᠰᠢ ᠬᠢᠳᠠᠨ ᠢ᠋ ᠲᠤᠯᠤᠨ ᠪᠠᠢᠯᠳᠤᠭᠰᠠᠨ ᠲᠠᠢᠽᠢ ᠴᠢᠨ ᠸᠠᠩ ᠵᠣᠴᠢ ᠳ᠋ᠤᠷ ᠬᠦᠷᠴᠦ ᠢᠷᠡᠭᠡᠳ ᠲᠠᠢᠽᠢ ᠵᠣᠴᠢ᠂ ᠶᠡᠬᠡ ᠵᠢᠨᠦᠩ ᠯᠦ᠍ᠭᠡ ᠴᠡᠷᠢᠭ ᠦ᠋ᠨ ᠴᠠᠭᠠᠵᠠ ᠶ᠋ᠢᠨ ᠮᠡᠯᠵᠢᠶ᠎ᠡ ᠪᠢᠴᠢᠭ ᠪᠠᠢᠭᠤᠯᠤᠭᠠᠳ ᠳᠠᠢᠰᠤᠨ ᠤ᠋ ᠵᠠᠩᠵᠤᠨ ᠴᠡᠷᠢᠭ ᠦ᠋ᠳ ᠢ᠋ ᠳᠠᠷᠤᠵᠤ ᠪᠠᠷᠢᠭᠰᠠᠨ ᠪᠣᠯᠪᠠᠴᠤ᠂ ᠮᠡᠯᠵᠢᠶ᠎ᠡ ᠶᠣᠰᠣᠭᠠᠷ ᠴᠡᠷᠢᠭ ᠦ᠋ᠨ ᠡᠵᠡᠨ ᠢ᠋ ᠣᠯᠤᠭᠰᠠᠨ ᠦᠭᠡᠢ ᠶ᠋ᠢᠨ ᠲᠤᠯᠠ ᠮᠡᠯᠵᠢᠶ᠎ᠡ ᠵᠥᠷᠢᠭᠰᠡᠨ ᠶᠠᠯ᠎ᠠ ᠲᠠᠢ ᠶ᠋ᠢᠨ ᠣᠴᠢᠷ᠎ᠠ ᠶᠠᠯ᠎ᠠ ᠪᠠᠨ ᠬᠦᠯᠢᠶᠡᠨ ᠠᠢᠯᠠᠳᠬᠠᠭᠰᠠᠨ ᠲᠡᠷᠡ ᠨᠤᠭᠤᠯᠪᠤᠷᠢ ᠳ᠋ᠤᠷ ᠴᠣᠬᠣᠯᠠᠨ ᠬᠠᠭᠤᠯᠵᠤ  ᠪᠠᠭᠤᠯᠭᠠᠭᠰᠠᠨ ᠠᠨᠤ ᠄ 
      《 ᠬᠦᠯᠦᠭ ᠴᠢᠯᠠᠭᠤᠨ ᠵᠢᠴᠢ ᠲᠠᠢᠽᠢ ᠵᠣᠴᠢ ᠶ᠋ᠢᠨ ᠬᠣᠶᠠᠷ ᠵᠠᠮ ᠤ᠋ᠨ ᠴᠡᠷᠢᠭ ᠦ᠋ᠨ ᠪᠠᠢᠯᠳᠤᠵᠤ ᠲᠤᠯᠤᠭᠰᠠᠨ᠂ ᠳᠠᠷᠤᠵᠤ ᠪᠠᠷᠢᠭᠰᠠᠨ ᠠᠨᠤ ᠴᠥᠮ ᠭᠠᠪᠢᠶ᠎ᠠ ᠪᠣᠢ᠃ ᠬᠦᠯᠦᠭ ᠲᠠᠢᠪᠤᠤ ᠴᠢᠯᠠᠭᠤᠨ ᠤ᠋ ᠪᠡᠶ᠎ᠡ ᠡᠴᠡ ᠲᠡᠷᠢᠭᠦᠯᠡᠨ ᠲᠡᠳᠡᠭᠡᠷ ᠦ᠋ᠨ ᠬᠤᠪᠢ ᠵᠡᠷᠭᠡ ᠪᠡᠷ ᠢᠨᠦ ᠢᠯᠭᠠᠨ ᠴᠥᠮ ᠲᠡᠷᠢᠭᠦᠨ ᠦ᠌ ᠲᠡᠷᠢᠭᠦᠨ ᠭᠠᠪᠢᠶ᠎ᠠ ᠳ᠋ᠤᠷ ᠳᠣᠭᠣᠴᠠᠵᠤ᠂ ᠭᠤᠷᠪᠠᠨ ᠳᠠᠪᠬᠤᠷ ᠤ᠋ᠨ ᠱᠠᠩ ᠬᠡᠰᠢᠭ ᠳᠠᠪᠰᠢᠭᠤᠯᠤᠨ ᠡᠷᠭᠦᠮᠵᠢᠯᠡᠵᠦ᠂ ᠲᠡᠭᠦᠨ ᠦ᠌ ᠴᠡᠷᠢᠭ ᠬᠤᠶᠠᠭ ᠬᠥᠲᠥᠴᠢ ᠪᠥᠯᠴᠢᠨ ᠳ᠋ᠦ᠍ᠷ ᠬᠦᠷᠲᠡᠯ᠎ᠡ ᠴᠥᠮ ᠳᠠᠪᠬᠤᠷ ᠱᠠᠩ ᠬᠦᠷᠲᠡᠭᠦᠯ᠃ ᠭᠠᠭᠴᠠ ᠲᠠᠢᠽᠢ ᠵᠣᠴᠢ ᠪᠣᠯᠪᠠᠰᠤ ᠴᠡᠷᠢᠭ ᠦ᠋ᠨ ᠴᠠᠭᠠᠵᠠ ᠶ᠋ᠢ ᠪᠠᠷᠢᠭᠴᠢ ᠶᠡᠬᠡ ᠵᠢᠨᠦᠩ ᠯᠤᠭ᠎ᠠ ᠥᠷᠢᠰᠦᠯᠳᠦᠵᠦ ᠥᠪᠡᠷᠦᠨ ᠠᠮᠠᠨ ᠢ᠋ᠶ᠋ᠠᠷ ᠴᠡᠷᠢᠭ ᠦ᠋ᠨ ᠴᠠᠭᠠᠵᠠᠨ ᠤ᠋ ᠮᠠᠯᠵᠢᠶ᠎ᠠ ᠪᠢᠴᠢᠭ ᠪᠠᠢᠭᠤᠯᠵᠤ᠂ ᠮᠠᠯᠵᠢᠶ᠎ᠠ ᠯᠤᠭᠡ ᠪᠡᠨ ᠡᠰᠡ ᠬᠤᠰᠤᠭᠰᠠᠨ ᠤ᠋ ᠲᠤᠯᠠᠳᠠ᠂ ᠳᠡᠭᠦᠨᠦ ᠶᠠᠯ᠎ᠠ ᠶ᠋ᠢ ᠪᠠᠢᠴᠠᠭᠠᠪᠠᠰᠤ : ᠲᠠᠢᠽᠢ ᠵᠣᠴᠢ ᠡᠵᠡᠨ ᠤ ᠬᠥᠪᠡᠭᠦᠨ ᠳ᠋ᠡᠭᠡᠨ ᠡᠷᠡᠮᠰᠢᠵᠦ᠂ ᠡᠴᠢᠭᠡ ᠬᠠᠭᠠᠨ ᠤ᠋ ᠪᠠᠨ ᠴᠡᠷᠢᠭ ᠦ᠋ᠨ ᠴᠠᠭᠠᠵᠠ ᠶ᠋ᠢ ᠵᠣᠩᠬᠢᠯᠠᠨ ᠪᠠᠷᠢᠭᠴᠢ ᠴᠡᠷᠢᠭ ᠦ᠋ᠨ ᠡᠵᠡᠨ ᠶᠡᠬᠡ ᠵᠢᠨᠦᠩ ᠢ᠋ ᠬᠥᠩᠭᠡᠯᠡᠨ ᠦᠵᠡᠵᠦ᠂ ᠴᠠᠭᠠᠵᠠ ᠵᠠᠷᠯᠠᠯ ᠤ᠋ᠨ ᠭᠠᠵᠠᠷ ᠣᠮᠣᠷᠬᠠᠭᠯᠠᠨ ᠳᠡᠭᠡᠷᠡᠩᠭᠦᠢᠯᠡᠨ ᠴᠡᠷᠢᠭ ᠦ᠋ᠨ ᠴᠠᠭᠠᠵᠠ ᠶ᠋ᠢ ᠬᠥᠩᠭᠡᠯᠡᠨ ᠦᠵᠡᠵᠦ᠂ ᠭᠡᠷ᠎ᠡ ᠪᠢᠴᠢᠭ ᠪᠠᠢᠭᠤᠯᠤᠭᠰᠠᠨ ᠪᠥᠭᠡᠲᠡᠯ᠎ᠡ᠂ ᠬᠢᠳᠠᠨ ᠤ᠋ ᠴᠡᠷᠢᠭ ᠦ᠋ᠳ ᠳᠡᠭᠦᠨᠦ ᠮᠡᠯᠵᠢᠶᠡᠯᠡᠭᠰᠡᠨ᠂ ᠬᠣᠣᠯᠪᠤᠤ ᠮᠠᠩᠬᠠᠨ ᠤ᠋ ᠵᠠᠮ ᠢ᠋ᠶ᠋ᠠᠷ ᠲᠣᠪ ᠲᠣᠳᠣᠷᠬᠠᠢ ᠢᠷᠡᠭᠰᠡᠨ ᠪᠥᠭᠡᠲᠡᠯ᠎ᠡ ᠳᠠᠢᠰᠤᠨ ᠤ᠋ ᠲᠤᠰ ᠡᠵᠡᠨ ᠢ᠋ ᠢᠨᠣ ᠨᠢᠭᠡᠨ ᠢ᠋ ᠴᠦ᠍ ᠣᠯᠵᠤ ᠡᠰᠡ ᠪᠠᠷᠢᠪᠠᠢ᠃ ᠠᠯᠠᠭᠳᠠᠭᠰᠠᠨ ᠳᠠᠢᠰᠤᠨ ᠤ᠋ ᠲᠣᠯᠣᠭᠠᠢ ᠶ᠋ᠢ ᠴᠦ᠍ ᠲᠤᠰᠢᠶᠠᠭᠰᠠᠨ ᠭᠠᠵᠠᠷ ᠦᠭᠡᠢ᠃ ᠵᠡᠪᠰᠢᠶᠡᠨ᠎ᠡ ᠬᠣᠶᠠᠷ ᠬᠦᠷᠢᠶ᠎ᠡ᠂ ᠣᠯᠠᠨ ᠵᠠᠩᠵᠤᠨ ᠴᠡᠷᠢᠭ ᠦ᠋ᠨ ᠦᠬᠦᠬᠦᠸᠡᠷ ᠪᠠᠢᠯᠳᠤᠭᠰᠠᠨ ᠢ᠋ᠶ᠋ᠠᠷ ᠳᠠᠢᠰᠤᠨ ᠤ᠋ ᠴᠡᠷᠢᠭ ᠦ᠋ᠨ ᠪᠦᠬᠦᠯᠢ ᠬᠦᠷᠢᠶ᠎ᠡ ᠪᠠ ᠠᠮᠤ ᠬᠦᠨᠡᠰᠦ᠂ ᠤᠭ ᠴᠡᠷᠢᠭ ᠦ᠋ᠨ ᠲᠣᠭ᠎ᠠ ᠳᠠᠩᠰᠠ ᠲᠠᠢ ᠪᠦᠷᠢᠨ᠎ᠡ ᠣᠯᠵᠤᠬᠤᠢ᠃ ᠬᠠᠷᠢᠨ ᠴᠡᠷᠢᠭ ᠦ᠋ᠨ ᠲᠤᠰ ᠡᠵᠡᠨ ᠠ ᠯᠦᠨ ᠲᠡᠷᠢᠭᠦᠯᠡᠨ ᠠᠷᠪᠠᠨ ᠭᠤᠷᠪᠠᠨ ᠨᠡᠷ᠎ᠡ ᠳᠤᠲᠠᠭᠠᠵᠤ᠂ ᠦᠬᠦᠳᠡᠯ ᠦ᠋ᠨ ᠲᠡᠮᠳᠡᠭ ᠮᠥᠨ ᠦᠭᠡᠢ ᠲᠤᠯᠠ < ᠨᠢᠭᠡᠬᠡᠨ ᠬᠥᠮᠦᠨ ᠢ ᠭᠠᠷᠭᠠᠬᠤ ᠦᠭᠡᠢ > ᠬᠡᠮᠡᠭᠰᠡᠨ ᠦᠭᠡᠰ ᠯᠦ᠍ᠭᠡ ᠪᠡᠨ ᠮᠠᠰᠢ ᠵᠥᠷᠢᠴᠡᠵᠦᠬᠦᠢ᠃ ᠴᠡᠷᠢᠭ ᠦ᠋ᠨ ᠴᠠᠭᠠᠵᠠ ᠳ᠋ᠤᠷ ᠨᠠᠢᠷ ᠦᠭᠡᠢ ᠶ᠋ᠢᠨ ᠣᠴᠢᠷ᠎ᠠ ᠂ ᠲᠠᠢᠽᠢ ᠶ᠋ᠢᠨ ᠤᠭ ᠪᠠᠢᠭᠤᠯᠤᠭᠰᠠᠨ ᠴᠡᠷᠢᠭ ᠦ᠋ᠨ ᠴᠠᠭᠠᠵᠠᠨ ᠤ᠋ ᠮᠡᠯᠵᠢᠶ᠎ᠡ ᠪᠢᠴᠢᠭ ᠲᠣᠷ ᠬᠡᠯᠡᠭᠰᠡᠨ ᠶᠣᠰᠣᠭᠠᠷ᠂ ᠲᠠᠢᠽᠢ ᠵᠣᠴᠢ ᠶ᠋ᠢᠨ ᠴᠢᠨ ᠸᠠᠩ ᠤ᠋ᠨ ᠡᠷᠬᠡ ᠰᠠᠭᠤᠷᠢᠨ ᠵᠡᠷᠭᠡ ᠬᠡᠷᠬᠡᠮ ᠢ᠋ ᠴᠥᠮ ᠬᠤᠰᠤᠵᠤ ᠡᠪᠳᠡᠭᠡᠳ᠂ ᠹᠦᠩᠯᠦ ᠦᠭᠡᠢ ᠰᠤᠯᠠ ᠲᠠᠢᠽᠢ ᠪᠣᠯᠭᠠᠭᠠᠳ᠂ ᠵᠢᠴᠢ ᠪᠠᠰᠠ ᠡᠴᠢᠭᠡ ᠬᠠᠭᠠᠨ ᠡᠵᠡᠨ ᠦ᠌ ᠲᠠᠨᠢᠵᠤ ᠡᠷᠭᠦᠮᠵᠢᠯᠡᠭᠰᠡᠨ ᠴᠡᠷᠢᠭ ᠦ᠋ᠨ ᠶᠡᠬᠡ ᠵᠠᠰᠠᠭ ᠴᠠᠭᠠᠵᠠ ᠶ᠋ᠢ ᠶᠠᠪᠤᠭᠤᠯᠤᠭᠴᠢ ᠶᠡᠬᠡ ᠵᠢᠨᠦᠩ ᠯᠦ᠍ᠭᠡ ᠥᠷᠢᠰᠦᠯᠳᠦᠭᠰᠡᠨ ᠡᠵᠡᠨ ᠡᠴᠢᠭᠡ ᠳ᠋ᠦ᠍ᠷ ᠪᠢᠰᠢᠷᠡᠯ ᠦᠭᠡᠢ ᠳᠠᠪᠬᠤᠷ ᠶᠠᠯ᠎ᠠ ᠨᠢᠭᠡᠨᠲᠡ ᠲᠣᠳᠣᠷᠠᠭᠰᠠᠨ ᠤ᠋ ᠲᠤᠯᠠᠳᠠ᠂ ᠡᠨᠡ ᠭᠤᠷᠪᠠᠨ ᠳᠠᠪᠬᠤᠷ ᠬᠦᠨᠳᠦ ᠶᠠᠯ᠎ᠠ ᠳ᠋ᠤᠷ ᠮᠡᠬᠦᠰ ᠮᠢᠨᠦ ᠪᠠᠢᠭᠤᠯᠤᠭᠰᠠᠨ ᠶᠡᠬᠡ ᠮᠣᠩᠭᠣᠯ ᠤᠯᠤᠰ ᠤ᠋ᠨ ᠪᠠᠷᠠᠭᠤᠨ ᠬᠣᠢᠲᠤ ᠵᠠᠬ᠎ᠠ ᠬᠢᠵᠠᠭᠠᠷ ᠤ᠋ᠨ ᠭᠠᠳᠠᠨ᠎ᠠ᠂ ᠤᠢᠭᠤᠷ ᠤᠯᠤᠰ ᠤ᠋ᠨ ᠤᠮᠠᠷ᠎ᠠ᠂ ᠶᠡᠬᠡ ᠣᠷᠣᠰ ᠤᠯᠤᠰ ᠤ᠋ᠨ ᠡᠮᠦᠨᠡᠲᠦ ᠵᠠᠬ᠎ᠠ ᠶ᠋ᠢᠨ ᠡᠵᠡᠨ ᠭᠣᠣᠯ ᠲᠣᠢᠨ ᠭᠣᠣᠯ ᠤ᠋ᠨ ᠭᠠᠵᠠᠷ᠎ᠠ ᠴᠦᠯᠡᠵᠦ᠂ ᠥᠪᠡᠷᠦᠨ ᠶᠠᠯ᠎ᠠ ᠣᠰᠣᠯ ᠢ᠋ᠶ᠋ᠠᠨ ᠦᠨᠡᠮᠴᠢᠯᠡᠨ ᠰᠡᠳᠬᠢᠵᠦ᠂ ᠭᠤᠷᠪᠠᠨ ᠣᠨ ᠰᠠᠭᠤᠭᠠᠳ ᠡᠨᠡ ᠵᠠᠪᠰᠠᠷ ᠦᠨᠡᠬᠡᠷ ᠰᠡᠩᠬᠡᠷᠡᠨ ᠤᠬᠠᠭᠠᠷᠠᠵᠤ ᠭᠡᠮᠰᠢᠭᠰᠡᠨ ᠦ᠌ ᠬᠣᠢᠨ᠎ᠠ ᠤᠯᠤᠰ ᠤ᠋ᠨ ᠴᠡᠷᠢᠭ ᠲᠡᠢᠨ ᠤ ᠭᠠᠵᠠᠷ ᠵᠢᠳᠬᠦᠭᠦᠯᠵᠦ᠂ ᠬᠡᠷᠪᠡ ᠭᠠᠪᠢᠶ᠎ᠠ ᠪᠠᠢᠭᠤᠯᠤᠨ ᠵᠢᠳᠬᠦᠯ ᠢᠯᠡᠷᠡᠪᠡᠰᠦ ᠲᠡᠷᠡ ᠭᠠᠪᠢᠶ᠎ᠠ ᠵᠢᠳᠬᠦᠯᠭᠡ ᠳ᠋ᠦ᠍ᠷ ᠲᠡᠩᠴᠡᠭᠦᠯᠦᠨ ᠶᠠᠯ᠎ᠠ ᠶ᠋ᠢ ᠵᠣᠯᠢᠭᠤᠯᠵᠤ᠂ ᠤᠯᠤᠰ ᠲᠤᠷ ᠡᠭᠡᠭᠦᠯᠬᠦ ᠵᠠᠷᠯᠢᠭ ᠵᠠᠷᠯᠠᠪᠠᠰᠤ ᠰᠠᠶᠢ ᠢᠷᠡᠭᠦᠯᠦᠭᠲᠦᠨ 》ᠭᠡᠮᠡᠨ ᠵᠠᠷᠯᠢᠭ ᠪᠠᠭᠤᠵᠤ ᠲᠠᠰᠤᠯᠤᠨ ᠢᠷᠡᠭᠰᠡᠨ᠎ᠡ ᠳᠥᠷᠪᠡᠨ ᠵᠦᠭ ᠦ᠋ᠨ ᠨᠣᠶᠠᠳ ᠲᠦᠰᠢᠮᠡᠳ ᠵᠡᠷᠭᠡ ᠬᠡᠷᠭᠡᠮᠲᠡᠨ ᠳ᠋ᠦ᠍ᠷ ᠴᠠᠰᠤᠨ ᠯᠠᠪᠰᠠᠭ᠎ᠠ ᠮᠣᠳᠣᠨ ᠨᠠᠪᠴᠢ ᠮᠡᠲᠦ ᠳᠠᠷᠬᠠᠨ ᠪᠠᠭᠤᠵᠤ ᠢᠷᠡᠭᠡᠳ᠂ ᠭᠠᠳᠠᠭᠠᠳᠤ ᠮᠣᠵᠢ᠂ ᠲᠥᠷᠥ ᠶ᠋ᠢᠨ ᠬᠣᠲᠠᠯᠠᠭᠠᠷ ᠶᠡᠬᠡᠯ᠎ᠡ ᠲᠣᠭᠳᠣᠯᠵᠠᠨ ᠬᠥᠳᠡᠯᠵᠦ᠂ ᠴᠡᠷᠢᠭ ᠦ᠋ᠨ ᠶᠡᠬᠡ ᠵᠢᠨᠦᠩ ᠦ᠋ᠨ ᠰᠦᠷ ᠡᠷᠬᠡ᠂ ᠬᠤᠪᠢ ᠰᠠᠭᠤᠷᠢᠨ ᠤ᠋ ᠬᠦᠨᠳᠦ ᠶᠡᠬᠡ ᠶ᠋ᠢ ᠨᠠᠷᠢᠪᠴᠢᠯᠠᠨ ᠮᠡᠳᠡᠯᠴᠡᠵᠦ᠂ ᠡᠭᠦᠨ ᠡᠴᠡ ᠵᠢᠨᠦᠩ ᠦ᠋ᠨ ᠴᠡᠷᠢᠭ ᠦ᠋ᠨ ᠴᠠᠭᠠᠵᠠ ᠬᠠᠤᠯᠢ᠂ ᠵᠠᠰᠠᠭ ᠵᠠᠷᠯᠠᠯ᠂ ᠨᠡᠩᠳᠡ ᠬᠤᠷᠴᠠ ᠴᠢᠩᠭ᠎ᠠ ᠭᠡᠭᠡᠬᠡᠨ ᠲᠠᠰᠤᠷᠬᠠᠢ ᠪᠣᠯᠵᠤ᠂ ᠬᠡᠳᠦᠢ ᠶᠡᠬᠡ ᠸᠠᠩ ᠰᠠᠢᠳ᠂ ᠴᠧᠩᠰᠢᠶᠠᠩ᠂ ᠲᠠᠢᠰᠢ᠂ ᠲᠠᠢᠪᠤᠤ᠂ ᠵᠠᠢᠰᠠᠩ ᠤ᠋ᠳ ᠤ᠋ᠨ ᠬᠤᠪᠢ ᠰᠠᠭᠤᠷᠢᠨ᠎ᠠ ᠬᠦᠷᠦᠭᠰᠡᠨ᠂ ᠶᠡᠬᠡ ᠡᠷᠬᠡᠲᠦ ᠨᠣᠶᠠᠳ ᠪᠠ ᠬᠦᠨᠳᠦ ᠭᠠᠪᠢᠶᠠᠲᠤ᠂ ᠠᠢᠮᠠᠭ ᠤ᠋ᠳ ᠤ᠋ᠨ ᠡᠵᠡᠳ ᠲᠣᠷ ᠬᠦᠷᠲᠡᠯ᠎ᠡ᠂ ᠵᠢᠨᠦᠩ ᠦ᠋ᠨ ᠴᠠᠭᠠᠨ ᠬᠠᠤᠯᠢ ᠠ᠋ᠴᠠ ᠴᠡᠴᠡᠷᠬᠢᠯᠡᠨ ᠡᠮᠢᠶᠡᠵᠦ᠂ ᠡᠷᠲᠡᠨ ᠦ᠌ ᠵᠠᠷᠯᠠᠨ ᠲᠣᠭᠲᠠᠭᠠᠭᠰᠠᠨ ᠵᠠᠰᠠᠭ ᠴᠠᠭᠠᠵᠠ ᠶ᠋ᠢᠨ ᠵᠠᠷᠯᠠᠯ ᠦᠭᠡᠰ ᠦ᠋ᠨ ᠮᠠᠰᠢ ᠦᠨᠡᠨ ᠪᠣᠯᠤᠭᠰᠠᠨ ᠳ᠋ᠤᠷ ᠠᠨᠤ ᠮᠣᠩᠭᠣᠯ ᠤ᠋ᠨ ᠲᠥᠷᠥ ᠶ᠋ᠢᠨ ᠮᠣᠩᠭᠣᠯ ᠬᠢᠲᠠᠳ ᠰᠠᠢᠳ ᠲᠦᠰᠢᠮᠡᠳ ᠵᠠᠩᠵᠤᠨ ᠪᠠᠭᠠᠲᠤᠳ᠂ ᠴᠡᠷᠢᠭ ᠬᠤᠶᠠᠭ ᠠᠷᠠᠳ ᠢᠷᠭᠡᠳ ᠲᠣᠷ ᠬᠦᠷᠲᠡᠯ᠎ᠡ ᠰᠥᠰᠥ ᠬᠡᠮᠬᠡᠷᠡᠲᠡᠯ᠎ᠡ ᠠᠶᠤᠨ ᠡᠮᠢᠶᠡᠵᠦ ᠵᠢᠷᠦᠬᠡ ᠲᠦᠭᠰᠢᠭᠦᠯᠦᠨ ᠬᠢᠴᠢᠶᠡᠨ ᠪᠣᠯᠭᠣᠮᠵᠢᠯᠠᠭᠰᠠᠨ ᠢ᠋ᠶ᠋ᠠᠷ ᠵᠢᠪᠬᠤᠯᠠᠩ ᠵᠠᠰᠠᠨᠲᠤ ᠵᠢᠨᠦᠩ ᠦ᠋ᠨ ᠵᠠᠷ ᠵᠠᠬᠢᠶ᠎ᠠ ᠠᠨᠤ ᠵᠡᠪᠡ ᠵᠢᠳᠠ ᠠ᠋ᠴᠠ ᠬᠤᠷᠴᠠ ᠪᠣᠯᠪᠠ᠃ ᠬᠣᠯᠠ ᠣᠢᠷ᠎ᠠ ᠪᠠᠷ ᠶᠡᠬᠡᠯ᠎ᠡ ᠲᠣᠷᠭᠢᠯᠤᠨ ᠬᠡᠯᠡᠯᠴᠡᠪᠡ᠃ ᠡᠨᠡ ᠦᠨᠡᠬᠡᠷ: 
