ᠭᠦᠨ ᠤᠬᠠᠭᠠᠨ ᠤ ᠭᠤᠸ᠎ᠠ ᠰᠠᠢᠬᠠᠨ – ᠶᠣᠨᠳᠣᠨ ᠤ ᠪᠢᠯᠢᠭ᠌ - ᠪᠠᠭᠠᠲᠤᠷ Гүн ухааны гоо сайхан –Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠦᠨ ᠤᠬᠠᠭᠠᠨ ᠤ ᠭᠤᠸ᠎ᠠ ᠰᠠᠢᠬᠠᠨ – ᠶᠣᠨᠳᠣᠨ ᠤ ᠪᠢᠯᠢᠭ᠌ - ᠪᠠᠭᠠᠲᠤᠷ Гүн ухааны гоо сайхан –Ёндоны Билиг - Баатар

ᠭᠦᠨ ᠤᠬᠠᠭᠠᠨ ᠤ ᠭᠤᠸ᠎ᠠ ᠰᠠᠢᠬᠠᠨ – ᠶᠣᠨᠳᠣᠨ ᠤ ᠪᠢᠯᠢᠭ᠌ - ᠪᠠᠭᠠᠲᠤᠷ Гүн ухааны гоо сайхан –Ёндоны Билиг - Баатар

2024-06-17

281

ᠭᠦᠨ ᠤᠬᠠᠭᠠᠨ ᠤ ᠭᠤᠸ᠎ᠠ ᠰᠠᠢᠬᠠᠨ


 ᠬᠥᠮᠦᠯᠢᠭ ᠭᠦᠨ ᠤᠬᠠᠭᠠᠨ ᠤ᠋ ᠲᠡᠭᠦᠯᠳᠡᠷ 
       ᠭᠤᠸ᠎ᠠ ᠰᠠᠢᠬᠠᠨ ᠨᠠᠭᠠᠰᠢ ᠪᠠᠨ 
 ᠬᠥᠮᠦᠨ ᠲᠥᠷᠥᠯᠬᠢᠲᠡᠨ ᠦ᠌ ᠭᠤᠸ᠎ᠠ ᠰᠠᠢᠬᠠᠨ 
       ᠬᠡᠵᠢᠶᠡᠳᠡ ᠭᠦᠨ ᠲᠠᠢᠰᠢ ᠪᠠᠨ 
 ᠭᠥᠷᠥᠰᠢ ᠦᠭᠡᠢ ᠲᠡᠭᠷᠢ ᠶ᠋ᠢᠨ ᠬᠠᠶᠠᠭ᠎ᠠ 
       ᠬᠥᠮᠦᠨ ᠦ᠌ ᠤᠬᠠᠭᠠᠨ ᠥᠭᠡᠳᠡ ᠪᠡᠨ 
 ᠬᠦᠷᠴᠦ ᠴᠢᠳᠠᠳᠠᠭ ᠯᠠ ᠠᠤᠭ᠎ᠠ ᠵᠣᠷᠢᠭ 
       ᠬᠥᠬᠡ ᠮᠣᠩᠭᠣᠯ ᠳᠡᠭᠡᠭᠰᠢ ᠪᠡᠨ 
 ᠪᠢ ᠲᠠᠩᠳᠠ ᠪᠠᠨ ᠭᠦᠨ ᠤᠬᠠᠭᠠᠨ ᠢ᠋ᠶ᠋ᠠᠷ ᠯᠠ 
       ᠭᠦᠨᠵᠡᠭᠡᠢ ᠰᠠᠢᠨ ᠠᠮᠢᠰᠬᠤᠳᠠᠭ ᠶᠤᠮ 
 ᠪᠢᠨᠳᠠᠷᠢᠶᠠᠨ ᠴᠡᠩᠬᠡᠷ ᠣᠭᠲᠠᠷᠭᠤᠢ ᠨᠠᠮ᠎ᠠ ᠶ᠋ᠢ 
       ᠭᠦᠢᠴᠡᠳ ᠡᠷᠴᠢᠮ ᠢ᠋ᠶ᠋ᠡᠷ ᠠᠷᠢᠭᠤᠰᠬᠠᠳᠠᠭ 
 ᠪᠢᠯᠢᠭ ᠠᠪᠢᠶᠠᠰ ᠮᠢᠨᠢ ᠪᠠᠢᠩᠭᠤ ᠳ᠋ᠠᠭᠠᠨ ᠯᠠ 
       ᠰᠠᠨᠰᠠᠷᠯᠢᠭ ᠢᠷᠠᠭᠤ ᠨᠠᠢᠷᠠᠭ ᠤ᠋ᠨ ᠬᠢ ᠶᠦᠮ  
 ᠪᠠᠴᠢᠮᠳᠠᠭᠤ ᠮᠣᠩᠬᠠᠭᠯᠠᠯ ᠤ᠋ᠨ ᠬᠠᠷᠠᠩᠭᠤᠢ ᠶ᠋ᠢ ᠪᠢ 
       ᠪᠢᠯᠡᠭᠦᠦ ᠵᠤᠯᠠ ᠪᠠᠷ ᠯᠠ ᠴᠠᠪᠴᠢᠳᠠᠭ ᠠ᠋ 
     ᠁    ᠁  
 ᠬᠥᠮᠦᠨ ᠲᠥᠷᠥᠯᠬᠢᠲᠡᠨ ᠦ᠌ ᠲᠡᠦᠬᠡ ᠪᠣᠯ ᠶᠡᠷᠦᠨᠢ 
 ᠵᠢᠷᠭᠠᠬᠤ ᠶ᠋ᠢᠨ ᠲᠥᠯᠥᠭᠡ ᠵᠣᠪᠠᠭᠰᠠᠨ ᠲᠡᠦᠬᠡ   
      ᠪᠢ ᠠᠯᠢ ᠡᠷᠲᠡ ᠬᠡᠯᠡᠭᠰᠡᠨ ᠰᠢᠦ  
      ᠪᠢᠲᠡᠭᠡᠢ ᠨᠠᠮ᠎ᠠ ᠶ᠋ᠢ ᠳᠣᠷᠣᠮᠵᠢᠯᠠ! 
 ᠠᠯᠬᠤᠭᠰᠠᠨ ᠮᠥᠷ ᠪᠦᠬᠦᠨ ᠢ᠋ᠶ᠋ᠡᠨ ᠬᠠᠷᠠ ᠠ᠋ 
 ᠠᠳᠤᠭᠤᠰᠤᠨ ᠮᠥᠷ ᠭᠠᠷᠬᠤ ᠠ᠋ᠴᠠ ᠬᠢᠴᠢᠶᠡ! 
 ᠠᠯᠢᠪᠠ ᠶᠠᠭᠤᠮᠠᠰ ᠮᠡᠯᠮᠡᠢ ᠰᠦᠨᠡᠰᠦ ᠲᠡᠢ ᠰᠢᠦ 
 ᠠᠯᠢ ᠶ᠋ᠢ ᠨᠢ ᠴᠦ᠍ ᠠᠪᠤ ᠡᠵᠢ ᠮᠡᠲᠦ ᠬᠦᠨᠳᠦᠯᠡ 
 ᠨᠠᠷᠠ ᠰᠠᠷᠠ ᠰᠣᠯᠣᠩᠭ᠎ᠠ ᠶ᠋ᠢ ᠴᠦ᠍ ᠬᠦᠨᠳᠦᠯᠡ 
 ᠨᠠᠪᠴᠢ ᠴᠡᠴᠡᠭ ᠰᠢᠷᠭᠤᠯᠵᠢ ᠶ᠋ᠢ ᠴᠦ᠍ ᠬᠦᠨᠳᠦᠯᠡ 
 ᠨᠠᠰᠤᠨ ᠤ᠋ ᠡᠴᠦᠰ ᠰᠢᠷᠣᠢ ᠶ᠋ᠢ ᠪᠦᠷ ᠬᠦᠨᠳᠦᠯᠡ 
 ᠨᠠᠢᠭᠤᠭᠰᠠᠨ ᠡᠪᠡᠰᠦᠨ ᠦ᠌ ᠲᠣᠯᠣᠭᠠᠢ ᠬᠦᠨᠳᠦ !
 ᠦᠬᠦᠯ ᠪᠣᠯ ᠲᠦᠯᠪᠤᠷᠢᠲᠠᠢ ᠭᠤᠸ᠎ᠠ ᠰᠠᠢᠬᠠᠨ 
 ᠦᠬᠦᠯ ᠮᠥᠩᠬᠡᠷᠡᠬᠦ ᠳᠠᠪᠠᠭᠠᠨ ᠳ᠋ᠤ᠌ ᠭᠠᠷᠴᠤ ᠰᠤᠷ 
 ᠦᠬᠦᠬᠦ ᠬᠣᠷᠣᠮᠬᠠᠨ ᠳ᠋ᠤ᠌ ᠠᠮᠢ ᠡᠬᠢᠯᠡᠳᠡᠭ !!
 ᠲᠥᠷᠥᠬᠦ ᠬᠣᠷᠣᠮᠬᠠᠨ ᠳ᠋ᠤ᠌ ᠦᠬᠦᠯ ᠡᠬᠢᠯᠡᠳᠡᠭ !
 ᠲᠥᠭᠡᠯᠡᠵᠦ ᠲᠠᠯᠪᠢᠭᠰᠠᠨ ᠪᠡᠶ᠎ᠡ ᠪᠤᠶᠤ — 
 ᠲᠣᠭᠠᠯᠠᠵᠤ ᠲᠠᠯᠪᠢᠭᠰᠠᠨ ᠨᠠᠰᠤ ᠢᠬᠢᠷ᠎ᠡ ᠰᠢᠦ᠃ 
 ᠠᠮᠢ ᠦᠬᠦᠯ᠂ ᠵᠣᠭᠣᠰᠤᠨ ᠤ᠋ ᠠᠷᠤ ᠥᠪᠥᠷ 
 ᠠᠯᠠᠭᠠᠨ ᠳ᠋ᠤ᠌ ᠲᠤᠰᠤᠭᠰᠠᠨ ᠲᠣᠰᠣ ᠨᠡᠪᠴᠢᠳᠡᠭ 
 ᠠᠲᠠᠭᠠᠲᠠᠳ ᠴᠢᠨᠢ ᠬᠠᠨᠢ ᠪᠣᠯᠵᠤ ᠴᠦ᠍ ᠮᠠᠭᠠᠳ 
 ᠠᠨᠳᠠᠰ ᠴᠢᠨᠢ ᠴᠦ᠍ ᠮᠠᠩᠭᠤᠰ ᠪᠠᠢᠵᠤ ᠮᠡᠳᠡᠨ᠎ᠡ 
 ᠭᠦᠨ ᠤᠬᠠᠭᠠᠨ ᠤ᠋ ᠢᠨᠵᠠᠭᠠᠨ ᠵᠦᠰᠡᠨ ᠳ᠋ᠦ᠍ 
 ᠭᠡᠭᠦᠦ ᠶ᠋ᠢᠨ ᠴᠡᠬᠡ ᠶ᠋ᠢ ᠦᠷᠬᠦᠢ ᠵᠠᠯᠭᠢᠯᠠ ᠠ᠋ 
 ᠬᠡᠴᠡᠭᠦᠦ ᠦᠭᠡ ᠲᠡᠢ ᠵᠥᠪ ᠲᠠᠩᠭᠠᠷᠢᠭ ᠲᠤ᠌  
 ᠬᠡᠷᠴᠡᠭᠡᠢ ᠤᠳᠬ᠎ᠠ ᠪᠠᠢᠳᠠᠭ ᠦᠭᠡᠢ ᠶᠦᠮ!
 ᠭᠦᠨ ᠤᠬᠠᠭᠠᠨ ᠤ᠋ ᠮᠣᠳᠣᠳ ᠱᠤᠤᠭᠢᠨᠠᠮ ᠁  
 ᠭᠦᠨ ᠤᠬᠠᠭᠠᠨ ᠦᠭᠡᠢ ᠦᠨᠳᠦᠰᠦᠲᠡᠨ ᠁  
 ᠰᠥᠨᠥᠨᠡᠮ ᠠ᠋ ᠮᠥᠬᠥᠨᠡᠮ ᠠ᠋ ᠤᠷᠤᠭᠤᠳᠠᠨᠠᠮ 
 ᠰᠥᠨᠢ ᠶ᠋ᠢᠨ ᠬᠠᠷᠠᠩᠭᠤᠢ ᠤᠯᠠᠮ ᠥᠳᠬᠡᠷᠡᠨᠡᠮ 
 ᠠᠪᠤ ᠠ᠋ ᠲᠠᠨ ᠤ᠋ ᠲᠡᠨᠡᠭ ᠬᠥᠪᠡᠭᠦᠨ ᠴᠢᠨᠢ 
 ᠠᠯᠲᠠᠨ ᠭᠠᠳᠠᠰᠤᠨ ᠳ᠋ᠤ᠌ ᠮᠣᠷᠢᠳ ᠤᠶᠠᠨᠠᠮ᠃   

            2024᠂ 4᠂ 6᠃  
               ᠫᠠᠳ ᠬᠠᠷᠠᠩᠭᠤᠢ ᠰᠥᠨᠢ ᠪᠡᠷ ᠃  

               ᠣᠷᠳᠣᠰ ᠬᠣᠲᠠᠨ᠎ᠠ ᠪᠦᠲᠦᠭᠡᠪᠡᠢ᠃