          ᠰᠠᠢᠨ ᠨᠣᠶᠠᠨ ᠤ᠋ ᠴᠠᠭᠠᠵᠠ ᠰᠠᠯᠬᠢᠨ ᠭᠠᠯ ᠮᠡᠲᠦ ᠬᠤᠷᠴᠠ᠃ 
          ᠰᠠᠢᠵᠢᠷᠠᠬᠤ ᠲᠥᠷᠥ ᠶ᠋ᠢᠨ ᠵᠠᠰᠠᠭ ᠰᠠᠨᠰᠠᠷ ᠤ᠋ᠨ ᠬᠦᠷᠳᠦ ᠠᠳᠠᠯᠢ ᠲᠦᠷᠭᠡᠨ᠃ 
       ᠲᠡᠨᠳᠡᠴᠡ ᠲᠥᠷᠥ ᠶ᠋ᠢᠨ ᠬᠣᠲᠠᠯᠠᠭᠠᠷ ᠤ᠋ᠨ ᠸᠠᠩ᠂ ᠪᠡᠢᠯᠡ᠂ ᠵᠠᠢ᠍ᠢᠰᠠᠩ᠂ ᠴᠧᠩᠰᠢᠶᠠᠩ ᠪᠠ ᠲᠠᠢᠰᠢ᠂ ᠲᠠᠢᠪᠤᠤ᠂ ᠳᠠᠢᠪᠠᠩ᠂ ᠲᠠᠢᠹᠦ᠋ ᠨᠠᠷ ᠤ᠋ᠨ ᠴᠡᠬᠡᠰ ᠨᠣᠶᠠᠳ ᠡᠵᠡᠳ ᠲᠡᠷᠢᠭᠦᠯᠡᠭᠴᠢ ᠨᠠᠷ ᠴᠤᠭᠯᠠᠯᠴᠠᠨ ᠬᠤᠷᠠᠯᠳᠤᠵᠤ ᠲᠠᠢᠬᠡᠦ᠂ ᠬᠤᠸᠠᠩᠬᠡᠦ ᠳ᠋ᠦ᠍ᠷ ᠪᠢᠴᠢᠭ ᠠᠢᠯᠠᠳᠬᠠᠨ᠂ ᠲᠠᠢᠬᠡᠦ᠂ ᠬᠤᠸᠠᠩᠬᠡᠦ ᠪᠠ ᠡᠷᠭᠢᠨ ᠡᠵᠳ ᠨᠣᠶᠠᠨ ᠸᠠᠩ ᠰᠠᠢᠳ ᠤ᠋ᠳ ᠲᠡᠷᠢᠭᠦᠯᠡᠨ᠂ ᠬᠠᠭᠠᠨ ᠡᠵᠡᠨ ᠡᠴᠡ ᠵᠣᠴᠢ ᠲᠠᠢᠽᠢ ᠶ᠋ᠢᠨ ᠶᠠᠯ᠎ᠠ ᠶ᠋ᠢ ᠨᠢᠭᠡᠨ ᠵᠡᠷᠭᠡ ᠬᠥᠩᠭᠡᠯᠡᠬᠦ ᠥᠷᠥᠰᠢᠶᠡᠯ ᠭᠤᠶᠤᠴᠢᠯᠠᠬᠤ ᠪᠢᠴᠢᠭ ᠠᠢᠯᠠᠳᠬᠠᠭᠰᠠᠨ ᠳ᠋ᠤᠷ ᠮᠡᠷᠭᠡᠨ ᠡᠷᠳᠡᠮᠲᠦ ᠭᠡᠷᠡᠯᠲᠦ ᠶᠡᠬᠡᠮᠰᠦᠭ ᠬᠤᠸᠠᠩᠬᠡᠦ ᠨᠤᠭᠤᠯᠪᠤᠷᠢ ᠶ᠋ᠢ ᠠᠢᠯᠠᠳᠤᠨ ᠦᠵᠡᠭᠡᠳ ᠥᠴᠦᠬᠡᠨ ᠮᠦᠰᠢᠶᠡᠵᠦ᠂ ᠴᠠᠭ ᠭᠱᠠᠨ ᠤ᠋ ᠳᠣᠲᠣᠷ᠎ᠠ ᠬᠠᠭᠤᠯᠤᠨ ᠪᠠᠭᠤᠵᠤ ᠢᠷᠡᠭᠰᠡᠨ ᠵᠠᠷᠯᠢᠭ ᠤ᠋ᠨ ᠦᠭᠡᠰ ᠢᠨᠤ᠄ 
      《ᠲᠠᠢᠽᠢ ᠵᠣᠴᠢ ᠬᠠᠭᠠᠨ ᠡᠵᠡᠨ ᠦ᠌ ᠠᠬᠠᠮᠠᠳ ᠦᠷ᠎ᠡ ᠪᠥᠭᠡᠳ ᠬᠠᠲᠤᠨ ᠮᠢᠨᠦ ᠪᠡᠶ᠎ᠡ ᠡᠴᠡ ᠰᠢᠮᠡᠳᠦᠭᠰᠡᠨ ᠲᠡᠷᠢᠭᠦᠯᠡᠭᠰᠡᠨ ᠬᠥᠪᠡᠭᠦᠨ ᠠᠲᠠᠯ᠎ᠠ᠂ ᠥᠪᠡᠷᠦᠨ ᠤᠯᠤᠰ ᠤ᠋ᠨ ᠴᠡᠷᠢᠭ ᠦ᠋ᠨ ᠴᠢᠬᠤᠯᠠ ᠵᠠᠰᠠᠭ ᠴᠠᠭᠠᠵᠠ ᠶ᠋ᠢ ᠴᠢᠩᠳᠠᠯᠠᠨ ᠶᠠᠪᠤᠭᠤᠯᠤᠭᠴᠢ ᠴᠡᠷᠢᠭ ᠦ᠋ᠨ ᠡᠵᠡᠨ ᠵᠢᠨᠦᠩ ᠳ᠋ᠦ᠍ᠷ ᠡᠪᠰᠡᠨ ᠬᠠᠪᠰᠤᠷᠴᠤ ᠲᠤᠰᠠᠯᠠᠨ ᠲᠡᠳᠬᠦᠬᠦ ᠦᠭᠡᠢ ᠪᠡᠷ ᠦᠯᠦ ᠪᠠᠷᠠᠨ᠂ ᠭᠡᠳᠡᠷᠭᠦ ᠬᠠᠷᠢᠨ ᠬᠠᠭᠠᠨ ᠡᠴᠢᠭᠡ ᠶ᠋ᠢᠨ ᠢ᠋ᠶ᠋ᠡᠨ ᠬᠠᠳᠠᠨ ᠴᠠᠭᠠᠵᠠ ᠳ᠋ᠤᠷ ᠬᠠᠷᠰᠢᠯᠠᠨ ᠬᠠᠮᠤᠭ ᠴᠡᠷᠢᠭ ᠦ᠋ᠨ ᠵᠢᠨᠦᠩ ᠦ᠋ᠨ ᠵᠢᠪᠬᠤᠯᠠᠩᠲᠤ ᠵᠠᠰᠠᠭ ᠲᠤᠷ ᠦᠷᠢᠰᠦᠵᠦ᠂ ᠴᠡᠷᠢᠭ ᠦ᠋ᠨ ᠴᠠᠭᠠᠵᠠ ᠶ᠋ᠢᠨ ᠮᠡᠯᠵᠢᠶ᠎ᠡ ᠪᠢᠴᠢᠭ ᠪᠠᠢᠭᠤᠯᠤᠭᠰᠠᠨ ᠪᠥᠭᠡᠳ ᠲᠠᠩᠭᠠᠷᠢᠭ ᠦᠭᠡᠰ ᠲᠡᠭᠡᠨ ᠦᠯᠦ ᠭᠦᠷᠦᠨ᠂ ᠬᠡᠴᠡᠭᠦᠦ ᠵᠠᠰᠠᠭ ᠢ᠋ ᠬᠡᠦᠬᠡᠳ ᠦ᠋ᠨ ᠨᠠᠭᠠᠳᠤᠮ ᠢ᠋ᠶ᠋ᠠᠷ ᠦᠵᠡᠵᠦ᠂ ᠴᠡᠷᠢᠭ ᠦ᠋ᠨ ᠴᠠᠭᠠᠵᠠ ᠶ᠋ᠢ ᠴᠡᠩᠭᠡᠯ ᠦ᠋ᠨ ᠦᠭᠡᠰ ᠮᠡᠲᠦ ᠬᠥᠩᠭᠡᠯᠡᠭᠰᠡᠨ ᠶᠠᠯ᠎ᠠ ᠳ᠋ᠤᠷ ᠴᠢᠩᠳᠠᠯᠠᠨ ᠶᠠᠯᠠᠯᠠᠵᠤ᠂ ᠮᠠᠨᠳᠤᠬᠤ ᠲᠥᠷᠥ ᠶ᠋ᠢᠨ ᠮᠠᠭᠠᠳ ᠵᠠᠰᠠᠭ ᠢ᠋ ᠵᠠᠷᠯᠠᠵᠤ᠂ ᠪᠦᠲᠦᠬᠦ ᠤᠯᠤᠰ ᠤ᠋ᠨ ᠪᠦᠭᠦᠳᠡ ᠶ᠋ᠢᠨ ᠴᠠᠭᠠᠵᠠ ᠶ᠋ᠢ ᠴᠢᠩᠳᠠᠯᠠᠨ ᠠᠪᠠᠴᠢᠪᠠᠰᠤ ᠰᠠᠶᠢ ᠵᠣᠬᠢᠬᠤ ᠪᠥᠭᠡᠲᠡᠯ᠎ᠡ᠂ ᠶᠡᠬᠡ ᠲᠥᠷᠥ ᠶ᠋ᠢᠨ ᠶᠡᠬᠡᠰ ᠲᠦᠰᠢᠮᠡᠳ ᠸᠠᠩ ᠰᠠᠢᠳ ᠤ᠋ᠳ ᠶᠠᠭᠤᠨᠲᠤ ᠬᠠᠷᠢᠨ ᠡᠬᠡᠨᠡᠷ ᠬᠥᠮᠦᠨ ᠡᠴᠡ ᠥᠷᠥᠰᠢᠶᠡᠯ ᠢ᠋ ᠭᠤᠶᠤᠬᠤ ᠵᠠᠮ ᠮᠥᠷ ᠢ᠋ ᠨᠡᠭᠡᠭᠡᠭᠳᠡᠭᠦᠯᠦᠨ ᠡᠵᠡᠨ ᠪᠣᠭᠳᠠ ᠶ᠋ᠢᠨ ᠡᠷᠬᠢᠮ ᠭᠡᠭᠡᠬᠡᠨ ᠵᠠᠷᠯᠢᠭ ᠵᠠᠷᠯᠠᠯ ᠢ᠋ ᠰᠥᠷᠴᠦ᠂ ᠢᠴᠢᠩᠭᠦᠷᠡᠯᠳᠦ ᠭᠤᠶᠤᠳᠠᠯ ᠤ᠋ᠨ ᠪᠢᠴᠢᠭ ᠠᠢᠯᠠᠤᠬᠠᠬᠤ ᠠᠨᠤ᠂ ᠶᠡᠬᠡ ᠲᠥᠪ ᠦ᠋ᠨ ᠬᠠᠤᠯᠢ ᠳᠦᠷᠢᠮ ᠳ᠋ᠦ᠍ᠷ ᠡᠰᠡ ᠨᠡᠢᠴᠡᠵᠦᠬᠦᠢ᠃ ᠴᠣᠬᠣᠮ ᠶᠡᠬᠡ ᠶᠣᠰᠣᠯᠠᠯ ᠤ᠋ᠨ ᠴᠢᠬᠡ ᠵᠢᠷᠤᠮ ᠢ᠋ᠶ᠋ᠠᠷ ᠪᠣᠯᠪᠠᠰᠤ᠂ ᠳᠡᠭᠡᠳᠦ ᠦᠯᠡᠭᠦᠦ ᠢᠷᠦᠭᠡᠯᠲᠦ ᠡᠮᠡᠭᠡ ᠲᠠᠢᠬᠡᠦ ᠶ᠋ᠢᠨ ᠳᠠᠪᠬᠤᠷ ᠠᠰᠠᠷᠠᠯ ᠤ᠋ᠨ ᠡᠷᠬᠡ ᠪᠡᠷ ᠬᠠᠭᠠᠨ ᠡᠵᠡᠨ᠎ᠡ ᠬᠠᠯᠠᠮᠵᠢ ᠦᠭᠡᠢ ᠲᠠᠢᠽᠢ ᠵᠣᠴᠢ ᠶ᠋ᠢᠨ ᠶᠠᠯ᠎ᠠ ᠶ᠋ᠢ ᠬᠥᠩᠭᠡᠯᠡᠭᠦᠯᠬᠦ ᠵᠠᠷᠯᠢᠭ ᠰᠣᠶᠣᠷᠬᠠᠯ ᠪᠠᠭᠤᠪᠠᠴᠤ᠂ ᠲᠥᠷᠥ ᠶ᠋ᠢᠨ ᠵᠠᠭᠤᠨ ᠮᠡᠷᠭᠡᠨ ᠴᠢᠩ ᠰᠠᠢᠳ ᠤ᠋ᠳ ᠪᠦᠭᠦᠳᠡᠭᠡᠷ ᠣᠷᠣᠵᠤ ᠡᠵᠡᠨ ᠪᠣᠭᠳᠠ ᠶ᠋ᠢᠨ ᠡᠷᠡᠰ ᠵᠠᠰᠠᠭ᠂ ᠬᠠᠭᠠᠨ ᠡᠵᠡᠨ ᠦ᠌ ᠬᠠᠳᠠᠨ ᠴᠠᠭᠠᠵᠠ ᠳ᠋ᠤᠷ ᠲᠤᠰᠠᠯᠠᠨ᠂ ᠤᠯᠤᠰ ᠲᠥᠷᠥ ᠶ᠋ᠢᠨ ᠤᠷᠲᠤ ᠤᠳᠠᠭᠠᠨ ᠬᠠᠤᠯᠢ᠂ ᠬᠠᠭᠠᠨ ᠲᠥᠷᠥ ᠶ᠋ᠢᠨ ᠬᠠᠮᠤᠭ ᠪᠦᠭᠦᠳᠡᠭᠡᠷ ᠦ᠋ᠨ ᠵᠠᠰᠠᠭ ᠢ᠋ ᠵᠠᠯᠠᠷᠠᠭᠤᠯᠪᠠᠰᠤ ᠵᠣᠬᠢᠬᠤ ᠠᠲᠠᠯ᠎ᠠ᠂ ᠭᠡᠳᠡᠷᠭᠦ ᠶᠠᠭᠤᠨᠲᠦ ᠡᠬᠡᠨᠡᠷ ᠬᠥᠮᠦᠨ ᠦ᠌ ᠥᠷᠥᠰᠢᠶᠡᠯ ᠢ᠋ ᠡᠳᠦᠭᠦᠯᠵᠦ ᠡᠭᠡᠵᠦ ᠶᠠᠭᠤᠨᠲᠦ ᠡᠯᠡᠭᠯᠡᠯᠲᠡᠢ ᠬᠡᠯᠡᠯᠴᠡᠯᠭᠡ ᠶ᠋ᠢ ᠪᠠᠳᠠᠷᠠᠭᠤᠯᠤᠨ᠂ ᠡᠮᠡᠭᠡ ᠡᠬᠡ ᠲᠡᠢ ᠴᠢᠩ ᠲᠠᠢᠬᠡᠦ ᠶ᠋ᠢᠨ ᠡᠯᠪᠡᠷᠢᠨ ᠥᠷᠥᠰᠢᠶᠡᠬᠦ ᠵᠠᠷᠯᠢᠭ ᠪᠠᠭᠤᠬᠤ ᠶ᠋ᠢ ᠬᠦᠰᠡᠮᠦᠢ ? ᠬᠡᠷᠡᠭ ᠦ᠋ᠨ ᠬᠦᠨᠳᠦ ᠬᠥᠩᠭᠡᠨ ᠪᠠ ᠤᠴᠢᠷ ᠰᠢᠯᠲᠠᠭᠠᠨ ᠢ᠋ ᠢᠯᠭᠠᠨ ᠰᠢᠯᠭᠠᠨ᠂ ᠠᠰᠢᠭ ᠪᠠ ᠠᠯᠳᠠᠰᠢ ᠶ᠋ᠢ ᠲᠠᠢᠯᠤᠨ ᠮᠡᠳᠡᠭᠦᠯᠵᠦ ᠰᠡᠢᠷᠡᠭᠦᠯᠦᠨ ᠠᠢᠯᠠᠳᠬᠠᠵᠤ᠂ ᠲᠥᠷᠥᠭᠰᠡᠨ ᠡᠴᠡ ᠪᠡᠨ ᠲᠡᠷᠢᠭᠦᠯᠡᠨ ᠵᠠᠰᠠᠭᠯᠠᠵᠤ ᠡᠯᠢᠭᠡ ᠡᠴᠡᠭᠡᠨ ᠡᠬᠢᠯᠡᠨ ᠴᠡᠭᠡᠷᠯᠡᠬᠦᠢ ᠳ᠋ᠦ᠍ᠷ ᠲᠤᠰᠠᠯᠠᠪᠠᠰᠤ ᠵᠣᠬᠢᠬᠤ ᠪᠢᠰᠢᠦ? ᠨᠡᠩ ᠪᠠᠰᠠ ᠰᠢᠨ᠎ᠡ ᠲᠣᠭᠲᠠᠭᠰᠠᠨ ᠤᠯᠤᠰ ᠭᠦᠷᠦᠨ ᠳ᠋ᠦ᠍ᠷ ᠰᠡᠳᠬᠢᠯ ᠠᠬᠤᠭᠤᠯᠤᠨ᠂ ᠰᠢᠮᠰᠢᠷᠡᠨ ᠰᠢᠷᠪᠡᠭᠡᠲᠦᠬᠦ ᠬᠠᠭᠤᠷᠮᠠᠭ ᠪᠠᠢᠳᠠᠯ ᠢ᠋ ᠦᠵᠡᠬᠦᠯᠭᠦᠢ ᠶ᠋ᠢᠨ ᠲᠤᠯᠠ ᠲᠤᠬᠠᠢᠯᠠᠨ ᠵᠥᠪᠳᠡᠵᠦ᠂ ᠣᠨᠴᠠ ᠢᠵᠠᠭᠤᠷ ᠬᠣᠲᠠᠯᠠ ᠡᠷᠬᠡ ᠰᠠᠭᠤᠷᠢᠨ ᠬᠡᠲᠦᠢᠳᠦᠭᠰᠡᠨ ᠨᠢᠭᠡᠨ ᠡᠴᠡ ᠡᠬᠢᠯᠡᠨ ᠵᠠᠰᠠᠭᠯᠠᠪᠠᠰᠤ ᠵᠣᠬᠢᠨᠠᠮ ᠪᠥᠭᠡᠲᠡᠯ᠎ᠡ ᠡᠳᠦᠭᠡ ᠣᠭᠲᠣ ᠬᠠᠭᠠᠨ ᠤ᠋ ᠬᠥᠪᠡᠭᠦᠨ ᠶᠠᠯ᠎ᠠ ᠳ᠋ᠤᠷ ᠲᠣᠷᠤᠭᠰᠠᠨ ᠠᠨᠤ᠂ ᠥᠪᠡᠷ ᠢ᠋ᠶ᠋ᠡᠨ ᠵᠣᠬᠢᠶᠠᠵᠤ ᠭᠠᠷᠭᠠᠭᠰᠠᠨ ᠵᠠᠭᠤᠨ ᠵᠦᠢᠯ ᠦ᠋ᠨ ᠴᠠᠭᠠᠵᠠ ᠠ᠋ᠴᠠ ᠳᠠᠪᠠᠭᠴᠢᠳ ᠢ᠋ ᠡᠨᠡ ᠨᠢᠭᠡᠬᠡᠨ ᠢ᠋ᠶ᠋ᠡᠷ ᠳᠠᠷᠤᠩᠭᠤᠢᠯᠠᠨ ᠴᠢᠳᠠᠬᠤ ᠲᠣᠬᠢᠶᠠᠯ ᠤᠴᠠᠷᠠᠯ ᠢ ᠶᠠᠭᠤᠨᠳᠦ ᠰᠤᠯᠠᠳᠬᠠᠨ ᠪᠠᠭᠤᠷᠠᠭᠤᠯᠵᠤ᠂ ᠬᠠᠭᠠᠨ ᠡᠵᠡᠨ ᠡᠴᠡ ᠬᠥᠩᠭᠡᠯᠡᠬᠦ ᠵᠠᠷᠯᠢᠭ ᠭᠤᠶᠤᠨ ᠠᠢᠯᠠᠳᠬᠠᠮᠤᠢ? ᠣᠯᠠᠨ ᠮᠡᠷᠭᠡᠨ ᠴᠢᠩ ᠦ᠋ᠳ ᠬᠢᠨᠠᠭᠳᠠᠬᠤᠢ! 》ᠬᠡᠮᠡᠭᠰᠡᠨ᠎ᠡ ᠲᠥᠷᠥ ᠳᠦᠭᠦᠷᠡᠩ ᠵᠠᠭᠤᠨ ᠰᠠᠢᠳ ᠮᠢᠩᠭᠠᠨ ᠨᠣᠶᠠᠳ ᠶᠡᠬᠡᠯ᠎ᠡ ᠰᠢᠷᠪᠡᠭᠡᠲᠦᠨ ᠢᠰᠪᠡᠯᠵᠡᠵᠦ ᠠᠶᠤᠨ ᠡᠮᠢᠶᠡᠨ ᠬᠠᠷᠠᠬᠠᠨ ᠬᠠᠷᠢᠯᠴᠠᠨ ᠰᠢᠷᠲᠡᠯᠴᠡᠬᠦᠶ᠎ᠡ ᠲᠡᠢ ᠴᠢᠩ ᠲᠠᠢᠬᠡᠦ ᠶ᠋ᠢᠨ ᠣᠷᠲᠣᠨ᠎ᠠ ᠵᠦᠩ ᠬᠡᠩᠭᠡᠷᠭᠡ ᠳᠠᠭᠤᠷᠢᠰᠴᠤ ᠲᠥᠷᠥ ᠶ᠋ᠢᠨ ᠸᠠᠩ ᠰᠠᠢᠳ ᠤ᠋ᠳ ᠢ᠋ ᠬᠠᠷᠰᠢ ᠳ᠋ᠤᠷ ᠭᠠᠷ ᠭᠡᠮᠡᠨ ᠵᠠᠷᠯᠠᠪᠠ᠃ ᠡᠨᠡ ᠦᠨᠡᠬᠡᠢ᠄ 
         ᠪᠣᠭᠳᠠ ᠬᠠᠭᠠᠨ ᠬᠡᠮᠡᠬᠦᠢ ᠳ᠋ᠦ᠍ᠷ ᠪᠤᠲᠢᠰᠤᠭ ᠬᠠᠲᠤᠨ ᠬᠡᠷᠡᠭ ᠲᠡᠢ ᠪᠠᠢᠨᠠᠮ 
         ᠪᠤᠶᠠᠨᠲᠤ ᠲᠥᠷᠥ ᠬᠡᠮᠡᠬᠦᠶ᠎ᠡ ᠪᠣᠳᠣᠯᠭᠠᠲᠤ ᠰᠠᠢᠳ ᠲᠡᠳᠬᠦᠨ ᠲᠤᠰᠠᠯᠠᠯᠲᠠᠢ᠃ 
         ᠪᠤᠯᠲᠤ ᠪᠦᠬᠦᠨ ᠢ᠋ ᠡᠩᠬᠡᠵᠢᠭᠦᠯᠦᠨ ᠵᠢᠷᠭᠠᠭᠤᠯᠬᠤᠶ᠎ᠠ ᠲᠠᠢᠽᠦ ᠴᠢᠩᠭᠢᠰ ᠮᠠᠨᠳᠤᠯᠠᠪᠠᠢ 
         ᠪᠣᠷᠵᠢᠭᠢᠳ ᠢᠵᠠᠭᠤᠷ ᠢ᠋ ᠳᠡᠯᠭᠡᠷᠡᠭᠦᠯᠬᠦᠢ ᠶ᠋ᠢᠨ ᠲᠤᠯᠠ ᠪᠥᠷᠲᠡᠭᠡᠯᠵᠢᠨ ᠡᠬᠡ ᠭᠡᠢᠭᠡᠵᠦᠬᠦᠢ᠃